ᠰᠠᠴᠤᠯᠢ ᠡᠷᠬᠦᠭᠰᠡᠨ ᠡᠵᠢ ᠮᠢᠨᠢ
ᠨᠡᠶᠢᠲᠡᠯᠡᠭᠰᠡᠨ ᠴᠠᠭ᠄
2020/10/15
      ᠮᠢᠨᠦ ᠡᠵᠢ ᠵᠢᠪᠽᠡᠮ᠎ᠠ 1917 ᠤᠨ ᠳᠤ ᠵᠠᠶᠠᠭᠠᠵᠠᠢ᠂ ᠮᠤᠷᠢ ᠵᠢᠯᠳᠠᠢ᠃ ᠤᠳᠦ ᠪᠠᠶᠢᠪᠠᠯ 97 ᠨᠠᠰᠤᠨ ᠤ ᠵᠢᠯ ᠤᠷᠤᠵᠦ ᠪᠤᠢ᠃       ᠪᠢ ᠡᠵᠢ ᠪᠠᠨ ︽ᠮᠦᠮᠦ︾ ᠭᠡᠵᠦ ᠲᠠᠭᠤᠳᠠᠳᠠᠭ᠃ ᠮᠢᠨᠦ ᠠᠪᠤ ᠡᠵᠢ ᠬᠤᠶᠠᠷ ᠨᠠᠰᠦ ᠰᠠᠴᠠᠭᠤ᠃ ᠡᠪᠦᠭᠡ ᠠᠪᠤ ᠮᠠᠨᠢ ᠠᠪᠤ ᠶᠢ 14 ᠨᠠᠰᠤᠳᠠᠢ ᠵᠢᠯ ︽ᠬᠦᠦ ᠨᠠᠰᠤᠨ ᠳᠤ ᠬᠦᠷᠦᠯ᠎ᠠ᠃ ᠤᠳᠦ ᠪᠡᠷᠢ ᠡᠷᠢᠵᠦ ᠮᠤᠷᠳᠠᠨ᠎ᠠ᠃︾ ᠭᠡᠳ ᠨᠠᠶᠢᠵᠠ ᠪᠠᠨ ᠲᠠᠭᠠᠭᠤᠯᠵᠦ ᠨᠠᠷᠠ ᠮᠠᠨᠳᠤᠬᠤ ᠵᠦᠭ ᠲᠤ ᠭᠠᠷᠤᠭᠠᠳ᠂ ᠤᠳᠦ ᠶᠢᠨ ᠰᠢᠨᠡᠪᠤᠯᠠᠭ ᠵᠡᠬᠦᠨ ᠰᠤᠮᠤᠨ ᠤ ᠵᠠᠬ᠎ᠠ ᠶᠢᠨ ᠨᠢᠭᠡᠨ ᠪᠠᠶᠠᠨ ᠠᠶᠢᠯ ᠳᠤ ᠤᠷᠤᠬᠤ ᠳᠤ ᠵᠢᠭᠠᠬᠠᠨ ᠪᠡᠶ᠎ᠠ ᠲᠠᠢ ᠬᠦᠭᠡᠷᠦᠬᠦᠨ ᠴᠠᠭᠠᠨ ᠬᠡᠤᠬᠡᠨ ᠡᠷᠳᠡ ᠶᠢᠨ ᠦᠨᠢᠶ᠎ᠠ ᠪᠠᠨ ᠰᠠᠭᠠᠭᠠᠳ ᠬᠦᠨᠦᠭ ᠲᠦᠬᠦᠷᠡᠩ ᠰᠦ ᠪᠠᠨ ᠲᠠᠭᠠᠭᠠᠵᠦ ᠶᠠᠳᠠᠨ ᠪᠤᠱᠤᠭᠠᠨ ᠳᠤ ᠲᠠᠯᠡᠳᠴᠦ ᠴᠠᠯᠬᠢᠳᠠᠭᠤᠯᠤᠭᠠᠳ ᠤᠷᠤᠵᠦ ᠢᠷᠡᠭᠰᠡᠨ ᠳᠤ᠂ ︽ᠡᠨᠡ ᠯᠡ ᠮᠢᠨᠦ ᠪᠡᠷᠢ ᠪᠠᠶᠢᠨ᠎ᠠ︾ ᠭᠡᠵᠦ ᠤᠯᠵᠠᠷᠬᠠᠨ ᠪᠠᠶᠠᠷᠯᠠᠵᠦ᠂ ᠡᠪᠦᠷ ᠠᠴᠠ ᠪᠠᠨ ᠬᠠᠳᠠᠭ ᠭᠠᠷᠭᠠᠵᠦ᠄ ︽ᠪᠤᠯᠠᠭ᠎ᠠ ᠵᠦᠢᠳᠡᠭ ᠨᠢ ᠲᠠᠨ ᠤ ᠳᠤ ᠪᠠᠶᠢᠨ᠎ᠠ᠂ ᠪᠤᠭᠤ ᠨᠠᠮᠨᠠᠳᠠᠭ ᠨᠢ ᠮᠠᠨ ᠤ ᠳᠤ ᠪᠠᠶᠢᠨ᠎ᠠ︾ ᠭᠡᠵᠦ ᠬᠦᠯ ᠲᠠᠳᠠᠵᠦ᠂ ᠠᠯᠠᠭ᠎ᠠ ᠲᠠᠯᠭᠡᠨ ᠬᠡᠤᠬᠡᠨ ᠤ ᠡᠴᠢᠭᠡ ᠤᠯᠠᠭᠠᠨ ᠤ ᠨᠠᠮᠵᠢᠯ ᠭᠡᠳᠡᠭ ᠪᠠᠶᠠᠨ ᠠᠶᠢᠯ ᠤᠨ ᠡᠵᠡᠨ ᠳᠤ ᠭᠤᠶᠤᠭᠰᠠᠨ ᠳᠤ ᠬᠠᠳᠠᠭ ᠢ ᠠᠪᠴᠦ ᠪᠤᠷᠬᠠᠨ ᠤ ᠪᠠᠨ ᠡᠮᠦᠨ᠎ᠠ ᠲᠠᠯᠪᠢᠭᠠᠳ᠂ ᠰᠠᠭᠠᠯᠢ ᠶᠢᠨ ᠠᠷᠢᠬᠢ ᠭᠠᠷᠭᠠᠵᠦ ᠨᠢᠭᠡ ᠡᠳᠦᠷ ᠬᠦᠭᠡᠷᠦᠯᠳᠦᠭᠰᠡᠨ ᠭᠡᠳᠡᠭ᠃      ᠲᠡᠭᠡᠭᠡᠳ ᠡᠨᠡ ᠶᠡᠭᠡ ᠠᠶᠢᠯ ᠭᠤᠤᠯ ᠤᠨ ᠲᠠᠨᠵᠢᠨ ᠳᠤ ᠪᠠᠭᠤᠵᠦ ᠬᠤᠶᠠᠷ ᠬᠢᠳᠠᠳ ᠮᠦᠡᠭᠬᠦᠨ ᠲᠠᠷᠬᠠᠨ ᠢ ᠭᠡᠷ ᠲᠡᠭᠡᠨ ᠵᠠᠯᠠᠵᠦ᠂ ᠬᠡᠤᠬᠡᠨ ᠤ ᠪᠠᠨ ᠠᠯᠳᠠ ᠮᠦᠡᠭᠬᠦᠨ ᠵᠠᠰᠠᠯ ᠢ ᠬᠢᠯᠭᠡᠵᠦ᠂ ᠰᠠᠷ᠎ᠠ ᠶᠢᠨ ᠰᠠᠶᠢᠨ ᠢ ᠰᠠᠭᠠᠳᠠᠨ ᠬᠦᠯᠢᠶᠡᠵᠦ᠂ ᠡᠳᠦᠷ ᠤᠨ ᠰᠠᠶᠢᠨ ᠢ ᠦᠨᠵᠢᠨ ᠦᠵᠡᠵᠦ ᠬᠤᠶᠠᠷ ᠭᠡᠷ ᠬᠤᠷᠢᠮ ᠨᠠᠶᠢᠷ ᠢᠶᠠᠨ ᠬᠢᠭᠰᠡᠨ ᠪᠠᠶᠢᠨ᠎ᠠ᠃ ᠢᠡᠭᠬᠢᠭᠡᠳ ᠮᠢᠨᠦ ᠠᠪᠤ ᠡᠵᠢ ᠬᠤᠶᠠᠷ 14 ᠨᠠᠰᠤᠳᠠᠢ ᠢᠵᠢᠯᠢᠭᠡᠨ ᠬᠤᠶᠠᠷ ᠬᠦᠭᠡᠷᠦᠬᠦᠨ ᠬᠡᠤᠬᠡᠳ ᠠᠶᠢᠯ ᠭᠡᠷ ᠪᠤᠯᠵᠦ᠂ ᠡᠳ᠋ ᠢᠶᠠᠨ ᠬᠢᠴᠢᠶᠡᠵᠦ ᠪᠠᠶᠠᠨ ᠪᠤᠯᠵᠦ᠂ ᠡᠪ ᠢᠶᠠᠨ ᠬᠢᠴᠢᠶᠡᠵᠦ ᠦᠨᠢᠷ ᠪᠤᠯᠵᠦ᠂ ᠬᠤᠷᠸ᠎ᠠ ᠶᠢᠨ ᠬᠠᠳᠠᠭᠤ ᠵᠦᠭᠡᠯᠡᠨ ᠢ ᠬᠠᠮᠳᠦ ᠲᠤᠭᠤᠯᠤᠭᠰᠠᠨ ᠪᠠᠶᠢᠨ᠎ᠠ᠃      1945 ᠤᠨ ᠳᠤ ᠠᠪᠤ ᠴᠡᠷᠢᠭ ᠲᠤ ᠶᠠᠪᠤᠵᠦ᠂ ᠮᠦᠮᠦ ᠶᠢ ᠲᠦᠷᠬᠦᠮ ᠳᠤᠨᠢ ᠠᠶᠢᠯᠴᠢᠯᠠᠭᠤᠯᠤᠨ᠎ᠠ ᠭᠡᠵᠦ ᠠᠪᠠᠴᠢᠭᠠᠳ᠂ ᠡᠳᠦᠷ ᠨᠢ ᠮᠠᠯ ᠢᠶᠠᠨ ᠢᠳᠡᠬᠦᠯᠵᠦ ᠱᠠᠷ ᠢᠶᠠᠨ ᠠᠮᠠᠷᠠᠭᠠᠨ᠂ ᠰᠦᠨᠢ ᠨᠢ ᠪᠠᠷᠠᠭᠤᠨ ᠲᠡᠶᠢᠰᠢ ᠨᠡᠬᠦᠭᠰᠡᠭᠡᠷ ᠨᠢᠭᠡ ᠮᠡᠳᠡᠬᠦ ᠳᠤ ᠬᠠᠯᠬ᠎ᠠ ᠶᠢᠨ ᠲᠤᠷᠭᠠᠨ ᠬᠢᠯᠢ ᠬᠦᠷᠴᠦ᠂ ᠮᠠᠷᠭᠠᠰᠢ ᠦᠷ ᠢᠶᠠᠷ ᠬᠦᠳᠡᠯᠪᠡᠯ ᠬᠢᠯᠢ ᠲᠠᠪᠠᠨ᠎ᠠ ᠭᠡᠳᠡᠭ ᠢ ᠮᠦᠮᠦ ᠬᠡᠨᠡᠳᠳᠡ ᠮᠡᠳᠡᠵᠦ᠂ ᠲᠦᠷᠬᠦᠮ ᠲᠡᠬᠦᠦ ᠰᠧᠠᠰᠤᠳᠨᠠᠮ ᠳᠠᠭᠠᠨ᠄ ︽ᠪᠢ ᠬᠠᠯᠬ᠎ᠠ ᠳᠤ ᠤᠷᠤᠬᠤ ᠦᠭᠡᠢ᠂ ᠬᠠᠳᠠᠮ ᠳᠠᠭᠠᠨ ᠪᠤᠴᠠᠨ᠎ᠠ︾ ᠭᠡᠬᠦ ᠳᠤ ᠲᠡᠬᠦᠦ ᠨᠢ ᠶᠡᠭᠡ ᠠᠭᠤᠷᠯᠠᠵᠦ᠄ ︽ᠡᠯᠵᠢᠭᠡ ᠭᠠᠵᠠᠷ ᠤᠨ ᠪᠡᠷᠬᠡ ᠳᠤ ᠭᠡᠳᠡᠭ ᠢᠶᠠᠷ ᠡᠷᠳᠡ ᠪᠤᠴᠠᠬᠤ ᠦᠭᠡᠢ᠂ ᠲᠦᠮᠡᠨ ᠠᠮᠢᠳᠠᠨ ᠳᠤ ᠭᠠᠢ ᠲᠠᠳᠠᠬᠤ ᠨᠢ ᠤᠤ︕︾ ᠭᠡᠳ ᠡᠵᠢ ᠳᠡᠭᠡᠨ ᠴᠢᠷᠴᠦ ᠤᠴᠢᠭᠰᠠᠨ ᠳᠤ ᠡᠵᠢ ᠨᠢ᠄ ︽ᠮᠢᠨᠦ ᠦᠬᠢᠨ ᠠᠪᠤ ᠶᠢᠨ ᠲᠦᠰᠢᠬᠦᠯᠦᠭᠰᠡᠨ ᠭᠤᠯᠤᠮᠳᠠ ᠳᠤ ᠤᠴᠢᠬᠤ ᠨᠢ ᠵᠦᠪ᠂ ᠭᠠᠵᠠᠷᠳᠠᠭᠤᠯᠬᠤ ᠦᠭᠡᠢ ᠮᠤᠷᠢ ᠪᠠᠷᠢᠭᠠᠳ ᠦᠭ︾ ᠭᠡᠰᠡᠨ ᠳᠤ ᠲᠡᠬᠦᠦ ᠨᠢ ᠪᠠᠭ᠎ᠠ ᠨᠠᠰᠤᠨ ᠤ ᠬᠦᠭᠡᠷᠦᠬᠦᠨ ᠭᠡᠭᠡᠭᠴᠢ ᠭᠡᠬᠦᠦ ᠦᠪᠴᠢ ᠮᠦᠡᠭᠬᠦᠨ ᠬᠡᠷᠡᠭᠰᠡᠯ ᠲᠠᠢ ᠡᠮᠡᠭᠡᠯ ᠬᠠᠵᠠᠭᠠᠷ ᠲᠤᠬᠤᠵᠦ ᠦᠭᠬᠦᠭᠰᠡᠨ ᠭᠡᠨ᠎ᠠ᠃ ᠮᠦᠮᠦ ᠡᠵᠢ ᠳᠡᠭᠡᠨ ᠬᠤᠷᠮᠤᠢ ᠲᠡᠪᠢᠰᠴᠦ ᠮᠦᠷᠬᠦᠭᠡᠳ ᠦᠷᠦᠭᠡᠰᠦᠨ ᠬᠠᠴᠠᠷ ᠢᠶᠠᠨ ᠦᠨᠦᠰᠦᠬᠦᠯᠦᠭᠡᠳ᠂ ᠦᠤᠷ ᠤᠨ ᠬᠠᠷᠠᠩᠭᠤᠢ ᠪᠠᠷ ᠵᠡᠬᠦᠨᠰᠢ ᠮᠤᠷᠳᠠᠬᠤ ᠳᠤ ᠨᠢᠵᠢᠬᠢᠷ ᠮᠠᠯ ᠲᠠᠢ ᠤᠯᠠᠨ ᠵᠤᠨ ᠲᠦᠷᠬᠦᠮ ᠤᠨ ᠬᠢᠨᠢ ᠬᠠᠮᠳᠦ ᠪᠠᠷᠠᠭᠤᠨ ᠲᠡᠶᠢᠰᠢ ᠬᠦᠳᠡᠯᠵᠠᠢ᠃ ᠦᠷ ᠰᠦᠨᠢ ᠢᠯᠭᠠᠷᠠᠬᠤ ᠲᠡᠷᠡᠭᠡᠨ ᠮᠦᠴᠡ ᠳᠤ ᠡᠭᠡ ᠦᠷ᠎ᠠ ᠢᠡᠭᠬᠢᠵᠦ ᠰᠠᠯᠤᠭᠰᠠᠨ ᠭᠡᠨ᠎ᠠ᠃      ᠦᠷ ᠤᠨ ᠵᠢᠪᠠᠷ᠂ ᠮᠤᠷᠢᠨ ᠤ ᠰᠠᠯᠬᠢ᠂ ᠰᠡᠳᠬᠢᠯ ᠤᠨ ᠶᠡᠭᠡ ᠦᠢᠮᠡᠭᠡᠨ ᠳᠤ ᠨᠢᠳᠦ ᠲᠦᠬᠦᠷᠡᠩ ᠨᠢᠯᠪᠤᠰᠦ ᠲᠠᠢ᠂ ᠬᠡᠭᠡᠭᠴᠢ ᠬᠡᠬᠦᠦ ᠶᠢᠨ ᠮᠡᠳᠡᠯ ᠢᠶᠠᠷ ᠵᠡᠬᠦᠨ ᠲᠡᠶᠢᠰᠢ ᠵᠢᠬᠢᠭᠡᠳ ᠯᠡ ᠪᠠᠶᠢᠭᠰᠠᠨ᠃ ᠨᠢᠭᠡ ᠮᠡᠳᠡᠬᠦ ᠳᠤ ᠨᠠᠷᠠ ᠲᠡᠭᠡᠷ᠎ᠠ ᠭᠠᠷᠴᠦ ᠪᠤᠭᠳᠠ ᠠᠭᠤᠯᠠ ᠶᠢᠨ ᠪᠠᠷ᠎ᠠ ᠬᠤᠯᠠ ᠴᠡᠩᠭᠡᠷᠳᠦᠬᠦ ᠳᠤ ᠮᠤᠷᠢᠨ ᠤ ᠪᠠᠨ ᠠᠮᠠ ᠶᠢ ᠲᠠᠳᠠᠵᠦ ᠡᠶᠢᠰᠢ ᠲᠡᠶᠢᠰᠢ ᠬᠠᠷᠠᠬᠤ ᠳᠤ ᠮᠡᠨᠡᠩ ᠤᠨ ᠰᠢᠯᠢ ᠲᠠᠭ ᠴᠢᠮᠡᠭᠡ ᠦᠭᠡᠢ᠂ ᠡᠯᠤᠢ ᠬᠤᠯᠤᠢ ᠮᠠᠨᠠᠨᠳᠤᠵᠦ᠂ ᠬᠠᠷ᠎ᠠ ᠪᠠᠭᠤᠴᠠ᠂ ᠬᠠᠷ᠎ᠠ ᠰᠢᠪᠠᠭᠤ ᠬᠤᠶᠠᠷ ᠠᠴᠠ ᠦᠭᠡᠷ᠎ᠠ ᠶᠠᠭᠤ ᠴᠦ ᠦᠭᠡᠢ᠂ ᠬᠠᠶᠠ ᠨᠢᠭᠡ ᠦᠬᠦᠭᠰᠡᠨ ᠮᠠᠯ ᠤᠨ ᠰᠡᠭ ᠲᠡᠭᠡᠷ᠎ᠠ ᠬᠡᠷᠢᠶ᠎ᠠ ᠭᠤᠸᠠᠭᠯᠠᠯᠳᠤᠵᠦ ᠵᠢᠭᠳᠡᠶᠢᠭᠡᠨ ᠤᠢᠢᠳᠬᠠᠷ ᠲᠠᠢ ᠪᠠᠶᠢᠭᠰᠠᠨ ᠭᠡᠵᠦ ᠮᠦᠮᠦ ᠶᠠᠷᠢᠳᠠᠭ ᠪᠠᠶᠢᠯ᠎ᠠ᠃ ︽ᠲᠡᠭᠡᠭᠡᠳ ᠪᠢ ᠵᠠᠯᠠᠭᠤᠬᠠᠨ ᠪᠠᠶᠢᠭᠰᠠᠨ ᠪᠤᠯᠬᠤᠷ ᠵᠤᠷᠢᠭᠰᠠᠨ ᠵᠦᠭ ᠲᠡᠭᠡᠨ ᠦᠨᠳᠡᠶᠢᠭᠡᠳ ᠯᠡ ᠪᠠᠶᠢᠭᠰᠠᠨ᠃ ᠭᠡᠭᠡᠭᠴᠢ ᠭᠡᠬᠦᠦ ᠡᠴᠡᠵᠦ ᠴᠤᠴᠠᠬᠤ ᠶᠠᠩᠵᠦ ᠦᠭᠡᠢ ᠭᠠᠵᠠᠷ ᠦᠨᠦᠷᠯᠡᠵᠦ ᠬᠠᠵᠠᠭᠠᠷ ᠲᠤᠭᠳᠤᠷᠤᠭᠠᠳ ᠲᠠᠪᠬᠢᠭᠠᠳ ᠯᠡ ᠪᠠᠶᠢᠭᠰᠠᠨ᠃ ᠲᠡᠷᠡ ᠴᠦ ᠪᠠᠰᠠ ᠨᠤᠳᠤᠭ ᠢᠶᠠᠨ ᠮᠡᠳᠡᠭᠡᠳ ᠴᠢᠷᠮᠠᠶᠢᠭᠰᠠᠨ ᠪᠠᠶᠢᠬ᠎ᠠ ᠳ᠋ᠠ᠂ ᠬᠦᠭᠡᠷᠦᠬᠦᠢ᠃ ᠲᠡᠭᠡᠭᠡᠳ ᠤᠷᠤᠢ ᠬᠤᠨᠢ ᠬᠤᠳᠠᠯᠠᠵᠦ ᠪᠠᠶᠢᠬᠤ ᠳᠤ ᠭᠠᠨᠵᠤᠤᠷ ᠤᠨ ᠬᠤᠶᠢᠭᠤᠷ ᠨᠤᠳᠤᠭᠯᠠᠵᠦ ᠪᠠᠶᠢᠭᠰᠠᠨ ᠭᠡᠷ ᠲᠡᠭᠡᠨ ᠪᠢ ᠢᠷᠡᠭᠰᠡᠨ ᠶᠤᠮ᠃ ᠢᠷᠡᠬᠦ ᠳᠤ ᠭᠡᠷ ᠤᠨ ᠬᠦᠮᠦᠨ ᠴᠡᠷᠢᠭ ᠠᠴᠠ ᠢᠷᠡᠭᠰᠡᠨ ᠦᠭᠡᠢ ᠴᠦ ᠬᠠᠳᠠᠮ ᠤᠨ ᠬᠢ ᠪᠦᠭᠡᠮ ᠪᠠᠶᠠᠷ᠂ ᠨᠢᠳᠦ ᠲᠦᠬᠦᠷᠡᠩ ᠨᠢᠯᠪᠤᠰᠦ ᠲᠠᠢ ᠨᠠᠮᠠᠢᠢ ᠲᠤᠰᠴᠦ ᠠᠪᠤᠭᠰᠠᠨ︾ ᠭᠡᠳᠡᠭ ᠳ᠋ᠠ᠃      ᠪᠢ ᠮᠦᠮᠦ ᠠᠴᠠ᠄ ︽ᠪᠠᠶᠠᠷ ᠲᠡᠬᠦᠦ ᠲᠠᠨᠢ ᠶᠠᠭᠤᠨ ᠳᠤ ᠰᠠᠶᠢᠨ ᠮᠤᠷᠢ ᠦᠭᠬᠦ ᠦᠭᠡᠢ᠂ ᠭᠡᠬᠦᠦ ᠦᠭᠬᠦᠭᠰᠡᠨ ᠶᠤᠮ︖︾ ᠭᠡᠵᠦ ᠲᠡᠨᠡᠭᠯᠡᠵᠦ ᠠᠰᠠᠭᠤᠬᠤ ᠳᠤ ︽ᠲᠦᠷᠬᠦᠮ ᠲᠦᠷᠦᠯ ᠦᠭᠡᠢ ᠭᠠᠭᠴᠠᠭᠠᠷ ᠢᠶᠠᠨ ᠦᠯᠡᠳᠡᠵᠦ ᠪᠠᠶᠢᠭ᠎ᠠ ᠪᠤᠯᠬᠤᠷ ᠦᠷᠡᠵᠢᠬᠦ ᠶᠢ ᠨᠢ ᠪᠤᠳᠤᠭᠰᠠᠨ ᠪᠠᠶᠢᠬ᠎ᠠ ᠳ᠋ᠠ︕ ᠲᠡᠷᠡ ᠬᠡᠬᠦᠦ ᠮᠡᠨ ᠤ ᠳᠤ ᠤᠯᠠᠨ ᠰᠠᠶᠢᠨ ᠮᠤᠷᠢ ᠲᠦᠷᠦᠬᠦᠯᠵᠦ᠂ ᠦᠪᠡᠷ ᠢᠶᠠᠨ ᠴᠦ ᠤᠯᠠᠨ ᠪᠤᠯᠵᠦ᠂ ᠮᠠᠨ ᠤ ᠬᠢ ᠠᠳᠤᠭᠤ ᠲᠠᠢ ᠪᠤᠯᠤᠭᠰᠠᠨ ᠶᠤᠮ︾ ᠭᠡᠳᠡᠭ ᠪᠢᠯᠡ᠃ ᠬᠤᠯᠠ ᠦᠯᠡᠳᠡᠭᠰᠡᠨ ᠡᠭᠡᠴᠢ ᠳᠡᠭᠡᠨ ᠢᠨᠵᠢ ᠦᠭᠬᠦᠭᠰᠡᠨ ᠪᠠᠶᠢᠵᠢ ᠳ᠋ᠠ᠂ ᠬᠦᠭᠡᠷᠦᠬᠦᠢ᠃ ᠲᠡᠷᠡ ᠦᠶ᠎ᠠ ᠶᠢᠨ ᠬᠦᠮᠦᠨ ᠶᠠᠮᠠᠷ ᠶᠡᠭᠡ ᠬᠤᠯᠠ ᠶᠢᠨ ᠪᠤᠳᠤᠯ ᠲᠠᠢ᠂ ᠬᠤᠷᠴᠠ ᠤᠬᠠᠭᠠᠨ ᠲᠠᠢ ᠶᠤᠮ ᠪᠤᠢ᠃ ᠲᠡᠷᠡ ᠮᠦᠴᠡ ᠳᠤ ᠲᠡᠶᠢᠮᠦ ᠬᠦᠨ ᠤᠬᠠᠭᠠᠨ ᠭᠠᠷᠤᠨ᠎ᠠ ᠭᠡᠳᠡᠭ ᠢ ᠪᠢ ᠤᠳᠦ ᠪᠤᠯᠳᠠᠯ᠎ᠠ ᠶᠡᠭᠡ ᠭᠠᠶᠢᠬᠠᠬᠤ ᠶᠤᠮ᠃      ᠮᠢᠨᠦ ᠮᠦᠮᠦ ᠪᠢᠴᠢᠭ ᠰᠤᠶᠤᠯ ᠦᠭᠡᠢ ᠴᠦ ᠶᠡᠭᠡ ᠲᠠᠶᠢᠪᠤᠭᠤᠬᠠᠨ ᠵᠠᠩ ᠲᠠᠢ᠂ ᠬᠤᠯᠠ ᠶᠢᠨ ᠪᠤᠳᠤᠯ ᠲᠠᠢ ᠬᠦᠮᠦᠨ᠃ ᠠᠭᠤᠷᠯᠠᠵᠦ ᠪᠠᠴᠢᠮᠳᠠᠬᠤ ᠶᠢ ᠮᠡᠳᠡᠬᠦ ᠦᠭᠡᠢ᠂ ᠲᠠᠭᠤᠴᠢᠨ᠂ ᠱᠤᠭᠴᠢᠨ᠂ ᠠᠯᠢᠶᠠᠯᠠᠭᠴᠢ ᠬᠦᠮᠦᠨ ᠪᠠᠶᠢᠯ᠎ᠠ᠃        ᠲᠠᠪᠢᠨ ᠭᠡᠳᠦᠨ ᠨᠠᠰᠤᠨ ᠳᠠᠭᠠᠨ ᠠᠪᠤ᠂ ᠠᠬ᠎ᠠ ᠬᠤᠶᠠᠷ ᠢ ᠲᠠᠷᠠᠭᠠᠯᠠᠨ ᠠᠯᠳᠠᠵᠦ᠂ ᠰᠡᠳᠬᠢᠯ ᠤᠨ ᠶᠡᠭᠡ ᠵᠤᠪᠠᠯᠠᠩ ᠢ ᠠᠮᠰᠠᠭᠰᠠᠨ ᠪᠤᠯᠪᠠᠴᠦ ︽ᠤᠷᠴᠢᠯᠠᠩ ᠬᠤᠷᠸ᠎ᠠ ᠤᠭᠤᠰᠤᠷ ᠪᠦᠴᠡ ᠦᠭᠡᠢ᠂ ᠬᠦᠮᠦᠨ ᠪᠤᠯᠭᠠᠨ ᠳᠤ ᠲᠠᠭᠠᠷᠠᠳᠠᠭ ᠵᠤᠪᠠᠯᠠᠩ ᠨᠠᠳᠠ ᠲᠠᠭᠠᠷᠠᠵᠦ ᠪᠠᠶᠢᠭ᠎ᠠ ᠶᠤᠮ︾ ᠭᠡᠵᠦ ᠰᠡᠳᠬᠢᠯ ᠢᠶᠠᠨ ᠴᠢᠩᠭᠠᠯᠠᠵᠦ᠂ ᠪᠠᠭ᠎ᠠ ᠠᠷᠢᠬᠢ ᠪᠠᠯᠭᠤᠭᠠᠳ ᠲᠠᠭᠤᠤ ᠠᠶᠠᠯᠵᠦ᠂ ᠨᠢᠯᠪᠤᠰᠦ ᠪᠠᠨ ᠠᠷᠴᠢᠭᠠᠳ ᠰᠠᠭᠤᠬᠤ ᠳᠤᠨᠢ ᠪᠢ ᠴᠦ ᠡᠯᠢᠭᠡ ᠬᠦᠮᠦᠷᠴᠦ᠂ ᠵᠢᠷᠦᠭᠡ ᠡᠪᠡᠳᠬᠦᠳᠤ ᠮᠦᠮᠦ ᠠᠴᠠ ᠪᠠᠨ ᠨᠢᠭᠤᠵᠦ ᠤᠬᠢᠯᠠᠳᠠᠭ ᠪᠠᠶᠢᠭᠰᠠᠨ᠃     ᠮᠢᠨᠦ ᠮᠦᠮᠦ ᠶᠢ ᠪᠠᠷᠤᠭ ᠲᠠᠨᠢᠳᠠᠭ ᠯᠡ ᠲᠡᠬᠦᠦ ᠨᠠᠷ ᠬᠦᠮᠦᠨ ᠪᠦᠬᠦᠨ ᠮᠦᠮᠦ ᠭᠡᠵᠦ ᠬᠦᠨᠳᠦᠯᠡᠵᠦ ᠲᠠᠭᠤᠳᠠᠳᠠᠭ ᠤᠯᠠᠨ ᠤ ᠮᠦᠮᠦ ᠶᠠᠪᠤᠭᠰᠠᠨ ᠶᠤᠮ᠃     ᠤᠯᠠᠨ ᠰᠠᠶᠢᠬᠠᠨ ᠲᠠᠭᠤᠤ ᠮᠡᠳᠡᠳᠡᠭ ᠬᠠᠭᠤᠴᠢᠨ ᠲᠠᠭᠤᠤ ᠶᠢᠨ ᠲᠡᠬᠦᠪᠦᠷᠢ ᠪᠠᠶᠢᠭᠰᠠᠨ ᠰᠠᠨ᠃ ᠪᠢ ᠶᠠᠭᠤᠮ᠎ᠠ ᠬᠠᠶᠢᠬᠤᠷᠬᠤ ᠦᠭᠡᠢ᠂ ᠮᠦᠮᠦ ᠪᠠᠨ ᠨᠠᠰᠤᠨ ᠲᠤᠷᠰᠢᠳᠠ ᠪᠠᠶᠢᠬᠤ ᠶᠤᠮ ᠰᠢᠬ ᠪᠤᠳᠤᠳᠠᠭ ᠠᠴᠠ ᠶᠠᠭᠤ ᠴᠦ ᠦᠯᠡᠳᠡᠭᠡᠵᠦ ᠬᠤᠴᠤᠷᠤᠭᠰᠠᠨ ᠦᠭᠡᠢ᠃ ᠮᠦᠮᠦ ᠶᠡᠭᠡ ᠰᠤᠨᠢᠨ ᠬᠤᠭᠤᠯᠠᠢ ᠲᠠᠢ᠂ ᠶᠠᠭ ᠬᠠᠵᠠᠭᠤ ᠳᠤ ᠰᠠᠭᠤᠭᠠᠳ ᠲᠠᠭᠤᠯᠠᠵᠦ ᠪᠠᠶᠢᠬᠤ ᠳᠤ ᠠᠶᠠᠷ ᠬᠤᠯᠠ ᠰᠤᠨᠤᠰᠳᠠᠵᠦ᠂ ᠵᠠᠷᠢᠮ ᠳᠠᠭᠠᠨ ᠤᠢᠢᠷᠠᠳᠴᠦ᠂ ᠵᠠᠷᠢᠮ ᠳᠠᠭᠠᠨ ᠬᠤᠯᠠᠳᠴᠦ ᠪᠠᠶᠢᠬᠤ ᠰᠢᠬ ᠲᠠᠭᠤᠯᠠᠳᠠᠭ ᠪᠠᠶᠢᠯ᠎ᠠ᠃ ︽ᠲᠡᠭᠡᠷ᠎ᠠ ᠵᠠᠭᠤᠨ ᠤ ᠲᠠᠪᠢᠭᠠᠳ ᠤᠨ ᠳᠤ ᠭᠠᠨᠵᠤᠤᠷ ᠴᠤᠭᠯᠠᠭᠠᠨ ᠲᠡᠭᠡᠷ᠎ᠠ ᠲᠠᠭᠤᠯᠠᠭᠤᠯᠤᠨ᠎ᠠ ᠭᠡᠵᠦ ᠠᠪᠠᠴᠢᠭᠰᠠᠨ ᠳᠤ ᠲᠠᠶᠢᠰᠠᠨ ᠲᠡᠭᠡᠷ᠎ᠠ ᠭᠠᠷᠤᠮᠠᠭᠴᠠ ᠰᠠᠨᠳᠤᠷᠴᠦ ᠪᠡᠶ᠎ᠠ ᠨᠢ ᠰᠠᠯᠭᠠᠨᠠᠵᠦ᠂ ᠬᠤᠭᠤᠯᠠᠢ ᠨᠢ ᠲᠠᠭ ᠪᠤᠯᠤᠭᠠᠳ ᠨᠢᠭᠤᠷ ᠢᠶᠠᠨ ᠪᠠᠷᠠᠵᠦ ᠵᠤᠭᠰᠤᠭᠠᠳ ᠪᠠᠭᠤᠴᠢᠬᠠᠭᠰᠠᠨ ᠶᠤᠮ᠃ ᠪᠢ ᠦᠪᠡᠷ ᠤᠨ ᠠᠵᠠ ᠪᠠᠨ ᠦᠪᠡᠷ ᠢᠶᠠᠨ ᠬᠤᠭᠤᠯᠤᠭᠰᠠᠨ ᠠᠮᠢᠳᠠᠨ ᠡ᠃ ᠲᠡᠷᠡ ᠨᠠᠭᠠᠳᠤᠮ ᠲᠡᠭᠡᠷ᠎ᠠ ᠪᠤᠶᠠᠨᠳᠡᠯᠭᠡᠷ ᠲᠠᠭᠤᠯᠠᠭᠠᠳ ᠯᠡ ᠬᠤᠯᠡ ᠶᠠᠪᠤᠭᠰᠠᠨ ᠶᠤᠮ᠃ ᠪᠢ ᠲᠠᠭᠤᠯᠠᠭᠰᠠᠨ ᠪᠤᠯ ᠪᠠᠰᠠ ᠶᠠᠪᠤᠬᠤ ᠴᠦ ᠮᠠᠭᠠᠳ ᠦᠭᠡᠢ︾ ᠭᠡᠵᠦ ᠬᠤᠵᠢᠮ ᠪᠤᠯᠳᠠᠯ᠎ᠠ ᠶᠠᠷᠢᠳᠠᠭ ᠪᠠᠶᠢᠯ᠎ᠠ᠃      1982 ᠤᠨ ᠳᠤ ᠭᠠ᠊ · ᠪᠠᠷᠬ᠎ᠠ ᠭᠤᠸᠠᠢ ᠰᠢᠨ᠎ᠠ ᠪᠠᠷᠭᠤ ᠵᠡᠬᠦᠨ ᠬᠤᠰᠢᠭᠤᠨ ᠤ ᠰᠤᠶᠤᠯ ᠤᠨ ᠤᠷᠳᠤᠨ ᠤ ᠲᠠᠷᠤᠭ᠎ᠠ ᠪᠠᠶᠢᠬᠤ ᠳᠠᠭᠠᠨ ᠮᠠᠨ ᠤ ᠮᠦᠮᠦ᠂ ᠶᠦᠮᠵᠡᠳ ᠡᠵᠢ᠂ ᠨᠠᠮᠰᠠᠷᠠᠢ ᠶᠢᠨ ᠬᠦᠭᠰᠢᠨ᠂ ᠪᠡᠭᠽᠠᠵᠠᠪ ᠤᠨ ᠬᠦᠭᠰᠢᠨ ᠵᠡᠷᠭᠡ ᠨᠠᠰᠤᠳᠠᠶᠢᠴᠤᠳ ᠢ ᠰᠤᠶᠤᠯ ᠤᠨ ᠤᠷᠳᠤᠨ ᠳᠤ ᠠᠪᠠᠴᠢᠵᠦ᠂ ᠤᠷᠳᠦ ᠶᠢᠨ ᠲᠠᠭᠤᠤ ᠲᠠᠭᠤᠯᠠᠭᠤᠯᠵᠦ᠂ ᠵᠡᠭᠡᠷᠡᠩᠭᠡᠢ ᠪᠦᠭᠡᠷᠡᠩᠭᠡᠢ ᠪᠦᠵᠢᠭ ᠪᠦᠵᠢᠭᠯᠡᠬᠦᠯᠵᠦ᠂ ᠲᠠᠭᠤᠤ ᠶᠢ ᠨᠢ ᠰᠢᠩᠭᠡᠭᠡᠵᠦ᠂ ᠠᠪᠠᠭᠠᠢ ᠲᠡᠪᠡᠯ᠂ ᠤᠤᠵᠢ ᠶᠢ ᠰᠡᠷᠬᠦᠭᠡᠨ ᠤᠶᠤᠭᠤᠯᠵᠦ᠂ ᠰᠡᠬᠦᠳᠡᠷ ᠵᠢᠷᠤᠭ ᠠᠪᠴᠦ ᠪᠠᠶᠢᠭᠰᠠᠨ ᠶᠤᠮ᠃ ᠪᠤᠳᠤᠬᠤ ᠳᠤ ᠲᠡᠷᠡ ᠦᠶ᠎ᠠ ᠶᠢᠨ ᠮᠠᠲ᠋ᠧᠷᠢᠶᠠᠯ ᠪᠠᠶᠢᠪᠠᠯ ᠲᠠᠭᠠᠷᠠᠬᠤ ᠶᠤᠮ ᠳ᠋ᠠ᠃      ᠮᠢᠨᠦ ᠮᠦᠮᠦ ᠶᠡᠭᠡ ᠠᠯᠢᠶ᠎ᠠ ᠱᠤᠭᠴᠢ ᠬᠦᠮᠦᠨ᠃ ᠦᠭᠡ ᠶᠠᠷᠢᠬᠤ ᠪᠤᠯᠭᠠᠨ ᠳᠤᠨᠢ ᠬᠦᠮᠦᠰ ᠢᠨᠢᠶᠡᠳᠡᠭ᠃ ᠬᠦᠮᠦᠨ ᠢ ᠢᠨᠢᠶᠡᠯᠭᠡᠴᠢᠭᠡᠭᠡᠳ ᠦᠪᠡᠷ ᠢᠶᠠᠨ ᠶᠠᠭᠠᠬᠢᠭ᠎ᠠ ᠴᠦ ᠦᠭᠡᠢ ᠶᠤᠮ ᠰᠢᠭ ᠰᠠᠭᠤᠳᠠᠭ᠃ ᠬᠦᠮᠦᠨ ᠤ ᠦᠭᠡ ᠶᠢ ᠲᠠᠭᠤᠷᠢᠶᠠᠵᠦ ᠶᠠᠭ ᠲᠡᠷᠡ ᠬᠦᠮᠦᠨ ᠰᠢᠭ ᠶᠠᠷᠢᠨ᠎ᠠ᠃ ᠨᠢᠭᠤᠷ ᠢ ᠨᠢ ᠬᠠᠷᠠᠬᠤ ᠦᠭᠡᠢ ᠪᠤᠯ ᠶᠠᠭ ᠯᠡ ᠲᠡᠷᠡ ᠬᠦᠮᠦᠨ ᠭᠡᠵᠦ ᠪᠤᠳᠤᠨ᠎ᠠ᠃ ᠬᠦᠮᠦᠨ ᠤ ᠠᠯᠬᠤᠵᠦ ᠬᠢᠰᠬᠢᠬᠦ ᠶᠢ ᠬᠦᠷᠳᠡᠯ᠎ᠠ ᠶᠠᠭ ᠠᠳᠠᠯᠢᠬᠠᠨ ᠲᠠᠭᠤᠷᠢᠶᠠᠨ᠎ᠠ᠃ ᠤᠳᠦ ᠪᠠᠶᠢᠭᠰᠠᠨ ᠪᠤᠯ ᠰᠠᠶᠢᠨ ᠲᠠᠭᠤᠴᠢᠨ᠂ ᠠᠯᠢᠶᠠᠯᠠᠭᠴᠢ᠂ ᠠᠪᠢᠶᠠᠯᠠᠭᠴᠢ ᠪᠠᠶᠢᠬᠤ ᠶᠤᠮᠰᠠᠨ ᠳ᠋ᠠ᠃ ᠪᠠᠰᠠ ᠶᠡᠭᠡ ᠤᠷᠠᠨ᠂ ᠠᠵᠦ ᠲᠠᠢ ᠬᠦᠮᠦᠨ ᠪᠠᠶᠢᠯ᠎ᠠ᠃ ︽ᠮᠠᠭᠤ ᠶᠠᠭᠤᠮ᠎ᠠ ᠶᠢ ᠰᠠᠶᠢᠨ ᠪᠤᠯᠭᠠᠨ᠎ᠠ᠂ ᠮᠠᠭᠤᠬᠠᠢ ᠶᠠᠭᠤᠮ᠎ᠠ ᠶᠢ ᠰᠠᠶᠢᠬᠠᠨ ᠬᠢᠵᠦ ᠪᠠᠢ︾ ᠭᠡᠵᠦ ᠨᠠᠳᠠ ᠲᠠᠩᠳᠠ ᠵᠠᠬᠢᠳᠠᠭ ᠪᠠᠶᠢᠯ᠎ᠠ᠃ ᠪᠠᠷᠤᠭ ᠲᠠᠯᠠ ᠰᠢᠬᠠᠭᠠᠳ ᠲᠠᠮᠤᠭᠰᠠᠨ ᠡᠪᠡᠷᠵᠢᠶ᠎ᠠ᠂ ᠪᠦᠰᠡᠯᠡᠬᠦᠷ᠂ ᠵᠡᠬᠦᠦ ᠶᠢᠨ ᠬᠠᠳᠬᠤᠭᠤᠷ ᠨᠢ ᠤᠳᠦ ᠪᠤᠯᠳᠠᠯ᠎ᠠ ᠪᠤᠢ᠃     ᠮᠢᠨᠦ ᠮᠦᠮᠦ ᠶᠡᠭᠡ ᠰᠠᠷᠬᠦᠯᠡᠩ᠂ ᠬᠤᠯᠠ ᠶᠢᠨ ᠪᠤᠳᠤᠯ ᠲᠠᠢ ᠬᠦᠮᠦᠨ᠃ ᠠᠪᠤ ᠠᠬ᠎ᠠ ᠬᠤᠶᠠᠷ ᠨᠠᠰᠦ ᠪᠠᠷᠠᠭᠰᠠᠨ ᠤ ᠲᠠᠷᠠᠭ᠎ᠠ᠂ ᠵᠢᠷᠠ ᠰᠢᠬᠠᠭᠰᠠᠨ ᠪᠠᠶᠢᠳᠠᠯ᠎ᠠ ᠭᠤᠯᠤᠮᠳᠠ ᠵᠠᠯᠭᠠᠭᠤᠯᠬᠤ ᠬᠦᠦ ᠲᠡᠵᠢᠭᠡᠨ᠎ᠠ ᠭᠡᠬᠦ ᠳᠤᠨᠢ ᠪᠢ ︽ᠶᠠᠭᠠᠬᠢᠬᠤ ᠴᠦ ᠶᠤᠮ ᠳ᠋ᠠ᠂ ᠲᠡᠬᠦᠨ ᠤ ᠡᠴᠦᠰ ᠲᠤ ᠬᠦᠷᠬᠦ ᠳᠤ ᠶᠤᠮ ᠪᠢᠰᠢ︾ ᠭᠡᠵᠦ ᠰᠠᠨᠠᠳᠠᠭ ᠪᠠᠶᠢᠯ ᠎ᠠ᠃ ᠤᠳᠦ ᠪᠤᠳᠤᠬᠤ ᠳᠤ ᠲᠡᠷᠡ ᠨᠢ ᠦᠪᠡᠷ ᠤᠨ ᠪᠡᠶ᠎ᠠ ᠪᠠᠨ ᠪᠤᠳᠤᠭᠰᠠᠨ ᠪᠢᠰᠢ᠂ ᠬᠠᠷᠢᠨ ᠦᠡᠭᠭᠡᠷᠡᠭᠰᠡᠨ ᠨᠦᠬᠦᠷ᠂ ᠬᠦᠦ ᠬᠤᠶᠠᠷ ᠤᠨ ᠢᠶᠠᠨ ᠭᠤᠯᠤᠮᠳᠠ᠂ ᠦᠯᠡᠳᠡᠵᠦ ᠪᠠᠶᠢᠭ᠎ᠠ ᠨᠠᠮᠠᠢᠢ ᠪᠤᠳᠤᠭᠰᠠᠨ ᠶᠤᠮ ᠪᠠᠶᠢᠨ᠎ᠠ ᠳ᠋ᠠ᠂ ᠬᠦᠭᠡᠷᠦᠭᠦᠢ᠃ ᠲᠡᠭᠡᠭᠡᠳ ᠴᠠᠷᠠᠨᠳᠤᠷᠵᠢ ᠪᠠᠪᠠᠢ ᠶᠢᠨ ᠬᠤᠶᠠᠳᠤᠭᠠᠷ ᠬᠦᠦ ᠵᠢᠷᠤᠮᠳᠦ ᠶᠢ ᠦᠷᠡᠴᠢᠯᠡᠨ ᠲᠡᠵᠢᠭᠡᠵᠦ ᠨᠠᠳᠠ ᠲᠦᠷᠬᠦᠮ ᠲᠠᠢ ᠪᠤᠯᠭᠠᠭᠰᠠᠨ ᠶᠤᠮ᠃      ᠪᠠᠰᠠ ᠤᠯᠠᠨ ᠬᠡᠤᠬᠡᠳ ᠢ ᠭᠡᠷ ᠲᠡᠭᠡᠨ ᠠᠪᠴᠢᠷᠠᠨ ᠲᠡᠵᠢᠭᠡᠵᠦ᠂ ᠪᠡᠶ᠎ᠠ ᠳᠡᠭᠡᠨ ᠲᠠᠭᠠᠭᠤᠯᠵᠦ ᠶᠠᠪᠤᠳᠠᠭ ᠪᠠᠶᠢᠯ᠎ᠠ᠃ ᠰᠠᠷᠠᠨ᠎ᠠ᠂ ᠤᠶᠤᠨ᠂ ᠲᠤᠯᠭᠠᠷᠮ᠎ᠠ ᠭᠡᠳ ᠮᠦᠮᠦ ᠪᠠᠷᠤᠭ ᠪᠦᠬᠦᠳᠡ ᠶᠢ ᠦᠷᠡᠴᠢᠯᠡᠨ ᠲᠡᠵᠢᠭᠡᠬᠦ ᠰᠠᠨᠠᠭ᠎ᠠ ᠲᠠᠢ ᠪᠠᠶᠢᠭᠰᠠᠨ᠂ ᠦᠪᠡᠷ ᠤᠨ ᠬᠡᠤᠬᠡᠳ ᠰᠢᠭ ᠢᠶᠠᠨ ᠰᠠᠨᠠᠵᠦ ᠶᠠᠪᠤᠭᠰᠠᠨ ᠶᠤᠮ᠃ ᠨᠡᠩ ᠢᠯᠡᠬᠦᠦ ᠠᠴᠢ ᠦᠬᠢᠨ ᠰᠠᠷᠠᠨ᠎ᠠ ᠶᠢ 8 ᠰᠠᠷ᠎ᠠ ᠲᠠᠢ ᠲᠡᠵᠢᠭᠡᠵᠦ᠂ ᠠᠮᠢᠨ ᠭᠤᠤᠯ ᠰᠢᠬ ᠢᠶᠠᠨ ᠬᠠᠶᠢᠷᠠᠯᠠᠵᠦ ᠰᠠᠨᠠᠳᠠᠭ ᠪᠠᠶᠢᠯ᠎ᠠ᠃ ᠦᠪᠡᠷ ᠢᠶᠠᠨ ᠨᠠᠰᠦ ᠠᠬᠢᠵᠦ᠂ ᠶᠠᠳᠠᠷᠠᠵᠦ ᠵᠦᠳᠡᠷᠡᠵᠦ ᠪᠠᠶᠢᠭᠰᠠᠨ ᠴᠦ ᠬᠤᠵᠢᠮ ᠮᠢᠨᠦ ᠭᠠᠭᠴᠠ ᠦᠬᠢᠨ ᠳᠤ ᠮᠢᠨᠢ ᠬᠠᠨᠢ ᠲᠦᠰᠢᠭ ᠪᠤᠯᠬᠤ ᠶᠤᠮ ᠯᠡ ᠭᠡᠵᠦ ᠰᠠᠨᠠᠭᠰᠠᠨ ᠪᠠᠶᠢᠬ᠎ᠠ ᠳ᠋ᠠ᠂ ᠬᠦᠭᠡᠷᠦᠭᠦᠢ︕       ᠪᠢ ᠡᠵᠢ ᠪᠠᠨ ᠶᠡᠭᠡ ᠮᠡᠷᠭᠡᠨ᠂ ᠵᠢᠷᠤᠬᠠᠢᠢᠴᠢ ᠬᠦᠮᠦᠨ ᠭᠡᠵᠦ ᠰᠠᠨᠠᠭᠰᠠᠨ ᠶᠤᠮ᠃ 1987 ᠤᠨ ᠤ ᠵᠤᠨ ᠪᠢ ᠬᠦᠬᠡᠬᠤᠳᠠ ᠳᠤ ᠰᠤᠷᠤᠯᠴᠠᠵᠦ ᠪᠠᠶᠢᠭᠠᠳ ᠢᠷᠡᠬᠦ ᠳᠤ ︽ᠪᠢ ᠪᠤᠷᠬᠠᠨ ᠢᠶᠠᠨ ᠰᠦᠮ᠎ᠠ ᠳᠤ ᠡᠷᠬᠦᠭᠰᠡᠨ᠂ ᠨᠢᠭᠡ ᠯᠡ ᠴᠦᠬᠦᠴᠡ ᠦᠯᠡᠳᠡᠭᠰᠡᠨ᠃ ᠨᠠᠮᠠᠢᠢ ᠦᠬᠦᠪᠡᠯ ᠬᠡᠳᠦᠨ ᠬᠤᠨᠤᠭ ᠵᠤᠯᠠ ᠪᠠᠷᠢᠭᠠᠷᠠᠢ᠃ ᠪᠢ ᠮᠠᠭᠤ ᠬᠤᠪᠴᠠᠰᠦ ᠬᠤᠨᠠᠷ ᠢᠶᠠᠨ ᠪᠦᠬᠦᠨ ᠢ ᠰᠢᠢᠳᠪᠦᠷᠢᠯᠡᠭᠰᠡᠨ᠃ ᠮᠢᠨᠦ ᠨᠤᠪᠰᠢ ᠭᠡᠵᠦ ᠪᠠᠶᠢᠬᠤ ᠦᠭᠡᠢ︾ ᠭᠡᠬᠦ ᠳᠤ ᠪᠢ᠄ ︽ᠲᠡᠷᠡ ᠴᠠᠭᠠᠨ ᠤᠭᠤᠳᠠ ᠲᠠᠢ ᠲᠠᠨ ᠤ ᠶᠠᠭᠤᠮ᠎ᠠ ᠳ᠋ᠠ︾ ᠭᠡᠬᠦ ᠳᠤ ︽ᠲᠡᠷᠡ ᠬᠡᠳᠦᠨ ᠡᠪᠡᠷᠵᠢᠶ᠎ᠠ᠂ ᠪᠦᠰᠡᠯᠡᠬᠦᠷ ᠪᠠᠶᠢᠭ᠎ᠠ᠃ ᠡᠨᠡ ᠴᠠᠭᠠᠨ ᠢᠰᠡᠭᠡᠢ ᠲᠡᠭᠡᠷ᠎ᠠ ᠬᠦᠭᠡ ᠪᠦᠰ ᠰᠢᠳᠡᠭᠡᠳ ᠨᠠᠮᠠᠢᠢ ᠤᠷᠤᠰᠢᠭᠤᠯᠬᠤ ᠳᠤ ᠬᠡᠷᠡᠭᠯᠡᠭᠡᠷᠡᠢ︾ ᠭᠡᠬᠦ ᠳᠤ ᠪᠢ ᠶᠠᠭᠤ ᠴᠦ ᠪᠤᠳᠤᠵᠦ ᠮᠡᠳᠡᠬᠦ ᠦᠭᠡᠢ᠂ ᠤᠭᠳᠦ ᠬᠠᠮᠢᠶ᠎ᠠ ᠦᠭᠡᠢ ᠪᠠᠶᠢᠭᠠᠳ ᠶᠠᠭᠤᠨ ᠤ ᠬᠤᠵᠢᠮ ᠤᠨ ᠶᠠᠪᠤᠳᠠᠯ ᠢᠶᠠᠨ ᠬᠡᠯᠡᠵᠦ ᠪᠠᠶᠢᠭ᠎ᠠ ᠶᠤᠮ ᠭᠡᠰᠡᠨ ᠰᠢᠭ ᠯᠡ ᠰᠠᠨᠠᠵᠦ ᠪᠠᠶᠢᠯ᠎ᠠ᠃ ᠲᠡᠮᠡᠢ ᠭᠡᠳᠦᠨ ᠡᠳᠦᠷ ᠪᠤᠯᠤᠭᠰᠠᠨ ᠦᠭᠡᠢ᠂ ᠡᠷᠳᠡ ᠴᠠᠢ ᠶᠢᠨ ᠲᠡᠭᠡᠵᠢ ᠪᠠᠨ ᠡᠷᠬᠦᠵᠦ᠂ ᠤᠷᠤᠢ ᠬᠤᠭᠤᠯᠠ ᠪᠠᠨ ᠢᠳᠡᠵᠦ ᠨᠠᠶᠢᠵᠠ ᠲᠡᠬᠦᠦ ᠬᠡᠤᠬᠡᠨ ᠪᠤᠯᠬᠤ ᠰᠧᠠᠳᠡᠵᠠᠪ ᠡᠵᠢ ᠲᠠᠢ ᠶᠠᠷᠢᠵᠦ ᠬᠦᠭᠡᠷᠦᠯᠳᠦᠵᠦ ᠭᠠᠷᠭᠠᠵᠦ ᠦᠭᠬᠦᠭᠡᠳ᠂ ᠡᠷᠬᠢᠵᠦ ᠤᠷᠤᠭᠠᠳ ᠤᠷᠤᠨ ᠳᠠᠭᠠᠨ ᠤᠨᠳᠠᠭᠠᠳ ᠦᠨᠢ ᠮᠦᠡᠭᠭᠡ ᠨᠦᠢᠷᠰᠤᠭᠰᠠᠨ᠃ ᠪᠤᠶᠠᠨᠳᠠᠢ ᠬᠦᠮᠦᠨ ᠶᠤᠮ ᠳ᠋ᠠ᠂ ᠮᠢᠨᠦ ᠮᠦᠮᠦ᠃ ᠬᠦᠮᠦᠨ ᠪᠤᠯᠭᠠᠨ ᠬᠡᠵᠢᠶ᠎ᠠ ᠶᠠᠭᠠᠬᠢᠵᠦ ᠶᠠᠪᠤᠬᠤ ᠪᠠᠨ ᠮᠡᠳᠡᠳᠡᠭ ᠦᠭᠡᠢ᠃ ᠪᠤᠶᠠᠨ ᠤ ᠦᠢᠯᠡ ᠶᠡᠭᠡ ᠬᠢᠭᠰᠡᠨ ᠰᠠᠶᠢᠬᠠᠨ ᠰᠡᠳᠬᠢᠯ ᠲᠠᠢ ᠬᠦᠮᠦᠨ ᠦᠡᠭᠭᠡᠷᠡᠬᠦ ᠳᠡᠭᠡᠨ ᠶᠠᠮᠠᠷ ᠴᠦ ᠵᠤᠪᠠᠯᠠᠩ ᠦᠭᠡᠢ᠂ ᠦᠪᠡᠷ ᠤᠨ ᠰᠠᠨᠠᠭᠰᠠᠨ ᠢᠶᠠᠷ ᠦᠡᠭᠭᠡᠷᠡᠳᠡᠭ᠃ ᠶᠠᠪᠤᠨ᠎ᠠ ᠭᠡᠳᠡᠭ ᠢᠶᠠᠨ ᠤᠷᠢᠳᠴᠢᠯᠠᠨ ᠮᠡᠳᠡᠳᠡᠭ ᠶᠤᠮ ᠪᠠᠶᠢᠬ᠎ᠠ ᠳ᠋ᠠ᠃ ᠪᠢ ᠡᠵᠢ ᠪᠠᠨ ᠬᠡᠵᠢᠶᠡᠳᠡ ᠵᠠᠯᠠᠭᠤᠬᠠᠨ ᠶᠤᠮ ᠰᠢᠬ ᠰᠠᠨᠠᠵᠦ ᠂ ᠭᠠᠭᠴᠠ ᠴᠦ ᠦᠷᠯᠦᠭᠡ ᠡᠵᠢ ᠳᠡᠭᠡᠨ ᠰᠠᠶᠢᠬᠠᠨ ᠴᠠᠢ ᠤᠤᠭᠤᠯᠭᠠᠵᠦ᠂ ᠭᠠᠭᠴᠠ ᠴᠦ ᠰᠠᠶᠢᠬᠠᠨ ᠦᠭᠡ ᠪᠠᠷ ᠡᠵᠢ ᠪᠠᠨ ᠪᠠᠶᠠᠷᠯᠠᠭᠤᠯᠤᠭᠰᠠᠨ ᠦᠭᠡᠢ ᠶᠠᠪᠤᠭᠤᠯᠤᠭᠰᠠᠨ ᠮᠠᠭᠤᠬᠠᠢ ᠠᠮᠢᠳᠠᠨ ᠶᠤᠮ᠃ ᠬᠤᠵᠢᠮ ᠤᠨ ᠬᠦᠮᠦᠰ ᠲᠤ ᠵᠠᠬᠢᠬᠤ ᠨᠢ ᠬᠦᠮᠦᠨ ᠪᠦᠬᠦᠨ ᠡᠵᠢ ᠪᠠᠨ ᠪᠠᠶᠠᠷᠯᠠᠭᠤᠯᠵᠦ ᠶᠠᠪᠤᠭᠠᠷᠠᠢ ᠭᠡᠵᠦ ᠬᠡᠯᠡᠶ᠎ᠠ᠃      ᠮᠢᠨᠦ ᠡᠵᠢ ᠵᠤᠨ ᠤᠯᠠᠨ ᠤ ᠬᠠᠶᠢᠷ᠎ᠠ ᠶᠢ ᠲᠠᠳᠠᠭᠰᠠᠨ᠂ ᠵᠤᠨᠰᠠᠭ᠂ ᠦᠭᠯᠢᠭᠡᠴᠢ ᠬᠦᠮᠦᠨ ᠶᠠᠪᠤᠭᠰᠠᠨ ᠶᠤᠮ᠃ ᠰᠠᠶᠢᠬᠠᠨ ᠴᠠᠢ᠂ ᠰᠠᠶᠢᠬᠠᠨ ᠬᠤᠭᠤᠯᠠ ᠬᠢᠪᠡᠯ ᠲᠦᠮᠡᠨ ᠤᠯᠠᠨ ᠲᠠᠢ ᠬᠤᠪᠢᠶᠠᠯᠴᠠᠶ᠎ᠠ ᠯᠡ ᠭᠡᠵᠦ ᠪᠤᠳᠤᠳᠠᠭ᠃ ᠨᠠᠮᠠᠢᠢ ︽ᠦᠷᠬᠦᠯᠵᠢ ᠬᠦᠮᠦᠨ ᠳᠤ ᠶᠠᠭᠤᠮ᠎ᠠ ᠦᠭᠴᠦ ᠪᠠᠢ᠃ ᠬᠦᠮᠦᠨ ᠤ ᠰᠠᠪᠠ ᠶᠢ ᠬᠤᠭᠤᠰᠤᠨ ᠪᠤᠦ ᠶᠠᠪᠤᠭᠤᠯ︕ ᠬᠦᠮᠦᠨ ᠳᠤ ᠶᠠᠭᠤᠮ᠎ᠠ ᠦᠭᠬᠦ ᠦᠭᠡᠢ ᠬᠦᠮᠦᠨ᠂ ᠬᠦᠮᠦᠨ ᠠᠴᠠ ᠶᠠᠭᠤᠮ᠎ᠠ ᠤᠯᠳᠠᠭ ᠦᠭᠡᠢ ᠶᠤᠮ᠃ ᠬᠦᠮᠦᠨ ᠠᠴᠠ ᠶᠠᠭᠤᠮ᠎ᠠ ᠤᠯᠤᠶ᠎ᠠ ᠭᠡᠪᠡᠯ ᠬᠦᠮᠦᠨ ᠳᠤ ᠶᠠᠭᠤᠮ᠎ᠠ ᠦᠭᠴᠦ ᠪᠠᠢ︾ ᠭᠡᠵᠦ ᠲᠠᠩᠳᠠ ᠵᠠᠬᠢᠳᠠᠭ ᠪᠠᠶᠢᠯ᠎ᠠ᠃      ᠮᠢᠨᠦ ᠮᠦᠮᠦ ᠬᠦᠳᠡᠯᠮᠦᠷᠢ ᠪᠠᠷᠢᠭᠠᠳᠠ ᠶᠢᠨ ᠮᠠᠯ ᠢ ᠦᠰᠭᠡᠨ ᠦᠷᠡᠵᠢᠬᠦᠯᠬᠦ ᠶᠢᠨ ᠲᠦᠯᠦᠭᠡ ᠪᠡᠶ᠎ᠠ ᠰᠡᠳᠭᠢᠯ ᠬᠤᠶᠠᠷ ᠢᠶᠠᠨ ᠬᠠᠷᠠᠮ ᠦᠭᠡᠢ ᠵᠤᠷᠢᠭᠤᠯᠤᠭᠰᠠᠨ ᠶᠡᠭᠡ ᠬᠦᠳᠡᠯᠮᠦᠷᠢᠴᠢ ᠬᠦᠮᠦᠨ᠃ ᠬᠠᠳᠤᠯᠠᠩ ᠤᠨ ᠲᠤᠭᠤᠭ᠎ᠠ ᠪᠠᠷᠢᠬᠤ᠂ ᠰᠠᠭᠠᠯᠢᠴᠢᠨ᠂ ᠬᠤᠨᠢ ᠬᠠᠶᠢᠴᠢᠯᠠᠬᠤ᠂ ᠤᠯᠠᠨ ᠨᠡᠶᠢᠳᠡ ᠶᠢᠨ ᠠᠵᠢᠯ ᠢ ᠦᠪᠡᠷ ᠤᠨ ᠶᠤᠮ ᠰᠢᠭ ᠬᠢᠳᠡᠭ ᠪᠤᠯᠬᠤᠷ ᠪᠠᠷᠢᠭᠠᠳᠠ ᠨᠡᠶᠢᠳᠡ ᠠᠴᠠ ᠤᠯᠠᠨ ᠤᠳᠠᠭ᠎ᠠ ᠱᠠᠩᠨᠠᠯ ᠬᠦᠬᠢᠬᠦᠯᠦᠯ ᠤᠯᠵᠦ ᠪᠠᠶᠢᠭᠰᠠᠨ᠃ ᠲᠡᠭᠡᠷ᠎ᠠ ᠵᠠᠭᠤᠨ ᠤ ᠲᠠᠯᠠᠭᠠᠳ ᠤᠨ ᠳᠤ ᠬᠠᠳᠤᠯᠠᠩ ᠲᠡᠭᠡᠷ᠎ᠠ ᠠᠵᠢᠯᠯᠠᠭᠠᠳ ᠱᠠᠩᠨᠠᠭᠤᠯᠤᠭᠰᠠᠨ ᠱᠠᠩᠨᠠᠯ ᠤᠨ ᠫᠢᠯᠡ ᠨᠢ ᠤᠳᠦ ᠪᠤᠯᠳᠠᠯ᠎ᠠ ᠨᠠᠳᠠ ᠪᠤᠢ᠃      ᠮᠢᠨᠦ ᠮᠦᠮᠦ ᠦᠷᠬᠦᠯᠵᠢ᠄ ᠡᠷᠳᠡᠨᠢ ᠠᠭᠤᠯᠠ ᠶᠢᠨ ᠪᠠᠷ᠎ᠠ ᠢᠯᠡᠭᠡᠨ ᠲᠤᠳᠤᠷᠬᠠᠢ ᠬᠠᠷᠠᠭᠳᠠᠨ᠎ᠠ᠂ ᠡᠶᠢᠮᠦ ᠯᠡ ᠤᠢᠢᠷᠠᠬᠠᠨ ᠪᠠᠶᠢᠳᠠᠯ᠎ᠠ ᠡᠷᠬᠢᠵᠦ ᠯᠡ ᠢᠷᠡᠬᠦ ᠨᠢ ᠶᠠᠭᠠᠬᠢᠭ᠎ᠠ ᠪᠤᠢ ᠭᠡᠵᠦ ᠲᠠᠭᠤᠯᠠᠳᠠᠭ ᠪᠠᠶᠢᠯ᠎ᠠ᠃ ᠴᠠᠭ ᠰᠠᠶᠢᠬᠠᠨ ᠪᠤᠯᠵᠦ᠂ ᠲᠦᠷᠬᠦᠮ ᠤᠨ ᠬᠦᠮᠦᠨ ᠲᠠᠢ ᠪᠠᠨ ᠠᠭᠤᠯᠵᠠᠬᠤ ᠶᠢ ᠶᠡᠭᠡ ᠬᠦᠰᠡᠭᠰᠡᠨ ᠪᠠᠶᠢᠬ᠎ᠠ ᠳ᠋ᠠ᠃      1982 ᠤᠨ ᠤ ᠦᠶ᠎ᠠ ᠳᠤ ᠨᠤᠳᠤᠭ ᠤᠨ ᠬᠦᠮᠦᠰ ᠤᠳᠠᠢ ᠳᠤ ᠤᠴᠢᠬᠤ ᠭᠡᠵᠦ ᠪᠠᠷᠤᠭ ᠪᠠᠶᠢᠭ᠎ᠠ ᠦᠭᠡᠢ᠃ ᠮᠦᠮᠦ ᠪᠢᠳᠡᠨ ᠢ ᠲᠠᠭᠠᠭᠤᠯᠵᠦ ᠤᠳᠠᠢ ᠳᠤ ᠤᠴᠢᠵᠦ᠂ ᠦᠡᠭᠭᠡᠷᠡᠭᠰᠡᠨ ᠤᠯᠠᠨ ᠬᠦᠮᠦᠰ ᠤᠨ ᠲᠦᠯᠦᠭᠡ ᠪᠤᠶᠠᠨ ᠤ ᠢᠷᠦᠭᠡᠯ ᠠᠪᠴᠦ᠂ ᠠᠮᠢᠳᠤ ᠶᠠᠪᠤᠭ᠎ᠠ ᠬᠦᠮᠦᠰ ᠲᠡᠭᠡᠨ ᠠᠮᠢᠳᠦ ᠶᠢᠨ ᠢᠷᠦᠭᠡᠯ ᠠᠪᠴᠦ ᠢᠷᠡᠭᠰᠡᠨ ᠶᠤᠮ᠃ ᠪᠢ ᠲᠡᠷᠡ ᠦᠶ ᠎ᠠ ᠳᠤ ᠠᠮᠢᠳᠦ ᠶᠢᠨ ᠢᠷᠦᠭᠡᠯ ᠠᠪᠳᠠᠭ ᠭᠡᠳᠡᠭ ᠢ ᠰᠠᠶ᠋ᠢ ᠮᠡᠳᠡᠭᠰᠡᠨ ᠪᠢᠯᠡ᠃      ᠮᠢᠨᠦ ᠮᠦᠮᠦ ᠢᠡᠭᠬᠢᠵᠦ ᠯᠡ ᠬᠤᠮᠤᠬᠠᠢ ᠰᠢᠨᠤᠬᠠᠢ ᠰᠡᠳᠬᠢᠯ ᠢ ᠲᠠᠪᠴᠢᠵᠦ᠂ ᠠᠷᠢᠭᠤᠨ ᠰᠠᠶᠢᠬᠠᠨ ᠰᠠᠨᠠᠭ᠎ᠠ ᠶᠢ ᠡᠪᠦᠷᠯᠡᠨ ᠠᠬ᠎ᠠ ᠲᠡᠬᠦᠦ᠂ ᠠᠷᠠᠳ ᠤᠯᠠᠨ᠂ ᠠᠮᠢᠳᠠᠨ ᠵᠢᠷᠭᠤᠭᠠᠨ ᠵᠦᠢᠯ ᠤᠨ ᠲᠦᠯᠦᠭᠡ ᠵᠤᠯᠠ ᠪᠠᠷᠢᠵᠦ ᠮᠠᠨᠢ ᠲᠤᠭᠠᠯᠠᠵᠦ᠂ ᠠᠮᠤᠷ ᠠᠮᠤᠭᠤᠯᠠᠩ ᠦᠨᠢ ᠮᠦᠡᠭᠭᠡ ᠨᠦᠢᠷᠰᠤᠭᠰᠠᠨ ᠪᠤᠶᠠᠨᠳᠠᠢ ᠨᠠᠰᠤᠳᠠᠨ ᠶᠤᠮ᠃ᠲᠤᠭᠤᠯᠵᠦ ᠢᠷᠡᠭᠰᠡᠨ ᠮᠢᠨᠦ ᠠᠮᠢᠳᠤᠷᠠᠯ      ᠪᠢ 1955 ᠤᠨ ᠳᠤ ᠰᠢᠨᠡᠪᠤᠯᠠᠭ ᠰᠤᠮᠤᠨ ᠤ ᠬᠦᠳᠡᠯᠮᠦᠷᠢ ᠪᠠᠷᠢᠭᠠᠳᠠ ᠶᠢᠨ ᠬᠠᠷᠭᠠᠨ᠎ᠠ ᠬᠠᠯᠠ ᠶᠢᠨ ᠪᠠᠶᠠᠷᠳᠦ ᠶᠢᠨ ᠰᠧᠡᠭᠳᠡᠵᠠᠪ᠂ ᠭᠠᠯᠵᠤᠳ ᠬᠠᠯᠠ ᠶᠢᠨ ᠨᠠᠮᠵᠢᠯ ᠤᠨ ᠵᠢᠪᠽᠡᠮ᠎ᠠ ᠬᠤᠶᠠᠷ ᠤᠨ ᠭᠠᠭᠴᠠ ᠬᠡᠤᠬᠡᠨ ᠪᠤᠯᠵᠦ ᠵᠠᠶᠠᠭᠠᠵᠠᠢ᠃      ᠪᠢ ᠨᠠᠶᠠᠨ ᠵᠢᠯ ᠤᠨ ᠡᠮᠦᠨ᠎ᠠ ︽ᠡᠬᠦᠳᠡ ᠶᠢᠨ ᠵᠢᠷᠠᠩ ᠠᠴᠠ ᠨᠡᠬᠦᠭᠡᠳ — ᠦᠪᠡᠷ ᠤᠨ ᠢᠶᠠᠨ ᠨᠤᠳᠤᠭ ᠢᠶᠠᠨ ᠴᠢᠭᠯᠡᠬᠦᠯᠦᠶ᠎ᠠ︾ ᠭᠡᠵᠦ ᠲᠠᠭᠤᠯᠠᠭᠰᠠᠭᠠᠷ ᠡᠨᠡ ᠨᠤᠳᠤᠭ ᠲᠤ ᠬᠤᠶᠠᠳᠡᠬᠢ ᠤᠳᠠᠭ᠎ᠠ ᠪᠠᠨ ᠨᠡᠬᠦᠵᠦ ᠢᠷᠡᠵᠦ ᠨᠤᠳᠤᠭᠰᠢᠭᠰᠠᠨ ᠮᠠᠯᠴᠢᠨ ᠲᠡᠭᠡᠳᠦᠰ ᠤᠨ ᠬᠤᠶᠢᠴᠢᠰ᠂ ᠪᠠᠷᠭᠤ ᠬᠦᠮᠦᠨ ᠪᠢᠯᠡ᠃      ᠮᠢᠨᠦ ᠠᠪᠤ ᠨᠠᠮᠬᠠᠨ ᠪᠡᠶ᠎ᠠ ᠲᠠᠢ᠂ ᠨᠠᠷᠠ ᠰᠠᠯᠬᠢ ᠰᠢᠩᠭᠡᠭᠰᠡᠨ ᠪᠤᠷᠦ ᠤᠯᠠᠭᠠᠨ ᠴᠢᠷᠠᠢ ᠲᠠᠢ ᠬᠦᠮᠦᠨ᠃ ᠠᠶᠢᠯ ᠬᠦᠷᠰᠢ᠂ ᠠᠬ᠎ᠠ ᠲᠡᠬᠦᠦ᠂ ᠰᠠᠳᠤᠨ ᠲᠦᠷᠦᠯ ᠢᠶᠠᠨ ᠮᠠᠯ ᠲᠠᠢ᠂ ᠬᠦᠮᠦᠨ ᠲᠠᠢ ᠨᠢ ᠬᠠᠷᠠᠵᠦ ᠬᠠᠪᠰᠤᠷᠴᠦ ᠬᠠᠮᠢᠶᠠᠷᠴᠦ ᠶᠠᠪᠤᠳᠠᠭ᠂ ᠬᠠᠮᠳᠤᠴᠢ ᠦᠵᠡᠯ ᠲᠠᠢ᠂ ᠬᠠᠰᠢᠷ ᠮᠠᠯᠴᠢᠨ᠂ ᠨᠤᠳᠤᠭᠴᠢᠨ᠂ ᠬᠦᠳᠡᠯᠮᠦᠷᠢ ᠶᠢᠨ ᠵᠢᠱᠢᠶᠡᠴᠢ᠂ ᠠᠷᠠᠳ ᠤᠨ ᠲᠦᠯᠦᠭᠡᠯᠡᠭᠴᠢ᠂ ᠬᠦᠷᠦᠩᠭᠡ ᠬᠦᠴᠦ ᠬᠤᠶᠠᠷ ᠢᠶᠠᠨ ᠪᠠᠷᠢᠭᠠᠳᠠ ᠳᠤ ᠵᠤᠷᠢᠭᠤᠯᠤᠭᠰᠠᠨ ᠮᠠᠯᠴᠢᠨ ᠬᠦᠮᠦᠨ ᠶᠤᠮ᠃ ︽ᠰᠤᠶᠤᠯ ᠤᠨ ᠶᠡᠭᠡ ᠬᠤᠪᠢᠰᠬᠠᠯ︾ ᠪᠤᠯᠵᠦ ᠨᠠᠰᠤᠯᠠᠵᠦ ᠴᠢᠳᠠᠭᠰᠠᠨ ᠦᠭᠡᠢ᠂ 54 ᠨᠠᠰᠤᠨ ᠳᠠᠭᠠᠨ ᠨᠢᠭᠡ ᠰᠦᠨᠢ ᠲᠡᠮᠡᠴᠡᠬᠦᠯᠵᠦ ᠶᠠᠪᠤᠭᠠᠳ ᠪᠤᠴᠠᠵᠦ ᠢᠷᠡᠭᠰᠡᠨ ᠦᠭᠡᠢ᠃ ᠪᠢ ᠠᠪᠤ ᠳᠠᠭᠠᠨ ᠲᠡᠩᠳᠡᠬᠦᠦ ᠡᠷᠭᠡ ᠬᠡᠤᠬᠡᠳ ᠪᠠᠶᠢᠵᠠᠢ᠃ ᠠᠪᠤ ᠪᠠᠨ ᠠᠯᠳᠠᠭᠠᠳ ᠰᠡᠳᠬᠢᠯ ᠤᠨ ᠶᠡᠭᠡ ᠰᠢᠷᠬ᠎ᠠ ᠤᠯᠤᠭᠰᠠᠨ ᠬᠦᠮᠦᠨ ᠪᠠᠶᠢᠵᠠᠢ᠃ ᠦᠷᠭᠡᠨ ᠲᠦᠮᠡᠨ ᠤ ᠦᠷᠦᠭᠡᠯ ᠨᠢ ᠡᠷᠬᠦᠮᠡᠯ ᠦᠨᠦᠴᠢᠨ ᠬᠤᠶᠠᠷ ᠪᠠᠶᠢᠳᠠᠭᠴᠢᠯᠠᠨ ᠮᠢᠨᠦ ᠠᠪᠤ᠂ ᠠᠪᠠᠭ᠎ᠠ ᠶᠢᠨ ᠳᠠᠭᠠᠨ ᠡᠷᠬᠦᠬᠦᠯᠦᠭᠰᠡᠨ ᠬᠡᠤᠬᠡᠳ ᠶᠤᠮ᠃       ᠮᠢᠨᠦ ᠠᠪᠤ ᠶᠢ ᠲᠡᠵᠢᠭᠡᠭᠰᠡᠨ ᠡᠵᠢ ᠨᠢ ᠰᠧᠪᠡᠭ ᠭᠡᠵᠦ ᠬᠠᠯᠠ ᠦᠵᠡᠵᠦ᠂ ᠬᠠᠯᠠᠭᠤᠨ ᠴᠢᠯᠠᠭᠤ ᠲᠤᠯᠢᠶᠠᠭᠰᠠᠨ ᠬᠦᠮᠦᠨ ᠶᠤᠮ᠃ ᠬᠦᠮᠦᠨ ᠤ ᠦᠪᠡᠷ ᠤᠨ ᠢᠯᠭᠠᠭ᠎ᠠ ᠦᠭᠡᠢ ᠵᠠᠩᠨᠠᠵᠦ ᠵᠠᠩᠳᠤᠷᠴᠦ ᠵᠢᠭᠠᠪᠤᠷᠢᠯᠠᠵᠦ ᠶᠠᠪᠤᠳᠠᠭ ᠰᠠᠶᠢᠬᠠᠨ ᠰᠡᠳᠬᠢᠯ ᠲᠠᠢ ᠨᠠᠰᠤᠳᠠᠨ ᠪᠠᠶᠢᠯ᠎ᠠ᠃ ᠦᠭᠡ ᠶᠢᠨ ᠡᠮᠦᠨ᠎ᠠ ᠵᠠᠪᠠᠯ ᠵᠦᠢᠷ ᠰᠡᠴᠡᠨ ᠦᠭᠡ᠂ ᠬᠤᠯᠪᠤᠭ᠎ᠠ ᠬᠤᠷᠰᠢᠶ᠎ᠠ ᠦᠭᠡ ᠬᠡᠷᠡᠭᠯᠡᠳᠡᠭ᠃ ᠵᠢᠱᠢᠶᠡᠯᠡᠪᠡᠯ᠂ ︽ᠪᠤᠶᠢᠷ ᠤᠨ ᠲᠡᠷᠭᠡᠳᠡ ᠤᠰᠦ ᠪᠠᠷ ᠲᠤᠳᠠᠵᠦ᠂ ᠪᠦᠭᠡᠰᠢᠷᠢ ᠶᠢᠨ ᠠᠳᠤᠭᠤᠨ ᠤ ᠲᠡᠷᠭᠡᠳᠡ ᠠᠷᠭᠠᠯ ᠢᠶᠠᠷ ᠲᠤᠳᠠᠨ᠎ᠠ ᠭᠡᠳᠡᠭ ᠮᠠᠨ ᠤ ᠳᠤ ᠢᠷᠡᠬᠦ ᠨᠢ ᠡ︾ ᠭᠡᠵᠦ ᠡᠵᠢ ᠳᠤ ᠰᠤᠨᠤᠰᠬᠠᠨ᠎ᠠ᠃ ᠡᠨᠡ ᠪᠤᠯ ᠤᠰᠦ ᠠᠷᠭᠠᠯ ᠪᠠᠭ᠎ᠠ ᠪᠤᠯᠤᠭᠰᠠᠨ ᠢ ᠮᠡᠳᠡᠭᠡᠯᠡᠵᠦ ᠪᠠᠶᠢᠭ᠎ᠠ ᠭᠡᠷᠡᠭ᠃      ᠮᠠᠨ ᠤ ᠬᠢ ᠢᠵᠢᠢ ᠮᠡᠳᠡᠯ ᠲᠠᠢ ᠠᠶᠢᠯ ᠪᠤᠯᠤᠨ᠎ᠠ᠃ ᠦᠷ ᠤᠨ ᠤᠨᠤᠨ ᠬᠡᠭᠡ ᠪᠠᠷ ᠪᠤᠰᠴᠦ᠂ ᠦᠳᠡᠰᠢ ᠶᠢᠨ ᠪᠦᠷᠦᠢ ᠲᠠᠰᠤᠷᠠᠳᠠᠯ᠎ᠠ ᠭᠡᠷ ᠲᠤ ᠤᠷᠤᠬᠤ ᠬᠦᠮᠦᠨ ᠦᠭᠡᠢ᠃ ᠢᠳᠡᠭᠡ ᠬᠤᠭᠤᠯᠠ ᠭᠡᠳᠡᠭ ᠢ ᠤᠷᠤᠢ ᠪᠦᠬᠦᠳᠡᠭᠡᠷ ᠴᠤᠭᠯᠠᠪᠠᠯ ᠰᠠᠶ᠋ᠢ ᠢᠳᠡᠨ᠎ᠠ᠃ ᠤᠷᠤᠢ ᠶᠢᠨ ᠠᠵᠢᠯ ᠲᠠᠭᠤᠰᠤᠮᠠᠭᠴᠠ ᠢᠵᠢᠢ ᠨᠠᠳᠠ ᠦᠯᠢᠭᠡᠷ ᠶᠠᠷᠢᠵᠦ᠂ ᠤᠨᠢᠰᠤᠭ᠎ᠠ ᠲᠠᠭᠠᠯᠭᠠᠵᠦ᠂ ᠱᠠᠭᠠᠢ ᠬᠠᠷᠪᠤᠭᠤᠯᠵᠦ᠂ ᠲᠠᠭ᠎ᠠ ᠪᠠᠷᠢᠭᠤᠯᠤᠨ᠎ᠠ᠃ ᠲᠡᠷᠡ ᠡᠷᠢᠨ ᠤ ᠬᠡᠤᠬᠡᠳ ᠢᠡᠭᠬᠢᠭᠡᠳ ᠯᠡ ᠢᠵᠢᠢ ᠡᠪᠦᠭᠡ ᠶᠢᠨ ᠰᠤᠷᠭᠠᠯ ᠢᠶᠠᠷ ᠴᠡᠭᠡᠵᠢᠯᠡᠬᠦ ᠴᠢᠳᠠᠪᠦᠷᠢ ᠲᠠᠢ᠂ ᠲᠤᠭᠠᠨ ᠤ ᠤᠬᠠᠭᠠᠨ ᠢ ᠪᠦᠷᠢᠳᠦᠬᠦᠯᠳᠡᠭ ᠪᠠᠶᠢᠵᠠᠢ᠃      ᠨᠠᠮᠠᠢᠢ ᠪᠠᠷᠤᠭ 4 — 5 ᠨᠠᠰᠤᠳᠠᠢ ᠳᠤ ᠭᠠᠷ ᠢ ᠨᠢ ᠨᠤᠭᠤᠷᠠᠭᠤᠯᠤᠨ᠎ᠠ ᠭᠡᠳ ᠴᠠᠭᠠᠨ ᠰᠠᠷ᠎ᠠ ᠶᠢᠨ ᠰᠢᠨ᠎ᠠ ᠶᠢᠨ ᠭᠤᠷᠪᠠᠨ ᠤ ᠡᠳᠦᠷ ᠲᠤ ᠰᠢᠯᠪᠢ ᠡᠮᠭᠡᠷᠢᠳᠦᠬᠦᠯᠵᠦ ᠤᠶᠤᠳᠠᠯ ᠡᠬᠢᠯᠡᠬᠦᠯᠦᠭᠰᠡᠨ ᠶᠤᠮ᠃ ᠭᠠᠯ ᠲᠦᠯᠡᠵᠦ ᠰᠤᠷᠤᠭᠰᠠᠨ ᠴᠦ ᠡᠷᠳᠡᠮ᠂ ᠭᠠᠳᠠᠰᠦ ᠰᠢᠭᠠᠵᠦ ᠰᠤᠷᠤᠭᠰᠠᠨ ᠴᠦ ᠡᠷᠳᠡᠮ ᠭᠡᠳ ᠨᠠᠳᠠ ᠪᠠᠷ ᠶᠠᠭᠤ ᠶᠢ ᠴᠦ ᠬᠢᠯᠭᠡᠳᠡᠭ ᠪᠠᠶᠢᠯ᠎ᠠ᠃ ︽ᠬᠦᠮᠦᠨ ᠪᠤᠯᠬᠤ ᠪᠠᠭ᠎ᠠ ᠠᠴᠠ᠂ ᠬᠦᠯᠦᠭ ᠪᠤᠯᠬᠤ ᠤᠨᠠᠭᠠᠨ ᠠᠴᠠ︾ ᠭᠡᠳ ᠪᠠᠷᠤᠭ ᠭᠠᠷᠭᠠᠭᠤᠯ ︵ᠦᠨᠡᠰᠦᠨ ᠤ ᠰᠠᠪᠠ︶ ᠲᠠᠭᠠᠭᠠᠬᠤ ᠦᠭᠡᠢ ᠪᠠᠶᠢᠬᠤ ᠳᠤ ᠦᠨᠡᠰᠦ ᠬᠤᠭ ᠬᠠᠶᠠᠭᠤᠯᠵᠦ᠂ ᠦᠨᠢᠶ᠎ᠠ ᠲᠤᠭᠤᠯ ᠢᠪᠢᠯᠭᠡᠬᠦᠯᠵᠦ᠂ ᠬᠤᠨᠢ ᠬᠤᠷᠠᠭ᠎ᠠ ᠪᠤᠴᠠᠭᠠᠯᠭᠠᠨ᠎ᠠ᠃ ᠡᠷᠳᠡ ᠶᠢᠨ ᠴᠠᠭᠠᠨ ᠰᠢᠬᠦᠳᠡᠷᠢ ᠳᠤ ᠬᠦᠯ ᠨᠢᠴᠦᠬᠦᠨ ᠬᠦᠶᠦᠯᠭᠡᠵᠦ᠂ ᠦᠨᠢᠶᠡᠨ ᠤ ᠬᠠᠯᠠᠭᠤᠨ ᠰᠢᠭᠡᠰᠦᠨ ᠳᠤ ᠬᠦᠯ ᠢᠶᠠᠨ ᠲᠤᠯᠠᠭᠠᠴᠠᠵᠦ ᠨᠢᠭᠡ ᠵᠢᠷᠭᠠᠨ᠎ᠠ᠃ ᠠᠪᠤ ᠡᠵᠢ ᠬᠤᠶᠠᠷ ᠨᠠᠮᠠᠢᠢ ᠦᠷᠦᠪᠳᠦᠵᠦ ᠬᠠᠶᠢᠷᠠᠯᠠᠪᠠᠯ ︽ᠬᠠᠶᠢᠷ᠎ᠠ ᠨᠢ ᠲᠤᠳᠤᠷ᠎ᠠ ᠪᠠᠨ᠂ ᠬᠠᠶᠢᠭ ᠨᠢ ᠭᠠᠳᠠᠨ᠎ᠠ ᠪᠠᠨ︾ ᠭᠡᠵᠦ ᠵᠠᠩᠨᠠᠨ᠎ᠠ᠃        ᠮᠢᠨᠦ ᠢᠵᠢᠢ ᠭᠡᠨ ᠳᠤ ᠴᠦ ᠬᠠᠮᠢᠭ᠎ᠠ ᠦᠭᠡᠢ ︽ᠤᠷᠤᠭᠤᠳᠠᠬᠤ ᠳᠤ ᠤᠨᠳᠠᠵᠦ ᠢᠳᠡᠬᠦ ᠬᠤᠶᠠᠷ᠂ ᠦᠭᠡᠳᠡᠯᠡᠬᠦ ᠳᠤ ᠰᠠᠨᠠᠬᠤ ᠰᠡᠷᠡᠬᠦ ᠬᠤᠶᠠᠷ᠂ ᠤᠨᠳᠠᠵᠦ ᠢᠳᠡᠬᠦ ᠪᠠᠨ ᠬᠠᠰᠤᠵᠦ᠂ ᠠᠭᠤᠷᠯᠠᠵᠦ ᠪᠠᠴᠢᠮᠳᠠᠬᠤ ᠪᠠᠨ ᠲᠠᠪᠴᠢᠵᠦ᠂ ᠠᠭᠤᠴᠢᠯᠠᠵᠦ ᠪᠠᠭᠳᠠᠭᠠᠬᠤ ᠶᠢ ᠬᠢᠴᠢᠶᠡ︾ ᠭᠡᠵᠦ ᠵᠠᠬᠢᠵᠦ ᠯᠡ ᠰᠠᠭᠤᠳᠠᠭ ᠨᠢ ᠤᠳᠦ ᠪᠤᠳᠤᠬᠤ ᠳᠤ ᠬᠦᠮᠦᠨ ᠰᠢᠭ ᠬᠦᠮᠦᠨ ᠶᠠᠪᠤᠬᠤ ᠶᠢᠨ ᠨᠠᠷᠢᠨ ᠤᠬᠠᠭᠠᠨ ᠢ ᠵᠢᠭᠠᠵᠦ ᠪᠠᠶᠢᠭᠰᠠᠨ ᠶᠤᠮ ᠪᠠᠶᠢᠵᠠᠢ ᠳ᠋ᠠ᠃ ︽ᠬᠦᠮᠦᠨ ᠤ ᠪᠤᠶᠠᠨ ᠵᠠᠶᠠᠭ᠎ᠠ ᠭᠡᠳᠡᠭ ᠢ ᠬᠦᠷᠦᠩᠭᠡ ᠮᠦᠡᠭᠬᠦ ᠪᠠᠷ ᠢᠯᠭᠠᠳᠠᠭ ᠦᠭᠡᠢ ᠶᠤᠮ᠃ ᠤᠳᠠᠰᠤᠨ ᠤ ᠴᠢᠨᠡᠭᠡᠨ ᠤᠯᠠᠭᠠᠨ ᠠᠮᠢ ᠲᠠᠰᠤᠷᠠᠬᠤ ᠳᠤ ᠢᠯᠭᠠᠷᠠᠳᠠᠭ ᠶᠤᠮ︾ ᠭᠡᠬᠦ ᠳᠤ ᠪᠢ ᠶᠡᠭᠡ ᠭᠠᠶᠢᠬᠠᠵᠦ᠂ ᠦᠬᠦᠬᠦ ᠳᠤ ᠶᠠᠭᠤᠨ ᠦᠭᠡᠷ᠎ᠠ ᠪᠠᠶᠢᠳᠠᠭ ᠶᠤᠮ ᠭᠡᠵᠦ ᠪᠤᠳᠤᠭᠳᠠᠳᠠᠭ ᠪᠠᠶᠢᠯ᠎ᠠ᠃      ᠮᠢᠨᠦ ᠢᠵᠢᠢ 80 ᠨᠠᠰᠤᠯᠠᠵᠦ᠂ ᠡᠪᠡᠳᠬᠦ ᠵᠤᠪᠠᠭ᠋ᠤ ᠵᠦᠢᠯ ᠦᠭᠡᠢ᠂ ᠤᠬᠠᠭᠠᠨ ᠰᠠᠨᠠᠭ᠎ᠠ ᠰᠠᠷᠠᠭᠤᠯ ᠭᠡᠪ ᠲᠡᠭᠡᠨ ᠵᠠᠬᠢᠶ᠎ᠠ ᠵᠢᠭᠠᠪᠤᠷᠢ ᠪᠠᠨ ᠪᠠᠭᠤᠯᠭᠠᠭᠰᠠᠭᠠᠷ ᠪᠠᠶᠢᠵᠦ᠂ ᠯᠠᠮᠠ ᠬᠦᠦ ᠪᠠᠷ ᠢᠶᠠᠨ ᠲᠡᠪᠡᠷᠢᠬᠦᠯᠵᠦ᠂ ᠮᠢᠨᠦ ᠭᠠᠷ ᠠᠴᠠ ᠱᠦᠯᠦ ᠤᠤᠭᠤᠵᠦ ᠪᠠᠶᠢᠭᠠᠳ ᠰᠠᠵᠢᠴᠢᠬᠠᠭᠰᠠᠨ ᠬᠦᠮᠦᠨ ᠳ᠋ᠠ᠃ ᠡᠬᠦᠨ ᠢ ᠯᠡ ᠪᠤᠶᠠᠨ ᠲᠠᠢ ᠬᠦᠮᠦᠨ ᠭᠡᠵᠦ ᠬᠡᠯᠡᠳᠡᠭ ᠶᠤᠮ ᠪᠠᠶᠢᠨ᠎ᠠ ᠭᠡᠵᠦ ᠪᠢ ᠪᠤᠳᠤᠯ᠎ᠠ᠃ ᠬᠦᠮᠦᠨ ᠰᠠᠶᠢᠬᠠᠨ ᠰᠡᠳᠬᠢᠯ ᠲᠠᠢ᠂ ᠬᠠᠷ᠎ᠠ ᠮᠠᠭᠤ ᠰᠠᠨᠠᠭ᠎ᠠ᠂ ᠬᠤᠪᠳᠤᠭ ᠰᠢᠨᠤᠬᠠᠢ ᠵᠠᠩ ᠦᠭᠡᠢ᠂ ᠪᠠᠭ᠎ᠠ ᠢᠳᠡᠵᠦ ᠪᠠᠭ᠎ᠠ ᠤᠨᠳᠠᠵᠦ᠂ ᠶᠡᠭᠡ ᠬᠦᠳᠡᠯᠮᠦᠷᠢᠯᠡᠵᠦ ᠯᠡ ᠶᠠᠪᠤᠪᠠᠯ ᠡᠨᠡ ᠬᠦ ᠶᠡᠭᠡ ᠪᠤᠶᠠᠨ ᠢ ᠡᠳ᠋ᠯᠡᠳᠡᠭ ᠪᠠᠶᠢᠬ᠎ᠠ ᠳ᠋ᠠ᠃      ᠪᠢ ᠨᠢᠭᠡ ᠯᠡ ᠠᠬ᠎ᠠ ᠲᠠᠢ᠃ ᡀᠠᠮᠤᠵᠠᠪ ᠭᠡᠳᠡᠭ ᠪᠠᠭ᠎ᠠ ᠰᠤᠷᠭᠠᠭᠤᠯᠢ ᠶᠢᠨ ᠰᠤᠶᠤᠯ ᠲᠠᠢ ᠪᠤᠯᠪᠠᠴᠦ ᠶᠡᠭᠡ ᠰᠤᠷᠭᠠᠭᠤᠯᠢ ᠲᠡᠬᠦᠰᠦᠭᠰᠡᠨ ᠨᠠᠳᠠ ᠠᠴᠠ ᠬᠤᠯᠠ ᠢᠯᠡᠬᠦᠦ ᠦᠷᠭᠡᠨ ᠮᠡᠳᠡᠯᠭᠡ᠂ ᠤᠯᠠᠨ ᠴᠢᠳᠠᠪᠦᠷᠢ ᠲᠠᠢ ᠬᠦᠮᠦᠨ ᠪᠠᠶᠢᠵᠠᠢ᠃ ᠮᠤᠩᠭᠤᠯ ᠦᠰᠦᠭ ᠪᠤᠷᠤᠭᠤ ᠪᠢᠴᠢᠳᠡᠭ ᠦᠭᠡᠢ᠂ ᠭᠤᠶᠤ ᠪᠢᠴᠢᠯᠭᠡ ᠲᠠᠢ᠂ ᠬᠢᠳᠠᠳ ᠮᠤᠩᠭᠤᠯ ᠢᠶᠠᠷ ᠡᠳᠦᠷ ᠤᠨ ᠲᠡᠮᠳᠡᠭᠯᠡᠯ ᠬᠢᠳᠡᠭ᠃ ᠯᠢᠮᠪᠤ᠂ ᠠᠮᠠᠨ ᠬᠤᠭᠤᠷ ᠦᠯᠢᠶᠡᠵᠦ ᠲᠤᠭᠯᠠᠳᠠᠭ ᠮᠦᠷᠳᠡᠭᠡᠨ ᠨᠤᠮ ᠶᠡᠭᠡ ᠤᠡᠭᠰᠢᠨ᠎ᠠ᠃ ᠠᠬ᠎ᠠ ᠶᠢᠨ ᠤᠡᠭᠰᠢᠳᠠᠭ ︽ᠡᠬᠦᠯᠡᠨ ᠪᠤᠷᠦ︾ ᠨᠤᠮ ᠤᠳᠦ ᠴᠦ ᠮᠢᠨᠦ ᠨᠢᠳᠦᠨ ᠳᠤ ᠲᠤᠳᠤᠬᠠᠨ᠂ ᠴᠡᠭᠡᠵᠢᠨ ᠳᠤ ᠢᠯᠡᠭᠡᠨ ᠪᠠᠶᠢᠭᠰᠠᠭᠠᠷ᠃ ᠮᠤᠷᠢᠨ ᠳᠤ ᠬᠠᠶᠢᠷᠠᠳᠠᠢ᠂ ᠮᠠᠯ ᠳᠤ ᠨᠢᠳᠦᠳᠠᠢ᠂ ᠤᠯᠠᠨ ᠰᠠᠶᠢᠬᠠᠨ ᠮᠤᠷᠢ ᠲᠠᠷᠯᠠᠭᠤᠯᠵᠦ᠂ ᠬᠠᠯᠬ᠎ᠠ ᠳᠤ ᠤᠷᠭᠤᠬᠤ ᠭᠡᠵᠦ ᠪᠠᠶᠢᠨ᠎ᠠ ᠭᠡᠵᠦ ᠪᠠᠷᠢᠪᠴᠢᠯᠠᠭᠳᠠᠵᠦ ᠰᠤᠮᠤᠨ ᠤ ᠲᠦᠪ ᠲᠤ ᠬᠤᠷᠢᠵᠠᠢ᠃ ᠲᠡᠮᠡᠴᠡᠵᠦ ᠰᠢᠬᠦᠬᠦ ᠳᠤ᠄ ︽ᠪᠢ ᠦᠨᠦᠴᠢᠨ ᠲᠡᠬᠦᠦ᠂ ᠡᠭᠡ ᠬᠤᠶᠠᠷ ᠢᠶᠠᠨ ᠤᠷᠬᠢᠭᠠᠳ ᠶᠠᠭᠤ ᠶᠢ ᠪᠠᠳᠡᠷᠢᠵᠦ ᠬᠠᠯᠬ᠎ᠠ ᠳᠤ ᠤᠴᠢᠬᠤ ᠪᠤᠢ ᠳ᠋ᠠ︾ ᠭᠡᠰᠡᠨ ᠭᠡᠳᠡᠭ᠃ ᠪᠢ ᠠᠬ᠎ᠠ ᠠᠴᠠ ᠪᠠᠨ ᠶᠡᠭᠡ ᠠᠶᠤᠳᠠᠭ᠃ ᠠᠬ᠎ᠠ ᠶᠢ ᠲᠠᠭᠠᠭᠠᠳ ᠠᠵᠢᠯ ᠬᠢᠬᠦ ᠳᠤ ᠬᠠᠭᠤᠷᠮᠠᠭ ᠲᠤᠳᠠᠭᠤ ᠬᠢᠵᠦ ᠪᠤᠯᠬᠤ ᠦᠭᠡᠢ᠃ ᠵᠠᠯᠬᠠᠭᠤᠷᠠᠵᠦ ᠨᠤᠵᠤᠭᠤᠷᠠᠵᠦ ᠵᠤᠭᠰᠤᠵᠦ ᠪᠤᠯᠬᠤ ᠦᠭᠡᠢ᠂ ᠠᠬ᠎ᠠ ᠶᠢᠨ ᠲᠡᠷᠭᠡᠳᠡ ᠤᠯᠠᠨ ᠵᠦᠢᠯ ᠢ ᠬᠢᠴᠢᠶᠡᠳᠡᠭ ᠪᠠᠶᠢᠵᠠᠢ᠃ ᠪᠢ ᠡᠶᠢᠮᠦ ᠪᠤᠶᠠᠨ ᠲᠠᠢ ᠲᠡᠭᠡᠳᠦᠬᠦᠯᠡ ᠲᠠᠢ᠂ ᠭᠡᠷ ᠤᠨ ᠰᠤᠷᠭᠠᠯ ᠲᠠᠢ ᠠᠶᠢᠯ ᠤᠨ ᠬᠤᠶᠢᠮᠤᠷ ᠲᠤ ᠬᠠᠷᠢᠶᠠᠯ ᠤᠨ ᠮᠠᠭᠤᠬᠠᠢ ᠲᠠᠭᠤᠨ ᠢ ᠰᠤᠨᠤᠰᠴᠦ ᠦᠵᠡᠭᠡ ᠦᠭᠡᠢ᠂ ᠢᠷᠦᠭᠡᠯ ᠤᠨ ᠰᠠᠶᠢᠬᠠᠨ ᠦᠭᠡ ᠶᠢᠨ ᠲᠤᠮᠳᠠ ᠦᠰᠦᠭᠰᠡᠨ ᠬᠡᠤᠬᠡᠳ᠃ 9 ᠨᠠᠰᠤᠳᠠᠢ ᠱᠠᠩᠳᠠ ᠶᠢᠨ ᠰᠤᠷᠭᠠᠭᠤᠯᠢ ᠳᠤ ᠤᠷᠤᠵᠦ᠂ ᠰᠤᠶᠤᠯ ᠤᠨ ᠠᠮᠢᠳᠤᠷᠠᠯ ᠢᠶᠠᠨ ᠡᠬᠢᠯᠡᠭᠰᠡᠨ ᠶᠤᠮ᠃       ᠪᠢ ᠪᠠᠭ᠎ᠠ ᠪᠠᠯᠴᠢᠷ ᠨᠠᠰᠤᠨ ᠳᠠᠭᠠᠨ ᠭᠡᠷ ᠲᠦᠬᠦᠷᠡᠩ ᠲᠤᠮᠤᠴᠤᠳ ᠤᠨ ᠲᠤᠮᠳᠠ ᠲᠠᠯ᠎ᠠ ᠪᠦᠷᠢ ᠠᠴᠠ ᠪᠠᠨ ᠬᠠᠶᠢᠷᠠᠯᠠᠭᠳᠠᠵᠦ᠂ ᠪᠦᠬᠦ ᠨᠠᠰᠤᠨ ᠤ ᠪᠠᠨ ᠵᠢᠷᠭᠠᠯ ᠢ 12 ᠵᠢᠯ ᠤᠨ ᠲᠤᠳᠤᠷ᠎ᠠ ᠪᠦᠬᠦᠨ ᠢ ᠡᠳ᠋ᠯᠡᠭᠰᠡᠨ ᠬᠦᠮᠦᠨ ᠶᠤᠮ ᠳ᠋ᠠ᠃ ᠪᠢ 12 ᠨᠠᠰᠤᠳᠠᠢ ᠳᠠᠭᠠᠨ ᠠᠪᠤ ᠪᠠᠨ ᠠᠯᠳᠠᠵᠦ᠂ 13 ᠨᠠᠰᠤᠨ ᠳᠠᠭᠠᠨ ᠠᠬ᠎ᠠ ᠠᠴᠠ ᠪᠠᠨ ᠰᠠᠯᠤᠭᠰᠠᠨ ᠶᠤᠮ᠃ ᠲᠡᠷᠡ ᠦᠶ᠎ᠠ ᠳᠤ ᠶᠢᠷᠳᠢᠨᠴᠦ ᠲᠡᠯᠡᠭᠡᠢ ᠳᠤ ᠠᠮᠢᠳᠦ ᠶᠠᠪᠤᠬᠤ ᠶᠢᠨ ᠵᠠᠮ ᠦᠭᠡᠢ ᠪᠤᠯᠤᠭᠰᠠᠨ ᠪᠤᠯᠪᠠᠴᠦ ᠡᠮᠡᠭᠡ ᠢᠵᠢᠢ᠂ ᠡᠵᠢ ᠬᠤᠶᠠᠷ ᠢᠶᠠᠨ ᠬᠠᠷᠠᠬᠤ ᠪᠠᠷ ᠪᠢ ᠲᠤᠮᠦ ᠬᠦᠮᠦᠨ ᠰᠢᠭ ᠪᠤᠯᠵᠦ᠂ ᠡᠷᠦᠭᠡ ᠪᠠᠨ ᠲᠤᠯᠵᠦ ᠬᠤᠶᠠᠷ ᠨᠠᠰᠤᠳᠠᠨ ᠢᠶᠠᠨ ᠲᠦᠰᠢᠵᠦ ᠪᠤᠳᠤᠯ ᠤᠷᠤᠭᠰᠠᠨ ᠶᠤᠮ᠃ ᠬᠦᠮᠦᠨ ᠦᠨᠦᠴᠢᠷᠡᠪᠡᠯ ᠨᠢᠭᠡ ᠤᠬᠠᠭᠠᠨ ᠤᠷᠤᠵᠦ᠂ ᠡᠪᠡᠳᠪᠡᠯ ᠬᠤᠶᠠᠷ ᠤᠬᠠᠭᠠᠨ ᠰᠠᠭᠤᠵᠦ᠂ ᠦᠭᠡᠶᠢᠷᠡᠪᠡᠯ ᠭᠤᠷᠪᠠᠨ ᠤᠬᠠᠭᠠᠨ ᠨᠡᠮᠡᠭᠳᠡᠳᠡᠭ ᠪᠠᠶᠢᠬ᠎ᠠ ᠭᠡᠵᠦ ᠪᠢ ᠪᠤᠳᠤᠳᠠᠭ ᠶᠤᠮ᠃      ᠭᠡᠷ ᠲᠤ ᠡᠶᠢᠮᠦ ᠶᠡᠭᠡ ᠭᠠᠰᠢᠭᠤᠨ ᠠᠮᠳᠠᠭᠳᠠᠬᠤ ᠳᠤ ᠭᠠᠳᠠᠭ᠎ᠠ ︽ᠰᠤᠶᠤᠯ ᠤᠨ ᠶᠡᠭᠡ ᠬᠤᠪᠢᠰᠬᠠᠯ︾ ᠤᠨ ᠰᠢᠭᠤᠷᠭ᠎ᠠ ᠪᠤᠯᠵᠦ᠂ ᠤᠯᠠᠨ ᠬᠡᠤᠬᠡᠳ ᠰᠤᠷᠭᠠᠭᠤᠯᠢ ᠠᠴᠠ ᠪᠠᠭᠤᠵᠦ ᠮᠠᠯᠴᠢᠨ ᠪᠤᠯᠵᠠᠢ᠃ ᠮᠢᠨᠦ ᠢᠵᠢᠢ᠂ ᠡᠵᠢ ᠬᠤᠶᠠᠷ ᠬᠤᠯᠠ ᠶᠢᠨ ᠪᠤᠳᠤᠯ ᠲᠠᠢ᠂ ᠠᠭᠤᠵᠢᠮ ᠤᠬᠠᠭᠠᠨ ᠲᠠᠢ ᠬᠦᠮᠦᠰ ᠪᠤᠯᠬᠤᠷ ᠨᠠᠮᠠᠢᠢ ᠰᠤᠷᠭᠠᠭᠤᠯᠢ ᠠᠴᠠ ᠪᠠᠭᠤᠯᠭᠠᠭᠰᠠᠨ ᠦᠭᠡᠢ᠂ ᠬᠠᠶᠢᠯᠠᠷ ᠲᠠᠬᠢ ᠨᠢᠭᠡᠳᠦᠭᠡᠷ ᠲᠤᠮᠳᠠᠳᠦ ᠰᠤᠷᠭᠠᠭᠤᠯᠢ ᠳᠤ ᠶᠠᠪᠤᠭᠤᠯᠤᠭᠰᠠᠨ ᠪᠢᠯᠡ᠃ ᠮᠢᠨᠦ ᠡᠵᠢ ᠦᠷᠬᠦᠯᠵᠢ ︽ᠮᠢᠨᠦ ᠭᠠᠭᠴᠠ ᠦᠬᠢᠨ ᠰᠤᠷᠭᠠᠭᠤᠯᠢ ᠰᠤᠷᠳᠠᠯ ᠳᠤ ᠶᠠᠪᠤᠵᠦ ᠤᠯᠠᠨ ᠬᠠᠮᠳᠦ ᠰᠤᠷᠤᠭᠴᠢ ᠲᠠᠢ ᠪᠤᠯᠤᠭ ᠳ᠋ᠠ︾ ᠭᠡᠳᠡᠭ ᠪᠠᠶᠢᠭᠰᠠᠨ ᠶᠤᠮ᠃ ᠪᠢ ᠢᠡᠭᠬᠢᠭᠡᠳ ᠡᠵᠢ ᠶᠢᠨ ᠢᠶᠠᠨ ᠶᠡᠭᠡ ᠵᠤᠷᠢᠭ ᠲᠤ ᠲᠦᠯᠬᠢᠭᠳᠡᠨ ᠠᠪᠠᠭ᠎ᠠ ᠴᠡᠷᠡᠨᠳᠤᠷᠵᠢ᠂ ᠠᠪᠠᠭ᠎ᠠ ᠪᠡᠷᠭᠡᠨ ᡀᠠᠪᠤᠭᠵᠠᠪ ᠤᠨ ᠬᠠᠪᠰᠤᠷᠤᠯᠭ᠎ᠠ ᠪᠠᠷ ᠠᠩᠬ᠎ᠠ ᠲᠤᠮᠳᠠᠳᠦ᠂ ᠦᠨᠳᠦᠷ ᠵᠡᠷᠭᠡ ᠶᠢᠨ ᠲᠤᠮᠳᠠᠳᠦ ᠰᠤᠷᠭᠠᠭᠤᠯᠢ᠂ ᠲᠤᠰᠬᠠᠢ ᠮᠡᠷᠭᠡᠵᠢᠯ ᠤᠨ ᠪᠠᠭᠰᠢ ᠶᠢᠨ ᠰᠤᠷᠭᠠᠭᠤᠯᠢ᠂ ᠶᠡᠭᠡ ᠰᠤᠷᠭᠠᠭᠤᠯᠢ ᠵᠡᠷᠭᠡ ᠶᠢ ᠲᠡᠰ ᠲᠠᠷᠠᠭ᠎ᠠ ᠪᠠᠷ ᠲᠡᠬᠦᠰᠴᠦ᠂ 33 ᠵᠢᠯ ᠠᠮᠵᠢᠯᠳᠠ ᠲᠠᠢ ᠠᠵᠢᠯᠯᠠᠭᠠᠳ ᠠᠮᠠᠷᠠᠯᠳᠠ ᠪᠠᠨ ᠠᠪᠤᠭᠰᠠᠨ ᠪᠠᠭᠰᠢ ᠶᠤᠮ ᠳ᠋ᠠ᠃        ᠪᠢᠳᠡᠨ ᠤ ᠵᠠᠯᠠᠭᠤ ᠳᠤ ᠲᠤᠮᠳᠠᠳᠦ ᠰᠤᠷᠭᠠᠭᠤᠯᠢ ᠪᠠᠨ ᠲᠡᠬᠦᠰᠭᠡᠪᠡᠯ ᠵᠠᠪᠠᠯ ᠮᠠᠯᠴᠢᠨ ᠲᠠᠷᠢᠶᠠᠴᠢᠨ ᠤ ᠲᠠᠬᠢᠨ ᠰᠤᠷᠭᠠᠨ ᠬᠦᠮᠦᠵᠢᠯ ᠢ ᠬᠦᠷᠳᠡᠨ᠎ᠠ ᠭᠡᠵᠦ ᠬᠤᠶᠠᠷ ᠵᠢᠯ ᠠᠴᠠ ᠲᠡᠭᠡᠭᠰᠢ ᠪᠠᠷᠢᠭᠠᠳᠠ ᠳᠤ ᠠᠵᠢᠯᠯᠠᠵᠦ᠂ ᠤᠯᠠᠨ ᠲᠦᠮᠡᠨ ᠤ ᠬᠢᠨᠠᠯᠳᠠ ᠰᠤᠩᠭᠤᠯᠳᠠ ᠪᠠᠷ ᠰᠤᠷᠭᠠᠭᠤᠯᠢ ᠳᠤ ᠶᠠᠪᠤᠳᠠᠭ ᠪᠠᠶᠢᠯ᠎ᠠ᠃ ᠪᠢ 1973 ᠤᠨ ᠳᠤ ᠬᠦᠳᠡᠯᠮᠦᠷᠢ ᠪᠠᠷᠢᠭᠠᠳᠠ ᠳᠠᠭᠠᠨ ᠢᠷᠡᠵᠦ᠂ ᠪᠠᠷᠢᠭᠠᠳᠠ ᠶᠢᠨ ᠰᠤᠷᠭᠠᠭᠤᠯᠢ ᠶᠢ ᠪᠠᠶᠢᠭᠤᠯᠵᠦ ᠠᠷᠪᠠᠭᠠᠳ ᠰᠤᠷᠤᠭᠴᠢ ᠲᠠᠢ ᠬᠢᠴᠢᠶᠡᠯᠯᠡᠵᠦ ᠪᠠᠶᠢᠵᠠᠢ᠃ ᠮᠢᠨᠦ ᠵᠠᠷᠢᠮ ᠰᠤᠷᠤᠭᠴᠢ ᠲᠠᠬᠢᠨ ᠰᠤᠷᠭᠠᠭᠤᠯᠢ ᠳᠤ ᠶᠠᠪᠤᠭᠰᠠᠨ ᠦᠭᠡᠢ᠂ ︽ᠰᠤᠶᠤᠯ ᠤᠨ ᠬᠡᠮᠵᠢᠶ᠎ᠠ︖︾ ᠭᠡᠵᠦ ᠠᠰᠠᠭᠤᠬᠤ ᠳᠤ ︽ᠲᠠ᠊ ᠪᠠᠭᠰᠢ ᠶᠢᠨ ᠰᠤᠷᠤᠭᠴᠢ᠂ ᠭᠤᠤᠯ ᠤᠨ ᠰᠤᠷᠭᠠᠭᠤᠯᠢ ᠲᠡᠬᠦᠰᠦᠭᠰᠡᠨ︾ ᠭᠡᠵᠦ ᠬᠡᠯᠡᠭᠰᠡᠨ ᠢᠨᠢᠶᠡᠳᠦᠮ ᠪᠤᠢ᠃      ᠪᠢ ᠪᠠᠷᠢᠭᠠᠳᠠ ᠳᠤ ᠬᠤᠶᠠᠷ ᠵᠢᠯ ᠪᠠᠶᠢᠬᠤ ᠳᠠᠭᠠᠨ ᠤᠯᠠᠨ ᠠᠵᠢᠯ ᠢ ᠲᠠᠪᠬᠤᠷ ᠬᠢᠳᠡᠭ ᠪᠠᠶᠢᠵᠠᠢ᠃ ᠲᠡᠷᠡ ᠦᠶ᠎ᠠ ᠳᠤ ︽ᠲᠡᠮᠦᠷ ᠬᠡᠤᠬᠡᠨᠴᠤᠳ︾ ᠤᠨ ᠲᠤᠭᠤᠢᠢᠯᠠᠩ ᠭᠡᠵᠦ ᠠᠩᠬ᠎ᠠ ᠪᠠᠶᠢᠭᠤᠯᠬᠤ ᠳᠤ ᠪᠢ ᠲᠤᠭᠤᠢᠢᠯᠠᠩ ᠤᠨ ᠲᠠᠷᠤᠭ᠎ᠠ ᠪᠤᠯᠵᠦ᠂ ᠰᠢᠪᠡᠷ ᠰᠢᠷᠤᠢ ᠶᠢᠨ ᠠᠵᠢᠯ᠂ ᠡᠪᠡᠰᠦᠨ ᠬᠦᠷᠢᠶ᠎ᠠ ᠮᠠᠯᠳᠠᠬᠤ᠂ ᠬᠠᠳᠤᠯᠠᠩ ᠪᠤᠷᠳᠤᠭᠠᠨ ᠳᠤ ᠭᠠᠷᠬᠤ᠂ ᠲᠠᠭᠤᠤ ᠪᠦᠵᠢᠭ ᠪᠤᠯᠪᠠᠰᠤᠷᠠᠬᠤ᠂ ᠲᠤᠭᠯᠠᠯᠳᠠ ᠭᠠᠷᠭᠠᠬᠤ᠂ ᠲᠤᠭᠯᠠᠯᠳᠠ ᠶᠢᠨ ᠬᠤᠪᠴᠠᠰᠦ ᠬᠤᠨᠠᠷ ᠢ ᠦᠪᠡᠷ ᠢᠶᠠᠨ ᠬᠢᠵᠦ ᠲᠤᠬᠢᠷᠠᠭᠤᠯᠬᠤ ᠂ ᠳ᠋ᠠᠵᠠᠢ ᠠᠴᠠ ᠰᠤᠷᠤᠯᠴᠠᠬᠤ᠂ ᠡᠪ ᠬᠠᠮᠳᠦ ᠵᠠᠯᠠᠭᠤᠴᠤᠳ ᠤᠨ ᠡᠪᠯᠡᠯ ᠤᠨ ᠬᠦᠳᠡᠯᠭᠡᠭᠡᠨ ᠢ ᠬᠢᠬᠦ ᠮᠡᠳᠦ ᠲᠤᠬᠠᠢ ᠶᠢᠨ ᠦᠶ᠎ᠠ ᠶᠢᠨ ᠤᠯᠤᠰ ᠲᠦᠷᠦ ᠶᠢᠨ ᠬᠦᠳᠡᠯᠭᠡᠭᠡᠨ ᠂ ᠤᠯᠠᠨ ᠨᠡᠶᠢᠳᠡ ᠶᠢᠨ ᠠᠵᠢᠯ ᠪᠦᠬᠦᠨ ᠳᠤ ᠢᠳᠡᠪᠬᠢᠳᠠᠢ ᠤᠷᠤᠯᠴᠠᠵᠦ᠂ ᠡᠷᠦᠭᠡ ᠶᠢᠨ ᠴᠡᠷᠢᠭ ᠤᠨ ᠪᠤᠯᠪᠠᠰᠤᠷᠠᠯ ᠳᠤ ᠮᠠᠰᠢ ᠱᠠᠯᠠᠮᠠᠭᠠᠢ ᠪᠠᠶᠢᠵᠦ᠂ ᠮᠤᠷᠢᠳᠠᠢ ᠫᠤᠤᠳᠠᠬᠤ ᠂ ᠮᠤᠷᠢᠳᠠᠢ ᠰᠡᠯᠡᠮ᠎ᠠ ᠴᠠᠪᠴᠢᠬᠤ ᠮᠡᠳᠦ ᠶᠢᠨ ᠪᠤᠯᠪᠠᠰᠤᠷᠠᠯ ᠳᠤ ᠤᠷᠦ᠋ᠢᠯᠠᠵᠦ ᠰᠢᠯᠢᠳᠡᠭ ᠡᠷᠦᠭᠡ ᠶᠢᠨ ᠴᠡᠷᠢᠭ ᠤᠨ ᠱᠠᠩᠨᠠᠯ ᠬᠦᠷᠳᠡᠵᠦ᠂ ᠰᠢᠯᠢᠳᠡᠭ ᠡᠪ ᠬᠠᠮᠳᠦ ᠵᠠᠯᠠᠭᠤᠴᠤᠳ ᠤᠨ ᠡᠪᠯᠡᠯ ᠤᠨ ᠭᠡᠰᠢᠬᠦᠨ ᠵᠡᠷᠭᠡ ᠵᠤᠷᠢᠭᠵᠢᠭᠤᠯᠤᠯ ᠱᠠᠩᠨᠠᠯ ᠢ ᠤᠯᠠᠨ ᠤᠯᠤᠭᠰᠠᠨ ᠠᠴᠠ ᠬᠤᠶᠠᠷ ᠵᠢᠯ ᠪᠤᠯᠤᠮᠠᠭᠴᠠ ᠪᠠᠭᠰᠢ ᠶᠢᠨ ᠰᠤᠷᠭᠠᠭᠤᠯᠢ ᠳᠤ ᠶᠠᠪᠤᠭᠰᠠᠨ ᠶᠤᠮ᠃     ᠲᠡᠷᠡ ᠦᠶ᠎ᠠ ᠳᠤ ᠪᠠᠰᠠ ᠨᠤᠳᠤᠭ ᠤᠨ ᠡᠮᠴᠢ ᠭᠡᠵᠦ ᠪᠠᠷᠢᠭᠠᠳᠠ ᠪᠤᠯᠭᠠᠨ ᠳᠤ ᠨᠢᠭᠡ ᠡᠮᠴᠢ ᠲᠠᠢ ᠪᠤᠯᠤᠭᠰᠠᠨ ᠶᠤᠮ᠃ ᠪᠢ ᠬᠦᠳᠡᠯᠮᠦᠷᠢ ᠪᠠᠷᠢᠭᠠᠳᠠ ᠶᠢᠨ ᠡᠮᠴᠢ ᠪᠠᠶᠢᠯ᠎ᠠ᠃ ᠲᠡᠬᠦᠨ ᠢ ︽ᠬᠦᠯ ᠨᠢᠴᠦᠬᠦᠨ ᠡᠮᠴᠢ︾ ᠭᠡᠳᠡᠭ᠃ ᠡᠨᠡ ᠨᠢ ᠠᠭᠤᠯᠠᠨ ᠭᠠᠵᠠᠷ ᠲᠠᠷᠢᠶᠠᠯᠠᠩ ᠤᠷᠤᠨ ᠤ ᠡᠮᠴᠢ ᠨᠠᠷ ᠶᠠᠪᠠᠭᠠᠨ ᠡᠮᠴᠢᠯᠡᠵᠦ ᠶᠠᠪᠤᠭᠰᠠᠭᠠᠷ ᠪᠠᠶᠢᠭᠠᠳ ᠱᠠᠬᠠᠢ ᠨᠢ ᠴᠤᠭᠤᠷᠠᠵᠦ ᠬᠦᠯ ᠨᠢᠴᠦᠬᠦᠨ ᠶᠠᠪᠤᠭᠰᠠᠨ ᠠᠴᠠ ᠲᠡᠶᠢᠮᠦ ᠨᠡᠷ᠎ᠠ ᠲᠠᠢ ᠪᠤᠯᠤᠭᠰᠠᠨ ᠭᠡᠳᠡᠭ᠃ ᠮᠠᠨ ᠳᠤ ᠨᠤᠳᠤᠭ ᠲᠤ ᠬᠠᠷᠢᠨ ᠮᠤᠷᠢᠳᠠᠢ ᠶᠠᠪᠤᠳᠠᠭ ᠪᠠᠶᠢᠯ᠎ᠠ᠃ ᠪᠢ ᠡᠮᠨᠡᠯᠭᠡ ᠶᠢᠨ ᠪᠤᠭᠴᠦ ᠡᠬᠦᠷᠴᠦ ᠠᠶᠢᠯ ᠠᠶᠢᠯ ᠢᠶᠠᠷ ᠶᠠᠪᠤᠵᠦ᠂ ᠬᠡᠤᠬᠡᠳ ᠬᠦᠭᠰᠢᠳ ᠲᠤ ᠵᠡᠬᠦᠦ ᠬᠠᠳᠬᠤᠵᠦ᠂ ᠡᠮ ᠦᠭᠴᠦ ᠶᠠᠪᠤᠳᠠᠭ ᠪᠠᠶᠢᠯ᠎ᠠ᠃ ᠪᠢ ᠪᠠᠭ᠎ᠠ ᠠᠴᠠ ᠪᠠᠨ ᠵᠤᠷᠢᠭ ᠲᠠᠢ᠂ ᠶᠠᠭᠤ ᠶᠢ ᠴᠦ ᠬᠢᠵᠦ ᠴᠢᠳᠠᠨ᠎ᠠ ᠭᠡᠳᠡᠭ ᠢᠳᠡᠭᠡᠯ ᠲᠠᠢ᠂ ᠪᠡᠶ᠎ᠠ ᠪᠠᠨ ᠭᠤᠯᠤᠬᠤ ᠦᠭᠡᠢ᠂ ᠮᠡᠳᠡᠭᠡᠨ ᠬᠡᠤᠬᠡᠳ ᠪᠠᠶᠢᠵᠠᠢ᠃ ᠰᠤᠮᠤᠨ ᠤ ᠡᠮᠨᠡᠯᠭᠡ ᠳᠤ ᠭᠤᠷᠪᠠᠨ ᠰᠠᠷ᠎ᠠ ᠰᠤᠷᠤᠯᠴᠠᠭᠠᠳ ᠯᠡ ᠡᠮᠴᠢ ᠪᠤᠯᠤᠭᠠᠳ ᠶᠠᠪᠤᠨ᠎ᠠ ᠭᠡᠳᠡᠭ ᠤᠳᠦ ᠪᠤᠳᠤᠬᠤ ᠳᠤ ᠠᠶᠢᠳᠠᠰ ᠬᠦᠷᠦᠮᠡᠷ᠃ ᠲᠡᠷᠡ ᠦᠶ᠎ᠠ ᠶᠢᠨ ᠡᠮ ᠤᠨ ᠴᠢᠨᠠᠷ ᠰᠠᠶᠢᠨ᠂ ᠬᠦᠮᠦᠨ ᠨᠢ ᠬᠦᠳᠡᠷ ᠪᠠᠶᠢᠭᠰᠠᠨ ᠴᠦ ᠶᠤᠮ ᠤᠤ᠂ ᠪᠤᠦ ᠮᠡᠳᠡ᠃ ᠡᠮᠴᠢ ᠬᠡᠳ ᠯᠡ ᠡᠷᠳᠡ ᠤᠷᠤᠢ ᠦᠭᠡᠢ ᠬᠦᠶᠦᠳᠡᠭ ᠪᠠᠶᠢᠯ᠎ᠠ᠃      ᠮᠢᠨᠦ ᠠᠪᠤ ᠶᠢᠨ ᠠᠪᠠᠭ᠎ᠠ ᠴᠤᠭᠳᠦ ᠵᠠᠩᠬᠢ ᠭᠡᠵᠦ ᠮᠤᠩᠭᠤᠯ᠂ ᠮᠠᠨᠵᠦ ᠰᠤᠶᠤᠯ ᠲᠠᠢ ᠬᠦᠮᠦᠨ ᠪᠠᠶᠢᠭᠰᠠᠨ᠃ ᠭᠤᠷᠪᠠᠨ ᠦᠶ᠎ᠠ ᠪᠠᠷ ᠢᠶᠠᠨ ᠨᠤᠮ ᠤᠡᠭᠰᠢᠳᠠᠭ ᠠᠶᠢᠯ ᠪᠠᠶᠢᠪᠠ᠃ ᠮᠢᠨᠦ ᠠᠬ᠎ᠠ ᠨᠤᠮ ᠶᠡᠭᠡ ᠦᠵᠡᠨ᠎ᠠ᠃ ᠲᠡᠷᠡ ᠨᠦᠯᠦᠭᠡᠨ ᠠᠴᠠ ᠪᠢ ᠨᠤᠮ ᠤᠡᠭᠰᠢᠵᠦ᠂ ᠬᠦᠮᠦᠰ ᠲᠤ ᠶᠠᠷᠢᠬᠤ ᠲᠤᠷᠠᠳᠠᠢ᠂ ᠰᠢᠯᠦᠭ ᠵᠤᠬᠢᠶᠠᠯ ᠳᠤ ᠤᠢᠢᠷᠬᠠᠨ ᠪᠤᠯᠤᠭᠰᠠᠨ ᠪᠠᠶᠢᠬ᠎ᠠ᠃ 2002 ᠤᠨ ᠳᠤ ᠰᠢᠨ᠎ᠠ ᠪᠠᠷᠭᠤ ᠵᠡᠬᠦᠨ ᠬᠤᠰᠢᠭᠤᠨ ᠤ ᠠᠩᠬᠠᠳᠤᠭᠠᠷ ᠤᠳᠠᠭᠠᠨ ᠤ ︽ᠠᠯᠳᠠᠨ ᠲᠤᠯᠭ᠎ᠠ︾ ᠰᠢᠯᠦᠭ ᠤᠨ ᠤᠷᠠᠨ ᠤᠡᠭᠰᠢᠯᠭ᠎ᠠ ᠶᠢᠨ ᠤᠷᠤᠯᠳᠤᠭᠠᠨ ᠳᠤ ︽ᠰᠠᠴᠤᠯᠢ︾ ᠰᠢᠯᠦᠭ ᠢᠶᠠᠷ ᠢᠶᠠᠨ ᠲᠡᠳ᠋ᠯᠡᠭᠰᠡᠨ ᠶᠤᠮ᠃ 1997 ᠤᠨ ᠳᠤ ︽ᠬᠡᠤᠬᠡᠳ ᠤᠨ ᠴᠡᠴᠡᠷᠯᠢᠭ ᠤᠨ ᠰᠤᠷᠭᠠᠨ ᠬᠦᠮᠦᠵᠢᠯ ᠤᠨ ᠦᠢᠯᠡᠳᠦᠯ ᠤᠨ ᠲᠤᠬᠠᠢ ᠦᠬᠦᠯᠡᠬᠦ ᠨᠢ︾ ᠭᠡᠳᠡᠭ ᠦᠬᠦᠯᠡᠯ ᠢᠶᠠᠨ ᠡᠷᠳᠡᠮ ᠰᠢᠨᠵᠢᠯᠡᠭᠡᠨ ᠤ ᠰᠡᠳᠬᠦᠯ ᠳᠤ ᠨᠡᠶᠢᠳᠡᠯᠡᠬᠦᠯᠵᠦ ᠨᠢᠭᠡᠳᠦᠭᠡᠷ ᠲᠡᠰ ᠤᠨ ᠦᠬᠦᠯᠡᠯ ᠤᠨ ᠱᠠᠩᠨᠠᠯ ᠢ ᠭᠠᠷᠳᠠᠵᠠᠢ᠃ 2007 ᠤᠨ ᠳᠤ ︽ᠡᠳ᠋ ᠮᠦᠡᠭᠭᠡ᠂ ᠡᠵᠡᠨ ᠬᠡᠪᠡᠷᠡᠭ︾ ᠨᠠᠶᠢᠷᠠᠭᠤᠯᠤᠯ ᠢᠶᠠᠷ ᠢᠶᠠᠨ ᠭᠤᠷᠪᠠᠳᠤᠭᠠᠷ ᠤᠳᠠᠭᠠᠨ ᠤ ︽ᠪᠤᠶᠢᠷ ᠬᠦᠯᠦᠨ︾ ᠨᠡᠷᠡᠮᠵᠢᠳᠦ ᠦᠬᠦᠯᠡᠯᠭᠡ ᠨᠠᠶᠢᠷᠠᠭᠤᠯᠤᠯ ᠤᠨ ᠤᠷᠤᠯᠳᠤᠭᠠᠨ ᠳᠤ ᠬᠤᠶᠠᠳᠤᠭᠠᠷ ᠲᠡᠰ ᠤᠨ ᠱᠠᠩᠨᠠᠯ ᠭᠠᠷᠳᠠᠭᠰᠠᠨ ᠪᠢᠯᠡ᠃       ᠬᠦᠮᠦᠨ ᠤ ᠪᠠᠭ᠎ᠠ ᠨᠠᠰᠤᠨ ᠳᠤ ᠭᠡᠷ ᠤᠨ ᠬᠦᠮᠦᠨ ᠤ ᠨᠦᠯᠦᠭᠡ ᠭᠡᠳᠡᠭ ᠶᠡᠭᠡ ᠰᠠᠭᠤᠭᠳᠠᠯ ᠦᠯᠡᠳᠡᠭᠡᠳᠡᠭ ᠶᠤᠮ᠃ ᠮᠢᠨᠦ ᠠᠬ᠎ᠠ ᠦᠪᠡᠷ ᠢᠶᠠᠨ ᠨᠤᠮᠦ ᠰᠤᠮᠦ ᠬᠢᠵᠦ᠂ ᠢᠰᠡᠭᠡᠢ ᠪᠠᠷ ᠲᠦᠡᠭᠬᠦ ᠬᠢᠭᠡᠳ ᠬᠠᠷᠪᠤᠳᠠᠭ ᠪᠠᠶᠢᠯ᠎ᠠ᠃ ᠲᠡᠭᠡᠭᠡᠳ ᠪᠢ ᠨᠤᠮᠦ ᠰᠤᠮᠦ ᠭᠡᠳᠡᠭ ᠢ ᠪᠠᠭ᠎ᠠ ᠨᠠᠰᠤᠨ ᠳᠠᠭᠠᠨ ᠬᠠᠷᠠᠵᠦ᠂ ᠶᠡᠭᠡ ᠲᠤᠷᠠᠳᠠᠢ ᠬᠠᠶᠢᠷᠠᠳᠠᠢ ᠰᠢᠬ ᠰᠠᠨᠠᠭᠳᠠᠳᠠᠭ ᠪᠠᠶᠢᠯ᠎ᠠ᠃ 2004 ᠤᠨ ᠳᠤ ᠰᠢᠨ᠎ᠠ ᠪᠠᠷᠭᠤᠴᠤᠳ ᠬᠦᠯᠦᠨ ᠪᠤᠶᠢᠷ ᠲᠤ ᠨᠡᠬᠦᠵᠦ ᠢᠷᠡᠭᠰᠡᠨ 270 ᠵᠢᠯ ᠤᠨ ᠤᠢ ᠶᠢ ᠪᠡᠯᠭᠡᠯᠡᠬᠦ ᠰᠤᠷ ᠬᠠᠷᠪᠤᠯᠭ᠎ᠠ ᠶᠢᠨ ᠤᠷᠤᠯᠳᠤᠭᠠᠨ ᠳᠤ ᠠᠩᠬ᠎ᠠ ᠬᠠᠷᠪᠤᠵᠦ ᠵᠢᠷᠭᠤᠳᠤᠭᠠᠷ ᠨᠡᠷᠡᠰ ᠲᠤ ᠤᠷᠤᠵᠦ ᠱᠠᠩᠨᠠᠯ ᠭᠠᠷᠳᠠᠭᠰᠠᠨ ᠤᠳᠠᠭ᠎ᠠ ᠲᠠᠢ᠃ 2009 ᠤᠨ ᠳᠤ ᠰᠢᠨ᠎ᠠ ᠲᠤᠮᠳᠠᠳᠦ ᠤᠯᠤᠰ ᠪᠠᠶᠢᠭᠤᠯᠤᠭᠳᠠᠭᠰᠠᠨ 60 ᠵᠢᠯ ᠤᠨ ᠤᠢ ᠶᠢ ᠪᠡᠯᠭᠡᠯᠡᠬᠦ ᠰᠤᠷ ᠬᠠᠷᠪᠤᠯᠭ᠎ᠠ ᠶᠢᠨ ᠤᠷᠤᠯᠳᠤᠭᠠᠨ ᠳᠤ ᠪᠠᠷᠢᠮᠵᠢᠶᠠᠳᠦ ᠫᠠᠢ ᠬᠠᠷᠪᠤᠯᠭ᠎ᠠ ᠳᠤ ᠡᠮᠡᠭᠳᠠᠢ ᠲᠤᠭᠤᠢᠢᠯᠠᠩ ᠳᠤ ᠨᠢᠭᠡᠳᠦᠭᠡᠷ ᠲᠤ ᠲᠤᠳᠤᠷᠠᠵᠦ᠂ 500 ᠲᠦᠬᠦᠷᠢᠭ ᠢᠶᠠᠷ ᠱᠠᠩᠨᠠᠭᠳᠠᠵᠠᠢ᠃ ᠰᠢᠨ᠎ᠠ ᠪᠠᠷᠭᠤ ᠵᠡᠬᠦᠨ ᠬᠤᠰᠢᠭᠤᠨ ᠤ ᠰᠤᠷ ᠬᠠᠷᠪᠤᠯᠭ᠎ᠠ ᠶᠢᠨ ᠨᠡᠶᠢᠭᠡᠮᠯᠢᠭ ᠠᠩᠬ᠎ᠠ ᠪᠠᠶᠢᠭᠤᠯᠤᠭᠳᠠᠬᠤ ᠳᠤ ᠬᠤᠶᠠᠷᠬᠠᠨ ᠡᠮᠡᠭᠳᠠᠢ ᠭᠡᠰᠢᠬᠦᠨ ᠲᠠᠢ ᠪᠠᠶᠢᠭᠰᠠᠨ ᠤ ᠨᠢᠭᠡ ᠨᠢ ᠪᠤᠯᠤᠭᠰᠠᠨ ᠶᠤᠮ᠃     ᠤᠳᠦ ᠪᠢ ᠴᠢᠯᠦᠭᠡ ᠵᠠᠪ ᠲᠠᠭᠠᠨ ᠨᠤᠮ ᠰᠡᠳᠬᠦᠯ ᠦᠵᠡᠬᠦ ᠶᠢᠨ ᠬᠠᠮᠳᠦ ᠪᠠᠭ᠎ᠠ ᠰᠠᠭ᠎ᠠ ᠲᠠᠭᠤᠤ ᠶᠢᠨ ᠦᠭᠡ ᠪᠢᠴᠢᠵᠦ ᠰᠠᠭᠤᠳᠠᠭ ᠶᠤᠮ᠃ ᠲᠦᠪ ᠤᠨ ᠤᠯᠠᠨ ᠤᠯᠤᠰ ᠤᠨ ᠷᠠᠳᠢᠣ᠋ ᠨᠡᠪᠳᠡᠷᠡᠬᠦᠯᠭᠡ ᠶᠢᠨ ᠮᠤᠩᠭᠤᠯ ᠬᠡᠤᠬᠡᠳ ᠤᠨ ᠲᠠᠭᠤᠤ ᠶᠢᠨ ᠦᠭᠡ ᠠᠶᠠᠯᠭᠤ ᠶᠢᠨ ᠤᠷᠤᠯᠳᠤᠭᠠᠨ ᠳᠤ ᠮᠢᠨᠦ ᠪᠢᠴᠢᠭᠰᠠᠨ ︽ᠢᠨᠵᠠᠭ᠎ᠠ︾᠂ ︽ᠢᠰᠢᠭᠡ︾᠂ ︽ᠴᠡᠴᠡᠷᠯᠢᠭ ᠲᠡᠭᠡᠨ ᠶᠠᠪᠤᠨ᠎ᠠ︾ ᠵᠡᠷᠭᠡ ᠭᠤᠷᠪᠠᠨ ᠲᠠᠭᠤᠤ ᠶᠢᠨ ᠦᠭᠡ ᠨᠢᠭᠡᠳᠦᠭᠡᠷ ᠲᠡᠰ ᠲᠤ ᠤᠷᠤᠵᠦ 1200 ᠲᠦᠬᠦᠷᠢᠭ ᠢᠶᠠᠷ ᠱᠠᠩᠨᠠᠭᠤᠯᠵᠠᠢ᠃ ︽ᠨᠠᠭᠠᠳᠤᠶ᠎ᠠ᠂ ᠲᠤᠭᠯᠠᠶ᠎ᠠ︾ ᠭᠡᠳᠡᠭ ᠲᠠᠭᠤᠤ ᠶᠢᠨ ᠦᠭᠡᠨ ᠳᠤ ᠤᠷᠳᠤᠨᠠᠰᠤᠨ ᠠᠶᠠᠯᠭᠤ ᠵᠤᠬᠢᠶᠠᠵᠦ᠂ ᠶᠡᠭᠡ ᠬᠦᠭᠡᠷᠦᠬᠦᠨ ᠬᠡᠤᠬᠡᠳ ᠤᠨ ᠲᠠᠭᠤᠤ ᠪᠤᠯᠵᠠᠢ᠃ ᠲᠤᠰ ᠲᠠᠭᠤᠤ ᠪᠠᠷ ᠢᠶᠠᠨ ᠱᠠᠩᠨᠠᠯ ᠭᠠᠷᠳᠠᠭᠰᠠᠨ ᠴᠦ ᠪᠤᠢ᠃ ︽ᠲᠤᠯᠤᠭᠠᠨ ᠴᠠᠭᠠᠨ ᠢᠮᠠᠭ᠎ᠠ︾᠂ ︽ᠰᠠᠨᠠᠭᠤ ᠶᠢᠨ ᠲᠠᠪᠢᠯᠠᠩ ᠲᠠᠢ ᠵᠠᠶᠠᠭ᠎ᠠ︾᠂ ︽ᠮᠤᠩᠭᠤᠯ ᠡᠮᠴᠢᠯᠡᠭᠡ︾ ᠵᠡᠷᠭᠡ ᠲᠠᠭᠤᠤ ᠶᠢᠨ ᠦᠭᠡᠨ ᠳᠤ ᠠᠶᠠᠯᠭᠤ ᠲᠠᠭᠠᠷᠠᠭᠤᠯᠵᠦ ᠲᠠᠭᠤᠯᠠᠭᠳᠠᠵᠠᠢ᠃       ᠪᠢ ᠪᠠᠭ᠎ᠠ ᠨᠠᠰᠤᠨ ᠳᠠᠭᠠᠨ ᠤᠶᠤᠳᠠᠯ ᠰᠤᠷᠤᠭᠰᠠᠨ ᠪᠤᠯᠬᠤᠷ ᠤᠶᠤᠳᠠᠯ ᠳᠤ ᠪᠠᠬ᠎ᠠ ᠲᠠᠢ᠃ ᠮᠦᠨᠴᠦ ᠮᠠᠨ ᠤ ᠵᠠᠯᠠᠭᠤ ᠦᠶ᠎ᠠ ᠳᠤ ᠪᠦᠰᠡᠬᠦᠢ ᠬᠦᠮᠦᠨ᠂ ᠬᠦᠮᠦᠨ ᠳᠤ ᠤᠶᠤᠳᠠᠯ ᠢᠶᠠᠨ ᠪᠠᠷᠢᠵᠦ ᠤᠴᠢᠬᠤ ᠰᠢᠬ ᠰᠢᠪᠰᠢᠭ ᠭᠡᠵᠦ ᠦᠭᠡᠢ ᠭᠡᠵᠦ ᠦᠵᠡᠳᠡᠭ᠃ ᠪᠦᠰᠡᠬᠦᠢ ᠬᠦᠮᠦᠨ ᠤᠷᠠᠨ ᠪᠠᠶᠢᠬᠤ ᠶᠤᠰᠤᠳᠠᠢ᠃ ᠤᠷᠠᠨ ᠪᠢᠰᠢ ᠴᠦ ᠭᠡᠰᠡᠨ ᠦᠪᠡᠷ ᠤᠨ ᠬᠢ ᠪᠠᠨ ᠦᠪᠡᠷ ᠢᠶᠠᠨ ᠤᠶᠤᠬᠤ ᠵᠢᠷᠤᠮ ᠲᠠᠢ ᠪᠠᠶᠢᠳᠠᠭ᠃ ᠡᠶᠢᠮᠦ ᠠᠴᠠ ᠮᠠᠨ ᠤ ᠨᠠᠰᠤᠨ ᠤ ᠡᠮᠡᠭᠳᠡᠶᠢᠴᠤᠳ ᠪᠦᠷᠢ ᠤᠷᠠᠨ ᠪᠠᠶᠢᠳᠠᠭ᠃ 1988 ᠤᠨ ᠳᠤ ᠪᠢ ᠶᠡᠭᠡ ᠰᠤᠷᠭᠠᠭᠤᠯᠢ ᠳᠤ ᠰᠤᠷᠤᠯᠴᠠᠵᠦ᠂ ᠴᠢᠯᠦᠭᠡᠨ ᠳᠡᠭᠡᠨ ᠪᠠᠷᠠᠭ᠎ᠠ ᠤᠷᠤᠭᠤᠯᠵᠦ ᠭᠡᠷ ᠬᠦᠯᠦᠰᠦᠯᠡᠭᠡᠳ᠂ ᠨᠠᠭᠠᠴᠦ ᠡᠭᠡᠴᠢ ᠲᠠᠢ ᠪᠠᠨ ᠤᠶᠤᠳᠠᠯ ᠤᠶᠤᠵᠦ ᠪᠠᠶᠢᠭᠰᠠᠨ ᠶᠤᠮ᠃ ᠲᠡᠷᠡ ᠦᠶ᠎ᠠ ᠳᠤ ᠬᠦᠯᠦᠨ ᠪᠤᠶᠢᠷ ᠠᠶᠢᠮᠠᠭ ᠤᠨ ᠠᠩᠬᠠᠳᠤᠭᠠᠷ ᠤᠳᠠᠭᠠᠨ ᠤ ᠬᠤᠪᠴᠠᠰᠦ ᠵᠠᠰᠠᠯ ᠤᠨ ᠤᠷᠤᠯᠳᠤᠭᠠᠨ ᠬᠠᠶᠢᠯᠠᠷ ᠲᠤ ᠬᠢᠬᠦ ᠳᠤ ᠮᠢᠨᠦ ᠤᠶᠤᠭᠰᠠᠨ ᠰᠢᠨ᠎ᠠ ᠮᠠᠶ᠋ᠢᠭ ᠤᠨ ᠬᠦᠷᠡᠩ ᠯᠢᠶᠤᠤᠽᠠᠨ ᠲᠡᠪᠡᠯ ᠨᠢᠭᠡᠳᠦᠭᠡᠷ ᠲᠡᠰ ᠤᠨ ᠱᠠᠩᠨᠠᠯ ᠢ ᠬᠦᠷᠳᠡᠵᠦ ᠪᠠᠶᠢᠪᠠ᠃ 1990 ᠤᠨ ᠳᠤ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠳᠤ ᠡᠯ᠎ᠠ ᠦᠨᠳᠦᠰᠦᠳᠡᠨ ᠤ ᠬᠤᠪᠴᠠᠰᠦ ᠵᠠᠰᠠᠯ ᠤᠨ ᠤᠷᠤᠯᠳᠤᠭᠠᠨ ᠳᠤ ᠮᠢᠨᠦ ᠤᠶᠤᠭᠰᠠᠨ ᠯᠢᠶᠤᠤᠽᠠᠨ ᠲᠡᠪᠡᠯ ᠮᠦᠨ ᠨᠢᠭᠡᠳᠦᠭᠡᠷ ᠲᠡᠰ ᠤᠨ ᠱᠠᠩᠨᠠᠯ ᠤᠯᠵᠠᠢ᠃ 1990 ᠭᠡᠳ ᠤᠨ ᠳᠤ ᠬᠡᠤᠬᠡᠳ ᠤᠨ ᠴᠡᠴᠡᠷᠯᠢᠭ ᠲᠤ ᠠᠵᠢᠯᠯᠠᠵᠦ ᠪᠠᠶᠢᠬᠤ ᠳᠠᠭᠠᠨ ᠬᠡᠤᠬᠡᠳ ᠤᠨ ᠤᠷᠠᠯᠢᠭ ᠤᠨ ᠬᠤᠪᠴᠠᠰᠦ ᠬᠤᠨᠠᠷ ᠢ ᠠᠵᠢᠯ ᠤᠨ ᠴᠢᠯᠦᠭᠡᠨ ᠳᠡᠭᠡᠨ ᠤᠶᠤᠳᠠᠭ ᠪᠠᠶᠢᠯ᠎ᠠ᠃ ᠡᠨᠡ ᠪᠤᠯ ᠪᠦᠷ ᠦᠪᠡᠷ ᠤᠨ ᠲᠤᠷ ᠎ᠠ ᠪᠠᠬ᠎ᠠ ᠠᠴᠠ ᠪᠠᠨ ᠪᠤᠯᠵᠦ᠂ ᠰᠠᠶᠢᠨ ᠲᠤᠷ᠎ᠠ ᠶᠢᠨ ᠠᠵᠢᠯ ᠢ ᠬᠢᠵᠦ ᠪᠠᠶᠢᠭ᠎ᠠ ᠨᠢ ᠲᠡᠷᠡ᠃ ᠲᠡᠬᠦᠨ ᠤ ᠬᠠᠷᠢᠭᠤ ᠳᠤ ᠴᠡᠴᠡᠷᠯᠢᠭ ᠤᠨ ᠰᠢᠯᠢᠳᠡᠭ ᠪᠠᠭᠰᠢ᠂ ᠬᠤᠰᠢᠭᠤᠨ ᠤ ᠰᠢᠯᠢᠳᠡᠭ ᠪᠠᠭᠰᠢ ᠶᠢᠨ ᠱᠠᠩᠨᠠᠯ ᠰᠠᠶᠢᠰᠢᠶᠠᠯ ᠢ ᠤᠯᠵᠠᠢ᠃ 2014 ᠤᠨ ᠳᠤ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠳᠤ ᠪᠤᠯᠤᠭᠰᠠᠨ ᠪᠦᠬᠦ ᠤᠷᠤᠨ ᠤ ᠡᠪᠦᠯ ᠤᠨ ᠬᠤᠪᠴᠠᠰᠦ ᠵᠠᠰᠠᠯ ᠤᠨ ᠤᠷᠤᠯᠳᠤᠭᠠᠨ ᠳᠤ ᠮᠢᠨᠦ ᠤᠶᠤᠭᠰᠠᠨ ᠠᠪᠠᠭᠠᠢ ᠲᠡᠪᠡᠯ᠂ ᠤᠤᠵᠢ ᠤᠷᠤᠨ ᠤ ᠠᠷᠪᠠᠨ ᠰᠤᠳᠤᠨ ᠬᠤᠪᠴᠠᠰᠦ ᠪᠠᠷ ᠰᠤᠩᠭᠤᠭᠳᠠᠵᠦ᠂ ᠭᠤᠷᠪᠠᠨ ᠮᠢᠩᠭᠠᠨ ᠲᠦᠬᠦᠷᠢᠭ᠂ ᠬᠦᠷᠡᠯ ᠱᠤᠭᠤᠮᠠᠯ ᠤᠨ ᠱᠠᠩᠨᠠᠯ ᠤᠯᠵᠠᠢ᠃ ᠬᠦᠳᠡᠯᠮᠦᠷᠢ ᠬᠦᠮᠦᠨ ᠤ ᠭᠤᠮᠤᠳᠠᠭᠠᠳᠠᠭ ᠦᠭᠡᠢ ᠪᠤᠯᠬᠤᠷ ᠬᠦᠮᠦᠨ ᠴᠢᠷᠮᠠᠶᠢᠨ ᠠᠵᠢᠯᠯᠠᠳᠠᠭ ᠯᠡ ᠶᠤᠮ ᠪᠤᠯ ᠬᠠᠷᠢᠭᠤ ᠬᠠᠯᠠᠮᠵᠢ ᠵᠠᠪᠠᠯ ᠤᠯᠳᠠᠭ ᠪᠠᠶᠢᠬ᠎ᠠ᠃       ᠪᠢ 1978 ᠤᠨ ᠳᠤ ᠬᠦᠪᠳᠦᠬᠦᠳ ᠬᠠᠯᠠ ᠶᠢᠨ ᠠᠮᠤᠷ ᠤᠨ ᠭᠤᠷᠪᠠᠳᠤᠭᠠᠷ ᠬᠦᠦ ᠴᠢᠯᠠᠭᠤᠨᠪᠠᠭᠠᠳᠤᠷ ᠲᠠᠢ ᠠᠶᠢᠯ ᠪᠤᠯᠵᠦ ᠠᠮᠢᠳᠤᠷᠠᠨ᠂ ᠠᠨᠠᠷ ᠭᠡᠳᠡᠭ ᠭᠠᠭᠴᠠ ᠬᠡᠤᠬᠡᠳ ᠲᠠᠢ ᠪᠤᠯᠵᠠᠢ᠃ ᠬᠡᠤᠬᠡᠨ ᠠᠨᠠᠷ ᠤᠳᠦ ᠡᠧᠡᠩᠬᠢ ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤᠨ ᠳᠤ ᠤᠯᠠᠮᠵᠢᠯᠠᠯᠳᠦ ᠪᠠᠶᠢᠭᠠᠯᠢᠯᠢᠭ ᠪᠡᠶ᠎ᠠ ᠰᠤᠪᠢᠯᠠᠵᠦ᠂ ᠵᠠᠰᠠᠬᠤ ᠭᠠᠵᠠᠷ ᠢ ᠡᠷᠬᠢᠯᠡᠨ ᠬᠢᠵᠦ ᠪᠠᠶᠢᠨ᠎ᠠ᠃ ᠮᠠᠨ ᠤ ᠨᠦᠬᠦᠷ ᠵᠠᠯᠠᠭᠤ ᠠᠴᠠ ᠪᠠᠨ ᠨᠤᠮ ᠤᠡᠭᠰᠢᠬᠤ ᠲᠤᠷᠠᠳᠠᠢ᠂ ᠪᠢᠴᠢᠭ ᠶᠡᠭᠡ ᠴᠤᠭᠯᠠᠭᠤᠯᠳᠠᠭ ᠬᠦᠮᠦᠨ᠃ ᠤᠯᠠᠨ ᠵᠤᠬᠢᠶᠠᠯ ᠪᠢᠴᠢᠵᠦ ᠨᠡᠶᠢᠳᠡᠯᠡᠬᠦᠯᠵᠦ ᠤᠷᠤᠨ᠂ ᠠᠶᠢᠮᠠᠭ᠂ ᠬᠤᠰᠢᠭᠤᠨ ᠤ ᠱᠠᠩᠨᠠᠯ ᠢ ᠤᠯᠠᠨᠳᠠ ᠭᠠᠷᠳᠠᠵᠠᠢ᠃ ᠰᠡᠬᠦᠯ ᠤᠨ ᠦᠶ᠎ᠠ ᠳᠤ ᠤᠬᠤᠷ ᠺᠢᠨᠣ᠋ ᠵᠤᠬᠢᠶᠠᠯ ᠪᠢᠴᠢᠵᠦ᠂ ᠦᠪᠦᠷ ᠮᠤᠩᠭᠤᠯ ᠤᠨ ᠮᠤᠩᠭᠤᠯ ᠤᠳᠤᠨ ᠲᠧᠯᠧᠢᠰ ᠤᠨ ︽ᠬᠠᠮᠳᠦ ᠳᠠᠭᠠᠨ ᠲᠠᠭᠤᠯᠤᠶ᠎ᠠ︾ ᠲᠡᠯᠭᠡᠴᠡ ᠪᠠᠷ ᠨᠡᠪᠳᠡᠷᠡᠬᠦᠯᠦᠭᠰᠡᠨ ᠶᠤᠮ᠃ ᠲᠡᠬᠦᠨ ᠢ ᠲᠤᠭᠯᠠᠬᠤ ᠶᠠᠪᠤᠴᠠ ᠳᠤ ᠮᠦᠡᠭᠬᠦ ᠵᠤᠭᠤᠰ ᠦᠭᠡᠢ ᠲᠤᠭᠯᠠᠬᠤ ᠪᠤᠯᠬᠤᠷ ᠭᠠᠳᠠᠨᠠᠬᠢ ᠶᠢᠨ ᠲᠤᠭᠯᠠᠭᠴᠢ ᠪᠤᠶᠦ ᠨᠡᠷᠡᠳᠠᠢ ᠬᠦᠮᠦᠰ ᠢ ᠬᠡᠷᠡᠭᠯᠡᠵᠦ ᠴᠢᠳᠠᠬᠤ ᠦᠭᠡᠢ ᠲᠤᠯᠠ ᠬᠤᠰᠢᠭᠤᠨ ᠤ ᠲᠡᠮᠵᠢᠯᠭᠡ᠂ ᠠᠬ᠎ᠠ ᠲᠡᠬᠦᠦ ᠰᠠᠳᠤᠨ ᠲᠦᠷᠦᠯ᠂ ᠨᠠᠶᠢᠵᠠ ᠨᠦᠬᠦᠳ ᠤᠨ ᠬᠠᠪᠰᠤᠷᠤᠯᠭ᠎ᠠ ᠪᠠᠷ ᠪᠦᠳᠦᠭᠡᠵᠦ᠂ ᠪᠢ ᠦᠪᠡᠷ ᠢᠶᠠᠨ ︽ᠴᠠᠩᠳᠤᠭᠰᠠᠨ ᠬᠠᠶᠢᠷ᠎ᠠ︾᠂ ︽ᠽᠠᠨᠳᠠᠨ ᠱᠠᠳᠦ︾᠂ ︽ᠭᠠᠨᠭ᠍ᠭᠠᠡᠭ ᠶᠠᠭᠠᠨ︾ ᠵᠡᠷᠭᠡ ᠵᠦᠴᠦᠭᠡ ᠶᠢᠨ ᠭᠤᠤᠯ ᠲᠦᠷᠢ ᠪᠤᠯᠵᠠᠢ᠃ ᠪᠢ ᠲᠤᠭᠯᠠᠬᠤ ᠮᠡᠷᠭᠡᠵᠢᠯ ᠪᠤᠯᠪᠠᠰᠤᠷᠠᠯ ᠤᠭᠳᠦ ᠦᠭᠡᠢ᠂ ᠵᠦᠪᠭᠡᠨ ᠪᠠᠷᠭᠤ ᠵᠠᠩ ᠦᠢᠯᠡ᠂ ᠠᠵᠦ ᠠᠮᠢᠳᠤᠷᠠᠯ ᠢ ᠲᠤᠩᠭᠠᠬᠤ ᠭᠡᠰᠡᠨ ᠵᠤᠷᠢᠭ ᠵᠶᠠᠷ ᠠᠮᠢᠳᠤᠷᠠᠯ ᠳᠠᠭᠠᠨ ᠪᠠᠶᠢᠭ᠎ᠠ ᠲᠦᠷᠢ ᠪᠠᠷ ᠢᠶᠠᠨ ᠪᠤᠯᠭᠠᠭᠰᠠᠨ ᠲᠡᠳᠦᠢ᠃      ᠴᠢᠯᠠᠭᠤᠨᠪᠠᠭᠠᠳᠤᠷ ᠪᠢᠳᠡ ᠬᠤᠶᠠᠷ 36 ᠵᠢᠯ ᠤᠨ ᠠᠮᠢᠳᠤᠷᠠᠯ ᠤᠨ ᠲᠤᠮᠳᠠ ᠪᠠᠭ᠎ᠠ ᠦᠭᠡᠢ ᠤᠯᠠᠨ ᠰᠢᠨ᠎ᠠ ᠵᠦᠢᠯ ᠢ ᠰᠡᠳᠦᠵᠦ ᠪᠦᠳᠦᠬᠡᠬᠦ ᠭᠡᠵᠦ ᠤᠷᠤᠯᠳᠤᠵᠦ᠂ ᠤᠨᠠᠵᠦ ᠪᠤᠰᠴᠦ ᠢᠷᠡᠪᠡ᠃ ᠤᠯᠠᠩᠬᠢ ᠳᠠᠭᠠᠨ ᠲᠡᠷᠡ ᠡᠬᠦᠰᠭᠡᠵᠦ᠂ ᠪᠢ ᠲᠠᠮᠵᠢᠵᠦ᠂ ᠪᠦᠳᠦᠬᠦ ᠪᠦᠳᠦᠬᠦ ᠦᠭᠡᠢ ᠴᠦ ᠪᠤᠯᠤᠭ᠂ ᠲᠠᠮᠵᠢᠵᠦ ᠦᠵᠡᠳᠡᠭ ᠪᠠᠶᠢᠯ᠎ᠠ᠃ ᠵᠢᠱᠢᠶᠡᠯᠡᠪᠡᠯ᠂ ᠴᠠᠭᠠᠨ ᠠᠳᠤᠭᠤᠨ ᠤ ᠲᠡᠯ ᠰᠡᠬᠦᠯ ᠪᠤᠯᠪᠠᠰᠤᠷᠠᠭᠤᠯᠬᠤ᠂ ᠠᠮᠳᠠᠳᠠᠨ ᠬᠢᠬᠦ᠂ ᠪᠡᠭᠡᠵᠢᠩ ᠭᠠᠯᠠᠭᠤ ᠲᠡᠵᠢᠭᠡᠬᠦ᠂ ᠲᠡᠵᠢᠭᠡᠯ ᠪᠤᠷᠳᠤᠭ᠎ᠠ ᠲᠠᠷᠤᠰᠢᠭᠤᠯᠬᠤ᠂ ᠭᠠᠳᠠᠭᠠᠳᠦ ᠲᠠᠢ ᠮᠠᠶᠢᠮᠠᠢ ᠬᠢᠬᠦ᠂ ᠲᠡᠯᠭᠡᠬᠦᠷ ᠭᠠᠷᠭᠠᠬᠤ᠂ ᠪᠠᠭᠤᠳᠠᠯ ᠡᠷᠬᠢᠯᠡᠬᠦ᠂ ᠬᠤᠭᠤᠯᠠᠨ ᠭᠡᠷ ᠬᠡᠬᠦ ᠮᠡᠳᠦ ᠮᠠᠰᠢ ᠠᠷᠪᠢᠨ ᠵᠦᠢᠯ ᠢ ᠠᠵᠢᠯ ᠤᠨ ᠴᠢᠯᠦᠭᠡᠨ ᠳᠡᠭᠡᠨ ᠬᠢᠵᠦ ᠦᠡᠭᠭᠡᠷᠡᠪᠡ᠃ ᠤᠯᠤᠭᠰᠠᠨ ᠤᠯᠵᠠ ᠨᠢ ᠬᠠᠮᠤᠭ ᠤᠨ ᠰᠡᠬᠦᠯ ᠳᠤ ᠲᠡᠷᠡ ᠵᠦᠴᠦᠭᠡ ᠪᠢᠴᠢᠵᠦ᠂ ᠪᠢ ᠲᠤᠭᠯᠠᠭᠴᠢ ᠪᠤᠯᠤᠭᠠᠳ ᠵᠤᠭᠰᠤᠭᠰᠠᠨ ᠪᠠᠶᠢᠯ᠎ᠠ᠃      ᠡᠳᠡᠭᠡᠷ ᠤᠯᠠᠨ ᠵᠢᠯ ᠤᠨ ᠲᠤᠳᠤᠷ᠎ᠠ ᠬᠠᠮᠤᠭ ᠤᠨ ᠭᠡᠴᠡᠬᠦᠦ᠂ ᠬᠠᠮᠤᠭ ᠤᠨ ᠨᠠᠷᠢᠯᠢᠭ ᠨᠢ ᠦᠨᠳᠡᠭᠡ ᠲᠠᠷᠤᠰᠢᠭᠤᠯᠬᠤ ᠠᠵᠢᠯ ᠪᠠᠶᠢᠯ᠎ᠠ᠃ ᠲᠡᠷᠡ ᠨᠢ ᠲᠤᠯᠠᠭᠠᠨ ᠤ ᠬᠡᠮᠵᠢᠶ᠎ᠠ᠂ ᠡᠷᠬᠢᠬᠦᠯᠬᠦ ᠴᠠᠭ ᠮᠢᠨᠦ᠋ᠲ ᠢ ᠠᠯᠳᠠᠵᠦ ᠪᠤᠯᠬᠤ ᠦᠭᠡᠢ᠃ ᠭᠡᠪᠡᠴᠦ ᠪᠢ ᠴᠢᠳᠠᠭᠰᠠᠨ᠃ ᠬᠠᠯᠠᠭᠤᠨ ᠤᠰᠤᠨ ᠲᠡᠭᠡᠷ᠎ᠠ ᠨᠢ ᠭᠠᠷ ᠢᠶᠠᠷ ᠢᠶᠠᠨ ᠦᠨᠳᠡᠭᠡ ᠲᠠᠷᠤᠰᠢᠭᠤᠯᠵᠦ᠂ 45 ᠳ᠋ᠤᠭᠠᠷ ᠡᠳᠦᠷ ᠲᠡᠭᠡᠨ ᠤᠯᠠᠨ ᠰᠢᠷ᠎ᠠ ᠴᠤᠷᠪᠠᠭ᠎ᠠ ᠬᠤᠨᠭ᠍ᠰᠢᠶᠠᠷ ᠢᠶᠠᠷ ᠢᠶᠠᠨ ᠬᠠᠯᠢᠰᠦ ᠪᠠᠨ ᠴᠤᠭᠤᠯᠵᠦ᠂ ᠴᠡᠴᠡᠭ ᠲᠡᠯᠭᠡᠷᠡᠬᠦ‍ ᠰᠢᠭ ᠭᠠᠷᠤᠭᠠᠳ ᠬᠠᠶᠢᠪᠠᠯᠵᠠᠨ ᠲᠠᠶᠢᠪᠠᠯᠵᠠᠨ ᠤᠨᠠᠨ ᠪᠤᠰᠤᠨ ᠬᠦᠴᠦᠯᠡᠨ ᠴᠢᠷᠮᠠᠶᠢᠵᠦ᠂ ᠵᠢᠵᠢᠭᠭᠡᠨ ᠲᠠᠯᠠᠪᠴᠢ ᠪᠠᠨ ᠲᠡᠪᠢᠵᠦ ᠠᠯᠬᠤᠬᠤ ᠨᠢ ᠦᠨᠡᠭᠡᠷ ᠬᠦᠭᠡᠷᠦᠬᠦᠨ᠃ ᠲᠡᠶᠢᠮᠦ ᠤᠯᠠᠨ ᠠᠮᠢ ᠨᠠᠰᠦ ᠶᠢ ᠦᠪᠡᠷ ᠤᠨ ᠭᠠᠷ ᠤᠨ ᠢᠯᠴᠢ ᠪᠠᠷ ᠢᠶᠠᠨ ᠤᠯᠭᠤᠭᠰᠠᠨ ᠬᠦᠮᠦᠨ ᠤ ᠰᠡᠳᠬᠢᠯ᠂ ᠠᠮᠢ ᠨᠠᠰᠤᠨ ᠤ ᠦᠷᠳᠡᠭ ᠢ ᠤᠢᠢᠯᠠᠭᠠᠵᠦ᠂ ᠤᠷᠴᠢᠯᠠᠩ ᠤᠨ ᠠᠮᠢᠳᠠᠨ ᠪᠦᠬᠦᠨ ᠢ ᠬᠠᠶᠢᠷᠠᠯᠠᠬᠤ ᠰᠡᠳᠬᠢᠯ ᠦᠪᠡᠷ ᠤᠨ ᠡᠷᠭᠡ ᠦᠭᠡᠢ ᠲᠦᠷᠦᠭᠳᠡᠳᠡᠭ ᠶᠤᠮ ᠪᠢᠯᠡ᠃ ᠬᠦᠮᠦᠨ ᠳᠤ ᠬᠢᠵᠦ ᠴᠢᠳᠠᠬᠤ ᠦᠭᠡᠢ ᠵᠦᠢᠯ ᠭᠡᠵᠦ ᠦᠭᠡᠢ᠃ ᠬᠡᠪᠡᠴᠦ ᠬᠠᠮᠤᠭ ᠤᠨ ᠦᠨ᠎ᠠ ᠦᠷᠳᠡᠭ ᠲᠠᠢ᠂ ᠬᠠᠮᠤᠭ ᠤᠨ ᠴᠢᠳᠠᠳᠠᠭ ᠵᠦᠢᠯ ᠢᠶᠠᠨ ᠠᠳᠬᠤᠵᠦ ᠬᠢᠬᠦ ᠨᠢ ᠵᠦᠪ ᠭᠡᠳᠡᠭ ᠢ ᠤᠢᠢᠯᠠᠭᠠᠭᠰᠠᠨ ᠶᠤᠮ᠃      ᠪᠢᠳᠡ ᠬᠤᠶᠠᠷ ᠡᠪᠳᠠᠢ ᠴᠠᠭ ᠲᠠᠭᠠᠨ ᠡᠪᠯᠡᠷᠡᠵᠦ ᠪᠠᠶᠢᠭᠠᠳ ᠶᠡᠭᠡ ᠭᠡᠰᠦᠳᠡᠭ ᠪᠠᠶᠢᠵᠠᠢ᠃ ᠮᠤᠩᠭᠤᠯ ᠤᠨ ᠤᠯᠠᠨ ᠭᠠᠵᠠᠷ ᠢᠶᠠᠷ ᠶᠠᠪᠤᠵᠦ ᠦᠡᠭᠭᠡᠷᠡᠭᠰᠡᠨ ᠮᠦᠷᠳᠡᠭᠡᠨ ᠬᠠᠮᠤᠭ ᠤᠨ ᠬᠤᠯᠠ ᠨᠢ ᠡᠮᠦᠨᠡᠭᠤᠪᠢ ᠠᠶᠢᠮᠠᠭ ᠬᠦᠷᠴᠠᠢ᠃ ᠤᠯᠤᠰ ᠲᠠᠭᠠᠨ ᠪᠠᠷᠤᠭ 10 ᠭᠠᠷᠤᠢ ᠬᠤᠳᠠ ᠪᠠᠷ ᠲᠤᠭᠤᠷᠢᠵᠦ᠂ ᠷᠠᠰᠢᠶᠠᠨ ᠰᠤᠪᠢᠯᠠᠯᠳᠠ ᠬᠢᠵᠦ ᠠᠮᠠᠷᠠᠵᠦ ᠶᠠᠪᠤᠯ᠎ᠠ᠃ ᠡᠮᠦᠨ᠎ᠠ ᠵᠠᠬ᠎ᠠ ᠨᠢ ᠭᠤᠸᠠᠩᠵᠧᠦ᠂ ᠬᠠᠶᠢᠺᠧᠦ᠂ ᠱᠧᠨᠵᠧᠨ ᠳᠤ ᠤᠴᠢᠵᠦ ᠴᠠᠭᠠᠨ ᠰᠠᠷ᠎ᠠ ᠶᠢ ᠦᠡᠭᠭᠡᠷᠡᠬᠦᠯᠵᠦ ᠪᠠᠶᠢᠯ᠎ᠠ᠃      1980 ᠭᠠᠳ ᠤᠨ ᠳᠤ ᠠᠵᠢᠯ ᠤᠨ ᠪᠠᠶᠢᠷᠢ ᠠᠴᠠ ᠪᠠᠨ ᠬᠦᠭᠡᠬᠤᠳᠠ ᠳᠤ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠵᠠᠢ᠃ ᠠᠮᠢᠳᠤᠷᠠᠯ ᠤᠨ ᠲᠤᠮᠳᠠ ᠠᠯᠳᠠᠵᠦ ᠤᠨᠤᠵᠦ᠂ ᠬᠡᠷᠡᠯᠳᠦᠵᠦ ᠬᠡᠯᠡᠯᠴᠡᠵᠦ᠂ ᠬᠤᠷᠸ᠎ᠠ ᠶᠢᠨ ᠬᠦᠮᠦᠰ ᠤᠨ ᠬᠡᠨ ᠠᠯᠢᠨ ᠤ ᠲᠤᠭᠤᠯᠳᠠᠭ ᠵᠠᠮ ᠪᠦᠬᠦᠳᠡ ᠶᠢ ᠲᠤᠭᠤᠯᠤᠭᠰᠠᠭᠠᠷ ᠤᠳᠦ ᠵᠢᠷᠠ ᠶᠢᠨ ᠲᠠᠪᠠᠭ᠎ᠠ ᠶᠢ ᠲᠠᠪᠠᠵᠦ᠂ ᠦᠷ᠎ᠠ ᠬᠡᠤᠬᠡᠳ ᠢᠶᠠᠨ ᠬᠠᠷᠠᠵᠦ ᠪᠠᠶᠠᠰᠤᠨ᠂ ᠦᠳᠡᠯᠦᠭᠡ ᠨᠠᠰᠦ ᠪᠠᠨ ᠦᠡᠭᠭᠡᠷᠡᠬᠦᠯᠬᠦ ᠵᠠᠮ ᠳᠠᠭᠠᠨ ᠤᠷᠤᠵᠠᠢ᠃     ᠤᠳᠦ ᠪᠢ ᠵᠢᠭᠡ ᠦᠬᠢᠨ ᠢᠶᠠᠨ ᠬᠠᠷᠠᠵᠦ ᠬᠤᠰᠢᠭᠤᠨ ᠤ ᠲᠦᠪ ᠲᠡᠭᠡᠨ ᠰᠠᠭᠤᠵᠦ ᠪᠤᠢ᠃ ᠨᠡᠶᠢᠭᠡᠮ ᠠᠴᠠ ᠬᠤᠴᠤᠷᠬᠤ ᠦᠭᠡᠢ ᠪᠠᠶᠢᠬᠤ ᠶᠢᠨ ᠲᠤᠯᠠᠳᠠ ᠰᠢᠨ᠎ᠠ ᠪᠠᠷᠭᠤ ᠵᠡᠬᠦᠨ ᠬᠤᠰᠢᠭᠤᠨ ᠤ ᠬᠤᠪᠴᠠᠰᠦ ᠵᠠᠰᠠᠯ ᠤᠨ ᠨᠡᠶᠢᠭᠡᠮᠯᠢᠭ ᠤᠨ ᠲᠡᠳ᠋ ᠲᠠᠷᠤᠭ᠎ᠠ ᠶᠢᠨ ᠲᠤᠮᠦ ᠨᠡᠷ᠎ᠠ ᠲᠠᠢ ᠶᠠᠪᠤᠵᠦ ᠪᠠᠶᠢᠨ᠎ᠠ᠃ ᠴᠢᠳᠠᠬᠤ ᠶᠢᠨ ᠴᠢᠨᠡᠭᠡ ᠪᠠᠷ ᠢᠶᠠᠨ ᠬᠤᠶᠢᠴᠢ ᠦᠶ᠎ᠠ ᠶᠢᠨ ᠬᠡᠤᠬᠡᠳ ᠲᠡᠬᠦᠦ ᠨᠠᠷ ᠲᠡᠭᠡᠨ ᠤᠯᠠᠮᠵᠢᠯᠠᠯᠳᠦ ᠪᠠᠷᠭᠤ ᠬᠤᠪᠴᠠᠰᠦ ᠵᠠᠰᠠᠯ᠂ ᠠᠪᠠᠭᠠᠢ ᠲᠡᠪᠡᠯ᠂ ᠤᠤᠵᠢ᠂ ᠠᠪᠠᠭᠠᠢ ᠮᠠᠯᠠᠭᠠᠢ ᠵᠡᠷᠭᠡ ᠶᠢ ᠬᠦᠮᠦᠨ ᠪᠤᠯᠭᠠᠨ ᠭᠤᠶᠤᠯᠠᠯ ᠤᠨ ᠪᠠ ᠬᠡᠷ ᠤᠨ ᠬᠤᠪᠴᠠᠰᠦ ᠪᠤᠯᠭᠠᠨ ᠡᠮᠦᠰᠴᠦ᠂ ︽ᠵᠡᠭᠡᠷᠡᠩᠭᠡᠢ︾ ᠪᠦᠵᠢᠭ ᠢ ᠨᠡᠶᠢᠳᠡ ᠶᠢᠨ ᠲᠠᠯᠠᠪᠠᠢ ᠶᠢᠨ ᠪᠦᠵᠢᠭ ᠪᠤᠶᠦ ᠬᠤᠷᠢᠮ ᠨᠠᠶᠢᠷ ᠤᠨ ᠪᠦᠵᠢᠭ ᠪᠤᠯᠭᠠᠬᠤ ᠶᠢ ᠰᠡᠷᠬᠦᠭᠡᠨ ᠠᠮᠢᠯᠠᠭᠤᠯᠬᠤ ᠶᠢ ᠪᠤᠳᠤᠵᠦ ᠰᠠᠭᠤᠨ᠎ᠠ᠃     ᠲᠡᠭᠡᠳᠦᠰ ᠤᠨ ᠰᠤᠷᠭᠠᠯ ᠳᠤ ︽ᠶᠢᠷᠳᠢᠨᠴᠦ ᠳᠤ ᠬᠦᠮᠦᠨ ᠪᠤᠯᠵᠦ ᠢᠷᠡᠭᠰᠡᠨ ᠤ ᠬᠢ ᠡᠷᠳᠡᠨᠢᠳᠦ ᠪᠡᠶ᠎ᠠ ᠪᠠᠨ ᠡᠷᠡᠬᠦᠯ ᠰᠠᠷᠠᠭᠤᠯ ᠠᠪᠴᠦ ᠶᠠᠪᠤᠬᠤ᠂ ᠡᠷᠳᠡᠮ ᠮᠡᠳᠡᠯᠭᠡ ᠶᠢ ᠡᠵᠡᠮᠰᠢᠵᠦ᠂ ᠡᠳ᠋ ᠡᠷᠳᠡᠨᠢᠰ ᠢ ᠬᠤᠷᠠᠮᠳᠤᠭᠤᠯᠵᠦ ᠶᠡᠭᠡ ᠦᠢᠯᠡᠰ ᠢ ᠪᠦᠳᠦᠬᠡᠬᠦ ᠶᠢᠨ ᠲᠦᠯᠦᠭᠡ ᠶᠤᠮ︾ ᠭᠡᠰᠡᠨ᠃ ᠪᠢ ᠬᠠᠷᠢᠨ ᠬᠤᠶᠠᠷ ᠨᠠᠷᠠᠨ ᠤ ᠬᠤᠭᠤᠷᠤᠨᠳᠦ ᠦᠴᠦᠭᠡᠨ ᠴᠦ ᠵᠠᠪ ᠴᠢᠯᠦᠭᠡ ᠦᠭᠡᠢ ᠶᠠᠪᠤᠭᠰᠠᠭᠠᠷ ᠪᠠᠶᠢᠳᠠᠯ᠎ᠠ ᠵᠢᠷᠠ ᠬᠦᠷᠴᠦ ᠤᠬᠠᠭᠠᠨ ᠤᠷᠤᠯ᠎ᠠ᠃ ᠲᠡᠭᠡᠳᠦᠰ ᠤᠨ ᠰᠤᠷᠭᠠᠯ ᠢ ᠪᠦᠷ ᠵᠦᠷᠢᠴᠡᠵᠠᠢ᠃ ᠬᠤᠶᠢᠴᠢ ᠶᠢᠨ ᠬᠦᠮᠦᠰ ᠨᠠᠳᠠ ᠪᠠᠷ ᠰᠤᠷᠭᠠᠮᠵᠢ ᠪᠤᠯᠭᠠᠭᠠᠰᠠᠢ᠃                                                                                                                                        ᠵᠣᠬᠢᠶᠠᠭᠴᠢ᠄ ᠰ᠊ · ᠲᠠᠮᠳᠢᠮ᠎ᠠ
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠠ