ᠮᠦᠩᠭᠡ ᠶᠢᠨ ᠳᠠᠭᠤᠯᠠᠯ — ᠮᠢᠨᠤ ᠡᠬᠡ ᠤᠷᠤᠨ
ᠨᠡᠶᠢᠲᠡᠯᠡᠭᠰᠡᠨ ᠴᠠᠭ᠄
2020/10/15
1.ᠡᠬᠡ ᠤᠷᠤᠨ ᠲᠠᠨ ᠢ ᠪᠠᠨ ᠬᠠᠶᠢᠷᠠᠯᠠᠵᠤ ᠦᠰᠦᠭᠰᠡᠨᠡᠭᠡᠯ ᠳᠠᠷᠤᠤᠬᠠᠨ ᠬᠦᠮᠦᠨ ᠤ ᠴᠢᠨᠢ ᠨᠢᠭᠡ ᠪᠢ︕ ᠡᠩ ᠤᠨ ᠪᠤᠷᠤ ᠰᠢᠪᠠᠭᠤ ᠲᠠᠢ ᠴᠢᠨᠢ ᠠᠭᠠᠷ ᠨᠢᠭᠡᠡᠬᠡ ᠤᠷᠤᠨ ᠮᠢᠨᠢ᠂ ᠬᠦᠦ ᠴᠢᠨᠢ ᠲᠠᠨ ᠳᠠᠭᠠᠨ ᠢᠯᠡᠭᠦᠳᠡᠬᠦ ᠦᠭᠡᠢ ᠡ᠃ ᠭᠡᠦᠭᠡᠳ ᠪᠠᠶᠢᠬᠤ ᠳᠤ ᠮᠢᠨᠢ ᠨᠠᠳᠠ ᠳᠤ ᠴᠢᠯᠠᠭᠤ ᠪᠠᠨ ᠡᠮᠳᠡᠯᠡ ᠭᠡᠵᠤ ᠦᠭᠭᠦᠭᠰᠡᠨ ᠶᠤᠮ ᠡᠬᠡ ᠤᠷᠤᠨ ᠮᠢᠨᠢ︕ ᠬᠦᠰᠡᠯ ᠮᠦᠷᠦᠭᠡᠳᠦᠯ ᠤᠨ ᠠᠷᠢᠭᠤᠨ ᠳᠡᠭᠷᠢ ᠪᠠᠨ ᠬᠠᠶᠢᠷᠠᠯᠠᠭᠰᠠᠨ ᠶᠤᠮ ᠡᠬᠡ ᠤᠷᠤᠨ ᠮᠢᠨᠢ︕ ᠡᠭᠦᠳᠡᠨ ᠤ ᠴᠠᠭᠠᠨ᠎ᠠ ᠳᠤᠯᠤᠭᠠᠨ ᠰᠤᠯᠤᠩᠭ᠎ᠠ ᠳᠠᠳᠠᠭᠤᠯᠵᠤ ᠨᠠᠮᠠᠢᠢ ᠳᠠᠭᠤᠳᠠᠭᠰᠠᠨ ᠶᠤᠮ ᠡᠬᠡ ᠤᠷᠤᠨ ᠮᠢᠨᠢ︕ ᠡᠭᠦᠳᠡᠨ ᠨᠠᠢᠮᠠᠨ ᠰᠢᠳᠦᠲᠠᠢ ᠪᠠᠶᠢᠬᠤ ᠳᠤ ᠮᠢᠨᠢ ᠬᠦᠯ ᠳᠤ ᠤᠷᠤᠭᠤᠯᠤᠭᠰᠠᠨ ᠶᠤᠮ ᠡᠬᠡ ᠤᠷᠤᠨ ᠮᠢᠨᠢ︕2.ᠠᠭᠤᠯᠠ ᠶᠢᠨ ᠢᠶᠠᠨ ᠴᠢᠯᠠᠭᠤ ᠶᠢ ᠳᠡᠭᠡᠭᠰᠢ ᠨᠢ ᠳᠠᠯᠪᠢᠬᠤ ᠤᠬᠠᠭᠠᠨ ᠨᠠᠳᠠ ᠪᠤᠢ᠂ ᠡᠬᠡ ᠤᠷᠤᠨ ᠮᠢᠨᠢ︕ ᠤᠮᠳᠠᠭᠠᠰᠴᠤ ᠴᠠᠩᠭᠠᠭᠰᠠᠨ ᠴᠦ ᠤᠰᠤᠨ ᠤ ᠴᠢᠨᠢ ᠡᠬᠢ ᠶᠢ ᠪᠤᠯᠠᠩᠬᠢᠷᠳᠤᠭᠤᠯᠬᠤ ᠦᠭᠡᠢ ᠠᠷᠢᠭᠤᠨ ᠪᠤᠳᠤᠯ ᠪᠤᠢ᠂ ᠡᠬᠡ ᠤᠷᠤᠨ ᠮᠢᠨᠢ︕ ᠠᠬᠢ ᠭᠠᠩᠭ᠎ᠠ ᠶᠢᠨ ᠴᠢᠨᠢ ᠠᠷᠢᠭᠤᠨ ᠦᠨᠦᠷ ᠢᠠᠩᠬᠢᠯᠤᠭᠤᠨ ᠪᠤᠯᠭᠠᠨ ᠠᠴᠠ ᠢᠯᠭᠠᠨ᠎ᠠ᠂ ᠡᠬᠡ ᠤᠷᠤᠨ ᠮᠢᠨᠢ︕ᠠᠮᠢ ᠳᠡᠳᠭᠦᠬᠦ ᠷᠠᠰᠢᠶᠠᠨ ᠤᠰᠤ ᠶᠢ ᠴᠢᠨᠢᠠᠮᠳᠠᠳᠠᠨ ᠪᠦᠬᠦᠨ ᠠᠴᠠ ᠦᠯᠦ ᠦᠭᠭᠦᠨ᠎ᠡ᠂ ᠡᠬᠡ ᠤᠷᠤᠨ ᠮᠢᠨᠢ︕ 3.ᠴᠡᠴᠡᠭ ᠲᠤ ᠬᠤᠨᠤᠭᠰᠠᠨ ᠲᠠᠯ᠎ᠠ ᠶᠢᠨ ᠴᠢᠨᠢ ᠰᠢᠭᠦᠳᠡᠷᠢ ᠶᠢ ᠡᠬᠡ ᠶᠢᠨ ᠰᠦ ᠰᠢᠭ ᠢᠶᠠᠨ ᠤᠤᠭᠤᠶ᠎ᠠ᠂ ᠡᠬᠡ ᠤᠷᠤᠨ ᠮᠢᠨᠢ︕ ᠰᠡᠷᠢᠭᠦᠨ ᠴᠠᠷᠠᠮ ᠳᠤ ᠤᠷᠭᠤᠭᠰᠠᠨ ᠵᠠᠮᠢᠶᠠᠨᠮᠢᠳᠤᠭ ᠲᠤ ᠴᠢᠨᠢᠰᠡᠳᠬᠢᠯ ᠵᠢᠷᠦᠭᠡ ᠪᠠᠨ ᠦᠭᠭᠦᠶ᠎ᠡ᠂ ᠡᠬᠡ ᠤᠷᠤᠨ ᠮᠢᠨᠢ︕ ᠤᠷᠭᠤᠭ᠎ᠠ ᠮᠤᠳᠤ ᠪᠤᠯᠭᠤᠯᠠᠬᠤ ᠰᠠᠯᠬᠢ ᠴᠢᠨᠢ ᠨᠠᠮᠠᠢᠢ ᠳᠡᠪᠡᠷᠢᠨ᠎ᠡᠡᠬᠡ ᠤᠷᠤᠨ ᠮᠢᠨᠢ︕ ᠤᠯᠠᠭᠠᠨ ᠬᠤᠭᠤᠷᠮᠠᠭ ᠢᠶᠠᠷ ᠪᠤᠯᠬᠢᠬᠤ ᠦᠶᠡᠷ ᠴᠢᠨᠢ ᠨᠠᠮᠠᠢᠢ ᠤᠮᠤᠭᠰᠢᠶᠠᠨ᠎ᠠᠡᠬᠡ ᠤᠷᠤᠨ ᠮᠢᠨᠢ︕ ᠴᠠᠮᠴᠠ ᠨᠡᠪᠳᠡ ᠴᠤᠬᠢᠬᠤ ᠴᠠᠭᠠᠨ ᠮᠦᠨᠳᠦᠷ ᠴᠢᠨᠢ ᠡᠩᠭᠦᠷᠡᠶᠢᠭᠡᠨ ᠡᠬᠡ ᠤᠷᠤᠨ ᠮᠢᠨᠢ︕ ᠴᠠᠷᠠᠮ ᠤᠨ ᠨᠤᠭᠤᠭᠠᠨ ᠬᠠᠯᠠᠭᠠᠢ ᠴᠢᠨᠢ ᠮᠢᠨᠤ ᠮᠡᠳᠡᠷᠡᠭᠦᠢᠡᠬᠡ ᠤᠷᠤᠨ ᠮᠢᠨᠢ︕ 4.ᠤᠩᠭᠤᠴᠠ ᠪᠠᠷ ᠳᠠᠪᠠᠭᠠᠳ ᠤᠷᠬᠢᠯ ᠦᠨᠳᠦᠷ ᠠᠭᠤᠯᠠ ᠶᠢ ᠴᠢᠨᠢ ᠪᠠᠰᠤᠬᠤ ᠦᠭᠡᠢ ᠪᠢ ᠡᠬᠡ ᠤᠷᠤᠨ ᠮᠢᠨᠢ︕ ᠤᠯᠠᠨ ᠳᠠᠬᠢᠨ ᠭᠠᠳᠤᠯᠤᠭᠰᠠᠨ ᠴᠡᠩᠬᠡᠷ ᠤᠯᠵᠠ ᠶᠢᠨ ᠭᠤᠤᠯ ᠢᠶᠠᠨ ᠴᠦ ᠪᠠᠰᠤᠬᠤ ᠦᠭᠡᠢ ᠪᠢ ᠡᠬᠡ ᠤᠷᠤᠨ ᠮᠢᠨᠢ︕ ᠱᠠᠩᠳᠠ ᠪᠤᠯᠠᠭ ᠤᠨ ᠤᠰᠤ ᠴᠢᠨᠢ ᠳᠠᠭᠤᠰᠬᠤ ᠦᠭᠡᠢ᠂ ᠡᠬᠡ ᠤᠷᠤᠨ ᠮᠢᠨᠢ︕ᠰᠢᠷᠭᠠᠬᠠᠨ ᠢᠨᠵᠠᠭ᠎ᠠ ᠪᠢᠳᠡ ᠬᠤᠶᠠᠷ ᠪᠡᠶ᠎ᠡ ᠪᠡᠶᠡᠰ ᠢᠶᠠᠨ ᠬᠠᠷᠠᠨ ᠤᠤᠭᠤᠨ᠎ᠠ ᠳᠠᠪᠤᠨ ᠪᠤᠭᠳᠠ᠂ ᠭᠤᠷᠪᠠᠨ ᠰᠠᠶᠢᠬᠠᠨ ᠤ ᠪᠠᠷ᠎ᠠ ᠶᠢ ᠬᠠᠷᠠᠭᠰᠠᠨ ᠪᠢᠲᠠᠯ᠎ᠠ ᠶᠢᠨ ᠬᠦᠬᠡ ᠠᠭᠤᠯᠠᠰ ᠢᠶᠠᠨ ᠨᠠᠮᠬᠠᠨ ᠭᠡᠵᠤ ᠪᠤᠳᠤᠬᠤ ᠦᠭᠡᠢ᠂ ᠡᠬᠡ ᠤᠷᠤᠨ ᠮᠢᠨᠢ︕ 5.ᠡᠬᠡ ᠨᠤᠲᠤᠭ ᠤᠨ ᠢᠶᠠᠨ ᠰᠦᠨᠢ ᠶᠢᠨ ᠲᠡᠭᠷᠢ ᠳᠤ ᠤᠳᠤ ᠬᠠᠷᠪᠤᠬᠤ ᠶᠢ ᠦᠵᠡᠭᠡᠳ ᠡᠮᠳᠡᠷᠡᠭᠰᠡᠨ ᠰᠤᠯᠢᠷ ᠤᠨ ᠡᠴᠦᠰ ᠤᠨ ᠰᠢᠳᠠᠬᠤ ᠪᠠᠭᠤᠳᠠᠯ ᠡᠬᠡ ᠤᠷᠤᠨ ᠮᠢᠨᠢ ᠪᠤᠤ ᠪᠠᠢ︕ ᠭᠡᠵᠤ ᠵᠠᠯᠪᠠᠷᠢᠭᠰᠠᠨ ᠡᠡᠬᠡ ᠤᠷᠤᠨ ᠮᠢᠨᠢ︕ ᠡᠳᠡᠭᠡᠳ ᠬᠤᠯᠠ ᠶᠢᠨ ᠲᠡᠷᠡ ᠭᠡᠷᠡᠯ ᠢ ᠳᠠᠭᠠᠭᠤᠯᠤᠨ ᠬᠠᠷᠠᠵᠤ ᠪᠦᠬᠦᠬᠦ ᠬᠦᠷᠳᠡᠯ᠎ᠡ ᠨᠢ ᠡᠨᠡ ᠪᠡᠶ᠎ᠡ ᠪᠠᠨ ᠦᠴᠦᠭᠡᠨ ᠭᠡᠵᠤ ᠪᠤᠳᠤᠯ ᠦᠭᠡᠢ ᠡᠬᠡ ᠨᠤᠲᠤᠭ ᠢᠶᠠᠨ ᠳᠡᠪᠡᠷᠢᠭᠡᠳ ᠭᠡᠪᠳᠡᠮᠡᠷᠶᠡᠭᠡ ᠶᠢᠨ ᠶᠡᠭᠡ ᠠᠤᠭ᠎ᠠ ᠬᠦᠰᠡᠯ ᠨᠠᠮᠠᠢᠢ ᠡᠵᠡᠮᠳᠡᠭᠰᠡᠨ ᠡᠡᠬᠡ ᠤᠷᠤᠨ ᠮᠢᠨᠢ︕ ᠡᠪᠦᠯ ᠤᠨ ᠴᠢᠨᠢ ᠵᠢᠪᠠᠷ ᠨᠠᠮᠠᠢᠢ ᠬᠠᠭᠠᠷᠢᠭ᠎ᠠ ᠦᠭᠡᠢ᠂ ᠢᠯᠪᠢᠭᠰᠡᠨ ᠶᠤᠮᠡᠬᠡ ᠤᠷᠤᠨ ᠮᠢᠨᠢ︕ᠦᠷᠭᠡᠰᠦᠳᠦ ᠪᠤᠳᠠ ᠴᠢᠨᠢ ᠨᠠᠮᠠᠢᠢ ᠬᠠᠳᠬᠤᠭ᠎ᠠ ᠦᠭᠡᠢ᠂ ᠰᠡᠷᠡᠭᠦᠢ ᠦᠭᠭᠦᠭᠰᠡᠨ ᠶᠤᠮᠡᠬᠡ ᠤᠷᠤᠨ ᠮᠢᠨᠢ︕ ᠦᠨᠳᠡᠭᠡ ᠪᠠᠨ ᠬᠠᠷᠠᠮᠨᠠᠬᠤ ᠰᠢᠪᠠᠭᠤ ᠰᠢᠭ᠋᠂ ᠴᠢᠮᠠᠢᠢ ᠪᠠᠨ ᠪᠢ ᠡᠯᠢᠭᠡᠨ ᠳᠡᠭᠡᠨ ᠳᠡᠪᠡᠷᠢᠶ᠎ᠡ ᠡᠬᠡ ᠤᠷᠤᠨ ᠮᠢᠨᠢ︕ ᠦᠳᠦ ᠳᠠᠯᠠᠪᠴᠢ ᠤᠷᠤᠭᠤ ᠮᠢᠨᠢ ᠰᠢᠳᠡᠪᠡᠯ ᠰᠢᠳᠡᠭ᠂ ᠪᠢ ᠶᠠᠭᠠᠮᠠᠢ ᠡᠬᠡ ᠤᠷᠤᠨ ᠮᠢᠨᠢ︕                                                     ᠵᠣᠬᠢᠶᠠᠭᠴᠢ᠄ ᠳ᠋᠊ · ᠨᠢᠮᠠᠰᠦ᠋ᠷᠦᠩ
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠠ