ᠰᠢᠨᠵᠢᠯᠡᠬᠦ ᠤᠬᠠᠭᠠᠨᠴᠢ ᠪᠠᠷ ᠪᠠᠯ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2020/10/22
    ᠮᠠᠨ ᠤ ᠤᠯᠤᠰ ᠵᠢᠯ ᠳᠤ 15 ᠲᠦᠮᠡᠨ ᠲᠣᠨ ᠵᠥᠭᠡᠢ ᠶᠢᠨ ᠪᠠᠯ ᠦᠢᠯᠡᠳᠪᠦᠷᠢᠯᠡᠵᠦ᠂ ᠳᠡᠯᠡᠬᠡᠶ ᠶᠢᠨ ᠬᠤᠶᠠᠳᠤᠭᠠᠷ ᠲᠤ ᠣᠷᠣᠵᠤ᠂ ᠵᠥᠭᠡᠢ ᠶᠢᠨ ᠪᠠᠯ ᠨᠢᠭᠡᠨᠲᠡ ᠭᠠᠳᠠᠭᠠᠳᠤ ᠳᠤ ᠭᠠᠷᠭᠠᠬᠤ ᠴᠢᠬᠤᠯᠠ ᠡᠳ᠋ ᠪᠣᠳᠠᠰ ᠪᠣᠯᠵᠠᠶ᠃ ᠰᠢᠨᠵᠢᠯᠡᠬᠦ ᠤᠬᠠᠭᠠᠨᠴᠢ ᠪᠠᠷ ᠪᠠᠯ ᠬᠠᠳᠠᠭᠠᠯᠠᠵᠤ᠂ ᠴᠢᠨᠠᠷ ᠰᠠᠶᠢᠲᠠᠶ ᠪᠠᠶᠢᠯᠭᠠᠬᠤ ᠪᠣᠯ ᠮᠠᠰᠢ ᠴᠢᠬᠤᠯᠠ ᠶᠤᠮ᠃     1 ᠲᠥᠷᠥᠯ  ᠵᠦᠢᠯ ᠬᠤᠪᠢᠶᠠᠨ ᠬᠠᠳᠠᠭᠠᠯᠠᠬᠤ᠃ ᠠᠳᠠᠯᠢ ᠨᠢᠭᠡᠨ ᠭᠠᠵᠠᠷ ᠣᠷᠣᠨ ᠠᠴᠠ ᠲᠡᠭᠦᠭᠰᠡᠨ ᠪᠠᠯ ᠨᠢ ᠪᠠᠰᠠ ᠠᠳᠠᠯᠢ ᠪᠤᠰᠤ ᠲᠥᠷᠥᠯ ᠵᠦᠢᠯ ᠪᠠᠶᠢᠳᠠᠭ᠂ ᠵᠢᠱᠢᠶᠡᠯᠡᠪᠡᠯ ᠬᠦᠷᠡᠩ ᠡᠭᠦᠯᠡ ᠴᠡᠴᠡᠭ ᠤᠨ ᠪᠠᠯ᠂ ᠰᠢᠯᠢᠮᠳᠡᠭ ᠴᠡᠴᠡᠭ ᠤᠨ ᠪᠠᠯ᠂ ᠵᠦᠷᠵᠢ ᠶᠢᠨ ᠴᠡᠴᠡᠭ ᠤᠨ ᠪᠠᠯ᠂ ᠲᠦᠢᠪᠠᠩ ᠴᠡᠴᠡᠭ ᠤᠨ ᠪᠠᠯ᠂ ᠴᠢᠪᠠᠭ᠎ᠠ ᠶᠢᠨ ᠴᠡᠴᠡᠭ ᠤᠨ ᠪᠠᠯ ᠵᠡᠷᠭᠡ᠃ ᠪᠠᠯ ᠨᠢᠭᠡᠪᠦᠷᠢ ᠨᠢ ᠴᠥᠮ ᠥᠪᠡᠷ ᠥᠪᠡᠷ ᠤᠨ ᠣᠨᠴᠠᠯᠢᠭ ᠪᠠ ᠦᠨᠦᠷ ᠠᠮᠲᠠ ᠲᠠᠢ ᠪᠠᠶᠢᠳᠠᠭ᠃ ᠠᠳᠠᠯᠢ ᠪᠤᠰᠤ ᠬᠡᠷᠡᠭᠯᠡᠭᠴᠢᠳ ᠤᠨ ᠳᠤᠷᠠᠰᠢᠯ ᠳᠤ ᠲᠣᠬᠢᠷᠠᠳᠠᠭ ᠪᠣᠯᠬᠤᠷ ᠴᠡᠴᠡᠭ ᠤᠨ ᠡᠬᠢ ᠶᠢ ᠬᠤᠪᠢᠶᠠᠨ ᠬᠠᠳᠠᠭᠠᠯᠠᠬᠤ ᠬᠡᠷᠡᠭᠲᠡᠶ᠃ ᠬᠤᠳᠬᠤᠯᠳᠤᠬᠤ ᠠᠴᠠ ᠰᠡᠷᠭᠡᠶᠢᠯᠡᠵᠦ᠂ ᠤᠤᠯ ᠤᠨ ᠣᠨᠴᠠᠯᠢᠭ ᠢᠶᠠᠨ ᠬᠠᠳᠠᠭᠠᠯᠠᠨ᠎ᠠ᠃

    2 ᠲᠣᠬᠢᠷᠠᠮᠵᠢᠲᠠᠢ ᠬᠠᠳᠠᠭᠠᠯᠠᠬᠤ ᠰᠠᠪᠠ ᠶᠢ ᠬᠡᠷᠡᠭᠯᠡᠨ᠎ᠡ᠃ ᠵᠥᠭᠡᠢ ᠶᠢᠨ ᠪᠠᠯ ᠨᠢ ᠰᠤᠯᠠ ᠬᠦᠴᠢᠯᠯᠢᠭ

ᠴᠢᠨᠠᠷ ᠲᠠᠢ᠂ ᠲᠡᠮᠦᠷᠯᠢᠭ ᠲᠠᠢ ᠢᠰᠦᠯᠳᠦᠬᠦ ᠦᠢᠯᠡᠳᠦᠯ ᠭᠠᠷᠭᠠᠳᠠᠭ᠃ ᠡᠶᠢᠮᠦ ᠠᠴᠠ ᠲᠡᠮᠦᠷᠯᠢᠭ ᠪᠤᠰᠤ ᠰᠠᠪᠠ᠂

ᠵᠢᠱᠢᠶᠡᠯᠡᠪᠡᠯ ᠭᠠᠩ᠂ ᠮᠣᠳᠣᠨ ᠰᠠᠭᠤᠯᠠᠭ᠎ᠠ᠂ ᠬᠤᠤᠷ ᠥᠬᠡᠶ ᠰᠦᠯᠢᠶᠣᠣ ᠰᠠᠪᠠ ᠵᠡᠷᠭᠡ ᠶᠢ ᠬᠡᠷᠡᠭᠯᠡᠵᠦ ᠬᠠᠳᠠᠭᠠᠯᠠᠬᠤ

ᠬᠡᠷᠡᠭᠲᠡᠶ᠃ ᠲᠡᠮᠦᠷ ᠰᠠᠭᠤᠯᠭ᠎ᠠ ᠪᠠᠷ ᠬᠠᠳᠠᠭᠠᠯᠠᠵᠤ ᠪᠣᠯᠬᠤ ᠦᠭᠡᠢ᠂ ᠤᠴᠢᠷ ᠨᠢ ᠲᠡᠮᠦᠷ ᠤᠨ ᠵᠢᠪᠡ ᠠᠮᠠᠷᠬᠠᠨ ᠪᠠᠯ

ᠬᠠᠷ᠎ᠠ ᠪᠣᠯᠳᠠᠭ᠃ ᠵᠢᠱᠢᠶᠡᠯᠡᠪᠡᠯ ᠴᠠᠶᠢᠷ ᠢᠶᠠᠷ ᠥᠩᠭᠡᠯᠡᠭᠰᠡᠨ ᠪᠤᠶᠤ ᠴᠠᠭᠠᠨ ᠲᠤᠭᠤᠯᠭ᠎ᠠ ᠪᠠᠷ ᠥᠩᠭᠡᠯᠡᠭᠰᠡᠨ ᠲᠡᠮᠦᠷ

ᠢᠯᠲᠠᠰᠤᠲᠤ ᠰᠠᠭᠤᠯᠭ᠎ᠠ ᠶᠢ ᠬᠡᠷᠡᠭᠯᠡᠪᠡᠯ᠂ ᠰᠠᠭᠤᠯᠠᠭᠠᠨ ᠳᠣᠲᠣᠷ᠎ᠠ ᠬᠠᠨ᠎ᠠ ᠳᠤ ᠴᠢᠩᠭ᠎ᠠ ᠨᠠᠭᠠᠯᠳᠤᠬᠤ ᠬᠦᠴᠦ ᠲᠠᠢ

ᠡᠰᠲ᠋ᠧᠷ ᠤᠨ ᠰᠢᠷ ᠪᠤᠶᠤ ᠳᠣᠲᠣᠷ᠎ᠠ ᠨᠢ ᠬᠤᠣᠷ ᠦᠭᠡᠢ ᠰᠦᠯᠢᠶᠣᠣ ᠤᠭᠤᠲᠠ ᠶᠢ ᠲᠦᠷᠬᠢᠪᠡᠯ ᠵᠣᠬᠢᠨ᠎ᠠ᠃ ᠡᠰᠡ

ᠲᠡᠭᠡᠪᠡᠯ ᠪᠠᠯ ᠳᠣᠲᠣᠷᠠᠬᠢ ᠴᠠᠢᠷ ᠪᠠ ᠴᠠᠭᠠᠨ ᠲᠤᠭᠤᠯᠭ᠎ᠠ ᠶᠢᠨ ᠠᠭᠤᠯᠤᠭᠳᠠᠴᠠ ᠶᠢ ᠨᠡᠮᠡᠭᠳᠡᠭᠦᠯᠬᠦ ᠪᠣᠯᠤᠨ᠎ᠠ᠃

ᠪᠠᠯ ᠤᠨ ᠭᠠᠷᠤᠯᠲᠠ ᠨᠡᠯᠢᠶᠡᠳ ᠥᠨᠳᠥᠷ ᠭᠠᠵᠠᠷ ᠣᠷᠣᠨ ᠳᠤ ᠪᠠᠯ ᠢ ᠬᠠᠳᠠᠭᠠᠯᠠᠬᠤ ᠴᠥᠭᠦᠷᠥᠮ ᠪᠠᠶᠢᠭᠤᠯᠵᠤ ᠪᠣᠯᠤᠨ᠎ᠠ

᠃ ᠬᠠᠳᠠᠭᠠᠯᠠᠬᠤ ᠳᠠᠭᠠᠨ ᠵᠥᠭᠡᠢ ᠶᠢᠨ ᠪᠠᠯ ᠢ ᠰᠠᠪᠠᠨ ᠳᠤ ᠳᠦᠭᠦᠷᠭᠡᠵᠦ ᠪᠣᠯᠬᠤ ᠥᠬᠡᠶ᠂ ᠢᠯᠠᠩᠭᠤᠶ᠎ᠠ ᠵᠥᠭᠡᠭᠡᠪᠦᠷᠢᠯᠡᠬᠦ

ᠦᠶ᠎ᠡ ᠳᠤ 25% ~ 30% ᠶᠢᠨ ᠣᠷᠣᠶ ᠶᠢᠨ ᠵᠠᠪᠰᠠᠷ ᠢ ᠦᠯᠡᠳᠡᠭᠡᠨ᠎ᠡ  ᠃

    3 ᠪᠠᠯ ᠢ ᠴᠡᠪᠡᠷ ᠪᠠᠢᠯᠭᠠᠬᠤ ᠬᠡᠷᠡᠭᠲᠡᠶ᠃ ᠵᠥᠭᠡᠢ ᠶᠢᠨ ᠪᠠᠯ ᠢ ᠨᠡᠯᠢᠶᠡᠳ ᠥᠨᠳᠥᠷ ᠰᠠᠭᠤᠯᠠᠭ᠎ᠠ ᠳᠣᠲᠣᠷ᠎ᠠ

ᠬᠢᠵᠦ ᠲᠣᠭᠲᠠᠮᠠᠯ ᠳᠤᠯᠠᠭᠠᠨ ᠤ ᠬᠡᠮᠵᠢᠶ᠎ᠡ ᠨᠡᠯᠢᠶᠡᠳ ᠥᠨᠳᠥᠷ ᠪᠥᠭᠡᠳ ᠬᠠᠭᠤᠷᠠᠶ ᠬᠡᠷ ᠳᠣᠲᠣᠷᠠᠬᠢ ᠲᠤᠨᠳᠠᠰᠤ ᠳᠤ

ᠲᠠᠯᠪᠢᠵᠤ᠂ ᠲᠤᠨᠳᠠᠰᠤ ᠳᠤ ᠬᠡᠷᠡᠭᠰᠡᠬᠦ ᠴᠠᠭ ᠢ ᠪᠣᠳᠠᠲᠠᠶ ᠳᠤᠯᠠᠭᠠᠨ ᠤ ᠬᠡᠮᠵᠢᠶ᠎ᠡ ᠪᠠᠷ ᠲᠣᠭᠲᠠᠭᠠᠨ᠎ᠠ᠃ 20℃ ᠤᠨ

ᠦᠶ᠎ᠡ ᠳᠤ 3 ᠡᠳᠦᠷ ᠬᠡᠷᠡᠭᠰᠡᠨ᠎ᠡ᠂ 35℃ ᠤᠨ ᠦᠶ᠎ᠡ ᠳᠤ ᠵᠥᠪᠬᠡᠨ 10 ᠴᠠᠭ ᠬᠡᠷᠡᠭᠰᠡᠨ᠎ᠡ᠃ ᠡᠨᠡ ᠣᠶᠢᠶ᠎ᠠ ᠳᠤ

ᠬᠦᠨᠳᠦ ᠶᠡᠭᠡ ᠶᠠᠭᠤᠮ᠎ᠠ ᠨᠢ ᠲᠤᠨᠵᠤ᠂ ᠰᠠᠭᠤᠯᠠᠭ᠎ᠠ ᠪᠠᠷ ᠳᠠᠮᠵᠢᠨ ᠴᠡᠪᠡᠷ ᠪᠠᠯ ᠣᠯᠵᠤ ᠪᠣᠯᠤᠨ᠎ᠠ᠃

  4. ᠪᠠᠯ ᠢᠰᠬᠡᠬᠦ ᠠᠴᠠ ᠰᠡᠷᠭᠡᠶᠢᠯᠡᠨ᠎ᠡ᠃ ᠵᠥᠭᠡᠢ ᠶᠢᠨ ᠪᠠᠯ ᠳᠣᠲᠣᠷ᠎ᠠ ᠦᠷᠭᠦᠯᠵᠢ ᠬᠥᠷᠥᠩᠭᠡ ᠶᠢᠨ ᠮᠥᠭᠦ

ᠣᠷᠣᠰᠢᠳᠠᠭ᠃ ᠳᠤᠯᠠᠭᠠᠨ ᠤ ᠬᠡᠮᠵᠢᠶ᠎ᠡ᠂ ᠴᠢᠭᠢᠭᠲᠦᠴᠡ ᠲᠣᠬᠢᠷᠠᠮᠵᠢᠲᠠᠢ ᠦᠶ᠎ᠡ ᠳᠤ ᠥᠰᠴᠦ ᠦᠷᠡᠵᠢᠭᠡᠳ ᠬᠦᠴᠢᠯ ᠢ

ᠮᠠᠭᠤᠳᠠᠭᠤᠯᠳᠠᠭ᠃ ᠪᠣᠯᠪᠠᠰᠤᠷᠠᠩᠭᠤᠶ ᠪᠤᠰᠤ ᠵᠥᠭᠡᠢ ᠶᠢᠨ ᠪᠠᠯ ᠤᠰᠤᠨ ᠤ ᠠᠭᠤᠯᠤᠭᠳᠠᠴᠠ ᠨᠢ ᠶᠡᠭᠡ᠂ ᠬᠠᠮᠤᠭ

ᠲᠣᠬᠢᠷᠠᠮᠵᠢᠲᠠᠶ ᠢᠰᠬᠡᠭᠦᠷ ᠤᠨ ᠥᠰᠥᠯᠲᠡ ᠨᠢ ᠤᠷᠢᠳ ᠢᠶᠠᠷ ᠤᠷᠢᠳᠴᠢᠯᠠᠨ  ᠰᠢᠢᠳᠪᠦᠷᠢᠯᠡᠬᠦ ᠬᠡᠷᠡᠭᠲᠡᠶ᠃ ᠠᠷᠭ᠎ᠠ ᠨᠢ

ᠲᠡᠭᠦᠨ ᠢ ᠶᠡᠭᠡ ᠠᠮᠠᠰᠠᠷᠲᠤ ᠰᠠᠪᠠᠨ ᠳᠤ ᠰᠠᠪᠠᠯᠠᠵᠤ᠂ ᠬᠠᠭᠤᠷᠠᠶ᠂ ᠰᠠᠯᠬᠢ ᠨᠡᠪᠲᠡᠷᠡᠬᠦ᠂ ᠳᠤᠯᠠᠭᠠᠨ ᠤ ᠬᠡᠮᠵᠢᠶ᠎ᠡ ᠨᠢ

25℃ ᠠᠴᠠ ᠳᠡᠭᠡᠭᠰᠢ ᠪᠠᠶᠢᠳᠠᠭ ᠬᠡᠷ ᠳᠣᠲᠣᠷᠠᠬ ᠢ ᠬᠡᠳᠦᠨ ᠡᠳᠦᠷ ᠲᠠᠶᠢᠪᠤᠩ ᠲᠠᠯᠪᠢᠵᠤ᠂ ᠢᠯᠡᠭᠦᠴᠡ ᠤᠰᠤ ᠪᠠᠨ

ᠠᠭᠤᠷᠰᠢᠭᠤᠯᠵᠤ ᠬᠠᠶᠠᠳᠠᠭ᠃ ᠳᠠᠷᠤᠢ ᠪᠦᠷᠢᠮᠦᠰᠦᠨ ᠪᠣᠯᠪᠠᠰᠤᠷᠠᠭᠰᠠᠨ ᠤ ᠳᠠᠷᠠᠭ᠎ᠠ ᠰᠠᠶ᠋ᠢ ᠬᠠᠳᠠᠭᠠᠯᠠᠨ᠎ᠠ᠃

   5 ᠵᠥᠭᠡᠢ ᠶᠢᠨ ᠪᠠᠯ ᠤᠨ ᠴᠢᠬᠢᠭ ᠰᠣᠷᠣᠵᠤ ᠦᠨᠦᠷᠲᠦᠬᠦ ᠶᠢ ᠰᠡᠷᠭᠡᠶᠢᠯᠡᠨ᠎ᠡ᠃ ᠵᠥᠭᠡᠢ ᠶᠢᠨ ᠪᠠᠯ ᠤᠨ ᠴᠢᠬᠢᠭ

ᠰᠢᠩᠭᠡᠭᠡᠬᠦ ᠬᠦᠴᠦ ᠨᠢ ᠮᠠᠰᠢ ᠴᠢᠩᠭ᠎ᠠ ᠪᠠᠶᠢᠳᠠᠭ᠃ ᠵᠥᠭᠡᠢ ᠶᠢᠨ ᠪᠠᠯ ᠢ ᠬᠠᠷᠢᠴᠠᠩᠭᠤᠶ ᠴᠢᠭᠢᠭᠲᠦᠴᠡ 81% ᠶᠢᠨ ᠬᠡᠷ

ᠳᠣᠲᠣᠷ᠎ᠠ ᠳᠡᠯᠭᠡᠵᠦ᠂ 3 ᠰᠠᠷ᠎ᠠ ᠶᠢᠨ ᠳᠠᠷᠠᠭ᠎ᠠ ᠤᠰᠤ ᠨᠢ 32% ᠪᠣᠯᠲᠠᠯ᠎ᠠ ᠨᠡᠮᠡᠭᠳᠡᠳᠡᠭ᠃ ᠪᠣᠯᠪᠠᠰᠤᠷᠠᠭᠰᠠᠨ

ᠵᠥᠭᠡᠢ ᠶᠢᠨ ᠪᠠᠯ ᠴᠤ ᠴᠢᠭᠢᠭᠲᠦᠭᠦᠯᠦᠨ ᠢᠰᠦᠨ᠎ᠡ᠃ ᠡᠶᠢᠮᠦ ᠠᠴᠠ ᠨᠢᠭᠲᠠ ᠪᠢᠲᠡᠭᠦᠮᠵᠢᠯᠡᠭᠰᠡᠨ ᠰᠠᠪᠠ ᠶᠢ ᠬᠡᠷᠡᠭᠯᠡᠬᠦ

ᠬᠡᠷᠡᠭᠲᠡᠢ᠃ ᠪᠠᠰᠠ ᠬᠠᠭᠤᠷᠠᠢ᠂ ᠰᠠᠯᠬᠢ ᠨᠡᠪᠲᠡᠷᠡᠬᠦ ᠭᠡᠷ ᠲᠤ ᠬᠠᠳᠠᠭᠠᠯᠠᠵᠤ᠂ ᠵᠥᠭᠡᠢ ᠶᠢᠨ ᠪᠠᠯ ᠢ ᠬᠠᠳᠠᠭᠠᠯᠠᠬᠤ

ᠭᠡᠷ ᠲᠤ ᠬᠦᠨᠳᠦ ᠦᠨᠦᠷ ᠲᠠᠢ ᠪᠣᠳᠠᠰ ᠲᠠᠯᠪᠢᠵᠤ ᠪᠣᠯᠬᠤ ᠦᠭᠡᠢ᠃ ᠵᠥᠭᠡᠢ ᠶᠢᠨ ᠪᠠᠯ ᠣᠨᠳᠣᠣ ᠦᠨᠦᠷ

ᠰᠢᠩᠭᠡᠭᠡᠬᠦ ᠠᠴᠠ ᠰᠡᠷᠭᠡᠶᠢᠯᠡᠨ᠎ᠡ᠃

   6 ᠪᠠᠯ ᠤᠨ ᠲᠠᠯᠠᠰᠲᠤ᠃ ᠪᠠᠯ ᠲᠠᠯᠠᠰᠵᠢᠭᠰᠠᠨ ᠤ ᠳᠠᠷᠠᠭ᠎ᠠ ᠥᠩᠭᠡ ᠨᠢ ᠭᠦᠢᠬᠡᠨ ᠪᠣᠯᠵᠤ᠂ ᠬᠡᠯᠪᠡᠷᠢ

ᠳᠦᠷᠰᠦ ᠨᠢ ᠥᠳᠬᠡᠷᠡᠳᠡᠭ᠃ ᠬᠠᠳᠠᠭᠠᠯᠠᠬᠤ ᠪᠠ ᠵᠥᠭᠡᠭᠡᠪᠦᠷᠢᠯᠡᠬᠦ ᠳᠤ ᠠᠰᠢᠭᠲᠠᠶ᠂ ᠲᠠᠯᠠᠰᠲᠤ ᠶᠢ ᠲᠦᠷᠭᠡᠳᠬᠡᠬᠦ ᠶᠢᠨ

ᠲᠥᠯᠥᠭᠡ᠂ ᠪᠠᠯ ᠳᠣᠲᠣᠷ ᠎ᠠ 0.5% ᠶᠢᠨ ᠬᠠᠭᠤᠴᠢᠨ ᠪᠠᠯ ᠬᠤᠯᠢᠵᠤ ᠪᠣᠯᠤᠨ᠎ᠠ᠃ ᠭᠡᠪᠡᠴᠦ ᠵᠠᠬ᠎ᠠ ᠳᠡᠯᠭᠡᠭᠦᠷ ᠲᠤ

ᠭᠠᠷᠬᠤ ᠪᠠᠯ ᠨᠢ ᠡᠷᠬᠡᠪᠰᠢ ᠢᠯᠡ ᠲᠣᠳᠣ ᠪᠠᠶᠢᠬᠤ ᠶᠢ ᠪᠠᠲᠤᠯᠠᠬᠤ ᠬᠡᠷᠡᠭᠲᠡᠶ᠃ ᠰᠢᠩᠭᠡᠨ ᠪᠣᠳᠠᠰ ᠤᠨ ᠪᠠᠶᠢᠳᠠᠯ᠂

ᠡᠶᠢᠮᠦ ᠠᠴᠠ ᠲᠠᠯᠠᠰᠲᠤ ᠪᠣᠯᠬᠤ ᠶᠢ ᠰᠡᠷᠭᠡᠶᠢᠯᠡᠬᠦ ᠬᠡᠷᠡᠭᠲᠡᠶ᠃ ᠲᠠᠯᠠᠰᠲᠤ ᠵᠥᠭᠡᠢ ᠶᠢᠨ ᠪᠠᠯ ᠢ ᠬᠠᠶᠢᠯᠤᠭᠤᠯᠵᠤ᠂ ᠬᠤᠶᠠᠷ

ᠳᠠᠪᠬᠤᠷ ᠲᠣᠭᠤᠭ᠎ᠠ ᠪᠠᠷ ᠬᠠᠯᠠᠭᠤᠯᠤᠨ  ᠰᠢᠢᠳᠪᠦᠷᠢᠯᠡᠨ᠎ᠡ᠃ ᠰᠢᠢᠳᠪᠦᠷᠢᠯᠡᠬᠦ ᠳᠤ ᠭᠠᠳᠠᠷ ᠳᠠᠪᠬᠤᠷᠭ᠎ᠠ ᠳᠤ ᠤᠰᠤ

ᠰᠠᠪᠠᠯᠠᠵᠤ᠂ ᠳᠣᠲᠣᠷ᠎ᠠ ᠳᠠᠪᠬᠤᠷᠭ᠎ᠠ ᠳᠤ ᠪᠠᠯ ᠰᠠᠪᠠᠯᠠᠨ᠎ᠠ᠃ ᠳᠤᠯᠠᠭᠠᠨ ᠤ ᠬᠡᠮᠵᠢᠶ᠎ᠡ ᠨᠢ 7l℃ ᠪᠣᠯᠬᠤ ᠦᠶ᠎ᠡ ᠳᠤ

ᠬᠡᠳᠦᠨ ᠮᠢᠨᠦ᠋ᠲ ᠬᠠᠳᠠᠭᠠᠯᠠᠵᠤ᠂ ᠳᠠᠷᠠᠭ᠎ᠠ ᠨᠢ ᠭᠠᠯ ᠭᠠᠷᠬᠤ ᠬᠡᠷᠡᠭᠲᠡᠶ᠃ ᠨᠠᠮ ᠵᠢᠮ ᠨᠢᠭᠡ ᠡᠳᠦᠷ ᠲᠠᠯᠪᠢᠵᠤ᠂

ᠥᠩᠭᠡᠨ ᠲᠠᠯ᠎ᠠ ᠶᠢᠨ ᠬᠥᠭᠡᠰᠦ ᠶᠢ ᠠᠪᠴᠤ ᠬᠠᠶᠠᠨ᠎ᠠ᠃ ᠬᠥᠮᠦᠨ ᠰᠠᠪᠠᠯᠠᠵᠤ ᠠᠷᠢᠭᠤᠳᠬᠠᠭᠰᠠᠨ ᠰᠢᠯ ᠯᠣᠩᠬᠤᠨ

ᠳᠣᠲᠣᠷ᠎ᠠ ᠴᠢᠩᠭ᠎ᠠ ᠪᠢᠲᠡᠭᠦᠮᠵᠢᠯᠡᠪᠡᠯ ᠳᠠᠷᠤᠶ ᠲᠠᠯᠠᠰᠲᠤ ᠪᠣᠯᠬᠤ ᠠᠴᠠ ᠰᠡᠷᠭᠡᠶᠢᠯᠡᠵᠦ ᠴᠢᠳᠠᠨ᠎ᠠ᠃ ︵ᠣᠷᠴᠢᠭᠤᠯᠤᠨ

ᠨᠠᠶᠢᠷᠠᠭᠤᠯᠤᠭᠴᠢ᠄ ᠹᠧᠩ ᠶᠢᠩ    ᠨᠠᠨᠳᠢᠨ︶

 
ᠢᠷᠡᠯᠲᠡ᠄ ᠲᠠᠷᠢᠶᠠᠯᠠᠩ ᠤᠨ ᠨᠠᠶᠢᠵᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号