ᠠᠯᠳᠠᠨ ᠲᠡᠯᠡᠭᠡᠢ ᠳᠤ ᠠᠮᠢ ᠨᠠᠰᠦ ᠶᠢ ᠤᠯᠵᠦ᠂ ᠬᠦᠮᠦᠨ ᠪᠤᠯᠵᠦ ᠵᠠᠶᠠᠭᠠᠨ᠎ᠠ ᠭᠡᠳᠡᠭ ᠦᠨᠡᠭᠡᠷ ᠬᠡᠮᠵᠢᠶᠡᠯᠡᠰᠢ ᠦᠭᠡᠢ ᠠᠵᠠ ᠵᠢᠷᠭᠠᠯ ᠪᠤᠶᠦ᠃ ᠡᠶᠢᠮᠦ ᠠᠴᠠ | ᠬᠦᠮᠦᠨ ᠪᠤᠯᠬᠤ ᠠᠮᠢ ᠨᠠᠰᠦ ᠶᠢ ᠤᠯᠭᠤᠵᠦ᠂ ᠠᠰᠠᠷᠠᠨ ᠬᠦᠮᠦᠵᠢᠬᠦᠯᠵᠦ ᠦᠰᠭᠡᠭᠰᠡᠨ ᠠᠪᠤ ᠡᠵᠢ ᠳᠡᠭᠡᠨ ᠪᠢᠳᠡ ᠶᠠᠭᠤᠨ ᠤ ᠡᠮᠦᠨ᠎ᠠ ᠠᠴᠢᠯᠠᠨ ᠲᠠᠯᠠᠷᠬᠠᠬᠤ ᠶᠤᠰᠤᠳᠠᠢ | ᠶᠤᠮ᠃ ᠬᠦᠮᠦᠨ ᠤ ᠠᠮᠢᠳᠤᠷᠠᠯ ᠶᠡᠷᠦ ᠨᠢ ᠵᠢᠷᠭᠠᠯ ᠵᠤᠪᠠᠯ ᠬᠤᠤᠰᠯᠠᠵᠦ᠂ ᠪᠠᠶᠠᠷ ᠭᠤᠨᠢᠭ ᠰᠤᠯᠪᠢᠴᠠᠵᠦ ᠪᠠᠶᠢᠳᠠᠭ᠃ ᠬᠦᠮᠦᠰ ᠬᠤᠷᠸ᠎ᠠ ᠶᠢᠨ ᠨᠠᠨᠳᠢᠨ ᠴᠠᠭ | ᠮᠦᠴᠡ ᠶᠢ ᠡᠯᠳᠡᠪ ᠶᠠᠩᠵᠦ ᠶᠢᠨ ᠦᠡᠭᠭᠡ ᠠᠶᠠᠰ ᠲᠠᠢ ᠪᠠᠷ ᠬᠤᠷᠤᠭᠠᠵᠦ ᠡᠯᠡᠭᠡᠭᠰᠡᠭᠡᠷ ᠪᠠᠶᠢᠵᠦ᠂ ᠠᠮᠢᠳᠤᠷᠠᠯ ᠤᠨ ᠠᠯᠳᠠᠨ ᠬᠠᠭᠤᠳᠠᠰᠦ ᠪᠠᠨ ᠬᠤᠮᠢᠳᠠᠭ ᠪᠢᠯᠡ᠃ | ᠲᠡᠭᠡᠪᠡᠯ ᠬᠦᠮᠦᠨ ᠤ ᠠᠮᠢ ᠨᠠᠰᠤᠨ ᠤ ᠦᠨ᠎ᠠ ᠴᠡᠨ᠎ᠠ ᠨᠢ ᠴᠤᠬᠤᠮ ᠶᠠᠭᠤᠨ ᠳᠠᠭᠠᠨ ᠪᠠᠶᠢᠳᠠᠭ ᠪᠤᠯ ᠡ︖ | ᠪᠢ ᠨᠢᠯᠬ᠎ᠠ ᠪᠠᠯᠴᠢᠷ ᠨᠠᠰᠦ ᠪᠠᠨ ᠦᠡᠭᠭᠡᠷᠡᠭᠡᠵᠦ ᠤᠬᠠᠭ᠎ᠠ ᠲᠤᠮᠤᠭ᠎ᠠ ᠤᠷᠤᠬᠤ ᠶᠢᠨ ᠦᠶ᠎ᠠ ᠳᠡᠭᠡᠨ ︽ᠬᠦᠮᠦᠨ ᠠᠮᠢᠳᠤᠷᠠᠭᠠᠳ ᠪᠠᠰᠠ ᠦᠬᠦᠨ᠎ᠠ᠂ ᠦᠬᠦᠪᠡᠯ | ᠶᠠᠭᠤ ᠴᠦ ᠮᠡᠳᠡᠬᠦ ᠦᠭᠡᠢ ᠪᠤᠯᠤᠨ᠎ᠠ᠃ ᠬᠡᠳᠦᠢ ᠡᠮᠭᠡᠨᠢᠯᠳᠠᠢ᠂ ᠬᠡᠳᠦᠢ ᠬᠠᠷᠠᠮᠰᠠᠯᠳᠠᠢ ᠪᠤᠢ︖︾ ᠭᠡᠵᠦ ᠨᠢᠯᠬᠠᠰᠠᠭ ᠰᠡᠳᠬᠢᠯ ᠳᠡᠭᠡᠨ ᠤᠶᠠᠷᠠᠨ ᠮᠡᠭᠰᠢᠳᠡᠭ ᠪᠠᠶᠢᠭᠰᠠᠨ | ᠤᠳᠠᠭ᠎ᠠ ᠲᠠᠢ᠃ ᠬᠡᠤᠬᠡᠳᠯᠢᠭ ᠪᠤᠳᠤᠯ ᠰᠡᠳᠬᠢᠯ ᠳᠤ ᠮᠢᠨᠢ ᠶᠠᠭᠠᠬᠢᠭᠠᠳ ᠲᠡᠶᠢᠮᠦ ᠬᠦᠨᠳᠦ ᠬᠡᠴᠡᠬᠦᠦ ᠠᠰᠠᠭᠤᠯᠳᠠ ᠤᠷᠤᠵᠦ ᠢᠷᠡᠳᠡᠭ ᠪᠠᠶᠢᠭᠰᠠᠨ ᠪᠤᠯ ᠡ︖ | ᠰᠡᠬᠦᠯᠡᠷ ᠨᠢ ᠰᠤᠷᠤᠯᠭ᠎ᠠ ᠰᠤᠶᠤᠯ ᠤᠨ ᠮᠦᠷ ᠬᠦᠭᠡᠭᠡᠵᠦ᠂ ᠲᠡᠭᠡᠳᠦ ᠲᠤᠮᠳᠠᠳᠦ ᠪᠠᠨ ᠲᠡᠬᠦᠰᠭᠡᠭᠡᠳ ᠶᠡᠭᠡ ᠰᠤᠷᠭᠠᠭᠤᠯᠢ ᠳᠤ ᠰᠢᠯᠭᠠᠭᠤᠯᠬᠤ ᠦᠶ᠎ᠠ ᠪᠠᠷ ᠮᠤᠩᠭᠤᠯ | ᠬᠡᠯᠡᠨ ᠤ ᠰᠢᠯᠭᠠᠯᠳᠠ ᠳᠤ ︽ᠬᠦᠮᠦᠨ ᠤ ᠠᠮᠢ ᠨᠠᠰᠤᠨ ᠤ ᠦᠨ᠎ᠠ ᠴᠡᠨ᠎ᠠ︾ ᠭᠡᠳᠡᠭ ᠭᠠᠷᠴᠠᠭ ᠲᠠᠢ ᠵᠤᠬᠢᠶᠠᠯ ᠭᠠᠷᠤᠭᠰᠠᠨ ᠪᠠᠶᠢᠯ᠎ᠠ᠃ ᠡᠨᠡ ᠭᠠᠷᠴᠠᠭ ᠢᠶᠠᠷ ᠮᠤᠩᠭᠤᠯ | ᠬᠡᠯᠡᠨ ᠤ ᠳ᠋ᠧ᠊ ᠪᠠᠭᠰᠢ ᠮᠢᠨᠢ ᠤᠯᠠᠨ ᠤᠳᠠᠭ᠎ᠠ ᠵᠢᠯᠤᠭᠤᠳᠤᠨ᠂ ᠰᠢᠬᠦᠮᠵᠢᠯᠡᠨ ᠦᠬᠦᠯᠡᠭᠰᠡᠨ ᠵᠤᠬᠢᠶᠠᠯ ᠪᠢᠴᠢᠬᠦᠯᠳᠡᠭ ᠪᠠᠶᠢᠭᠰᠠᠨ ᠲᠤᠯᠠ ᠫᠡᠧᠧᠯ · ᠺᠤᠷᠴᠢᠺᠢᠨ᠂ ᠵᠠᠩ | ᠬᠠᠢ ᠳ᠋ᠢ ᠨᠠᠷ ᠢᠶᠠᠷ ᠡᠰᠢ ᠪᠠᠷᠢᠮᠳᠠ ᠪᠤᠯᠭᠠᠵᠦ᠂ ᠬᠦᠮᠦᠨ ᠠᠮᠢ ᠨᠠᠰᠦ ᠪᠠᠨ ᠠᠷᠠᠳ ᠲᠦᠮᠡᠨ ᠳᠤ ᠦᠢᠯᠡᠴᠢᠯᠡᠬᠦ ᠢᠷᠠᠭᠤ ᠠᠯᠳᠠᠷᠳᠦ ᠦᠢᠯᠡᠰ ᠤᠨ ᠲᠦᠯᠦᠭᠡ ᠡᠷᠬᠦᠨ | ᠵᠤᠷᠢᠭᠤᠯᠪᠠᠯ ᠰᠠᠶ᠋ᠢ ᠦᠨ᠎ᠠ ᠴᠡᠨ᠎ᠠ ᠲᠠᠢ᠂ ᠤᠳᠬ᠎ᠠ ᠠᠭᠤᠯᠭ᠎ᠠ ᠲᠠᠢ ᠪᠤᠯᠤᠨ᠎ᠠ ᠭᠡᠳᠡᠭ ᠭᠤᠤᠯ ᠦᠵᠡᠯᠳᠡ ᠪᠠᠨ ᠨᠤᠳᠠᠯᠠᠨ ᠪᠢᠴᠢᠭᠰᠡᠨ ᠪᠠᠶᠢᠯ᠎ᠠ᠃ ᠲᠡᠬᠦᠨ ᠠᠴᠠ | ᠬᠤᠶᠢᠰᠢ ᠪᠢ ᠬᠦᠮᠦᠨ ᠶᠠᠭᠤᠨ ᠤ ᠲᠦᠯᠦᠭᠡ ᠠᠮᠢᠳᠤᠷᠠᠬᠤ ᠲᠤᠬᠠᠢ᠂ ᠬᠦᠮᠦᠨ ᠤ ᠠᠮᠢ ᠨᠠᠰᠤᠨ ᠤ ᠦᠨ᠎ᠠ ᠴᠡᠨ᠎ᠠ ᠨᠢ ᠴᠤᠬᠤᠮ ᠶᠠᠭᠤ ᠪᠤᠯᠬᠤ ᠲᠤᠬᠠᠢ ᠦᠷᠬᠦᠯᠵᠢ | ᠰᠡᠳᠬᠢᠨ ᠲᠤᠩᠭᠠᠵᠦ ᠶᠠᠪᠤᠳᠠᠭ ᠪᠤᠯᠤᠭᠰᠠᠨ ᠶᠤᠮ᠃ | ᠬᠦᠮᠦᠨ ᠬᠡᠭᠴᠢ ᠶᠡᠷᠦ ᠨᠢ ᠨᠡᠶᠢᠭᠡᠮ ᠤᠨ ᠬᠦᠮᠦᠨ ᠪᠤᠯᠬᠤᠷ ᠵᠦᠪᠬᠡᠨ ᠢᠳᠡᠵᠦ ᠤᠤᠭᠤᠵᠦ᠂ ᠨᠠᠭᠠᠳᠴᠦ ᠴᠡᠩᠭᠡᠬᠦ ᠶᠢᠨ ᠲᠦᠯᠦᠭᠡ ᠠᠮᠢᠳᠤᠷᠠᠬᠤ ᠳᠤ ᠬᠦᠷᠪᠡᠯ | ᠶᠠᠮᠠᠷ ᠴᠦ ᠦᠢᠯᠡᠰ ᠢ ᠪᠦᠳᠦᠭᠡᠵᠦ ᠴᠢᠳᠠᠬᠤ ᠦᠭᠡᠢ ᠮᠦᠷᠳᠡᠭᠡᠨ ᠠᠮᠢ ᠨᠠᠰᠦ ᠨᠢ ᠦᠨ᠎ᠠ ᠴᠡᠨ᠎ᠠ ᠪᠠᠨ ᠠᠯᠳᠠᠬᠤ ᠪᠤᠯᠤᠨ᠎ᠠ᠃ ᠬᠠᠷᠢᠨ ᠤᠷᠤᠰᠢᠨ ᠠᠮᠢᠳᠤᠷᠠᠵᠦ | ᠪᠠᠶᠢᠭ᠎ᠠ ᠨᠡᠶᠢᠭᠡᠮ ᠨᠡᠶᠢᠳᠡ ᠳᠡᠭᠡᠨ ᠢᠯᠡᠬᠦᠭᠡᠨ ᠬᠦᠴᠦᠨ ᠵᠢᠳᠬᠦᠯ ᠢᠶᠠᠨ ᠡᠷᠬᠦᠵᠦ᠂ ᠤᠯᠤᠰ ᠦᠨᠳᠦᠰᠦᠳᠡᠨ ᠤ ᠪᠠᠨ ᠬᠦᠭᠵᠢᠯᠳᠡ ᠶᠢᠨ ᠦᠢᠯᠡᠰ ᠲᠤ ᠵᠢᠳᠬᠦᠵᠦ | ᠶᠠᠪᠤᠪᠠᠯ ᠬᠦᠮᠦᠨ ᠤ ᠠᠮᠢ ᠨᠠᠰᠤᠨ ᠤ ᠦᠨ᠎ᠠ ᠴᠡᠨ᠎ᠠ ᠨᠢ ᠠᠶᠠᠨᠳᠠᠭᠠᠨ ᠡᠷᠬᠢᠮ ᠲᠡᠭᠡᠳᠦ ᠪᠤᠯᠵᠦ ᠢᠷᠡᠨ᠎ᠠ᠃ ︽ᠠᠮᠢ ᠨᠠᠰᠦ ᠪᠠᠨ ᠲᠤᠵᠢ ᠳᠠᠭᠠᠨ ᠬᠦᠰᠡᠯ | ᠲᠡᠮᠡᠤᠯᠡᠯ ᠤᠨ ᠲᠤᠮᠳᠠ ᠦᠡᠭᠭᠡᠷᠡᠬᠦᠯᠪᠡᠯ ᠡᠨᠡ ᠨᠠᠰᠤᠨ ᠳᠤ ᠴᠢᠨᠢ ᠡᠷᠬᠢᠮ ᠰᠠᠶᠢᠬᠠᠨ ᠠᠵᠠ ᠲᠤᠬᠢᠶᠠᠯ ᠵᠦᠡᠭᠳᠡᠭᠡᠨ ᠤᠯᠳᠠᠬᠤ ᠶᠤᠮ︾᠂ ︽ᠬᠦᠮᠦᠨ ᠲᠦᠷᠦᠭᠰᠡᠨ | ᠲᠡᠷᠡ ᠴᠠᠭ ᠠᠴᠠ ᠪᠠᠨ ᠡᠬᠢᠯᠡᠭᠡᠳ ᠦᠬᠦᠯ ᠤᠨ ᠪᠤᠯᠠᠰᠢ ᠦᠭᠡᠳᠡ ᠪᠠᠨ ᠠᠯᠬᠤᠮ ᠠᠯᠬᠤᠮ ᠢᠶᠠᠷ ᠤᠢᠢᠷᠠᠳᠴᠦ ᠤᠴᠢᠳᠠᠭ︾ ᠭᠡᠵᠦ ᠮᠡᠷᠭᠡᠳ ᠦᠬᠦᠯᠡᠭᠰᠡᠨ ᠪᠠᠶᠢᠳᠠᠭ᠃ | ᠠᠮᠢᠳᠤᠷᠠᠯ ᠭᠡᠳᠡᠭ ᠶᠡᠷᠦ ᠨᠢ ᠲᠦᠷᠦᠬᠦ ᠠᠴᠠ ᠦᠬᠦᠬᠦ ᠶᠢᠨ ᠬᠤᠭᠤᠷᠤᠨᠳᠤᠬᠢ ᠲᠡᠮᠡᠴᠡᠯ ᠮᠦᠨ᠃ ᠠᠮᠢᠳᠤᠷᠠᠨ᠎ᠠ ᠭᠡᠳᠡᠭ ᠬᠦᠮᠦᠨ ᠪᠤᠯᠭᠠᠨ ᠤ ᠤᠬᠠᠭᠠᠵᠢᠵᠦ | ᠲᠤᠮᠤᠭᠠᠵᠢᠬᠤ᠂ ᠦᠭᠡᠳᠡᠯᠡᠵᠦ ᠤᠷᠤᠭᠤᠳᠠᠬᠤ᠂ ᠦᠷᠡᠵᠢᠵᠦ ᠦᠬᠦᠰᠢᠷᠡᠬᠦ ᠴᠠᠭ ᠬᠤᠭᠤᠴᠠᠭᠠᠨ ᠤ ᠡᠯᠡᠭᠡᠯᠳᠡ ᠪᠠᠶᠢᠭ᠎ᠠ ᠶᠤᠮ᠃ ᠴᠠᠭ ᠬᠤᠭᠤᠴᠠᠭ᠎ᠠ ᠭᠡᠳᠡᠭ | ᠮᠦᠡᠭᠭᠡ ᠶᠢᠨ ᠵᠦᠢᠯ ᠡ᠂ ᠬᠠᠷᠢᠨ ᠬᠦᠮᠦᠨ ᠦᠪᠡᠷ ᠢᠶᠠᠨ ᠴᠠᠭ ᠬᠤᠭᠤᠴᠠᠭᠠᠨ ᠤ ᠡᠯᠡᠭᠡᠯᠳᠡ ᠶᠢ ᠲᠠᠭᠠᠭᠠᠵᠦ ᠲᠡᠶᠢᠯᠬᠦ ᠦᠭᠡᠢ ᠪᠠᠷ ᠴᠠᠭ ᠬᠤᠭᠤᠴᠠᠭᠠᠨ ᠳᠤ | ᠤᠷᠤᠰᠤᠭᠳᠠᠨ ᠤᠳᠴᠦ᠂ ᠲᠡᠤᠭᠡ ᠶᠢᠨ ᠤᠷᠳᠦ ᠠᠶᠠᠨ ᠳᠤ ᠠᠮᠠᠷᠬᠠᠨ ᠮᠠᠷᠳᠠᠭᠳᠠᠵᠦ ᠤᠷᠬᠢᠭᠳᠠᠨᠠ᠃ ᠬᠤᠷᠸ᠎ᠠ ᠶᠢᠨ ᠡᠨᠡ ᠬᠦ ᠬᠠᠳᠠᠭᠤ ᠬᠠᠤᠯᠢ ᠶᠢ ᠬᠡᠨ ᠴᠦ | ᠵᠦᠷᠢᠴᠡᠵᠦ ᠴᠢᠳᠠᠬᠤ ᠦᠭᠡᠢ ᠴᠦ ᠠᠮᠢ ᠨᠠᠰᠤᠨ ᠤ ᠦᠨ᠎ᠠ ᠴᠡᠨ᠎ᠠ — ᠠᠷᠢᠭᠤᠨ ᠵᠢᠳᠬᠦᠯ᠂ ᠠᠤᠭ᠎ᠠ ᠪᠦᠳᠦᠭᠡᠯ ᠢᠶᠠᠷ ᠢᠶᠠᠨ ᠠᠮᠢ ᠨᠠᠰᠤᠨ ᠤ ᠠᠯᠳᠠᠨ | ᠬᠠᠭᠤᠳᠠᠰᠦ ᠪᠠᠨ ᠮᠦᠡᠭᠬᠡᠯᠡᠬᠦ ᠬᠦᠮᠦᠨ ᠴᠦ ᠠᠯᠢ ᠤᠯᠠᠨ ᠭᠠᠷᠳᠠᠭ ᠰᠠᠨ᠃ | ᠤᠷᠴᠢᠮ ᠲᠧᠯᠧᠢᠰ ᠲᠡᠭᠡᠷ᠎ᠠ ᠠᠴᠠ ᠬᠦᠨᠳᠦ ᠡᠪᠡᠳᠴᠢᠨ ᠳᠤ ᠨᠡᠷᠪᠡᠭᠳᠡᠭᠰᠡᠨ ᠨᠢᠭᠡᠨ ᠠᠬᠠᠮᠠᠳ ᠰᠢᠨᠵᠢᠯᠡᠬᠦ ᠤᠬᠠᠭᠠᠨᠳᠡᠨ᠂ ᠡᠪᠡᠳᠴᠢᠨ ᠤ ᠤᠷᠤᠨ | ᠲᠡᠭᠡᠷ᠎ᠠ ᠪᠠᠨ ᠡᠷᠳᠡᠮ ᠰᠢᠨᠵᠢᠯᠡᠭᠡᠨ ᠤ ᠬᠦᠴᠢᠷ ᠰᠡᠳᠦᠪ ᠢ ᠰᠤᠳᠤᠯᠤᠨ ᠰᠢᠨᠵᠢᠯᠡᠵᠦ᠂ ᠡᠴᠦᠰ ᠤᠨ ᠳ᠋ᠦᠡᠭ ᠭᠠᠷᠭᠠᠵᠦ ᠪᠠᠷᠠᠭᠠᠳ ᠰᠠᠶ᠋ᠢ ᠰᠠᠨᠠᠭ᠎ᠠ ᠠᠮᠤᠷ ᠨᠢᠳᠦ ᠪᠠᠨ | ᠠᠨᠢᠵᠦ ᠮᠦᠡᠭᠭᠡ ᠨᠦᠢᠷᠰᠤᠭᠰᠠᠨ ᠮᠡᠳᠡᠭᠡ ᠶᠢ ᠤᠯᠵᠦ ᠦᠵᠡᠯ᠎ᠠ᠃ ᠬᠦᠮᠦᠨ ᠬᠤᠷᠸ᠎ᠠ ᠶᠢᠷᠳᠢᠨᠴᠦ ᠠᠴᠠ ᠦᠨᠢᠳᠡ ᠠᠶᠠᠷᠯᠠᠬᠤ ᠶᠢᠨ ᠠᠭᠱᠠᠨ ᠳᠤ ᠦᠪᠡᠷ ᠤᠨ ᠨᠢᠭᠡ | ᠨᠠᠰᠦ ᠪᠠᠨ ᠬᠦᠮᠦᠨ ᠲᠦᠷᠦᠯᠬᠢᠳᠡᠨ ᠤ ᠬᠦᠭᠵᠢᠯᠳᠡ ᠶᠢᠨ ᠦᠢᠯᠡᠰ ᠲᠤ ᠡᠷᠬᠦᠨ ᠵᠤᠷᠢᠭᠤᠯᠵᠦ ᠴᠢᠳᠠᠵᠠᠢ ᠭᠡᠵᠦ ᠪᠤᠳᠤᠬᠤ ᠪᠠᠷ ᠢᠶᠠᠨ ᠰᠠᠨᠠᠭ᠎ᠠ ᠠᠮᠤᠷ ᠰᠡᠳᠬᠢᠯ | ᠲᠡᠨᠢᠬᠦᠭᠡᠨ ᠮᠦᠡᠭᠭᠡ ᠵᠢᠷᠭᠠᠳᠠᠭ ᠠᠵᠢ᠃ ᠲᠠᠶᠢᠸᠠᠨ ᠤ ᠨᠢᠭᠡᠨ ᠠᠯᠳᠠᠷᠳᠦ ᠲᠤᠭᠯᠠᠭᠴᠢ ︽ᠦᠪᠡᠷ ᠢᠶᠠᠨ ᠬᠡᠷᠪᠡ ᠦᠬᠦᠬᠦ ᠳᠤ ᠬᠦᠷᠪᠡᠯ ᠡᠨᠡ ᠪᠡᠶ᠎ᠠ ᠶᠢᠨ ᠢᠶᠠᠨ | ᠬᠡᠷᠡᠭ ᠲᠠᠢ ᠡᠷᠭᠡᠳᠡᠨ ᠢᠶᠠᠨ ᠬᠡᠷᠡᠭᠴᠡᠭᠡ ᠲᠠᠢ ᠬᠦᠮᠦᠰ ᠲᠤ ᠡᠷᠬᠦᠨ ᠵᠤᠷᠢᠭᠤᠯᠤᠨᠡ︾ ᠭᠡᠰᠡᠨ ᠭᠠᠯ ᠬᠠᠯᠠᠭᠤᠨ ᠬᠦᠰᠡᠯ ᠵᠤᠷᠢᠭ ᠢᠶᠠᠨ ᠢᠯᠡᠳᠭᠡᠪᠡ᠃ ᠲᠡᠷᠡ᠄ ︽ᠡᠵᠢ | ᠠᠪᠤ ᠮᠠᠨᠢ ᠡᠷᠡᠬᠦᠯ ᠰᠠᠷᠠᠭᠤᠯ ᠪᠡᠶ᠎ᠠ ᠮᠠᠬᠠᠪᠤᠳ᠂ ᠡᠷᠬᠢᠮ ᠲᠡᠭᠡᠳᠦ ᠠᠮᠢ ᠨᠠᠰᠦ ᠶᠢ ᠮᠠᠨ ᠳᠤ ᠤᠯᠭᠤᠵᠦ ᠦᠭᠬᠦᠭᠰᠡᠨ᠃ ᠪᠢᠳᠡ ᠪᠡᠶ᠎ᠠ ᠮᠠᠬᠠᠪᠤᠳ ᠢᠶᠠᠨ ᠨᠠᠨᠳᠢᠩᠨᠠᠨ | ᠬᠠᠶᠢᠷᠠᠯᠠᠵᠦ ᠠᠮᠢᠳᠤᠷᠠᠬᠤ ᠬᠡᠷᠡᠭᠳᠠᠢ ᠪᠦᠭᠡᠳ ᠬᠦᠮᠦᠨ ᠤ ᠠᠮᠢᠳᠤᠷᠠᠯ ᠤᠨ ᠡᠴᠦᠰ ᠤᠨ ᠴᠡᠭ ᠲᠡᠭᠡᠨ ᠬᠦᠷᠦᠭᠰᠡᠨ ᠴᠦ ᠡᠷᠡᠬᠦᠯ ᠰᠠᠶᠢᠬᠠᠨ ᠡᠷᠭᠡᠳᠡᠨ | ᠮᠠᠬᠠᠪᠤᠳ ᠢᠶᠠᠷ ᠢᠶᠠᠨ ᠦᠭᠡᠷ᠎ᠠ ᠪᠤᠰᠤᠳ ᠤᠨ ᠪᠡᠶ᠎ᠠ ᠴᠤᠭᠴᠠᠰ ᠲᠡᠭᠡᠷ᠎ᠠ ᠦᠷᠬᠦᠯᠵᠢᠯᠡᠨ ᠠᠮᠢᠳᠤᠷᠠᠵᠦ ᠪᠤᠯᠬᠤ ᠶᠤᠮ︾ ᠭᠡᠵᠦ ᠬᠦᠨ ᠤᠬᠠᠭᠠᠯᠢᠭ ᠢᠶᠠᠷ ᠰᠢᠭᠤᠳ | ᠰᠢᠯᠤᠭᠤᠬᠠᠨ ᠦᠬᠦᠯᠡᠵᠠᠢ᠃ | ᠬᠦᠮᠦᠨ ᠦᠬᠦᠪᠡᠯ ᠲᠠᠷᠤᠢ ᠦᠨᠡᠰᠦᠨ ᠲᠤᠪᠷᠠᠭ᠂ ᠬᠤᠪᠠᠭ᠋ᠠᠢ ᠶᠠᠰᠤ ᠪᠤᠯᠤᠨ᠎ᠠ ᠭᠡᠳᠡᠭ ᠢ ᠡᠳᠡᠭᠡᠷ ᠬᠦᠮᠦᠰ ᠬᠦᠨᠵᠡᠭᠡᠢ ᠤᠬᠠᠵᠦ ᠤᠢᠢᠯᠠᠭᠠᠳᠠᠭ ᠪᠤᠯᠬᠤᠷ | ᠬᠢᠵᠠᠭᠠᠷ ᠲᠠᠢ ᠠᠮᠢ ᠨᠠᠰᠦ ᠪᠠᠨ ᠬᠢᠵᠠᠭᠠᠷ ᠦᠭᠡᠢ ᠦᠢᠯᠡᠰ ᠲᠡᠭᠡᠨ ᠵᠤᠷᠢᠭᠤᠯᠵᠦ᠂ ᠬᠠᠶᠢᠷᠠᠯᠠᠵᠦ ᠭᠠᠮᠨᠠᠭᠰᠠᠨ ᠪᠡᠶ᠎ᠠ ᠴᠤᠭᠴᠠᠰ ᠢᠶᠠᠨ ᠬᠠᠷᠠᠮ ᠦᠭᠡᠢ ᠪᠠᠷ ᠪᠤᠰᠤᠳ ᠲᠤ | ᠡᠷᠬᠦᠬᠦ ᠡᠷᠬᠢᠮ ᠨᠠᠨᠳᠢᠨ ᠵᠤᠷᠢᠭ ᠰᠠᠨᠠᠭ᠎ᠠ ᠲᠠᠢ ᠪᠠᠶᠢᠳᠠᠭ ᠠᠵᠢ᠃ ᠲᠡᠳᠡᠨ ᠤ ᠠᠮᠢᠳᠤᠷᠠᠯ ᠤᠨ ᠠᠯᠳᠠᠨ ᠬᠠᠭᠤᠳᠠᠰᠦ ᠨᠢ ᠦᠨᠢ ᠡᠬᠦᠷᠢᠳᠡ ᠭᠡᠷᠡᠯ ᠬᠢᠯᠪᠠᠭ᠎ᠠ | ᠰᠠᠴᠤᠷᠠᠬᠤ ᠨᠢ ᠯᠠᠪᠳᠠᠢ ᠶᠤᠮ᠃ | ᠤᠳᠦ ᠪᠢ ᠤᠨᠠᠭᠠᠨ ᠨᠠᠰᠦᠨ ᠤ ᠨᠢᠯᠬᠠᠰᠠᠭ ᠪᠤᠳᠤᠯ ᠳᠠᠭᠠᠨ ᠢᠨᠢᠶᠡᠳᠦ ᠬᠦᠷᠳᠡᠭ ᠪᠤᠯᠤᠯ᠎ᠠ᠃ ᠤᠤᠯ ᠨᠢ ︽ᠪᠤᠷᠬᠠᠨ ᠲᠡᠭᠷᠢ︾ ᠠᠴᠠ ᠬᠦᠮᠦᠨ ᠪᠤᠯᠭᠠᠨ ᠳᠤ | ᠨᠢᠭᠡ ᠬᠤᠪᠢ ᠠᠮᠢᠳᠤᠷᠠᠯ ᠤᠨ ᠠᠯᠳᠠᠨ ᠬᠠᠭᠤᠳᠠᠰᠦ ᠱᠠᠩᠨᠠᠨ ᠲᠦᠭᠡᠭᠡᠭᠰᠡᠨ ᠪᠠᠶᠢᠵᠠᠢ᠃ ᠲᠦᠡᠭᠭᠡᠵᠦ ᠤᠬᠠᠭ᠎ᠠ ᠰᠡᠭᠡᠭᠡ ᠤᠷᠤᠬᠤ ᠦᠶ᠎ᠠ ᠶᠢᠨ ᠮᠢᠨᠦ ᠠᠮᠢᠳᠤᠷᠠᠯ ᠤᠨ | ᠬᠠᠭᠤᠳᠠᠰᠤᠨ ᠳᠤ ᠠᠯᠠᠭ ᠪᠤᠯᠠᠭ ᠴᠠᠭᠠᠨ ᠲᠤᠯᠤᠭᠠᠢ ᠲᠤᠩᠬᠤᠯᠵᠠᠵᠦ ᠪᠠᠶᠢᠭᠰᠠᠨ ᠪᠤᠯ ᠠᠮᠢᠳᠤᠷᠠᠯ ᠰᠤᠷᠤᠯᠭ᠎ᠠ ᠶᠢᠨ ᠨᠤᠭᠤᠴᠠᠭᠠᠨ ᠳᠤ ᠤᠬᠠᠭᠠᠵᠢᠵᠦ ᠲᠤᠮᠤᠭᠠᠵᠢᠭᠰᠠᠨ | ᠦᠨᠦᠳᠦᠷ ᠬᠠᠷᠢᠨ ᠬᠠᠭᠠᠰ ᠢᠯᠡᠬᠦᠦ ᠬᠠᠭᠤᠳᠠᠰᠤᠨ ᠳᠤ ᠬᠠᠯᠠᠭᠤᠨ ᠲᠤᠯᠠᠭᠠᠨ ᠮᠦᠷ ᠪᠠᠳᠠᠭ ᠤᠳ ᠲᠤᠷᠠᠶᠢᠵᠦ᠂ ᠤᠶᠠᠩᠭᠠᠯᠢᠭ᠂ ᠷᠤᠮᠠᠨᠲ᠋ᠢᠭ ᠪᠤᠶᠦ ᠠᠮᠢᠨᠴᠢᠬᠠᠨ | ᠦᠡᠭᠭᠡ ᠠᠶᠠᠰ ᠢᠶᠠᠷ ᠴᠢᠮᠡᠭᠳᠡᠨ᠂ ᠠᠮᠢ ᠨᠠᠰᠤᠨ ᠤ ᠭᠡᠷᠡᠯ ᠬᠢᠯᠪᠠᠭ᠎ᠠ ᠬᠢᠯᠠᠰᠬᠢᠨ ᠲᠤᠸᠠᠯᠠᠵᠦ ᠪᠠᠶᠢᠭ᠎ᠠ ᠴᠦ ᠶᠤᠮ ᠰᠢᠬ ᠪᠤᠳᠤᠭᠳᠠᠨ᠎ᠠ᠃ | ᠲᠡᠶᠢᠮᠦ ᠡ᠂ ᠪᠢᠳᠡ ᠠᠮᠢ ᠨᠠᠰᠤᠨ ᠤ ᠠᠯᠳᠠᠨ ᠬᠠᠭᠤᠳᠠᠰᠦ ᠪᠠᠨ ᠪᠦᠷᠢᠨ ᠪᠦᠳᠦᠨ ᠲᠤᠷᠠᠶᠢᠳᠠᠯ᠎ᠠ ᠰᠠᠶᠢᠬᠠᠨ ᠪᠢᠴᠢᠵᠦ᠂ ᠦᠨ᠎ᠠ ᠴᠡᠨ᠎ᠠ ᠪᠦᠬᠦᠢ ᠬᠢᠷᠢ | ᠲᠡᠩᠴᠡᠭᠰᠡᠨ ᠬᠠᠭᠤᠳᠠᠰᠦ ᠶᠢ ︽ᠲᠡᠭᠡᠳᠦ ᠲᠡᠭᠷᠢ︾ ᠳᠡᠭᠡᠨ ᠲᠤᠰᠢᠶᠠᠬᠤ ᠬᠡᠷᠡᠭᠳᠠᠢ ᠶᠤᠮ ᠰᠢᠦ᠃ | | ᠵᠣᠬᠢᠶᠠᠭᠴᠢ᠄ ᠰᠧᠷᠡᠨᠪᠠᠲᠤ |