ᠳᠣᠯᠤᠭᠤᠨ᠎ᠠ ᠶᠢᠨ ᠰᠢᠷ᠎ᠠ ᠨᠠᠪᠴᠢ ᠶᠢᠨ ᠡᠪᠡᠳᠴᠢᠨ ᠢ ᠬᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2020/10/22
   ᠳᠣᠯᠣᠭᠤᠨ᠎ᠠ ᠪᠣᠯ ᠰᠠᠭᠠᠷᠮᠠᠭ ᠪᠤᠶᠤ ᠪᠢᠴᠢᠯ ᠬᠦᠴᠢᠯᠯᠢᠭ ᠬᠥᠷᠥᠰᠥᠨ ᠳᠤ ᠤᠷᠭᠤᠬᠤ ᠳᠤ ᠲᠣᠬᠢᠷᠠᠮᠵᠢᠲᠠᠶ ᠨᠢᠭᠡ ᠵᠦᠢᠯ ᠤᠨ ᠵᠢᠮᠢᠰ ᠤᠨ ᠮᠣᠳᠣ ᠪᠣᠯᠤᠨ᠎ᠠ᠃ ᠱᠦᠯᠲᠦᠯᠢᠭ ᠥᠰᠥᠯᠲᠡ ᠶᠢᠨ ᠣᠷᠴᠢᠨ ᠲᠣᠭᠤᠷᠢᠨ ᠣᠷᠴᠢᠨ ᠲᠣᠭᠤᠷᠢᠨ ᠳᠠᠬᠢ ᠲᠡᠮᠦᠷ ᠤᠨ ᠡᠯᠧᠮᠧᠨ᠋ᠲ ᠢ ᠲᠣᠭᠲᠠᠪᠤᠷᠢᠵᠢᠭᠤᠯᠬᠤ ᠶᠢᠨ ᠤᠯᠠᠮ ᠠᠴᠠ ᠳᠣᠯᠣᠨᠣ ᠮᠣᠳᠣᠨ ᠳᠤ ᠲᠡᠮᠦᠷ ᠳᠤᠲᠠᠬᠤ ᠦᠵᠡᠭᠳᠡᠯ ᠭᠠᠷᠳᠠᠭ᠃ ᠡᠨᠡ ᠪᠣᠯ ᠳᠣᠯᠣᠭᠤᠨ᠎ᠠ ᠶᠢᠨ ᠮᠣᠳᠣᠨ ᠤ ᠰᠢᠷ᠎ᠠ ᠨᠠᠪᠴᠢ ᠶᠢᠨ ᠡᠪᠡᠳᠴᠢᠨ ᠡᠭᠦᠰᠦᠭᠰᠡᠨ ᠤ ᠨᠢᠭᠡᠨ ᠴᠢᠬᠤᠯᠠ ᠰᠢᠯᠲᠠᠭᠠᠨ ᠤ ᠨᠢᠭᠡ ᠪᠣᠯᠤᠨ᠎ᠠ᠃ ᠡᠭᠦᠨ ᠠᠴᠠ ᠭᠠᠳᠠᠨ᠎ᠠ ᠬᠥᠷᠥᠰᠥᠨ ᠳᠣᠲᠣᠷᠠᠬᠢ ᠣᠷᠭᠠᠨᠢᠭ ᠡᠳ᠋ ᠳᠤᠲᠠᠭᠳᠠᠬᠤ ᠵᠢᠴᠢ ᠵᠢᠮᠢᠰ ᠤᠨ ᠬᠦᠷᠢᠶᠡᠯᠡᠩ ᠤᠨ ᠤᠰᠤ ᠲᠠᠲᠠᠷᠠᠭᠤᠯᠬᠤ ᠨᠢ ᠴᠠᠭ ᠲᠤᠬᠠᠶ ᠳᠤᠨᠢ ᠪᠢᠰᠢ᠂ ᠡᠰᠡᠬᠦᠯ᠎ᠡ ᠤᠰᠤᠯᠠᠯᠲᠠ ᠳᠤ ᠬᠡᠷᠡᠭᠯᠡᠬᠦ ᠤᠰᠤᠨ ᠳᠤ ᠬᠡᠲᠦ ᠣᠯᠠᠨ ᠨᠡᠭᠦᠷᠡᠰᠦᠬᠦ᠋ᠴᠢᠯ ᠤᠨ ᠡᠯᠡᠮᠧᠨᠡᠲ ᠠᠭᠤᠯᠤᠭᠳᠠᠬᠤ ᠵᠡᠷᠭᠡ ᠨᠢ ᠪᠠᠰᠠ ᠲᠡᠮᠦᠷ ᠳᠤᠲᠠᠬᠤ ᠦᠵᠡᠭᠳᠡᠯ ᠢ ᠡᠭᠦᠰᠦᠨ᠎ᠡ᠃

1. ᠲᠣᠬᠢᠷᠠᠮᠵᠢᠲᠠᠢ ᠭᠠᠵᠠᠷ ᠲᠤ ᠲᠠᠷᠢᠬᠤ

    ᠳᠣᠯᠣᠨᠣ ᠮᠣᠳᠣᠨ ᠤ ᠥᠰᠥᠯᠲᠡ ᠶᠢᠨ ᠣᠷᠴᠢᠨ ᠲᠣᠭᠤᠷᠢᠨ ᠳᠠᠬᠢ ᠱᠠᠭᠠᠷᠳᠠᠯᠭ᠎ᠠ ᠶᠢ ᠣᠢᠯᠠᠭᠠᠭᠰᠠᠨ ᠤ ᠳᠠᠷᠠᠭ᠎ᠠ

᠂ ᠪᠢᠳᠡ ᠳᠣᠯᠣᠭᠤᠨ᠎ᠠ ᠶᠢᠨ ᠮᠣᠳᠣ ᠶᠢ ᠪᠤᠶᠢᠵᠢᠭᠤᠯᠬᠤ ᠶᠠᠪᠤᠴᠠ ᠳᠠᠭᠠᠨ ᠵᠠᠪᠠᠯ ᠲᠣᠬᠢᠷᠠᠮᠵᠢᠲᠠᠶ ᠭᠠᠵᠠᠷ ᠲᠤ ᠲᠠᠷᠢᠵᠤ

ᠪᠤᠶᠢᠵᠢᠭᠤᠯᠬᠤ ᠬᠡᠷᠡᠭᠲᠡᠶ᠃ ᠡᠳᠡᠭᠡᠷ ᠬᠡᠰᠡᠭ ᠭᠠᠵᠠᠷ ᠤᠨ ᠬᠥᠷᠥᠰᠥ ᠨᠢ ᠴᠢᠳᠠᠬᠤ ᠶᠢᠨ ᠳᠣᠲᠣᠷ᠎ᠠ ᠰᠠᠭᠠᠷᠮᠠᠭ ᠪᠤᠶᠤ

ᠪᠢᠴᠢᠯ ᠬᠦᠴᠢᠯᠯᠢᠭ ᠴᠢᠨᠠᠷ ᠲᠠᠢ ᠮᠥᠷᠲᠡᠭᠡᠨ ᠣᠷᠭᠠᠨᠢᠭ ᠪᠣᠳᠠᠰ ᠤᠨ ᠠᠭᠤᠯᠤᠭᠳᠠᠴᠠ ᠨᠢ ᠭᠦᠢᠴᠡᠳ ᠪᠠᠶᠢᠬᠤ

ᠬᠡᠷᠡᠭᠲᠡᠶ᠃ ᠡᠭᠦᠨ ᠤ ᠬᠠᠮᠲᠤ ᠲᠣᠬᠢᠷᠠᠮᠵᠢᠲᠠᠶ ᠭᠠᠵᠠᠷ ᠤᠨ ᠬᠡᠰᠡᠭ ᠲᠤ ᠮᠠᠰᠢ ᠴᠢᠩᠭ᠎ᠠ ᠲᠡᠰᠪᠦᠷᠢᠯᠡᠬᠦ ᠴᠢᠨᠠᠷᠲᠠᠶ

ᠡᠭᠦᠯᠳᠡᠷ ᠢ ᠰᠣᠩᠭᠤᠨ ᠲᠠᠷᠢᠬᠤ ᠬᠡᠷᠡᠭᠲᠡᠶ᠃ ᠢᠩᠭᠢᠪᠡᠯ ᠰᠠᠶ᠋ᠢ ᠨᠠᠩ ᠰᠠᠶᠢᠨ ᠰᠡᠷᠭᠡᠶᠢᠯᠡᠨ ᠵᠠᠰᠠᠬᠤ ᠦᠷ᠎ᠡ ᠳ᠋ᠦᠩ ᠳᠤ

ᠬᠦᠷᠴᠦ ᠴᠢᠳᠠᠨ᠎ᠠ᠃

2. ᠬᠥᠷᠥᠰᠥ ᠰᠢᠷᠣᠶ ᠶᠢ ᠰᠠᠶᠢᠵᠢᠷᠠᠭᠤᠯᠬᠤ

    ᠬᠠᠪᠤᠷ ᠤᠨ ᠤᠯᠠᠷᠢᠯ ᠳᠤ ᠵᠢᠮᠢᠰ ᠤᠨ ᠬᠦᠷᠢᠶᠡᠯᠡᠩ ᠤᠨ ᠳᠤᠮᠳᠠ ᠨᠣᠭᠤᠭᠠᠨ ᠪᠣᠷᠳᠣᠭᠤᠷ ᠤᠨ ᠤᠷᠭᠤᠮᠠᠯ

ᠲᠠᠷᠢᠳᠠᠭ᠃ ᠵᠢᠱᠢᠶᠡᠯᠡᠪᠡᠯ ᠭᠤᠷᠪᠠᠨ ᠨᠠᠪᠴᠢᠲᠤ ᠡᠪᠡᠰᠦ᠂ ᠵᠢᠵᠢᠭ ᠴᠠᠷᠭᠠᠰᠤ ᠪᠤᠶᠤ ᠦᠰᠦᠲᠦ ᠭᠢᠰᠢ ᠵᠡᠷᠭᠡ ᠨᠢ

ᠴᠡᠴᠡᠭᠯᠡᠬᠦ ᠬᠤᠭᠤᠴᠠᠭᠠᠨ ᠳᠤ ᠡᠳᠡᠭᠡᠷ ᠨᠣᠭᠤᠭᠠᠨ ᠪᠣᠷᠳᠣᠭᠤᠷ ᠤᠨ ᠤᠷᠭᠤᠮᠠᠯ ᠢ ᠣᠭᠲᠣᠯᠤᠨ ᠠᠪᠴᠤ ᠮᠣᠳᠣᠨ

ᠲᠠᠪᠠᠭ ᠤᠨ ᠳᠣᠣᠷ᠎ᠠ ᠪᠦᠷᠬᠦᠵᠦ ᠪᠠᠶᠢᠳᠠᠭ᠃ ᠡᠭᠦᠨ ᠠᠴᠠ ᠭᠠᠳᠠᠨ᠎ᠠ ᠵᠢᠮᠢᠰ ᠤᠨ ᠬᠦᠷᠢᠶᠡᠯᠡᠩ ᠨᠢ ᠪᠠᠰᠠ

ᠪᠠᠶᠢᠭᠠᠯᠢ ᠶᠢᠨ ᠡᠪᠡᠰᠦ ᠤᠷᠭᠤᠬᠤ ᠠᠷᠭ᠎ᠠ ᠪᠠᠷ ᠬᠥᠷᠥᠰᠥ ᠰᠢᠷᠣᠶ ᠳᠣᠲᠣᠷᠠᠬᠢ ᠣᠷᠭᠠᠨᠢᠭ ᠪᠣᠳᠠᠰ ᠤᠨ

ᠠᠭᠤᠯᠤᠭᠳᠠᠴᠠ ᠶᠢ ᠨᠡᠮᠡᠭᠳᠡᠭᠦᠯᠵᠦ ᠪᠣᠯᠤᠨ᠎ᠠ᠃ ᠡᠭᠦᠨ ᠤ ᠬᠠᠮᠲᠤ ᠵᠢᠮᠢᠰ ᠤᠨ ᠬᠦᠷᠢᠶᠡᠯᠡᠩ ᠤᠨ ᠬᠥᠷᠥᠰᠥ ᠶᠢ

ᠤᠷᠪᠠᠭᠤᠯᠤᠨ ᠬᠠᠭᠠᠯᠪᠤᠷᠢᠯᠠᠬᠤ ᠵᠡᠷᠭᠡ ᠠᠵᠢᠯᠯᠠᠭ᠎ᠠ ᠬᠢᠬᠦ ᠳᠡᠭᠡᠨ ᠵᠣᠬᠢᠬᠤ ᠬᠡᠮᠵᠢᠶᠡᠨ ᠤ ᠢᠯᠵᠢᠷᠡᠮᠡᠯ ᠣᠷᠭᠠᠨᠢᠭ

ᠪᠣᠷᠳᠣᠭᠤᠷ ᠣᠷᠣᠭᠤᠯᠵᠤ ᠪᠣᠯᠤᠨ᠎ᠠ᠃ ᠡᠭᠦᠨ ᠤ ᠬᠠᠮᠲᠤ ᠪᠠᠰᠠ ᠬᠦᠬᠦᠷ ᠬᠦᠴᠢᠯ ᠤᠨ ᠳᠤᠲᠠᠭᠤ ᠲᠡᠮᠦᠷ

ᠣᠷᠣᠭᠤᠯᠬᠤ ᠲᠠᠢ ᠬᠠᠮᠵᠢᠯᠴᠠᠨ᠎ᠠ᠃

3. ᠵᠢᠮᠢᠰ ᠤᠨ ᠬᠦᠷᠢᠶᠡᠯᠡᠩ ᠤᠨ ᠤᠰᠤᠯᠠᠯᠲᠠ ᠶᠢᠨ ᠬᠡᠮᠵᠢᠶ᠎ᠡ ᠶᠢ ᠬᠢᠵᠠᠭᠠᠷᠯᠠᠬᠤ ᠬᠡᠷᠡᠭᠲᠡᠶ

    ᠨᠠᠰᠤᠨ ᠳᠤ ᠬᠦᠷᠦᠭᠰᠡᠨ ᠲᠣᠮᠣ ᠮᠣᠳᠣ ᠶᠢ ᠶᠡᠷᠦ ᠳᠡᠭᠡᠨ ᠵᠢᠯ ᠪᠦᠷᠢ 4 ~ 5 ᠤᠳᠠᠭ᠎ᠠ ᠤᠰᠤᠯᠠᠪᠠᠯ

ᠪᠣᠯᠴᠢᠬᠠᠨ᠎ᠠ᠂ ᠪᠣᠳᠠᠲᠠᠶ ᠪᠠᠷ ᠬᠡᠯᠡᠪᠡᠯ ᠨᠠᠬᠢᠶᠠᠯᠠᠭᠰᠠᠨ ᠤᠰᠤ᠂ ᠴᠡᠴᠡᠭ ᠤᠨ ᠳᠠᠷᠠᠭᠠᠬᠢ ᠤᠰᠤ᠂ ᠵᠢᠮᠢᠰ ᠲᠣᠮᠣᠷᠠᠭᠰᠠᠨ

ᠤᠰᠤ᠂ ᠰᠠᠭᠤᠷᠢ ᠪᠣᠷᠲᠣᠭᠤᠷ ᠤᠰᠤ ᠵᠢᠴᠢ ᠬᠥᠯᠳᠡᠭᠰᠡᠨ ᠤᠰᠤ ᠪᠣᠯᠤᠨ᠎ᠠ᠃ ᠡᠨᠡ ᠪᠣᠯ ᠴᠠᠭ ᠠᠭᠤᠷ ᠤᠨ ᠬᠡᠪ ᠤᠨ

ᠪᠠᠶᠢᠳᠠᠯ ᠳᠣᠣᠷ᠎ᠠ ᠬᠢᠭᠰᠡᠨ ᠠᠵᠢᠯᠯᠠᠭ᠎ᠠ ᠪᠣᠯᠤᠨ᠎ᠠ᠃ ᠬᠡᠷᠪᠡ ᠴᠠᠭ ᠠᠭᠤᠷ ᠤᠨ ᠮᠠᠭᠤ ᠣᠷᠴᠢᠨ ᠲᠣᠭᠤᠷᠢᠨ

ᠲᠣᠬᠢᠶᠠᠯᠳᠤᠪᠠᠯ᠂ ᠴᠠᠭ ᠲᠤᠬᠠᠶ ᠳᠤᠨᠢ ᠲᠣᠬᠢᠷᠠᠭᠤᠯᠤᠯᠲᠠ ᠬᠢᠬᠦ ᠬᠡᠷᠡᠭᠲᠡᠶ᠃ ᠵᠢᠱᠢᠶᠡᠯᠡᠪᠡᠯ ᠪᠣᠷᠣᠭᠠᠨ ᠤ ᠤᠯᠠᠷᠢᠯ

ᠲᠣᠬᠢᠶᠠᠯᠳᠤᠪᠠᠯ᠂ ᠴᠠᠭ ᠲᠤᠬᠠᠶ ᠳᠤᠨᠢ ᠤᠰᠤ ᠲᠠᠲᠠᠷᠠᠭᠤᠯᠬᠤ ᠬᠡᠷᠡᠭᠲᠡᠶ᠃

4 ᠪᠤᠷᠳᠤᠭᠤᠷ ᠤᠨ ᠬᠠᠮᠢᠶᠠᠷᠤᠯᠲᠠ

    ᠳᠣᠯᠤᠭᠤᠨ᠎ᠠ ᠶᠢᠨ ᠰᠢᠷ᠎ᠠ ᠨᠠᠪᠴᠢ ᠶᠢᠨ ᠡᠪᠡᠳᠴᠢᠨ ᠢ ᠰᠡᠷᠭᠡᠶᠢᠯᠡᠨ ᠵᠠᠰᠠᠬᠤ ᠶᠢᠨ ᠪᠦᠲᠦᠮᠵᠢᠲᠡᠶ ᠠᠷᠭ᠎ᠠ

ᠬᠡᠮᠵᠢᠶ᠎ᠡ ᠶᠢᠨ ᠨᠢᠭᠡ ᠪᠣᠯ ᠳᠠᠷᠤᠶ ᠬᠥᠷᠥᠰᠥᠨ ᠳᠠᠬᠢ ᠣᠷᠭᠠᠨᠢᠭ ᠪᠣᠳᠠᠰ ᠤᠨ ᠠᠭᠤᠯᠤᠭᠳᠠᠴᠠ ᠶᠢ ᠨᠡᠮᠡᠭᠳᠡᠭᠦᠯᠬᠦ

ᠶᠠᠪᠤᠳᠠᠯ ᠪᠣᠯᠤᠨ᠎ᠠ᠃ ᠬᠠᠷᠢᠨ ᠬᠥᠷᠥᠰᠥᠨ ᠳᠣᠲᠣᠷᠠᠬᠢ ᠣᠷᠭᠠᠨᠢᠭ ᠪᠣᠳᠠᠰ ᠤᠨ ᠠᠭᠤᠯᠤᠭᠳᠠᠴᠠ ᠶᠢ ᠨᠡᠮᠡᠭᠳᠡᠭᠦᠯᠬᠦ

ᠬᠠᠮᠤᠭ ᠤᠨ ᠰᠢᠭᠤᠳ ᠠᠷᠭ᠎ᠠ ᠪᠣᠯ ᠣᠷᠭᠠᠨᠢᠭ ᠪᠣᠷᠳᠣᠭᠤᠷ ᠨᠡᠮᠡᠵᠦ ᠣᠷᠣᠭᠤᠯᠬᠤ ᠶᠠᠪᠤᠳᠠᠯ ᠪᠣᠯᠤᠨ᠎ᠠ᠃ ᠬᠡᠷᠡᠭᠯᠡᠬᠦ

ᠬᠤᠭᠤᠴᠠᠭ᠎ᠠ ᠨᠢ ᠶᠡᠷᠦ ᠳᠡᠭᠡᠨ ᠵᠢᠯ ᠪᠦᠷᠢ ᠶᠢᠨ 9 — 11 ᠰᠠᠷ᠎ᠠ ᠳᠤ ᠶᠠᠪᠤᠭᠳᠠᠳᠠᠭ᠃ ᠬᠡᠯᠡᠯᠭᠡᠨ ᠦᠭᠡᠢ ᠡᠨᠡ

ᠬᠦ ᠬᠤᠭᠤᠴᠠᠭᠠᠨ ᠳᠤ ᠤᠯᠠᠮ ᠡᠷᠲᠡ ᠪᠣᠯ ᠤᠯᠠᠮ ᠰᠠᠶᠢᠨ ᠶᠤᠮ᠂ ᠣᠷᠭᠠᠨᠢᠭ ᠪᠣᠷᠳᠤᠭᠤᠷ ᠣᠷᠣᠭᠤᠯᠬᠤ ᠶᠢᠨ ᠬᠠᠮᠲᠤ

ᠪᠠᠰᠠ ᠵᠠᠷᠢᠮ ᠠᠮᠢᠳᠤ ᠪᠣᠳᠠᠰ ᠤᠨ ᠪᠠᠺᠲ᠋ᠧᠷᠢᠲᠤ ᠪᠣᠷᠳᠤᠭᠤᠷ ᠬᠡᠷᠡᠭᠯᠡᠵᠦ ᠪᠣᠯᠤᠨ᠎ᠠ᠃ ᠬᠥᠷᠥᠰᠥᠨ ᠤ

ᠢᠳᠡᠪᠬᠢᠵᠢᠯᠲᠡ ᠶᠢᠨ ᠬᠡᠮᠵᠢᠶ᠎ᠡ ᠶᠢ ᠳᠡᠭᠡᠭᠰᠢᠯᠡᠭᠦᠯᠬᠦ ᠨᠢ ᠳᠣᠯᠤᠭᠤᠨ᠎ᠠ ᠶᠢᠨ ᠵᠠᠳᠠᠯᠤᠯᠲᠠ ᠶᠢᠨ ᠲᠡᠮᠦᠷ ᠡᠯᠧᠮᠧᠨ᠋ᠲ ᠤᠨ

ᠰᠢᠩᠭᠡᠭᠡᠯᠲᠡ ᠳᠤ ᠨᠡᠩ ᠠᠰᠢᠭᠲᠠᠶ ᠶᠤᠮ᠃ ᠰᠢᠷ᠎ᠠ ᠨᠠᠪᠴᠢ ᠶᠢᠨ ᠡᠪᠡᠳᠴᠢᠨ ᠨᠡᠯᠢᠶᠡᠳ ᠬᠦᠨᠳᠦ ᠨᠣᠴᠢᠲᠠᠶ

ᠡᠭᠦᠰᠦᠭᠰᠡᠨ ᠳᠣᠯᠤᠭᠤᠨ᠎ᠠ ᠶᠢᠨ ᠮᠣᠳᠣᠨ ᠤ ᠵᠢᠮᠢᠰ ᠤᠨ ᠬᠦᠷᠢᠶᠡᠯᠡᠩ ᠳᠤ ᠬᠦᠬᠦᠷ ᠬᠦᠴᠢᠯ ᠤᠨ ᠳᠤᠲᠠᠭᠤ ᠲᠡᠮᠦᠷ

ᠬᠡᠷᠡᠭᠯᠡᠵᠦ ᠪᠣᠯᠤᠨ᠎ᠠ᠃

5. ᠵᠦᠶ ᠵᠣᠬᠢᠰᠲᠠᠶ ᠠᠴᠢᠶ᠎ᠠ

    ᠰᠤᠳᠤᠯᠭᠠᠨ ᠳᠤ ᠵᠢᠭᠠᠵᠤ ᠭᠠᠷᠭᠠᠭᠰᠠᠨ ᠨᠢ᠄ ᠰᠢᠷ᠎ᠠ ᠨᠠᠪᠴᠢᠨ ᠤ ᠡᠪᠡᠳᠴᠢᠨ ᠨᠢ ᠵᠢᠮᠢᠰ ᠤᠨ ᠬᠦᠷᠢᠶᠡᠯᠡᠩ ᠳᠤ

ᠬᠦᠨᠳᠦ ᠨᠣᠴᠢᠲᠠᠶ ᠡᠭᠦᠰᠴᠡᠶ᠃ ᠵᠢᠮᠢᠰ ᠦᠯᠡᠳᠡᠭᠡᠬᠦ ᠲᠤᠭ᠎ᠠ ᠬᠡᠮᠵᠢᠶ᠎ᠡ ᠶᠢ ᠬᠠᠭᠠᠰ ᠢᠶᠠᠷ ᠬᠠᠰᠤᠬᠤ ᠬᠡᠷᠡᠭᠲᠡᠶ᠂

ᠡᠶᠢᠮᠦ ᠠᠴᠠ ᠴᠡᠴᠡᠭ ᠰᠡᠶᠢᠷᠡᠭ ᠵᠢᠮᠢᠰ ᠰᠡᠶᠢᠷᠡᠭᠦᠯᠬᠦ ᠠᠵᠢᠯ ᠢ ᠡᠷᠬᠡᠪᠰᠢ ᠰᠠᠶᠢᠲᠤᠷ ᠬᠢᠬᠦ ᠬᠡᠷᠡᠭᠲᠡᠶ᠃ ᠡᠭᠦᠨ ᠤ

ᠬᠠᠮᠲᠤ ᠡᠪᠦᠯ ᠤᠨ ᠬᠠᠶᠢᠴᠢᠯᠠᠬᠤ ᠳᠤ ᠪᠠᠰᠠ ᠵᠠᠷᠢᠮ ᠬᠡᠲᠦᠷᠬᠡᠢ ᠨᠢᠭᠲᠠ ᠰᠤᠯᠠᠷᠠᠭᠰᠠᠨ ᠰᠠᠯᠠᠭ᠎ᠠ ᠮᠥᠴᠢᠷ ᠵᠢᠴᠢ

ᠵᠢᠮᠢᠰᠯᠡᠭᠰᠡᠨ ᠰᠠᠯᠠᠭ᠎ᠠ ᠮᠥᠴᠢᠷ ᠢ ᠭᠤᠣᠯᠳᠠᠯᠭ᠎ᠠ ᠲᠠᠢ ᠬᠠᠶᠢᠴᠢᠯᠠᠵᠤ ᠠᠷᠢᠯᠭᠠᠨ᠎ᠠ᠃ ᠮᠣᠳᠣᠨ ᠤ ᠪᠠᠶᠢᠳᠠᠯ ᠢ

ᠨᠡᠮᠡᠭᠳᠡᠭᠦᠯᠬᠦ ᠳᠤ ᠠᠰᠢᠭᠲᠠᠢ ᠪᠣᠯᠭᠠᠬᠤ ᠬᠡᠷᠡᠭᠲᠡᠶ᠃

6. ᠲᠠᠷᠢᠶᠠᠨ ᠡᠮ ᠢ ᠰᠡᠷᠭᠡᠶᠢᠯᠡᠨ ᠵᠠᠰᠠᠬᠤ

    ᠴᠡᠴᠡᠭ ᠳᠡᠯᠭᠡᠷᠡᠭᠰᠡᠨ ᠤ ᠳᠠᠷᠠᠭ᠎ᠠ ᠬᠠᠭᠠᠰ ᠰᠠᠷ᠎ᠠ ᠠᠯᠤᠰᠯᠠᠬᠤ ᠪᠦᠷᠢ 3 ᠤᠳᠠᠭ᠎ᠠ 300 ᠳᠠᠬᠢᠨ ᠰᠢᠭᠡᠰᠦᠯᠢᠭ

ᠡᠳ᠋ ᠲᠤ ᠰᠢᠷ᠎ᠠ ᠢᠯᠵᠢᠮᠡᠭ ᠬᠦᠴᠢᠯ ᠤᠨ ᠲᠡᠮᠦᠷ ᠪᠤᠶᠤ ᠰᠢᠪᠲᠦᠷᠲᠦ ᠬᠦᠴᠢᠯ ᠤᠨ ᠲᠡᠮᠦᠷ ᠰᠦᠷᠴᠢᠵᠦ᠂ ᠰᠢᠷ᠎ᠠ

ᠨᠠᠪᠴᠢ ᠶᠢᠨ ᠡᠪᠡᠳᠴᠢᠨ ᠤ ᠳᠠᠬᠢᠨ ᠨᠣᠭᠤᠭᠠᠷᠠᠬᠤ᠂ ᠮᠣᠳᠣᠨ ᠤ ᠪᠠᠶᠢᠳᠠᠯ ᠢ ᠰᠡᠷᠭᠦᠭᠡᠬᠦ ᠳᠤ ᠮᠠᠰᠢ ᠰᠠᠶᠢᠨ

ᠦᠢᠯᠡᠳᠦᠯ ᠲᠠᠢ ᠶᠤᠮ᠃ ᠨᠡᠯᠢᠶᠡᠳ ᠬᠦᠨᠳᠦ ᠨᠣᠴᠢᠲᠠᠶ ᠵᠢᠮᠢᠰ ᠤᠨ ᠬᠦᠷᠢᠶᠡᠯᠡᠩ ᠪᠤᠢ ᠪᠣᠯᠤᠭᠰᠠᠨ ᠪᠠᠰᠠ ᠵᠠᠷᠢᠮ

ᠦᠨᠳᠦᠰᠦ ᠶᠢᠨ ᠰᠢᠰᠲ᠋ᠧᠮ ᠤᠨ ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠳᠤ ᠬᠠᠮᠵᠢᠯᠴᠠᠵᠤ᠂

ᠦᠨᠳᠦᠰᠦᠨ ᠤ ᠰᠢᠰᠲ᠋ᠧᠮ ᠤᠨ ᠰᠢᠩᠭᠡᠭᠡᠬᠦ ᠴᠢᠳᠠᠪᠤᠷᠢ ᠶᠢᠨ ᠬᠡᠪ ᠤᠨ ᠪᠠᠶᠢᠳᠠᠯ ᠢ ᠪᠠᠲᠤᠯᠠᠬᠤ ᠬᠡᠷᠡᠭᠲᠡᠶ᠃ ︵

ᠣᠷᠴᠢᠭᠤᠯᠤᠨ ᠨᠠᠶᠢᠷᠠᠭᠤᠯᠤᠭᠴᠢ᠄ ᠹᠧᠩ ᠶᠢᠩ    ᠨᠠᠨᠳᠢᠨ︶
   

 
ᠢᠷᠡᠯᠲᠡ᠄ ᠲᠠᠷᠢᠶᠠᠯᠠᠩ ᠤᠨ ᠨᠠᠶᠢᠵᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号