ᠡᠪᠦᠭᠡᠨ ᠰᠢᠪᠠᠭᠤ
ᠨᠡᠶᠢᠲᠡᠯᠡᠭᠰᠡᠨ ᠴᠠᠭ᠄
2020/10/15
      ᠵᠠᠪ ᠭᠤᠸᠠᠢ ᠨᠠᠷᠠ ᠬᠠᠨ᠎ᠠ ᠶᠢᠨ ᠲᠤᠯᠤᠭᠠᠢ ᠳᠤ ᠳᠤᠰᠴᠤ ᠪᠠᠶᠢᠬᠤ ᠳᠤ ᠨᠢᠳᠦ ᠪᠠᠨ ᠨᠡᠭᠡᠭᠡᠯ᠎ᠡ᠃ ᠵᠤᠪᠬᠢ ᠨᠢ ᠬᠦᠭᠡ ᠨᠢᠴᠠ ᠪᠤᠯᠤᠨ ᠬᠠᠪᠤᠩᠨᠠᠵᠤ ᠤᠭᠤᠷᠬᠠᠢ ᠳᠠᠭᠠᠨ ᠬᠤᠩᠬᠤᠶᠢᠨ ᠰᠢᠷᠬᠢᠭᠰᠡᠨ ᠭᠡᠷᠡᠯ ᠦᠭᠡᠢ ᠨᠢᠳᠦ ᠪᠠᠷ ᠭᠡᠷ ᠤᠨ ᠲᠤᠳᠤᠷᠠᠬᠢ ᠶᠢ ᠲᠤᠭᠤᠷᠢᠭᠤᠯᠤᠨ ᠬᠠᠷᠠᠬᠤ ᠭᠡᠵᠦ ᠶᠡᠬᠡᠳᠡ ᠬᠦᠨᠳᠦᠷᠦᠭᠰᠡᠨ ᠲᠤᠯᠤᠭᠠᠢ ᠪᠠᠨ ᠠᠷᠠᠶᠢᠬᠢᠨ ᠡᠷᠬᠢᠬᠦᠯᠪᠡ᠃ ᠬᠢᠩᠭᠠᠨ ᠬᠠᠮᠠᠷ ᠤᠨ ᠰᠠᠮᠰᠠᠨ ᠤ ᠮᠦᠭᠡᠷᠡᠰᠦ ᠨᠡᠪᠳᠡ ᠭᠡᠷᠡᠯᠳᠦᠨ ᠰᠢᠨᠠ ᠶᠢᠨ ᠬᠢᠨᠢ ᠶᠠᠰᠤ ᠠᠷᠠᠰᠤ ᠪᠠᠨ ᠴᠤᠭᠤ ᠳᠠᠳᠠᠬᠤ ᠪᠤᠢ ᠭᠡᠮᠡᠷ ᠶᠤᠷᠳᠦ᠋ᠢᠵᠠᠢ᠃ ᠴᠢᠷᠠᠢ ᠶᠢᠨ ᠬᠢᠨᠢ ᠦᠩᠭᠡ ᠡᠨᠡ ᠨᠢᠬᠦᠯᠲᠦ ᠶᠢᠷᠳᠢᠨᠴᠦ ᠳᠤ ᠠᠮᠢᠳᠤᠷᠠᠬᠤ ᠡᠳᠦᠷ ᠲᠤᠭ᠎ᠠ ᠲᠠᠢ ᠬᠦᠮᠦᠨ ᠭᠡᠳᠡᠭ ᠢ ᠢᠯᠡᠳᠭᠡᠨ᠎ᠡ᠃ ᠶᠠᠰᠤ ᠠᠷᠠᠰᠤ ᠪᠤᠯᠤᠭᠰᠠᠨ ᠭᠠᠷ ᠢᠶᠠᠷ ᠢᠶᠠᠨ ᠤᠷᠤᠨ ᠤ ᠬᠦᠯ ᠠᠴᠠ ᠤᠶᠠᠭᠰᠠᠨ ᠲᠠᠳᠠᠭᠤᠷᠭ᠎ᠠ ᠠᠴᠠ ᠴᠢᠩᠭᠠᠭᠠᠵᠤ ᠪᠠᠶᠢᠵᠤ ᠪᠡᠶ᠎ᠡ ᠪᠠᠨ ᠬᠠᠭᠠᠰ ᠡᠷᠬᠢᠬᠦᠯᠦᠭᠡᠳ ᠶᠠᠪᠠᠭᠠᠨ ᠰᠢᠷᠡᠭᠡᠨ ᠳᠡᠭᠡᠷᠡᠬᠢ ᠱᠠᠭᠠᠵᠠᠩ ᠲᠠᠢ ᠴᠢᠢᠳᠡᠮ ᠢᠶᠠᠷ ᠠᠮᠠ ᠪᠠᠨ ᠲᠡᠪᠳᠡᠭᠡᠪᠡ᠃          ᠲᠡᠭᠡᠭᠡᠳ ᠬᠠᠨ᠎ᠠ ᠶᠢᠨ ᠲᠤᠯᠤᠭᠠᠢ ᠳᠤ ᠲᠤᠰᠤᠭᠰᠠᠨ ᠨᠠᠷᠠᠨ ᠤ ᠭᠡᠷᠡᠯ ᠢ ᠬᠡᠰᠡᠭ ᠰᠢᠷᠳᠡᠪᠡ᠃ ᠭᠠᠳᠠᠭ᠎ᠠ ᠵᠤᠨ ᠤ ᠰᠠᠶᠢᠬᠠᠨ ᠡᠳᠦᠷ᠂ ᠵᠠᠪ ᠭᠤᠸᠠᠢ ᠲᠡᠭᠷᠢ ᠶᠢ ᠲᠤᠭᠤᠨᠤ ᠪᠠᠷ᠂ ᠭᠠᠵᠠᠷ ᠢ ᠡᠭᠦᠳᠡ ᠪᠠᠷ ᠬᠠᠷᠠᠬᠤ ᠲᠡᠳᠦᠢ ᠪᠤᠯᠤᠭᠰᠠᠭᠠᠷ ᠤᠳᠠᠵᠠᠢ᠃ ᠭᠡᠪᠡᠴᠦ ᠬᠠᠨ᠎ᠠ ᠶᠢᠨ ᠲᠤᠯᠤᠭᠠᠢ ᠳᠤ ᠲᠤᠰᠤᠭᠰᠠᠨ ᠨᠠᠷᠠᠨ ᠤ ᠭᠡᠷᠡᠯ ᠤᠨ ᠰᠢᠷ᠎ᠠ ᠲᠤᠯᠪᠤᠨ ᠳᠤ ᠪᠦᠬᠦ᠋ᠢᠯᠡ ᠭᠠᠵᠠᠷ ᠳᠡᠯᠡᠬᠡᠢ ᠶᠢ ᠪᠠᠰᠠ ᠬᠠᠷᠠᠵᠤ ᠪᠤᠯᠤᠨ᠎ᠠ᠃ ᠨᠠᠰᠤ ᠪᠠᠷ ᠢᠶᠠᠨ ᠬᠦᠨᠳᠡᠯᠡᠨ ᠭᠤᠯᠳᠤ ᠳᠠᠪᠬᠢᠭᠰᠠᠨ ᠲᠠᠯ᠎ᠠ ᠨᠤᠳᠤᠭ᠂ ᠦᠵᠡᠵᠦ ᠦᠩᠭᠡᠷᠡᠭᠦᠯᠦᠭᠰᠡᠨ ᠠᠮᠢᠳᠤᠷᠠᠯ ᠨᠢ ᠡᠭᠦᠷᠢᠳᠡ ᠨᠢᠳᠦ ᠪᠠᠨ ᠠᠨᠢᠬᠤ ᠠᠴᠠ ᠨᠠᠰᠢ ᠶᠠᠭᠠᠬᠢᠵᠦ ᠪᠠᠯᠠᠷᠠᠨ ᠠᠷᠢᠯᠬᠤ ᠪᠢᠯᠡ᠃ ᠦᠷᠯᠦᠭᠡ ᠪᠤᠯᠭᠠᠨ ︽ᠤᠳᠤ ᠢᠩᠬᠢᠭᠡᠳ ᠵᠤᠪᠠᠯᠠᠩ ᠳᠠᠭᠤᠰᠬᠤ ᠴᠠᠭ ᠢᠷᠡᠭᠡ ᠦᠭᠡᠢ︾ ᠭᠡᠵᠦ ᠭᠤᠷᠢᠳᠠᠬᠤ ᠪᠤᠯᠪᠠᠴᠤ ᠡᠳᠦᠷ ᠬᠤᠨᠤᠭ ᠦᠩᠭᠡᠷᠡᠭᠰᠡᠭᠡᠷ ᠯᠡ ᠪᠠᠶᠢᠨ᠎ᠠ᠃ ᠬᠦᠮᠦᠨ ᠭᠡᠳᠡᠭ ᠮᠦᠨ ᠴᠤ ᠪᠦᠬᠡ ᠭᠤᠤᠯ ᠲᠠᠢ ᠶᠠᠭᠤᠮ᠎ᠠ᠃ ᠤᠳᠠᠰᠤᠨ ᠴᠢᠨᠡᠬᠡᠨ ᠤᠯᠠᠭᠠᠨ ᠠᠮᠢ ᠭᠡᠪᠡᠴᠦ ᠳᠠᠰᠤᠷᠠᠵᠤ ᠦᠭᠬᠦ ᠦᠭᠡᠢ ᠨᠢ ᠭᠠᠶᠢᠬᠠᠯᠳᠠᠢ᠃ ᠡᠪᠡᠳᠴᠢᠨ ᠤᠢ ᠳᠠᠭᠠᠨ ᠬᠦᠷᠦᠯ᠎ᠡ᠃ ᠵᠠᠪ ᠭᠤᠸᠠᠢ ᠦᠩᠭᠡᠷᠡᠭᠰᠡᠨ ᠬᠠᠪᠤᠷ ᠤᠨ ᠴᠠᠭᠠᠨ ᠬᠠᠭᠳᠠ ᠢᠶᠠᠷ ᠬᠠᠳᠠᠨ ᠭᠡᠷ ᠲᠡᠭᠡᠨ ᠬᠠᠷᠢᠨ᠎ᠠ ᠭᠡᠵᠦ ᠪᠤᠳᠤᠵᠤ ᠪᠠᠶᠢᠭᠰᠠᠨ ᠪᠤᠯᠪᠠᠴᠤ ᠪᠦᠳᠦᠭᠰᠡᠨ ᠦᠭᠡᠢ᠃ ︽ᠪᠢ ᠶᠡᠷᠦ ᠨᠢ ᠳᠤᠯᠤᠭᠠᠨ ᠭᠤᠤᠯ ᠲᠠᠢ ᠠᠮᠢᠳᠠᠨ ᠶᠤᠮ ᠡ︾ ᠭᠡᠵᠦ ᠬᠦᠮᠦᠨ ᠳᠤ ᠶᠠᠷᠢᠨ᠎ᠠ᠃ ᠦᠬᠦᠬᠦ ᠶᠢᠨ ᠲᠤᠬᠠᠢ ᠪᠤᠳᠤᠵᠤ ᠶᠠᠪᠤᠭ᠎ᠠ ᠦᠭᠡᠢ ᠪᠤᠯᠪᠠᠴᠤ ᠦᠬᠦᠬᠦ ᠠᠴᠠ ᠨᠢᠭᠡ ᠶᠡᠭᠡ ᠠᠶᠤᠬᠤ ᠦᠭᠡᠢ ᠬᠦᠮᠦᠨ ᠪᠠᠶᠢᠵᠤ᠂ ᠡᠬᠦᠨ ᠢ ᠪᠠᠨ ᠤᠶᠢᠯᠠᠭᠠᠬᠤ ᠳᠠᠭᠠᠨ ᠰᠠᠨᠠᠭ᠎ᠠ ᠠᠮᠠᠷᠠᠭᠰᠠᠨ ᠪᠦᠭᠡᠳ ᠡᠯᠳᠡᠪ ᠵᠤᠪᠠᠯᠠᠩ ᠭᠠᠰᠠᠯᠠᠩ ᠪᠤᠯᠵᠤ ᠬᠢᠩᠰᠢᠭᠨᠡᠯ ᠦᠭᠡᠢ ᠵᠤᠷᠢᠭᠳᠠᠢ ᠲᠠᠶᠢᠪᠤᠩ ᠢᠶᠠᠷ ᠦᠬᠦᠯ ᠢᠶᠠᠨ ᠬᠦᠯᠢᠶᠡᠵᠦ ᠪᠠᠶᠢᠨ᠎ᠠ᠃ ᠰᠡᠳᠬᠢᠯ ᠢᠶᠠᠷ ᠮᠠᠰᠢᠳᠠ ᠬᠠᠳᠠᠭᠤᠵᠢᠨ ᠴᠢᠳᠠᠬᠤ ᠳᠤ ᠪᠡᠶ᠎ᠡ ᠶᠢᠨ ᠰᠢᠨᠠᠯᠤᠯ ᠬᠦᠷᠳᠡᠯ᠎ᠡ ᠨᠠᠮᠳᠠᠭᠠᠳ ᠶᠠᠪᠤᠴᠢᠬᠠᠨ᠎ᠠ᠃ ︽ᠡᠶᠢᠮᠦ ᠰᠠᠶᠢᠬᠠᠨ ᠡᠳᠦᠷ ᠪᠠᠶᠢᠳᠠᠯ᠎ᠠ ᠡᠭᠦᠳᠡ ᠪᠠᠨ ᠪᠢᠳᠡᠭᠦᠯᠡᠭᠡᠳ ᠭᠠᠷᠳᠠᠭ ᠨᠢ ᠶᠠᠭᠤ ᠪᠤᠢ︖︾ ᠭᠡᠵᠦ ᠡᠬᠡᠨᠡᠷ ᠲᠡᠭᠡᠨ ᠠᠭᠤᠷ ᠬᠦᠷᠦᠮᠡᠷ ᠠᠶᠠᠳᠠᠭᠰᠠᠨ ᠢᠶᠠᠨ ︽ᠵᠠᠪ ᠭᠤᠸᠠᠢ ᠪᠤᠤ ᠪᠤᠬᠢᠮᠳᠠᠭᠠᠳ ᠪᠠᠢ︾ ᠭᠡᠵᠦ ᠦᠪᠡᠷ ᠲᠡᠭᠡᠨ ᠲᠤᠰᠢᠶᠠᠪᠠ᠃ ᠲᠡᠭᠡᠭᠡᠳ ᠡᠪᠡᠳᠴᠢᠨ ᠳᠤ ᠨᠡᠷᠪᠡᠭᠳᠡᠭᠰᠡᠨ ᠪᠡᠶ᠎ᠡ ᠶᠢᠨ ᠤᠢ ᠭᠤᠳᠤᠮ᠎ᠠ ᠨᠢᠯᠤᠭᠤᠨ ᠦᠨᠦᠷ ᠢ ᠳᠠᠷᠤᠬᠤ ᠭᠡᠵᠦ ᠬᠠᠵᠠᠭᠤ ᠳᠠᠭᠠᠨ ᠠᠷᠴᠠ ᠠᠭᠤᠬᠢᠭᠤᠯᠤᠭᠠᠳ ᠶᠠᠭᠤᠮ᠎ᠠ ᠪᠤᠳᠤᠪᠠ᠃ ᠭᠠᠳᠠᠭ᠎ᠠ ᠪᠤᠯᠵᠤᠮᠠᠷ ᠵᠢᠷᠬᠢᠵᠦ᠂ ᠠᠯᠤᠰ ᠲᠤ ᠠᠳᠤᠭᠤ ᠢᠨᠴᠠᠭᠠᠬᠤ ᠳᠤ ᠦᠪᠡᠷ ᠤᠨ ᠡᠷᠬᠡ ᠦᠭᠡᠢ ᠰᠡᠭᠦᠷᠡᠰᠦ ᠠᠯᠳᠠᠪᠠ᠃ ᠬᠦᠭᠰᠢᠨ ᠤ ᠪᠠᠨ ᠦᠨᠢᠶ᠎ᠡ ᠰᠠᠭᠠᠵᠤ ᠪᠠᠶᠢᠭ᠎ᠠ ᠢ ᠰᠤᠨᠤᠰᠤᠭᠠᠳ ᠭᠠᠷ ᠬᠤᠷᠤᠭᠤ ᠨᠢ ᠴᠤᠴᠠᠳᠠᠭ ᠪᠤᠯᠵᠤ ᠳ᠋ᠧ ᠭᠡᠵᠦ ᠦᠷᠦᠪᠳᠦᠨ᠎ᠡ᠃ ᠡᠬᠢᠯᠡᠭᠡᠳ ᠦᠨᠢᠶ᠎ᠡ ᠶᠢᠨ ᠬᠦᠬᠦ ᠶᠢ ᠵᠢᠭᠳᠡ ᠰᠢᠪᠳᠤᠷᠠᠨ ᠱᠠᠬᠢᠳᠠᠯ᠎ᠠ ᠰᠠᠭᠠᠵᠤ ᠪᠠᠶᠢᠭᠰᠠᠨ ᠢᠶᠠᠨ ᠲᠦᠳᠡᠬᠦ ᠦᠭᠡᠢ ᠭᠠᠷ ᠨᠢ ᠴᠤᠴᠠᠵᠤ ᠱᠤᠷ ᠱᠤᠷ ᠬᠢᠯᠭᠡᠭᠡᠳ ᠨᠢᠭᠡ ᠬᠡᠰᠡᠭ ᠠᠮᠠᠷᠠᠨ᠎ᠠ᠃ ︽ᠬᠦᠭᠡᠷᠦᠬᠦᠢ ᠡ᠂ ᠬᠦᠦ ᠪᠠᠨ ᠴᠡᠷᠢᠭ ᠠᠴᠠ ᠬᠠᠯᠠᠭᠳᠠᠵᠤ ᠢᠷᠡᠳᠡᠯ᠎ᠡ ᠭᠠᠭᠴᠠᠭᠠᠷ ᠢᠶᠠᠨ ᠪᠠᠶᠢᠬᠤ ᠪᠤᠯᠬᠤ ᠨᠢ︾ ᠭᠡᠵᠦ ᠵᠠᠪ ᠭᠤᠸᠠᠢ ᠪᠤᠳᠤᠪᠠ᠃ ᠬᠦᠦ ᠪᠠᠨ ᠢᠷᠡᠳᠡᠯ᠎ᠡ ᠲᠡᠰᠦᠭᠡᠳ ᠪᠠᠶᠢᠶ᠎ᠠ ᠭᠡᠵᠦ ᠪᠤᠳᠤᠵᠤ ᠪᠠᠶᠢᠭᠰᠠᠨ ᠪᠤᠯᠪᠠᠴᠤ ᠳᠠᠬᠢᠭᠠᠳ ᠬᠠᠭᠠᠰ ᠵᠢᠯ ᠳᠡᠰᠬᠦ ᠶᠠᠮᠠᠷ ᠴᠤ ᠢᠳᠡ ᠰᠢᠳᠢ ᠪᠠᠶᠢᠬᠤ ᠦᠭᠡᠢ ᠭᠡᠳᠡᠭ ᠢ ᠮᠡᠳᠡᠭᠰᠡᠨ ᠠᠴᠠ ᠬᠤᠶᠢᠰᠢ ᠬᠦᠭᠰᠢᠨ ᠢᠶᠠᠨ ᠵᠤᠪᠠᠭᠠᠯᠬᠦᠢ ᠡᠷᠳᠡᠬᠡᠨ ᠰᠢᠭ ᠲᠠᠯᠠᠶᠢᠵᠤ ᠤᠳᠬᠤ ᠶᠤᠮᠰᠠᠨ ᠭᠡᠵᠦ ᠪᠤᠳᠤᠬᠤ ᠪᠤᠯᠵᠠᠢ᠃ ᠰᠠᠨᠠᠭ᠎ᠠ ᠪᠠᠷ ᠢᠶᠠᠨ ᠴᠤ ᠭᠡᠰᠡᠨ ᠦᠬᠦᠯ ᠢ ᠤᠶᠢᠷᠠᠳᠠᠭᠤᠯᠵᠤ ᠪᠤᠯᠬᠤ ᠮᠡᠲᠦ ᠪᠤᠳᠤᠭᠳᠠᠨ᠎ᠠ᠃ ᠡᠪᠡᠳᠴᠢᠨ ᠨᠢ ᠨᠢᠭᠡᠨᠳᠡ ᠭᠠᠵᠠᠷ ᠠᠪᠴᠤ ᠨᠦᠬᠦᠭᠡ ᠤᠳᠠᠰᠤᠨ ᠴᠢᠨᠡᠬᠡᠨ ᠤᠯᠠᠭᠠᠨ ᠭᠤᠤᠯ ᠯᠡ ᠠᠷᠭ᠎ᠠ ᠦᠭᠡᠢ ᠴᠤᠬᠢᠵᠤ ᠪᠠᠶᠢᠭ᠎ᠠ ᠨᠢ ᠢᠯᠡᠷᠬᠡᠢ ᠪᠤᠯᠵᠠᠢ᠃ ᠬᠤᠭᠤᠯᠠ ᠤᠮᠳᠠᠭᠠᠨ ᠠᠴᠠ ᠭᠠᠷᠤᠭᠠᠳ ᠤᠳᠠᠪᠠ᠃ ᠦᠬᠦᠬᠦ ᠡᠳᠦᠷ ᠢᠶᠠᠨ ᠬᠦᠯᠢᠶᠡᠨ᠎ᠡ ᠭᠡᠳᠡᠭ ᠦᠩᠭᠡᠷᠡᠭᠰᠡᠨ ᠢᠶᠠᠨ ᠪᠤᠳᠤᠵᠤ ᠬᠡᠪᠳᠡ ᠭᠡᠰᠡᠨ ᠦᠭᠡ ᠪᠤᠯᠵᠠᠢ᠃ ᠵᠠᠪ ᠭᠤᠸᠠᠢ ᠭᠤᠤᠯᠲᠠᠢ ᠪᠠᠶᠢᠭ᠎ᠠ ᠶᠢᠨ ᠭᠠᠭᠴᠠᠬᠠᠨ ᠤᠴᠢᠷ ᠤᠳᠬ᠎ᠠ ᠯᠡ ᠲᠡᠬᠦᠨ ᠳᠤ ᠪᠠᠶᠢᠨ᠎ᠠ᠃ ᠪᠤᠰᠤᠳ ᠵᠶᠠᠷ ᠪᠤᠯ ᠬᠦᠮᠦᠨ ᠤ ᠲᠤᠭᠤᠰᠤᠨ ᠠᠴᠠ ᠠᠯᠢ ᠬᠡᠳᠦ᠋ᠢᠨ ᠦᠪᠡᠷ ᠢ ᠪᠠᠨ ᠬᠠᠰᠤᠵᠠᠢ᠃ ᠪᠡᠶ᠎ᠡ ᠦᠬᠦᠬᠦ ᠠᠴᠠ ᠤᠷᠢᠳᠠᠵᠤ ᠤᠬᠠᠭᠠᠨ ᠦᠬᠦᠴᠢᠭᠡᠬᠦ ᠪᠤᠢ ᠭᠡᠳᠡᠭ ᠯᠡ ᠭᠠᠭᠴᠠ ᠠᠶᠤᠬᠤ ᠶᠠᠭᠤᠮ᠎ᠠ ᠨᠢ᠃ ᠭᠡᠪᠡᠴᠦ ᠪᠡᠶ᠎ᠡ ᠲᠤᠷᠦ᠋ᠢᠳᠠᠬᠤ ᠲᠤᠰᠤᠮ ᠤᠬᠠᠭᠠᠨ ᠤᠯᠠᠮ ᠰᠠᠷᠠᠭᠤᠯ ᠪᠤᠯᠵᠤ ᠪᠠᠶᠢᠯ᠎ᠠ᠃ ᠪᠠᠶ᠎ᠠ ᠪᠠᠨ ᠤᠬᠠᠭᠠᠨ ᠢᠶᠠᠷ ᠵᠠᠬᠢᠷᠤᠶ᠎ᠠ᠂ ᠲᠠᠭᠠᠷᠠᠭᠰᠠᠨ ᠴᠠᠭ ᠲᠤ ᠤᠳᠤ ᠢᠩᠬᠢᠭᠡᠳ ᠠᠮᠢᠰᠬᠤᠭ᠎ᠠ ᠪᠠᠨ ᠬᠤᠷᠢᠶᠠᠬᠤ ᠴᠠᠭ ᠪᠤᠯᠤᠯ᠎ᠠ ᠭᠡᠵᠦ ᠦᠪᠡᠷ ᠲᠡᠭᠡᠨ ᠲᠤᠰᠢᠶᠠᠵᠤ ᠪᠤᠯᠤᠮᠠᠷ ᠰᠠᠨᠠᠭᠳᠠᠨ᠎ᠠ᠃ ᠭᠡᠪᠡᠴᠦ ᠲᠡᠶᠢᠮᠦ ᠠᠶᠠᠰ ᠨᠢ ᠬᠡᠵᠢᠶ᠎ᠡ ᠲᠠᠭᠠᠷᠠᠬᠤ᠂ ᠲᠡᠭᠡᠵᠦ ᠲᠠᠭᠠᠷᠠᠭᠰᠠᠨ ᠤ ᠲᠡᠮᠳᠡᠭ ᠴᠤᠬᠤᠮ ᠶᠠᠭᠤ ᠪᠤᠯᠬᠤ ᠶᠢ ᠮᠡᠳᠡᠬᠦ ᠦᠭᠡᠢ ᠪᠠᠶᠢᠯ᠎ᠠ᠃       ᠦᠨᠦ ᠦᠷᠯᠦᠭᠡ ᠡᠪᠡᠳᠬᠦ ᠰᠢᠨᠠᠯᠬᠤ ᠶᠠᠭᠤᠮ᠎ᠠ ᠨᠢ ᠨᠢᠭᠡᠨᠳᠡ ᠳᠠᠭᠤᠰᠤᠭᠰᠠᠨ ᠮᠡᠲᠦ ᠬᠠᠴᠢᠨ ᠪᠠᠶᠢᠬᠤ ᠠᠵᠢ᠃ ᠠᠮᠠ ᠪᠠᠨ ᠳᠡᠪᠳᠦᠭᠡᠭᠡᠳ ᠠᠷᠴᠠ ᠶᠢᠨ ᠰᠠᠶᠢᠬᠠᠨ ᠦᠨᠦᠷ ᠦᠨᠦᠷᠳᠦᠵᠦ ᠬᠦᠰᠢᠵᠦ ᠴᠢᠯᠡᠭᠰᠡᠨ ᠪᠡᠶ᠎ᠡ ᠪᠠᠨ ᠠᠷᠭᠠᠴᠠᠵᠤ ᠬᠦᠳᠡᠯᠭᠡᠭᠡᠳ ᠠᠪᠳᠠᠯ᠎ᠠ ᠦᠷᠬᠦᠯᠵᠢ ᠭᠤᠷᠦ᠋ᠢᠵᠤ ᠪᠠᠷᠦ᠋ᠢᠵᠤ ᠪᠠᠶᠢᠳᠠᠭ ᠲᠤᠳᠤᠷ᠎ᠠ ᠨᠢ ᠠᠭᠤᠵᠢᠷᠠᠨ ᠲᠤᠯᠤᠭᠠᠢ ᠨᠢ ᠬᠦᠩᠭᠡᠷᠡᠴᠢᠭᠡᠬᠦ‍ ᠰᠢᠭ ᠪᠤᠯᠪᠠ᠃ ᠵᠢᠷᠦᠬᠡ ᠪᠠᠨ ᠴᠢᠩᠨᠠᠪᠠᠯ ᠶᠡᠭᠡ ᠤᠳᠠᠭᠠᠨ ᠪᠤᠯᠪᠠᠴᠤ ᠲᠡᠷ᠎ᠡ ᠪᠠᠷ ᠳᠠᠮᠵᠢᠨ ᠳᠤᠭᠤᠯᠳᠠᠳᠠᠯ᠎ᠠ ᠯᠦᠭ ᠯᠦᠭ ᠴᠤᠬᠢᠵᠤ ᠪᠠᠶᠢᠨ᠎ᠠ᠃ ᠵᠠᠪ ᠭᠤᠸᠠᠢ ᠡᠭᠦᠳᠡᠨ ᠤ ᠪᠠᠷᠠᠭᠤᠨ ᠬᠠᠳᠠᠪᠴᠢᠨ ᠳᠤ ᠡᠯᠭᠦᠭᠰᠡᠨ ᠬᠠᠵᠠᠭᠠᠷ ᠨᠤᠭᠳᠤ ᠬᠤᠷᠢᠶᠠᠯᠳᠠᠢ ᠪᠠᠷᠠᠭᠠᠨ ᠳᠡᠭᠡᠷ᠎ᠡ ᠬᠦᠯᠮᠢ ᠶᠢ ᠨᠢ ᠲᠡᠯᠭᠡᠵᠦ ᠲᠠᠯᠪᠢᠭᠰᠠᠨ ᠢ ᠬᠠᠷᠠᠪᠠ᠃ ᠡᠵᠡᠨ ᠨᠢ ᠮᠤᠷᠳᠠᠬᠤ ᠴᠢᠳᠠᠯᠳᠠᠢ ᠶᠤᠮ ᠰᠢᠭ᠋ ᠡᠮᠡᠭᠡᠯ ᠬᠠᠵᠠᠭᠠᠷ ᠵᠡᠭᠡᠭᠡᠰᠦᠲᠡᠢ ᠪᠠᠶᠢᠭ ᠭᠡᠰᠡᠨ ᠰᠢᠭ ᠬᠦᠭᠰᠢᠨ ᠨᠢ ᠲᠡᠬᠦᠨ ᠢ ᠶᠡᠷᠦ ᠬᠦᠳᠡᠯᠭᠡᠳᠡᠭ ᠦᠭᠡᠢ ᠪᠢᠯᠡ᠃ ᠵᠤᠤᠬᠠᠨ ᠳᠡᠭᠡᠷ᠎ᠡ ᠵᠢᠭᠰᠠᠭᠠᠭᠰᠠᠨ ᠦᠷᠦᠮ᠎ᠡ ᠨᠠᠷᠠᠨ ᠤ ᠲᠤᠶᠠᠭ᠎ᠠ ᠰᠢᠭ᠋ ᠰᠢᠷᠭᠠᠯᠳᠤᠨ᠎ᠠ᠃ ᠬᠤᠶᠢᠮᠤᠷ ᠤᠨ ᠠᠪᠳᠠᠷ᠎ᠠ ᠳᠡᠭᠡᠷ᠎ᠡ ᠬᠦᠭᠰᠢᠨ ᠤ ᠪᠠᠳᠠᠷᠠᠭᠠᠭᠰᠠᠨ ᠵᠤᠯᠠ ᠭᠠᠯ ᠲᠤᠬᠢᠭᠤᠷ ᠲᠠᠢ ᠬᠠᠷ᠎ᠠ ᠴᠡᠴᠡᠭ ᠮᠡᠲᠦ ᠪᠠᠳᠮᠠᠯᠠᠨ ᠪᠦᠬᠦᠵᠦ ᠪᠠᠶᠢᠨ᠎ᠠ᠃ ᠴᠠᠭᠠᠳᠤ ᠵᠤᠨ ᠰᠦᠮᠪᠦᠷ ᠬᠡ ᠲᠠᠯᠪᠢᠵᠦ ᠪᠤᠳᠤᠭᠰᠠᠨ ᠤᠨᠢ ᠨᠢ ᠨᠠᠷᠠᠨ ᠤ ᠭᠡᠷᠡᠯ ᠳᠤ ᠢᠷᠠᠶᠢᠨ᠎ᠠ᠃ ︽ᠮᠠᠨᠠᠢ ᠭᠡᠷ ᠤᠨ ᠮᠤᠳᠤ ᠰᠠᠶᠢᠨ᠂ ᠬᠦᠦ ᠬᠠᠯᠠᠭᠳᠠᠵᠤ ᠢᠷᠡᠭᠡᠳ ᠪᠦᠷᠢᠶᠡᠰᠦ ᠶᠢ ᠨᠢ ᠰᠢᠨᠡᠴᠢᠯᠡᠨ᠎ᠡ ᠪᠢᠵᠡ︾᠃ ᠵᠡᠬᠦᠨ ᠬᠠᠶᠠᠭᠠᠨ ᠳᠤ ᠬᠦᠭᠰᠢᠨ ᠤ ᠤᠷᠤᠨ ᠤ ᠲᠤᠯᠤᠭᠠᠢ ᠳᠤ ᠤᠯᠠᠭᠠᠨ ᠰᠢᠩᠬᠤᠨ ᠲᠡᠪᠢᠰᠭᠡᠷ ᠳᠡᠭᠡᠷ᠎ᠡ ᠠᠯᠳᠠᠨ ᠬᠤᠷᠯᠤ ᠲᠠᠯᠪᠢᠭᠰᠠᠨ ᠨᠢᠭᠤᠷᠲᠠᠢ ᠬᠠᠭᠤᠴᠢᠨ ᠴᠠᠭ ᠤᠨ ᠨᠠᠮᠬᠠᠨ ᠠᠪᠳᠠᠷ᠎ᠠ ᠪᠠᠶᠢᠨ᠎ᠠ᠃ ︽ᠲᠡᠬᠦᠨ ᠢ ᠰᠡᠷᠭᠦᠭᠡᠭᠡᠳ ᠪᠤᠳᠤᠴᠢᠬᠠᠳᠠᠭ ᠪᠠᠶᠢᠵᠤ ᠳ᠋ᠧ᠂ ᠬᠦᠭᠰᠢᠨ ᠪᠢᠳᠡ ᠬᠤᠶᠠᠷ ᠤᠨ ᠠᠩᠬᠠᠨ ᠤ ᠶᠠᠭᠤᠮ᠎ᠠ︾ ᠭᠡᠵᠦ ᠪᠤᠳᠤᠪᠠ᠃ ᠲᠡᠷᠡ ᠬᠠᠭᠤᠴᠢᠨ ᠠᠪᠳᠠᠷ᠎ᠠ ᠠᠴᠠ ᠪᠤᠰᠤᠳ ᠶᠠᠭᠤᠮ᠎ᠠ ᠴᠦᠮ ᠶᠤᠰᠤᠭᠠᠷ ᠢᠶᠠᠨ᠂ ᠪᠦᠬᠦᠵᠦ ᠪᠠᠶᠢᠭ᠎ᠠ ᠵᠤᠯᠠ ᠬᠦᠷᠲᠡᠯ᠎ᠡ ᠶᠤᠰᠤᠭᠠᠷ ᠢᠶᠠᠨ ᠪᠦᠬᠦᠵᠦ ᠪᠠᠶᠢᠬᠤ ᠰᠢᠭ᠋ ᠰᠠᠨᠠᠭᠳᠠᠨ᠎ᠠ᠃ ︽ᠤᠳᠤ ᠢᠩᠬᠢᠭᠡᠳ ᠪᠤᠯᠤᠭ᠎ᠠ ᠪᠢᠰᠢ ᠤᠤ ᠳ᠋ᠧ᠂ ᠬᠢᠴᠢᠨᠡᠨ ᠪᠤᠯᠳᠠᠯ᠎ᠠ ᠦᠪᠡᠷ ᠢ ᠪᠠᠨ ᠴᠤ᠂ ᠬᠦᠮᠦᠨ ᠢ ᠴᠤ ᠵᠤᠪᠠᠭᠠᠬᠤ ᠪᠤᠢ︕︾ ᠭᠡᠵᠦ ᠭᠡᠨᠡᠳᠳᠡ ᠪᠤᠳᠤᠪᠠ᠃       ᠬᠦᠭᠰᠢᠨ ᠨᠢ ᠦᠨᠢᠶ᠎ᠡ ᠪᠠᠨ ᠰᠠᠭᠠᠭᠠᠳ ᠤᠷᠤᠵᠤ ᠢᠷᠡᠬᠦ ᠳᠤ ᠠᠶᠢᠯ ᠤᠨ ᠬᠡᠤᠬᠡᠳ ᠶᠢ ᠳᠠᠪᠬᠢᠭᠤᠯᠤᠭᠠᠳ ᠨᠤᠳᠤᠭ ᠤᠨ ᠡᠪᠦᠭᠡᠴᠦᠦᠯ ᠶᠢ ᠢᠷᠡᠭᠡᠴᠢ ᠭᠡᠵᠦ ᠬᠡᠯᠡᠬᠦᠯᠪᠡ᠃ ᠠᠷᠭ᠎ᠠ ᠦᠭᠡᠢ ᠴᠠᠭ ᠨᠢ ᠲᠤᠯᠤᠭᠠᠳ ᠠᠮᠢᠨ ᠳᠡᠭᠡᠷ᠎ᠡ ᠪᠠᠨ ᠪᠠᠶᠢᠯᠭᠠᠬᠤ ᠶᠢ ᠪᠤᠳᠤᠵᠤ ᠳ᠋ᠧ ᠭᠡᠵᠦ ᠵᠠᠪ ᠭᠤᠸᠠᠢ ᠶᠢᠨ ᠦᠶ᠎ᠡ ᠶᠢᠨ ᠭᠤᠷᠪᠠᠨ ᠡᠪᠦᠭᠡᠨ ᠶᠠᠭᠠᠷᠠᠨ ᠢᠷᠡᠯ᠎ᠡ᠃ ᠤᠷᠢᠳ ᠭᠠᠵᠠᠷ ᠬᠤᠩᠬᠤᠶᠢᠳᠠᠯ᠎ᠠ ᠰᠠᠭᠤᠵᠤ ᠮᠤᠷᠳᠠᠵᠤ ᠪᠠᠶᠢᠭᠰᠠᠨ ᠤᠶᠠᠭᠠᠨ ᠳᠡᠭᠡᠷ᠎ᠡ ᠨᠢ ᠪᠠᠭᠤᠴᠠᠭᠠᠵᠤ ᠶᠠᠭᠤ ᠭᠡᠵᠦ ᠬᠡᠯᠡᠵᠦ ᠠᠭᠤᠯᠵᠠᠨ᠎ᠠ ᠳ᠋ᠠ ᠭᠡᠵᠦ ᠵᠢᠷᠦᠬᠡᠰᠢᠶᠡᠨ ᠤᠷᠤᠬᠤ ᠳᠤ ᠵᠠᠪ ᠭᠤᠸᠠᠢ ᠬᠠᠷᠢᠨ ᠰᠤᠯᠠᠬᠠᠨ ᠳᠠᠭᠤ ᠪᠠᠷ ᠪᠤᠯᠪᠠᠴᠤ ᠦᠬᠦᠬᠦ ᠭᠡᠵᠦ ᠪᠠᠶᠢᠭ᠎ᠠ ᠬᠦᠮᠦᠨ ᠤ ᠠᠮᠠᠨ ᠠᠴᠠ ᠭᠠᠷᠤᠮ᠎ᠠ ᠦᠭᠡᠢ ᠬᠦᠭᠵᠢᠯᠲᠡᠢ ᠨᠠᠷᠬᠢᠶᠠᠨ ᠲᠠᠢ ᠶᠠᠭᠤᠮ᠎ᠠ ᠶᠠᠷᠢᠵᠤ ᠤᠭᠳᠤᠯ᠎ᠠ᠃ ᠬᠦᠷᠡᠩ ᠲᠤᠷᠭᠠᠨ ᠳᠡᠪᠡᠯ ᠡᠮᠦᠰᠴᠦ᠂ ᠲᠦᠴᠢᠨ ᠲᠠᠪᠤᠨ ᠤᠨ ᠤ ᠴᠢᠯᠦᠭᠡᠯᠡᠬᠦ ᠲᠠᠶᠢᠨ ᠳᠤ ᠲᠦᠷ ᠴᠡᠷᠢᠭ ᠲᠤ ᠲᠠᠲᠠᠭᠳᠠᠨ ᠶᠠᠪᠤᠭᠠᠳ ᠠᠪᠤᠭᠰᠠᠨ ᠰᠢᠷ᠎ᠠ ᠭᠠᠤᠯᠢᠨ ᠮᠧᠲ᠋ᠧᠯ ᠢᠶᠠᠨ ᠵᠡᠬᠦᠴᠢᠭᠡᠭᠡᠳ ᠦᠨᠳᠦᠷ ᠲᠡᠷ᠎ᠡ ᠲᠦᠰᠢᠵᠡᠢ᠃ ᠵᠠᠪ ᠭᠤᠸᠠᠢ ᠶᠢᠨ ᠪᠠᠭ᠎ᠠ ᠶᠢᠨ ᠲᠦᠩᠱᠢ ᠪᠦᠭᠡᠳ ᠭᠡᠵᠢᠭᠲᠦ ᠨᠠᠶᠢᠳᠠᠨ ᠬᠡᠮᠡᠬᠦ ᠰᠠᠶ᠋ᠢᠬᠠᠨ ᠪᠤᠯᠳᠠᠯ᠎ᠠ ᠭᠡᠵᠢᠭᠡ ᠲᠠᠢ ᠶᠠᠪᠤᠭᠰᠠᠨ ᠬᠦᠳᠡᠷ ᠬᠠᠷ᠎ᠠ ᠡᠪᠦᠭᠡᠨ᠂ ᠨᠤᠳᠤᠭ ᠤᠨ ᠶᠡᠭᠡ ᠬᠦᠨᠳᠦᠳᠡᠢ ᠬᠦᠮᠦᠨ᠂ ᠤᠯᠠᠨ ᠵᠢᠯ ᠵᠠᠪ ᠭᠤᠸᠠᠢ ᠲᠠᠢ ᠬᠠᠮᠳᠤ ᠪᠠᠭ ᠰᠤᠮᠤ ᠶᠢᠨ ᠡᠯᠳᠡᠪ ᠠᠯᠪᠠ ᠬᠠᠭᠠᠵᠤ ᠶᠠᠪᠤᠭᠰᠠᠨ ᠪᠤᠷᠭᠤᠴᠤᠢ ᠲᠤᠷᠯᠢᠭ ︵ᠶᠠᠭᠠᠬᠢᠭᠠᠳ ᠲᠡᠶᠢᠮᠦ ᠬᠤᠴᠢ ᠠᠪᠤᠭᠰᠠᠨ ᠢ ᠪᠤᠷᠬᠠᠨ ᠮᠡᠳᠡᠨ᠎ᠡ︶᠂ ᠦᠶᠡᠯᠢ ᠪᠤᠯᠬᠤ ᠰᠢᠮᠠᠭᠤᠯ ᠵᠠᠮᠴᠠ ᠭᠡᠭᠴᠢ ᠭᠤᠩᠬᠢᠨᠠᠭᠰᠠᠨ ᠨᠠᠷᠢᠬᠠᠨ ᠳᠠᠭᠤᠲᠠᠢ ᠡᠪᠦᠭᠡᠨ ᠦᠬᠦᠯ ᠳᠤ ᠲᠤᠯᠤᠭᠰᠠᠨ ᠨᠦᠬᠦᠷ ᠢ ᠪᠠᠨ ᠢᠩᠬᠢᠵᠦ ᠨᠠᠷᠬᠢᠵᠦ ᠨᠠᠭᠠᠳᠴᠤ ᠪᠠᠶᠢᠬᠤ ᠶᠤᠮ ᠭᠡᠵᠦ ᠰᠠᠨᠠᠭᠰᠠᠨ ᠦᠭᠡᠢ᠃ ᠬᠠᠳᠠᠭᠤ ᠡᠷ᠎ᠡ ᠭᠡᠳᠡᠭ ᠢ ᠮᠡᠳᠡᠨ᠎ᠡ᠃ ᠭᠡᠪᠡᠴᠦ ᠬᠠᠷᠠᠬᠤ ᠳᠤ ᠨᠢᠳᠦ ᠬᠠᠯᠳᠤᠷᠢᠮᠠᠷ ᠪᠤᠯᠤᠭᠰᠠᠨ ᠭᠡᠵᠦ ᠰᠤᠨᠤᠰᠤᠭᠠᠳ ᠠᠷᠭ᠎ᠠ ᠦᠭᠡᠢ ᠵᠢᠷᠦᠬᠡᠰᠢᠶᠡᠨ ᠤᠷᠤᠵᠤ ᠭᠠᠷᠬᠤ ᠨᠢ ᠴᠦ ᠬᠤᠪᠤᠷᠳᠠᠭᠰᠠᠨ ᠪᠠᠶᠢᠵᠠᠢ᠃ ᠨᠢᠭᠡ ᠭᠤᠤᠯ ᠤᠨ᠂ ᠨᠢᠭᠡ ᠦᠶ᠎ᠡ ᠶᠢᠨ ᠡᠪᠦᠭᠡᠴᠦᠦᠯ ᠤᠷᠳᠤ ᠠᠮᠢᠳᠤᠷᠠᠯ ᠲᠤᠭᠤᠯᠵᠤ ᠨᠠᠰᠤᠨ ᠬᠡᠪ ᠤᠨ ᠢᠶᠠᠨ ᠵᠢᠮ᠎ᠡ ᠶᠤᠰᠤᠭᠠᠷ ᠤᠪᠤᠨ ᠴᠤᠪᠤᠨ ᠴᠦᠭᠡᠭᠡᠷᠡᠭᠰᠡᠭᠡᠷ ᠪᠤᠯᠪᠠᠴᠤ ᠵᠠᠯᠠᠭᠤ ᠽᠠᠨᠳᠠᠨ ᠴᠠᠭ ᠤᠨ ᠬᠢ ᠲᠠᠢ ᠪᠠᠨ ᠠᠳᠠᠯᠢ ᠪᠡᠶ᠎ᠡ ᠪᠡᠶ᠎ᠡ ᠪᠠᠨ ᠨᠡᠷ᠎ᠡ ᠪᠠᠷ ᠨᠢ ᠪᠢᠰᠢ ᠤᠪᠤᠭ ᠢᠶᠠᠷ ᠨᠢ ᠳᠠᠭᠤᠳᠠᠵᠤ ᠨᠠᠭᠠᠨ᠎ᠠ ᠤᠤ᠂ ᠴᠠᠭᠠᠨ᠎ᠠ ᠤᠤ ᠲᠠᠢ ᠶᠠᠪᠤᠬᠤ ᠤᠴᠢᠷ ᠨᠢᠭᠡ ᠨᠢ ᠢᠩᠬᠢᠵᠦ ᠳᠠᠰᠤᠷᠠᠭᠠᠳ ᠲᠠᠯᠠᠶᠢᠴᠢᠬᠠᠨ᠎ᠠ ᠭᠡᠳᠡᠭ ᠠᠮᠢᠳᠤᠷᠠᠯ ᠦᠮᠦ ᠴᠦᠮᠦ ᠦᠰᠦᠷᠦᠨ᠎ᠡ ᠭᠡᠰᠡᠨ ᠦᠭᠡ᠃ ᠵᠠᠪ ᠭᠤᠸᠠᠢ ᠦᠯᠡᠳᠡᠬᠦ ᠬᠡᠳᠦ ᠶᠢᠨ ᠢᠶᠠᠨ ᠰᠡᠳᠬᠢᠯ ᠢ ᠵᠠᠰᠠᠶ᠎ᠠ ᠭᠡᠰᠡᠨ ᠰᠢᠭ ᠪᠠᠶᠢᠯ᠎ᠠ᠃ ᠭᠡᠵᠢᠭᠳᠦ ᠰᠡᠭᠦᠯᠬᠡᠨ ᠰᠢᠭ ᠢᠶᠠᠷ ᠢᠷᠡᠭᠡᠳ ᠨᠢᠳᠦ ᠳᠠᠯᠳᠠᠷᠢᠨ ᠵᠤᠤᠬᠠᠨ ᠠᠮᠠᠨ ᠳᠤ ᠰᠠᠭᠤᠵᠤ ᠮᠤᠳᠤ ᠲᠤᠯᠤᠭᠠᠢ ᠲᠠᠢ ᠪᠠᠨ ᠨᠤᠴᠤᠯᠳᠤᠬᠤ ᠳᠤ ᠵᠠᠪ ᠭᠤᠸᠠᠢ ᠲᠡᠬᠦᠨ ᠢ ᠱᠤᠭᠯᠠᠵᠤ ︽ᠭᠡᠵᠢᠭᠲᠦ ᠮᠠᠨᠢ ᠤᠯᠠᠮ ᠯᠡ ᠦᠩᠭᠡ ᠤᠷᠤᠭᠠᠳ ᠪᠠᠶᠢᠨ᠎ᠠ᠃ ᠵᠠᠯᠠᠭᠤ ᠡᠬᠡᠨᠡᠷ ᠠᠪᠬᠤ ᠭᠡᠵᠦ ᠪᠠᠶᠢᠨ᠎ᠠ ᠭᠡᠳᠡᠭ ᠨᠢ ᠤᠷᠤ ᠲᠠᠢ ᠲᠤᠭᠤᠨ᠃ ᠲᠡᠭᠡᠳᠡᠯ᠎ᠡ ᠡᠨᠡ ᠪᠢᠳᠡ ᠬᠤᠶᠠᠷ ᠴᠢᠨᠢ ᠠᠩᠬ᠎ᠠ ᠨᠢᠭᠡ ᠵᠢᠯ ᠡᠬᠡᠨᠡᠷ ᠠᠪᠤᠭᠰᠠᠨ ᠶᠤᠮ ᠰᠢᠦ ᠳ᠋ᠧ᠂ ᠤᠳᠤ ᠡᠨᠡ ᠲᠤᠯᠵᠢᠨ ᠢᠶᠠᠨ ᠪᠤᠰᠬᠠᠬᠤ ᠭᠡᠵᠦ ᠶᠠᠭᠠᠬᠢᠵᠤ ᠬᠦᠭᠯᠡᠵᠦ ᠶᠠᠪᠤᠭᠰᠠᠨ ᠢᠶᠠᠨ ᠰᠠᠨᠠᠵᠤ ᠪᠠᠶᠢᠨ᠎ᠠ ᠤᠤ︖ ᠲᠤᠯᠵᠢᠨ ᠤ ᠮᠠᠭᠤ ᠡᠮᠡᠭᠡᠯ ᠢ ᠰᠢᠩᠭᠡᠯᠢᠭ ᠠᠴᠠ ᠨᠢ ᠠᠪᠬᠤ ᠭᠡᠵᠦ ᠶᠠᠪᠤᠭᠠᠳ ᠨᠤᠬᠠᠢ ᠳᠤ ᠬᠤᠩᠭᠤ ᠪᠠᠨ ᠤᠷᠠᠭᠤᠯᠴᠢᠬᠠᠭᠰᠠᠨ ᠢᠶᠠᠨ᠂ ᠮᠦᠨ ᠴᠤ ᠶᠠᠳᠠᠭᠤ ᠪᠠᠶᠢᠵᠤ ᠳ᠋ᠠ᠂ ᠡᠮᠡᠭᠡᠯ ᠲᠠᠢ ᠮᠤᠷᠢ ᠬᠦᠳᠦᠯᠦᠭᠡᠳ ᠢᠷᠡᠬᠦ ᠴᠢᠳᠠᠯ ᠪᠠᠶᠢᠬᠤ ᠦᠭᠡᠢ᠂ ᠤᠳᠤ ᠬᠠᠷᠢᠨ ᠵᠢᠷᠭᠠᠭᠠᠳ᠂ ᠠᠭᠠᠭ ᠢᠶᠠᠨ ᠪᠠᠭᠳᠠᠭᠠᠬᠤ ᠪᠠᠨ ᠪᠠᠶᠢᠵᠤ ᠪᠠᠰᠠ ᠵᠠᠯᠠᠭᠤ ᠬᠡᠤᠬᠡᠨ ᠳᠤ ᠰᠠᠨᠠᠭᠠᠳᠠᠢ︾ ᠭᠡᠬᠦ ᠳᠤ ᠭᠡᠵᠢᠭᠲᠦ ᠲᠤᠤᠷᠠᠬᠠᠨ ᠢᠶᠠᠨ ᠰᠡᠳᠬᠢᠯ ᠠᠭᠤᠵᠢᠷᠠᠵᠤ ᠭᠠᠩᠰᠠ ᠪᠠᠨ ᠡᠪᠦᠷᠲᠦᠯᠡᠨ ︽ᠵᠤᠯᠢᠭ ᠭᠡᠵᠦ︕ ᠨᠤᠬᠠᠢ ᠳᠤ ᠤᠷᠠᠭᠤᠯᠤᠭᠰᠠᠨ ᠰᠤᠷᠪᠢ ᠤᠳᠤ ᠴᠤ ᠪᠤᠢ ᠰᠢᠦ︾ ᠭᠡᠳ ᠭᠡᠷ ᠢᠶᠠᠷ ᠲᠦᠭᠦᠷᠡᠩ ᠢᠨᠢᠶᠡᠳᠦᠮ ᠪᠤᠯᠪᠠ᠃ ᠠᠨᠳᠠ ᠶᠢᠨ ᠢᠶᠠᠨ ᠠᠮᠢᠨ ᠳᠡᠭᠡᠷ᠎ᠡ ᠪᠠᠶᠢᠵᠤ ᠤᠢ ᠭᠠᠰᠢᠭᠤ ᠪᠤᠯᠤᠨ᠎ᠠ ᠭᠡᠰᠡᠨ ᠴᠢᠨᠢ ᠬᠠᠷᠢᠨ ᠨᠠᠶᠢᠷ ᠨᠠᠭᠠᠳᠤᠮ ᠳᠤ ᠢᠷᠡᠭᠰᠡᠨ ᠶᠤᠮ ᠰᠢᠭ᠋ ᠬᠦᠭᠵᠢᠶᠡᠨᠳᠡᠢ ᠪᠤᠯᠳᠠᠭ ᠪᠠᠶᠢᠨ᠎ᠠ᠃ ᠵᠠᠪ ᠭᠤᠸᠠᠢ ᠲᠡᠳᠡᠨ ᠳᠤ᠂ ᠮᠠᠭᠤ ᠳᠡᠪᠬᠡᠷᠭᠡ ︵ᠦᠪᠡᠷ ᠤᠨ ᠬᠢᠨᠢ ᠬᠤᠴᠢ︶ ᠶᠢᠨ ᠴᠢᠨᠢ ᠠᠮᠢᠳᠤ ᠶᠠᠪᠤᠬᠤ ᠬᠤᠨᠤᠭ ᠠᠷᠭ᠎ᠠ ᠦᠭᠡᠢ ᠬᠦᠢᠴᠡᠵᠦ ᠪᠠᠶᠢᠨ᠎ᠠ᠃ ᠲᠠ ᠨᠠᠷ ᠢ ᠪᠠᠨ ᠨᠢᠭᠡ ᠬᠠᠷᠠᠭᠠᠳ ᠦᠬᠦᠶ᠎ᠡ ᠭᠡᠵᠦ ᠰᠢᠢᠳᠦᠯ᠎ᠡ᠃ ᠦᠬᠦᠬᠦ ᠶᠢᠨ ᠡᠮᠦᠨ᠎ᠡ ᠨᠢᠭᠡ ᠰᠠᠶᠢᠨ ᠨᠠᠷᠬᠢᠵᠤ᠂ ᠲᠠ ᠨᠠᠷ ᠤᠨ ᠢᠶᠠᠨ ᠳᠠᠭᠤᠯᠠᠬᠤ ᠬᠤᠭᠤᠷᠳᠠᠬᠤ ᠶᠢ ᠰᠤᠨᠤᠰᠤᠶ᠎ᠠ᠃ ᠤᠷᠢᠳᠤ ᠶᠢᠨ ᠴᠠᠭ ᠲᠤ ᠶᠤᠮᠰᠠᠨ ᠪᠤᠯ ᠬᠤᠶᠢᠳᠤ ᠨᠠᠰᠤᠨ ᠳᠠᠭᠠᠨ ᠠᠭᠤᠯᠵᠠᠵᠤ ᠶᠠᠭᠤ ᠮᠠᠭᠠᠳ ᠭᠡᠬᠦ ᠰᠠᠨ᠃ ᠨᠠᠮᠠᠢᠢ ᠲᠠ ᠨᠠᠷ ᠡᠰᠡ ᠮᠡᠳᠡᠬᠦ ᠪᠢᠰᠢ᠂ ᠦᠬᠦᠯ ᠦᠭᠡᠢ ᠮᠦᠩᠭᠡ ᠬᠤᠷᠸ᠎ᠠ ᠲᠡᠭᠡᠷ᠎ᠡ ᠲᠦᠷᠦᠭᠰᠡᠨ ᠪᠤᠯ ᠤᠳᠤ ᠶᠠᠭᠠᠬᠢᠶ᠎ᠠ ᠭᠡᠭᠦᠪ᠃ ᠠᠯᠢᠪ ᠦᠶᠡᠯᠢ ᠴᠢ ᠬᠠᠮᠠᠷ ᠢᠶᠠᠨ ᠬᠠᠷᠠᠵᠤ ᠤᠷᠤᠭᠤ ᠴᠢᠷᠠᠶᠢᠯᠠᠵᠤ ᠰᠠᠭᠤᠯ ᠦᠭᠡᠢ ᠠᠷᠢᠬᠢ ᠠᠶᠢᠷᠠᠭ ᠠᠴᠠ ᠪᠠᠨ ᠬᠢ︕ ᠵᠢᠭᠠᠬᠠᠨ ᠰᠢᠷ᠎ᠠ ᠳᠤᠰᠤ ᠬᠦᠪᠦᠭᠦᠯᠦᠭᠡᠳ ᠨᠠᠳᠠᠳᠤ ᠴᠤ ᠭᠡᠰᠡᠨ ᠬᠢᠭᠡᠳ ᠠᠯᠢ︕ ᠮᠠᠭᠤ ᠲᠡᠪᠬᠡᠷᠭᠡ ᠪᠠᠨ ᠠᠯᠤᠰ ᠤᠨ ᠵᠠᠮ ᠳᠤ ᠦᠳᠡᠵᠦ ᠪᠠᠶᠢᠨ᠎ᠠ ᠭᠡᠵᠦ ᠪᠤᠳᠤᠭᠠᠳ ᠯᠡ ᠤᠤᠭᠤᠵᠠᠭ᠎ᠠ︕ ᠵᠠᠪᠠᠯ ᠬᠦᠳᠡᠭᠡᠯᠡᠬᠦᠯᠵᠦ ᠢᠷᠡᠴᠢᠭᠡᠭᠡᠳ ᠤᠢ ᠭᠠᠰᠢᠭᠤ ᠲᠠᠶᠢᠯᠵᠤ ᠪᠠᠶᠢᠨ᠎ᠠ ᠭᠡᠵᠦ ᠤᠤᠭᠤᠬᠤ ᠠᠯᠪᠠ ᠤᠤ︖ ᠶᠠᠮᠠᠷᠴᠤ ᠭᠡᠰᠡᠨ ᠤᠬᠠᠭᠠᠨ ᠲᠠᠢ ᠠᠮᠢᠰᠬᠤᠭ᠎ᠠ ᠲᠠᠢ ᠪᠠᠶᠢᠭ᠎ᠠ ᠲᠡᠭᠡᠷ᠎ᠡ ᠨᠢ ᠠᠮᠢᠳᠤ ᠵᠠᠪ ᠲᠠᠢ ᠪᠠᠨ ᠤᠷᠢᠳᠤ ᠶᠢᠨ ᠬᠢ ᠰᠢᠭ ᠢᠶᠠᠷ ᠢᠶᠠᠨ ᠨᠠᠷᠬᠢᠵᠤ ᠪᠠᠶᠢᠨ᠎ᠠ ᠭᠡᠵᠦ ᠪᠤᠳᠤᠭᠠᠳ ᠤᠤᠭᠤᠵᠠᠭ᠎ᠠ︕ ᠭᠡᠵᠦ ᠰᠢᠬᠠᠵᠤ ᠪᠠᠶᠢᠪᠠ᠃ ᠲᠡᠭᠡᠭᠡᠳ ᠬᠡᠯᠡᠭᠰᠡᠨ ᠶᠤᠰᠤᠭᠠᠷ ᠢᠶᠠᠨ ᠰᠢᠷ᠎ᠠ ᠲᠤᠰᠤ ᠬᠢᠵᠦ ᠬᠠᠯᠠᠭᠠᠭᠰᠠᠨ ᠠᠷᠢᠬᠢ ᠵᠢᠭᠠᠬᠠᠨ ᠤᠤᠭᠤᠴᠢᠬᠠᠭᠠᠳ ᠨᠢᠳᠦ ᠨᠢ ᠭᠡᠷᠡᠯᠳᠦᠵᠦ᠂ ᠶᠤᠨᠳᠤᠭᠤᠷ ᠰᠢᠨᠠᠨ ᠳᠤᠨᠢ ᠬᠦᠷᠲᠡᠯ᠎ᠡ ᠴᠢᠰᠤ ᠲᠤᠶᠠᠭᠠᠷᠠᠪᠠ᠃ ᠦᠬᠦᠯ ᠦᠭᠡᠢ ᠮᠦᠩᠭᠡ ᠬᠤᠷᠸ᠎ᠠ ᠳᠡᠭᠡᠷ᠎ᠡ ᠲᠦᠷᠦᠭᠡ ᠦᠭᠡᠢ ᠪᠠᠨ ᠰᠠᠶᠢᠨ ᠮᠡᠳᠡᠬᠦ ᠲᠡᠷᠡ ᠬᠡᠳᠦ ᠲᠦᠩᠱᠢ ᠶᠢᠨ ᠢᠶᠠᠨ ᠦᠭᠡ ᠶᠢ ᠠᠷᠭ᠎ᠠ ᠦᠭᠡᠢ ᠳᠠᠭᠠᠵᠤ ᠠᠷᠢᠬᠢ ᠠᠶᠢᠷᠠᠭ ᠤᠤᠭᠤᠵᠠᠭᠠᠨ ᠳᠠᠭᠤᠤ ᠱᠤᠤ ᠪᠤᠯᠪᠠ᠃ ᠨᠠᠶᠢᠷ ᠤᠨ ᠭᠤᠷᠪᠠᠨ ᠳᠠᠭᠤᠲᠠᠢ ᠠᠭᠰᠠᠨ ᠭᠡᠵᠢᠭᠳᠦ ᠳᠤ ᠠᠶ᠎ᠠ ᠪᠠᠷᠢᠬᠤ ᠠᠯᠪᠠ ᠲᠤᠯᠭᠠᠷᠴᠤ ᠭᠡᠵᠢᠭᠲᠦ ᠬᠦᠭᠡᠷᠦᠬᠦᠢ ᠮᠢᠨᠢ᠂ ᠬᠠᠭᠤᠴᠢᠨ ᠫᠤᠤ ᠶᠢᠨ ᠬᠤᠭᠤᠷᠬᠠᠢ ᠭᠡᠳᠡᠭ ᠢᠶᠠᠨ ᠦᠵᠡᠬᠦᠯᠦᠯ᠎ᠡ᠃ ᠬᠦ᠋ ᠲᠤᠷᠳᠤᠭ ᠪᠤᠯᠤᠭᠰᠠᠨ ᠰᠦᠭᠡᠩᠬᠢ ᠲᠠᠭᠤᠳᠠᠢ ᠮᠤᠷᠢᠨ ᠬᠤᠭᠤᠷ ᠢ ᠬᠦᠭᠯᠡᠵᠦ ᠠᠮᠢᠰᠬᠤᠭ᠎ᠠ ᠳᠠᠰᠤᠯᠳᠠᠩᠬᠢ ᠪᠤᠯᠪᠠᠴᠤ ᠰᠦᠷᠡᠬᠡᠢ ᠡᠷᠡᠰᠢᠭᠦᠳ ᠫᠠᠷᠬᠢᠯ ᠬᠤᠭᠤᠯᠠᠢ ᠪᠠᠷ ︽ᠵᠡ ᠵᠢᠬᠦᠷᠲᠡᠢ ᠲᠦᠷᠦᠭᠰᠡᠨ ᠮᠠᠨ ᠳᠤ ᠴᠢᠨᠢ ᠵᠢᠭᠳᠡᠢ ᠰᠠᠶᠢᠬᠠᠨ ᠤᠷᠤᠨ ᠪᠠᠶᠢᠪᠠᠴᠤ ᠵᠢᠷᠭᠠᠯ ᠵᠤᠪᠠᠯᠠᠩ ᠠᠯᠢᠨ ᠳᠤ ᠪᠤᠯ ᠵᠠᠶᠠᠭᠠᠨ ᠤ ᠪᠠᠨ ᠬᠦᠴᠦ ᠪᠠᠷ ᠪᠤᠯᠳᠠᠭ ᠪᠤᠰᠤ ᠤᠤ ᠁︾ ᠭᠡᠵᠦ ᠳᠠᠭᠤᠯᠠᠬᠤ ᠳᠤ ᠵᠠᠪ ᠭᠤᠸᠠᠢ ᠶᠢᠨ ᠬᠦᠭᠰᠢᠨ ᠡᠷᠬᠢᠨᠡᠭ ᠤᠨ ᠢᠶᠠᠨ ᠬᠠᠵᠠᠭᠤ ᠳᠤ ᠨᠢᠯᠪᠤᠰᠤ ᠪᠠᠨ ᠠᠷᠴᠢᠨ ᠪᠤᠷᠤᠭᠤ ᠬᠠᠷᠠᠵᠤ ᠰᠠᠭᠤᠪᠠ᠃ ︽ᠭᠡᠵᠢᠭᠲᠦ ᠴᠢ ᠨᠡᠭᠡᠷᠡᠨ ᠵᠠᠯᠠᠭᠤ ᠪᠠᠷ ᠢᠶᠠᠨ ᠪᠠᠶᠢᠨ᠎ᠠ᠂ ᠡᠪᠦᠭᠡᠨ ᠰᠢᠪᠠᠭᠤ ᠪᠤᠴᠠᠨ᠎ᠠ ᠭᠡᠵᠦ ᠁︾ ᠭᠡᠳ ᠵᠠᠪ ᠭᠤᠸᠠᠢ ᠰᠡᠭᠦᠷᠡᠰᠦ ᠠᠯᠳᠠᠭᠰᠠᠨ ᠢᠶᠠᠨ ᠲᠦᠷᠡᠬᠡᠨ ᠵᠠᠭᠤᠷ᠎ᠠ ᠶᠢᠨ ᠭᠤᠨᠢᠭ ᠢᠶᠠᠨ ᠬᠦᠭᠡᠭᠡᠨ ᠵᠠᠶᠢᠯᠠᠭᠤᠯᠵᠤ ︿ᠪᠤᠷᠭᠤᠴᠤᠢ᠂ ᠴᠢ ᠲᠡᠷᠡ ᠵᠢᠯ ᠨᠠᠮᠢᠢᠢ ᠶᠠᠭᠠᠬᠢᠵᠦ ᠴᠢᠳᠠᠭᠰᠠᠨ ᠢᠶᠠᠨ ᠶᠠᠷᠢᠭᠠᠴᠢ﹀ ᠭᠡᠪᠡ᠃ ᠪᠤᠷᠭᠤᠴᠤᠢ ᠲᠤᠷᠯᠢᠭ ᠪᠠᠭᠤᠤ ᠳᠠᠭᠠᠨ ᠠᠯᠳᠠᠨ ᠴᠠᠭ ᠵᠡᠬᠦᠵᠦ᠂ ᠨᠢᠳᠦᠨ ᠳᠡᠭᠡᠨ ᠰᠡᠭᠦᠳᠡᠷ ᠰᠢᠯ ᠵᠡᠬᠦᠴᠢᠭᠡᠭᠰᠡᠨ ᠳᠡᠭᠵᠢᠨ ᠱᠤᠪᠤᠭᠤᠷ ᠡᠪᠦᠭᠡᠨ ᠶᠠᠷᠢᠬᠤ ᠠᠴᠠ ᠪᠠᠨ ᠲᠦᠷᠦᠬᠦᠨ ᠬᠡᠭ ᠬᠡᠭ ᠢᠨᠢᠶᠡᠭᠡᠳ᠂ ᠪᠢ ᠪᠠᠭ ᠤᠨ ᠳᠠᠷᠤᠭ᠎ᠠ᠂ ᠵᠠᠪ ᠤᠬᠠᠭᠤᠯᠤᠭᠴᠢ᠂ ᠲᠡᠷᠡ ᠵᠤᠨ ᠠᠯᠪᠠ ᠰᠢᠷᠦᠬᠦᠨ ᠢ ᠬᠡᠯᠡᠬᠦ ᠤᠤ᠃ ᠳᠠᠶᠢᠨ ᠤ ᠤᠷᠢᠳᠤ ᠵᠢᠯ ᠰᠢᠦ ᠳ᠋ᠧ᠂ ᠵᠠᠯᠠᠭᠤ ᠴᠤ ᠪᠠᠶᠢᠵᠠᠢ᠃ ᠴᠡᠷᠢᠭ ᠤᠨ ᠠᠭᠳᠠ᠂ ᠨᠤᠤᠰᠤᠨ ᠤ ᠨᠤᠭᠤᠭᠳᠠᠯ ᠬᠦᠢᠴᠡᠭᠡᠬᠦ ᠭᠡᠳ ᠯᠡ ᠪᠢᠳᠡ ᠬᠤᠶᠠᠷ ᠡᠳᠦᠷ ᠰᠦᠨᠢ ᠦᠭᠡᠢ ᠠᠶᠢᠯ ᠭᠡᠰᠦᠳᠡᠭ ᠪᠠᠶᠢᠯ᠎ᠠ᠃ ᠲᠡᠭᠡᠬᠦ ᠳᠤ ᠪᠠᠭ ᠭᠡᠳᠡᠭ ᠴᠢᠨᠢ ᠤᠳᠤ ᠶᠢᠨ ᠰᠤᠮᠤ ᠰᠢᠭ᠋ ᠨᠤᠳᠤᠭ ᠲᠠᠢ᠂ ᠶᠠᠪᠤᠵᠤ ᠪᠠᠷᠠᠳᠠᠭ ᠦᠭᠡᠢ᠃ ᠨᠢᠭᠡ ᠡᠳᠦᠷ ᠳᠤᠤᠷᠠᠳᠤ ᠬᠦᠷᠡᠮᠳᠦ ᠤᠷᠤᠵᠤ ᠶᠠᠪᠤᠭᠰᠠᠨ ᠴᠢᠨᠢ ᠵᠠᠮ ᠳᠡᠭᠡᠷ᠎ᠡ ᠮᠤᠷᠢ ᠪᠠᠨ ᠪᠠᠷᠢᠭᠰᠠᠨ ᠬᠦᠮᠦᠨ ᠬᠡᠪᠳᠡᠵᠦ ᠪᠠᠶᠢᠨ᠎ᠠ᠃ ᠬᠦᠷᠦᠭᠡᠳ ᠤᠴᠢᠲᠠᠯ᠎ᠠ ᠮᠠᠨᠠᠢ ᠬᠦᠮᠦᠨ ᠬᠤᠷᠬᠢᠷᠠᠵᠤ ᠬᠡᠪᠳᠡᠳᠡᠭ ᠪᠠᠶᠢᠭ᠎ᠠ᠂ ᠶᠡᠷᠦ ᠨᠢ ᠪᠦᠭᠡ ᠤᠨᠳᠠᠵᠠᠢ᠃ ᠲᠡᠭᠡᠬᠦ ᠪᠠᠷ ᠨᠢ ᠱᠤᠭᠯᠠᠮᠠᠷ ᠰᠠᠨᠠᠭᠳᠠᠭᠠᠳ ᠮᠤᠷᠢ ᠶᠢ ᠨᠢ ᠬᠦᠳᠦᠯᠦᠭᠡᠳ ᠠᠯᠠᠭ᠎ᠠ ᠪᠤᠯᠵᠤ ᠦᠭᠬᠦᠯ᠎ᠡ᠃ ᠮᠦᠨᠴᠤ ᠳᠦᠷᠰᠦᠬᠦᠢ ᠪᠠᠶᠢᠵᠤ ᠳ᠋ᠧ᠂ ᠮᠠᠨᠠᠢ ᠬᠦᠮᠦᠨ ᠨᠢᠭᠡ ᠰᠡᠷᠡᠬᠦᠨ᠎ᠡ ᠶᠠᠪᠠᠭᠠᠷᠠᠴᠢᠬᠠᠭᠰᠠᠨ ᠪᠠᠶᠢᠳᠠᠭ᠃ ᠬᠠᠭᠠᠰ ᠦᠷᠲᠡᠭᠡ ᠰᠢᠬᠠᠮ ᠬᠦᠯ ᠢᠶᠠᠨ ᠬᠤᠯᠬᠢᠲᠠᠯ᠎ᠠ ᠮᠠᠴᠤᠵᠤ ᠠᠶᠢᠯ ᠳᠤ ᠬᠦᠷᠦᠭᠰᠡᠨ ᠪᠠᠶᠢᠭᠰᠠᠨ᠃ ᠰᠡᠬᠦᠯ ᠳᠤ ᠲᠡᠭᠡᠵᠦ ᠶᠠᠪᠠᠭᠠᠷᠠᠭᠤᠯᠤᠭᠰᠠᠨ ᠢᠶᠠᠨ ᠬᠡᠯᠡᠭᠡᠳ ᠠᠯᠠᠭᠤᠯᠬᠤ ᠰᠢᠬᠠᠭᠰᠠᠨ ᠰᠠᠨ ᠭᠡᠪᠡ᠃ ᠡᠨᠡ ᠮᠡᠲᠦ ᠪᠠᠷ ᠢᠳᠡᠷ ᠵᠠᠯᠠᠭᠤ ᠶᠢᠨ ᠢᠶᠠᠨ ᠡᠯᠳᠡᠪ ᠶᠠᠪᠤᠳᠠᠯ ᠢ ᠲᠤᠷᠠᠰᠴᠠᠭᠠᠨ᠎ᠠ᠃ ᠰᠢᠮᠠᠭᠤᠯ ᠵᠠᠮᠴᠠ ᠰᠤᠭᠳᠤᠬᠤ ᠪᠠᠷ ᠢᠶᠠᠨ ᠤᠬᠢᠯᠠᠳᠠᠭ᠂ ᠪᠡᠶ᠎ᠡ ᠪᠠᠨ ᠬᠡᠴᠢᠨᠡᠨ ᠪᠠᠷᠢᠪᠠᠴᠤ ᠲᠡᠰᠦᠭᠰᠡᠨ ᠦᠭᠡᠢ ᠰᠢᠯᠦᠰᠦ ᠪᠠᠨ ᠰᠠᠪᠢᠷᠠᠭᠤᠯᠤᠭᠰᠠᠭᠠᠷ ᠪᠠᠶᠢᠭᠠᠳ ᠭᠢᠩᠭᠢᠨᠡᠲᠡᠯ᠎ᠡ ᠤᠬᠢᠯᠠᠴᠢᠬᠠᠪᠠ᠃        ᠴᠢ ᠪᠢᠳᠡᠭᠡᠢ ᠬᠦᠮᠦᠨ ᠤᠷᠤᠭᠤ ᠲᠠᠳᠠᠭᠠᠳ ᠪᠠᠢ︕ ᠤᠬᠢᠯᠠᠵᠤ ᠪᠠᠶᠢᠭ᠎ᠠ ᠨᠢ ᠬᠦᠷᠲᠡᠯ᠎ᠡ ᠶᠢᠩᠬᠢᠨᠡᠭᠡᠳ ᠶᠠᠭ ᠰᠢᠮᠠᠭᠤᠯ ᠰᠢᠭ᠋ ᠭᠡᠵᠦ ᠵᠠᠪ ᠭᠤᠸᠠᠢ ᠶᠢᠨ ᠱᠤᠭᠯᠠᠬᠤ ᠳᠤ ᠢᠨᠢᠶᠡᠳᠦᠮ ᠪᠤᠯᠵᠤ ᠬᠠᠷᠢᠨ ᠴᠤ ᠭᠤᠮᠤᠳᠠᠵᠤ ᠤᠷᠬᠢᠭᠰᠠᠨ ᠵᠠᠮᠴᠠ᠂ ᠴᠢ ᠬᠡᠵᠢᠶᠡᠨ ᠠᠴᠠ ᠴᠢᠯᠠᠭᠤ ᠰᠢᠭ᠋ ᠬᠠᠳᠠᠭᠤ ᠰᠡᠳᠬᠢᠯ ᠲᠠᠢ ᠬᠦᠮᠦᠨ᠂ ᠦᠯᠡᠳᠡᠬᠦ ᠪᠢᠳᠡᠨ ᠢ ᠪᠠᠨ ᠴᠤ ᠵᠦᠭᠡᠯᠡᠨ ᠲᠤᠷᠤᠢ ᠤᠯᠤᠰ ᠭᠡᠵᠦ ᠮᠡᠳᠡᠬᠦ ᠦᠭᠡᠢ ᠭᠡᠳ ᠭᠠᠷᠴᠤ ᠶᠠᠪᠤᠬᠤ ᠶᠢ ᠵᠠᠪᠳᠤᠭᠰᠠᠨ ᠳᠤ᠂ ᠦᠶᠡᠯᠢ ᠮᠢᠨᠢ︕ ᠪᠢ ᠴᠢᠨᠦᠬᠢ ᠪᠠᠨ ᠤᠶᠠᠨ ᠵᠦᠭᠡᠯᠡᠨ ᠰᠡᠳᠬᠢᠯ ᠲᠠᠢ ᠶᠢ ᠮᠡᠳᠡᠬᠦ ᠦᠭᠡᠢ ᠶᠠᠭᠠᠬᠢᠬᠤᠪ ᠪᠤᠢ᠂ ᠲᠤᠭᠯᠠᠭᠰᠠᠨ ᠶᠤᠮ᠂ ᠴᠢ ᠠᠳᠤᠭᠤ ᠬᠤᠷᠢᠶᠠᠭᠠᠳ ᠢᠷᠡᠬᠦ ᠦᠭᠡᠢ ᠤᠤ᠂ ᠪᠢ ᠨᠢᠭᠡ ᠬᠠᠷᠠᠶ᠎ᠠ ᠭᠡᠵᠦ ᠭᠤᠶᠤᠪᠠ ᠁       ᠵᠠᠮᠴᠠ ᠠᠳᠤᠭᠤ ᠬᠤᠷᠢᠶᠠᠵᠤ ᠭᠡᠷ ᠤᠨ ᠭᠠᠳᠠᠭ᠎ᠠ ᠠᠪᠴᠢᠷᠠᠭᠰᠠᠨ ᠬᠤᠶᠢᠨ᠎ᠠ ᠬᠦᠮᠦᠰ ᠵᠠᠪᠤ ᠭᠤᠸᠠᠢ ᠶᠢ ᠰᠢᠷᠳᠡᠭ ᠳᠡᠭᠡᠷ᠎ᠡ ᠳᠠᠮᠵᠢᠯᠠᠨ ᠭᠠᠷᠭᠠᠵᠠᠢ᠃ ᠵᠢᠷᠠᠨ ᠬᠡᠳᠦᠨ ᠵᠢᠯ ᠠᠮᠢᠳᠤᠷᠠᠭᠰᠠᠨ ᠬᠤᠷᠸ᠎ᠠ ᠶᠢᠷᠲᠢᠨᠴᠦ ᠵᠤᠨ ᠤ ᠪᠠᠨ ᠨᠢᠭᠡ ᠰᠠᠶᠢᠬᠠᠨ ᠡᠳᠦᠷ ᠢᠶᠠᠷ ᠲᠡᠬᠦᠨ ᠢ ᠦᠳᠡᠨ ᠭᠠᠷᠭᠠᠵᠤ ᠪᠠᠶᠢᠨ᠎ᠠ ᠤᠤ︖ ᠨᠠᠷᠠᠨ ᠬᠡᠪᠠᠶᠢᠵᠦ ᠠᠬᠢ ᠭᠠᠩᠭ᠎ᠠ ᠶᠢᠨ ᠦᠨᠦᠷ ᠠᠩᠬᠢᠯᠤᠮᠠᠯ ᠵᠦᠭᠡᠯᠡᠨ ᠪᠦᠭᠡᠳ ᠪᠦᠯᠢᠶᠡᠨ ᠰᠡᠪᠰᠡᠭᠡ ᠦᠬᠦᠯ ᠤᠨ ᠡᠮᠦᠨ᠎ᠡ ᠵᠤᠷᠢᠭᠲᠠᠢ ᠲᠠᠶᠢᠪᠤᠩ ᠪᠠᠢ ᠭᠡᠵᠦ ᠠᠷᠭᠠᠳᠠᠨ ᠢᠯᠪᠢᠵᠦ ᠪᠠᠶᠢᠬᠤ ᠰᠢᠭ᠋᠂ ᠨᠤᠳᠤᠭ ᠤᠨ ᠬᠦᠬᠡ ᠨᠤᠭᠤᠭᠠᠨ ᠬᠦᠪᠡᠭᠡ ᠲᠤᠯᠤᠭᠠᠶᠢᠳ ᠤᠨᠢᠶᠠᠷ ᠳᠤᠮᠳᠠ ᠵᠠᠮᠬᠠᠷᠠᠨ ᠦᠵᠡᠭᠳᠡᠬᠦ ᠨᠢ ᠠᠭᠤᠵᠢᠮ ᠪᠤᠯᠪᠠᠴᠤ ᠬᠦᠮᠦᠨ ᠤ ᠨᠠᠰᠤᠨ ᠬᠢᠵᠠᠭᠠᠷᠲᠠᠢ ᠶᠠᠮᠠᠷᠬᠠᠨ ᠵᠠᠮ ᠲᠠᠢ ᠶᠢᠷᠲᠢᠨᠴᠦ ᠪᠢᠯᠡ ᠬᠡᠮᠡᠷ᠃ ᠡᠨᠡ ᠨᠠᠷᠠ᠂ ᠰᠠᠯᠬᠢ᠂ ᠲᠡᠭᠷᠢ᠂ ᠬᠦᠪᠡᠭᠡ ᠲᠤᠯᠤᠭᠠᠶᠢᠳ ᠢᠶᠠᠨ ᠰᠡᠭᠦᠯᠴᠢ ᠶᠢᠨ ᠤᠳᠠᠭ᠎ᠠ ᠬᠠᠷᠠᠵᠤ ᠪᠠᠶᠢᠨ᠎ᠠ ᠭᠡᠵᠦ ᠵᠠᠪ ᠭᠤᠸᠠᠢ ᠪᠤᠳᠤᠵᠤ ᠪᠠᠶᠢᠯ᠎ᠠ᠃ ᠵᠠᠮᠴᠠ ᠶᠢᠨ ᠬᠤᠷᠢᠶᠠᠵᠤ ᠠᠪᠴᠢᠷᠠᠭᠰᠠᠨ ᠠᠳᠤᠭᠤ ᠤᠭᠤᠷᠬᠢᠯᠠᠨ ᠪᠦᠭᠡᠮᠨᠡᠷᠴᠦ ᠠᠭᠠᠭ ᠢᠶᠠᠨ ᠪᠠᠭᠳᠠᠵᠤ ᠶᠠᠳᠠᠭᠰᠠᠨ ᠤᠨᠠᠭ᠎ᠠ ᠳᠠᠭ᠎ᠠ ᠲᠠᠩᠭᠠᠷᠠᠯᠳᠤᠨ ᠴᠢᠷᠯᠠᠯᠳᠤᠬᠤ ᠪᠦᠭᠡᠳ ᠬᠠᠷᠢᠨ ᠨᠢᠭᠡ ᠬᠦᠭᠰᠢᠨ ᠪᠤᠭᠤᠷᠤᠯ ᠰᠦᠷᠦᠭ ᠠᠴᠠ ᠵᠠᠶᠢᠳᠠᠭᠤ ᠵᠡᠭᠦᠷᠮᠡᠭᠯᠡᠨ ᠪᠠᠶᠢᠨ᠎ᠠ᠃ ᠵᠠᠪ ᠭᠤᠸᠠᠢ ᠲᠡᠬᠦᠨ ᠢ ᠬᠠᠷᠠᠵᠤ ᠤᠮᠤᠯᠳᠤᠭᠰᠠᠨ ᠵᠢᠷᠪᠢᠭᠡᠷ ᠤᠷᠤᠭᠤᠯ ᠵᠶᠠᠨ ᠮᠤᠷᠦ᠋ᠢᠯᠭᠠᠨ ᠢᠨᠢᠶᠡᠪᠡ᠃      — ᠲᠡᠷᠡ ᠪᠤᠭᠤᠷᠤᠯ ᠢ ᠬᠠᠷᠠᠭᠠᠴᠢ︕ ᠮᠦᠨᠴᠦ ᠶᠠᠰᠤᠲᠠᠢ ᠠᠳᠤᠭᠤᠰᠤ ᠶᠤᠮᠰᠠᠨ᠃ ᠮᠠᠭᠤ ᠰᠠᠶᠢᠨ ᠪᠠᠶᠢᠳᠠᠰᠤ ᠨᠤᠭᠤᠳ ᠲᠤ ᠭᠤᠯᠤᠭᠳᠠᠵᠤ ᠦᠷᠢᠶ᠎ᠡ ᠰᠢᠳᠦᠯᠡᠩ ᠳᠤ ᠬᠠᠵᠢᠭᠯᠠᠭᠤᠯᠤᠭᠠᠳ ᠤᠳᠤ ᠴᠤ ᠪᠤᠯᠢᠵᠦ ᠳ᠋ᠧ ᠬᠦᠭᠡᠷᠦᠬᠦᠢ᠂ ᠭᠡᠬᠦ ᠳᠡᠭᠡᠨ ᠨᠠᠳᠠ ᠠᠴᠠ ᠯᠡ ᠲᠦᠷᠦᠬᠦᠯᠦᠭᠰᠡᠨ ᠦᠭᠡᠢ ᠳ᠋ᠧ ᠭᠡᠪᠡ᠃ ᠴᠢᠩᠬᠢᠭᠡᠳ ᠬᠡᠳᠦᠨ ᠮᠦᠴᠡ ᠦᠩᠭᠡᠷᠡᠬᠦ ᠳᠤ ᠨᠠᠷᠠ ᠰᠠᠯᠬᠢᠨ ᠳᠤ ᠴᠤᠴᠢᠷᠳᠠᠭᠰᠠᠨ ᠳᠠᠭᠠᠨ ᠴᠤ ᠶᠤᠮ ᠤᠤ ᠠᠮᠢᠰᠬᠤᠭ᠎ᠠ ᠨᠢ ᠳᠡᠭᠡᠷ᠎ᠡ ᠭᠠᠷᠴᠤ ᠨᠢᠳᠦ ᠨᠢ ᠵᠢᠭᠲᠡᠶᠢᠬᠡᠨ ᠬᠤᠷᠴᠠ ᠪᠠᠷ ᠭᠢᠯᠠᠯᠵᠠᠪᠠ᠃ ᠦᠶᠡᠯᠢ ᠤᠷᠭ᠎ᠠ ᠶᠢᠨ ᠮᠢᠨᠢ ᠬᠤᠶᠢᠪᠢ ᠶᠢ ᠲᠠᠶᠢᠯᠤᠭᠠᠳ ᠠᠯᠢ︕ ᠭᠡᠳ ᠬᠤᠶᠢᠪᠢ ᠪᠠᠨ ᠭᠡᠵᠢᠭᠲᠦ ᠳᠤ ᠦᠭᠴᠦ᠂ ᠴᠢ ᠵᠠᠯᠠᠭᠤ ᠡᠬᠡᠨᠡᠷ ᠠᠪᠬᠤ ᠰᠠᠨᠠᠭᠠᠳᠠᠢ ᠪᠠᠷ ᠢᠶᠠᠨ ᠡᠬᠦᠨ ᠢ ᠠᠪ︕ ᠤᠭᠤᠨᠤ ᠶᠢᠨ ᠬᠦᠵᠦᠬᠦᠦ ᠪᠠᠷ ᠬᠢᠭᠰᠡᠨ ᠰᠠᠶᠢᠨ ᠬᠤᠶᠢᠪᠢ ᠰᠢᠦ᠂ ᠴᠢᠳᠠᠯ ᠢᠶᠠᠨ ᠦᠵᠡᠬᠦᠯᠬᠦ ᠳᠤ ᠴᠢᠨᠢ ᠬᠡᠷᠡᠭ ᠪᠤᠯᠤᠨ᠎ᠠ ᠭᠡᠪᠡ᠃ ᠲᠤᠷᠬᠢᠯ ᠲᠦᠩᠱᠢ ᠳᠡᠭᠡᠨ ᠰᠡᠶᠢᠯᠪᠤᠷᠢ ᠨᠢ ᠪᠠᠷᠠᠭᠳᠠᠳᠠᠯ᠎ᠠ ᠪᠠᠨ ᠡᠯᠡᠭᠳᠡᠵᠦ ᠮᠦᠯᠡᠶᠢᠭᠰᠡᠨ ᠵᠢᠵᠢᠭ ᠭᠠᠷᠳᠠᠮ ᠬᠦᠭᠦᠷᠭᠡ ᠪᠠᠨ ︽ᠭᠠᠩᠭᠠᠩ ᠬᠦᠮᠦᠨ ᠳᠤ ᠭᠠᠷᠠᠬ᠎ᠠ ᠨᠡᠮᠡᠷᠢ︾ ᠭᠡᠵᠦ ᠦᠭᠪᠡ᠃ ᠴᠢᠩᠬᠢᠭᠡᠳ ᠰᠡᠭᠦᠯ ᠤᠨ ᠦᠭᠡ ᠪᠠᠨ ᠬᠡᠯᠡᠭᠰᠡᠨ ᠨᠢ᠄ ᠲᠠ ᠨᠠᠷ ᠢ ᠪᠠᠨ᠂ ᠨᠤᠳᠤᠭ ᠤᠰᠤ ᠪᠠᠨ᠂ ᠠᠳᠤᠭᠤ ᠮᠠᠯ ᠢᠶᠠᠨ ᠬᠠᠷᠠᠵᠤ ᠠᠪᠤᠯ᠎ᠠ᠂ ᠬᠡᠴᠢᠨᠡᠨ ᠰᠠᠶᠢᠬᠠᠨ ᠰᠠᠯᠵᠤ ᠪᠤᠯᠤᠮᠠᠷ ᠦᠭᠡᠢ ᠶᠢᠷᠲᠢᠨᠴᠦ ᠪᠤᠯᠪᠠᠴᠤ ᠭᠡᠵᠢᠭᠲᠦ ᠶᠢᠨ ᠳᠠᠭᠤᠯᠠᠳᠠᠭ ᠡᠪᠦᠭᠡᠨ ᠰᠢᠪᠠᠭᠤ ᠪᠤᠴᠠᠬᠤ ᠴᠠᠭ ᠪᠤᠯᠵᠠᠢ᠃ ᠵᠢᠷᠠᠨ ᠬᠡᠳᠦᠨ ᠵᠢᠯ ᠲᠡᠯᠡᠬᠡᠢ ᠶᠢᠨ ᠲᠤᠭᠤᠰᠤ ᠬᠦᠳᠡᠯᠭᠡᠵᠦ ᠶᠡᠭᠡ ᠶᠠᠭᠤᠮ᠎ᠠ ᠦᠵᠡᠯ᠎ᠡ᠃ ᠭᠤᠮᠤᠳᠠᠯ ᠠᠯᠠᠭ᠎ᠠ᠃ ᠰᠠᠶᠢᠨ ᠬᠠᠨᠢ ᠲᠠᠢ᠂ ᠭᠤᠯᠤᠮᠳᠠ ᠵᠠᠯᠭᠠᠬᠤ ᠬᠦᠦ ᠲᠠᠢ᠂ ᠰᠠᠶᠢᠬᠠᠨ ᠨᠦᠬᠦᠳ ᠲᠠᠢ ᠵᠢᠷᠭᠠᠵᠤ ᠶᠠᠪᠤᠯ᠎ᠠ᠃ ᠡᠶᠢᠮᠦ ᠲᠡᠶᠢᠮᠦ ᠶᠠᠭᠤᠮ᠎ᠠ ᠳᠤᠳᠠᠭᠤ ᠳᠤᠮᠳᠠ ᠪᠠᠶᠢᠭᠰᠠᠨ ᠭᠡᠵᠦ ᠭᠠᠵᠢᠷᠠᠬᠤ ᠶᠠᠭᠤᠮ᠎ᠠ ᠠᠯᠠᠭ᠎ᠠ᠃ ᠤᠯᠠᠨ ᠤ ᠳᠤᠮᠳᠠ ᠯᠡ ᠶᠠᠪᠤᠯ᠎ᠠ᠂ ᠵᠠᠮᠴᠠ ᠮᠢᠨᠢ ᠴᠢ ᠰᠡᠳᠬᠢᠯ ᠢᠶᠠᠨ ᠪᠠᠷᠢᠵᠤ ᠦᠵᠡ︕ ︵ᠵᠠᠮᠴᠠ ᠤᠬᠢᠯᠠᠭᠰᠠᠭᠠᠷ ᠬᠤᠯᠠᠳᠠᠪᠠ︶ ᠪᠢᠳᠡ ᠴᠢᠨᠢ ᠢᠩᠬᠢᠭᠡᠳ ᠯᠡ ᠤᠪᠤᠨ ᠴᠤᠪᠤᠨ ᠬᠤᠶᠢᠳᠤ ᠡᠩᠭᠡᠷ ᠲᠡᠭᠡᠨ ᠭᠠᠷᠬᠤ ᠤᠯᠤᠰ ᠰᠢᠦ ᠳ᠋ᠠ᠂ ᠵᠢᠮ᠎ᠡ ᠶᠤᠮ ᠬᠤᠶᠢᠨ᠎ᠠ᠃ ᠶᠠᠮᠠᠷ ᠮᠠᠨᠠᠢ ᠮᠤᠩᠭᠤᠯ ᠤᠨ ᠤᠳᠤᠮ ᠲᠠᠰᠤᠷᠠᠬᠤ ᠪᠠᠷ ᠪᠢᠰᠢ︕ ᠲᠠ ᠨᠠᠷ ᠮᠢᠨᠢ ᠲᠡᠭᠡᠭᠡᠳ ᠦᠷ᠎ᠡ ᠠᠴᠢ ᠦᠨᠢᠷ ᠦᠳᠭᠡᠨ ᠵᠢᠷᠭᠠᠨ ᠲᠡᠯᠵᠢᠵᠦ ᠶᠠᠪᠤᠭᠠᠷᠠᠢ︕ ᠵᠠ ᠤᠳᠤ ᠪᠤᠯᠤᠯ᠎ᠠ᠂ ᠭᠡᠷ ᠲᠤ ᠮᠢᠨᠢ ᠤᠷᠤᠭᠤᠯᠤᠭᠠᠳ ᠠᠯᠢ︕      ᠵᠠᠪ ᠭᠤᠸᠠᠢ ᠦᠷ ᠰᠦᠨᠢ ᠬᠠᠭᠠᠴᠠᠬᠤ ᠶᠢᠨ ᠠᠯᠳᠠ ᠳᠤ ᠨᠠᠰᠤᠨ ᠦᠭᠡᠳᠡ ᠪᠤᠯᠵᠠᠢ                                                        ᠵᠣᠬᠢᠶᠠᠭᠴᠢ᠄ ᠰ᠊ · ᠡᠷᠳᠡᠨᠢ
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠠ