ᠰᠢᠳ ᠲᠡᠭᠦᠬᠦ ᠪᠠ ᠬᠠᠳᠠᠭᠠᠯᠠᠬᠤ
ᠨᠡᠶᠢᠲᠡᠯᠡᠭᠰᠡᠨ ᠴᠠᠭ᠄
2020/10/22
    ᠰᠢᠳ ᠪᠣᠯ ᠴᠢᠬᠤᠯᠠ ᠬᠠᠲᠠᠭᠤ ᠵᠢᠮᠢᠰ ᠤᠨ ᠮᠣᠳᠣᠨ ᠤ ᠲᠥᠷᠥᠯ ᠤᠨ ᠨᠢᠭᠡ ᠪᠠᠶᠢᠵᠣ᠂ ᠮᠣᠳᠣᠯᠢᠭ ᠲᠣᠰᠣᠲᠤ ᠮᠣᠳᠣᠨ ᠤ ᠲᠥᠷᠥᠯ ᠶᠣᠮ᠃ ᠪᠦᠬᠦ ᠳᠡᠯᠡᠬᠡᠶ ᠳᠤ 16 ᠵᠦᠢᠯ ᠪᠠᠶᠢᠵᠤ᠂ ᠭᠤᠣᠯᠳᠠᠭᠤ ᠠᠽᠢᠶ᠎ᠠ ᠲᠢᠪ᠂ ᠧᠦ᠋ᠷᠣᠫᠠ ᠲᠢᠪ ᠪᠠ ᠤᠮᠠᠷᠠᠲᠤ ᠠᠮᠧᠷᠢᠺᠠ ᠲᠢᠪ ᠲᠤ ᠲᠠᠷᠬᠠᠵᠤ ᠪᠠᠶᠢᠨ᠎ᠠ᠃ ᠰᠢᠳ ᠲᠡᠭᠦᠬᠦ ᠪᠠ ᠬᠠᠳᠠᠭᠠᠯᠠᠬᠤ ᠠᠷᠭ᠎ᠠ ᠨᠢ ᠳᠣᠣᠷᠠᠬᠢ ᠮᠡᠲᠦ :1. ᠲᠡᠭᠦᠵᠦ ᠬᠤᠷᠢᠶᠠᠬᠤ ᠬᠤᠭᠤᠴᠠᠭ᠎ᠠ     ᠰᠢᠳ ᠡᠷᠬᠡᠪᠰᠢ ᠭᠦᠢᠴᠡᠳ ᠪᠣᠯᠪᠠᠰᠤᠷᠠᠩᠭᠤᠶ ᠪᠣᠯᠪᠠᠯ ᠰᠠᠶ᠋ᠢ ᠬᠤᠷᠢᠶᠠᠵᠤ ᠪᠣᠯᠤᠨ᠎ᠠ᠃ ᠦᠷ᠎ᠡ ᠶᠢᠨ ᠴᠥᠮ᠎ᠡ ᠨᠢ ᠭᠦᠢᠴᠡᠳ ᠲᠡᠭᠦᠯᠳᠡᠷ ᠪᠢᠰᠢ ᠪᠣᠯ ᠬᠠᠲᠠᠭᠠᠭᠰᠠᠨ ᠤ ᠳᠠᠷᠠᠭ᠎ᠠ ᠠᠮᠠᠷᠬᠠᠨ ᠴᠥᠮᠥᠷᠡᠨ᠎ᠡ᠃ ᠶᠡᠷᠦ ᠳᠡᠭᠡᠨ ᠪᠢᠳᠡ ᠵᠢᠮᠢᠰ ᠤᠨ ᠪᠠᠭᠯᠠᠭᠴᠢ ᠪᠠ ᠵᠢᠮᠢᠰ ᠤᠨ ᠬᠠᠯᠢᠰᠤᠨ ᠤ ᠥᠩᠭᠡ ᠨᠢ ᠴᠠᠭᠠᠨ ᠥᠩᠭᠡ ᠠᠴᠠ ᠪᠠᠨ ᠰᠢᠷ᠎ᠠ ᠥᠩᠭᠡᠲᠡᠶ ᠪᠣᠯᠳᠠᠭ᠃ ᠲᠡᠷᠡ ᠮᠥᠷᠲᠡᠭᠡᠨ ᠵᠢᠮᠢᠰ ᠤᠨ ᠪᠠᠭᠯᠠᠭᠴᠢ ᠶᠢᠨ ᠬᠡᠰᠡᠭ ᠲᠤ ᠨᠢᠭᠡ ᠲᠣᠭᠤᠷᠢᠭ ᠰᠢᠷ᠎ᠠ ᠬᠦᠷᠡᠩ ᠥᠩᠭᠡ ᠢᠯᠡᠷᠡᠳᠡᠭ᠂ ᠡᠨᠡ ᠦᠶ᠎ᠡ ᠳᠤ ᠵᠢᠮᠢᠰ ᠤᠨ ᠪᠤᠳᠠᠰᠤᠨ ᠳᠣᠲᠣᠷᠠᠬᠢ ᠬᠠᠲᠠᠭᠤ ᠵᠢᠮᠢᠰ ᠢ ᠭᠠᠷ ᠢᠶᠠᠷ ᠢᠶᠠᠨ ᠬᠦᠷᠦᠯᠴᠡᠭᠰᠡᠭᠡᠷ ᠪᠥᠮ ᠪᠥᠭᠡᠰᠦ ᠮᠤᠯᠲᠤᠷᠠᠵᠤ᠂ ᠳᠠᠷᠤᠶ ᠲᠡᠭᠦᠵᠦ ᠬᠤᠷᠢᠶᠠᠬᠤ ᠬᠠᠮᠤᠭ ᠤᠨ ᠲᠣᠬᠢᠷᠠᠮᠵᠢᠲᠠᠶ ᠴᠠᠭ ᠦᠶ᠎ᠡ ᠪᠣᠯᠤᠨ᠎ᠠ᠃     ᠪᠢᠳᠡ ᠪᠠᠰᠠ ᠴᠠᠭ ᠤᠯᠠᠷᠢᠯ ᠢ ᠦᠨᠳᠦᠰᠦᠯᠡᠨ᠂ ᠨᠠᠷᠠᠰᠢᠬᠤ ᠡᠨᠡ ᠬᠦ ᠴᠠᠭ ᠤᠯᠠᠷᠢᠯ ᠳᠤ ᠠᠪᠴᠤ ᠬᠤᠷᠢᠶᠠᠬᠤ ᠨᠢ ᠬᠠᠮᠤᠭ ᠤᠨ ᠲᠣᠬᠢᠷᠠᠮᠵᠢᠲᠠᠶ ᠭᠡᠳᠡᠭ ᠢ ᠮᠠᠭᠠᠳᠯᠠᠵᠤ ᠪᠣᠯᠤᠨ᠎ᠠ᠃ ᠥᠭᠡᠷ᠎ᠡ ᠪᠠᠷ ᠬᠡᠯᠡᠪᠡᠯ 8 ᠰᠠᠷ᠎ᠠ ᠶᠢᠨ ᠳᠤᠮᠳᠠᠴᠢ ᠠᠴᠠ 9 ᠰᠠᠷ᠎ᠠ ᠶᠢᠨ ᠡᠬᠢ ᠬᠦᠷᠲᠡᠯ᠎ᠡ᠃

2 . ᠲᠡᠭᠦᠬᠦ ᠠᠷᠭ᠎ᠠ

    ᠪᠢᠳᠡ ᠬᠠᠲᠠᠭᠤ ᠵᠢᠮᠢᠰ ᠢ ᠨᠢ ᠲᠡᠭᠦᠵᠦ ᠠᠪᠴᠤ ᠪᠣᠯᠤᠨ᠎ᠠ᠂ ᠡᠰᠡᠬᠦᠯ᠎ᠡ ᠵᠢᠮᠢᠰ ᠤᠨ ᠪᠠᠷᠢᠭᠤᠯ ᠲᠠᠢ ᠵᠢᠮᠢᠰ ᠢ

ᠬᠠᠮᠲᠤ ᠲᠡᠭᠦᠪᠡᠯ᠂ ᠪᠠᠰᠠ ᠵᠢᠮᠢᠰ ᠢᠶᠠᠨ ᠵᠤᠯᠭᠠᠷᠠᠭᠤᠯᠤᠭᠰᠠᠨ ᠤ ᠳᠠᠷᠠᠭ᠎ᠠ ᠳᠠᠬᠢᠨ ᠲᠡᠭᠦᠵᠦ ᠴᠤᠭᠯᠠᠭᠤᠯᠳᠠᠭ᠃ ᠡᠳᠦᠷ

ᠠᠯᠤᠰᠯᠠᠬᠤ ᠪᠦᠷᠢ ᠨᠢᠭᠡ ᠤᠳᠠᠭ᠎ᠠ ᠵᠢᠮᠢᠰ ᠲᠡᠭᠦᠵᠦ᠂ ᠬᠤᠭᠤᠴᠠᠭ᠎ᠠ ᠬᠤᠪᠢᠶᠠᠨ ᠬᠤᠷᠢᠶᠠᠳᠠᠭ᠃ ᠨᠢᠭᠡ ᠪᠣᠯ

ᠬᠡᠯᠪᠡᠯᠵᠡᠭᠰᠡᠨ ᠲᠣᠮᠣ ᠰᠠᠯᠠᠭ᠎ᠠ ᠶᠢ ᠬᠡᠷᠡᠭᠯᠡᠨ᠂ ᠰᠢᠳ ᠵᠢᠮᠢᠰ ᠢ ᠭᠠᠵᠠᠷ ᠤᠨᠠᠭᠠᠨ᠎ᠠ᠃ ᠳᠠᠷᠠᠭ᠎ᠠ ᠨᠢ ᠲᠥᠪᠯᠡᠷᠡᠭᠦᠯᠦᠨ

ᠴᠤᠭᠯᠠᠭᠤᠯᠵᠤ᠂ ᠰᠠᠭᠰᠤᠨ ᠳᠤ ᠬᠢᠵᠦ᠂ ᠣᠪᠣᠭᠠᠯᠠᠨ ᠵᠢᠮᠢᠰ ᠤᠨ ᠲᠠᠯᠠᠪᠠᠢ ᠳᠤ ᠠᠪᠠᠴᠢᠵᠤ ᠪᠠᠭᠯᠠᠰᠤ ᠪᠠᠨ

ᠲᠠᠶᠢᠯᠬᠤ ᠪᠠᠷ ᠪᠡᠯᠡᠳᠬᠡᠨ᠎ᠡ᠃ ᠪᠣᠷᠣ ᠵᠢᠮᠢᠰ ᠲᠡᠭᠦᠬᠦ ᠦᠶ᠎ᠡ ᠳᠤ ᠠᠯᠢ ᠴᠢᠳᠠᠬᠤ ᠪᠠᠷ ᠰᠢᠷᠬᠠᠲᠤᠬᠤ ᠠᠴᠠ ᠵᠠᠶᠢᠯᠠᠰᠬᠢᠬᠦ

ᠪᠤᠶᠤ ᠰᠠᠯᠠᠭ᠎ᠠ ᠶᠢ ᠬᠤᠭᠤᠯᠬᠤ ᠬᠡᠷᠡᠭᠲᠡᠢ᠂ ᠡᠰᠡ ᠲᠡᠭᠡᠪᠡᠯ ᠢᠷᠡᠬᠦ ᠵᠢᠯ ᠤᠨ ᠰᠢᠳ ᠤᠨ ᠥᠰᠥᠯᠲᠡ ᠪᠤᠶᠢᠵᠢᠯᠲᠠ ᠶᠢ

ᠨᠥᠯᠥᠭᠡᠯᠡᠨ᠎ᠡ᠃ ᠶᠡᠷᠦ ᠳᠡᠭᠡᠨ ᠵᠢᠮᠢᠰᠯᠡᠬᠦ ᠬᠤᠭᠤᠴᠠᠭᠠᠨ ᠳᠤ ᠮᠠᠭᠠᠵᠢ ᠶᠢᠨ ᠮᠦ ᠪᠦᠷᠢ 220 — 250

ᠺᠢᠯᠣᠭ᠍ᠷᠠᠮ ᠬᠤᠷᠢᠶᠠᠳᠠᠭ᠃

    ᠬᠤᠷᠢᠶᠠᠵᠤ ᠠᠪᠤᠭᠰᠠᠨ ᠵᠢᠮᠢᠰ ᠤᠨ ᠪᠠᠭᠯᠠᠭ᠎ᠠ ᠲᠠᠢ ᠵᠢᠮᠢᠰ ᠨᠢ ᠰᠢᠨ᠎ᠡ ᠰᠣᠷᠭᠤᠭ ᠵᠢᠮᠢᠰ᠂ ᠤᠰᠤᠨ ᠤ

ᠠᠭᠤᠯᠤᠭᠳᠠᠴᠠ ᠨᠢ ᠮᠠᠰᠢ ᠶᠡᠭᠡ᠂ ᠬᠤᠯᠢᠴᠠ ᠨᠢ ᠴᠦ ᠨᠡᠯᠢᠶᠡᠳ ᠠᠷᠪᠢᠨ ᠪᠠᠶᠢᠳᠠᠭ᠃ ᠪᠤᠭᠤᠳᠠᠢ ᠰᠠᠯᠭᠠᠬᠤ᠂ ᠡᠯᠳᠡᠪ

ᠵᠦᠢᠯ ᠢ ᠠᠷᠢᠯᠭᠠᠬᠤ ᠪᠠ ᠨᠡᠷᠡᠨ ᠳᠤ ᠡᠭᠡᠭᠡᠬᠦ ᠵᠡᠷᠭᠡ ᠠᠵᠢᠯ ᠤᠨ ᠶᠠᠪᠣᠴᠠ ᠶᠢ ᠥᠩᠭᠡᠷᠡᠭᠡᠮᠡᠨᠵᠢᠨ ᠰᠠᠶ᠋ᠢ ᠲᠠᠸᠠᠷ ᠤᠨ

ᠰᠢᠳ ᠤᠨ ᠱᠠᠭᠠᠷᠳᠠᠯᠭ᠎ᠠ ᠳᠤ ᠬᠦᠷᠴᠦ ᠴᠢᠳᠠᠨ᠎ᠠ᠃

3. ᠬᠠᠳᠠᠭᠠᠬᠤ

    ᠰᠢᠳ ᠵᠢᠮᠢᠰ ᠢ ᠰᠢᠭᠤᠳ ᠰᠠᠯᠬᠢ ᠨᠡᠪᠲᠡᠷᠡᠬᠦ ᠬᠠᠭᠤᠷᠠᠶ ᠱᠦᠢᠨᠢ ᠶᠢᠨ ᠱᠠᠯᠠ ᠳᠡᠭᠡᠷ᠎ᠡ ᠲᠠᠯᠪᠢᠵᠤ ᠪᠣᠯᠤᠨ᠎ᠠ᠃

ᠰᠠᠯᠬᠢ ᠨᠡᠪᠲᠡᠷᠡᠭᠦᠯᠦᠨ ᠬᠠᠲᠠᠭᠠᠬᠤ ᠳᠤ᠂ ᠡᠩ ᠤᠨ ᠣᠪᠣᠭᠠᠯᠠᠬᠤ ᠦᠨᠳᠦᠷ ᠤᠨ ᠬᠡᠮᠵᠢᠶ᠎ᠡ ᠨᠢ 20 ᠰᠠᠨᠲ᠋ᠢᠮᠧᠲᠷ

ᠣᠷᠴᠢᠮ ᠪᠠᠶᠢᠳᠠᠭ᠃ ᠣᠪᠣᠭᠠᠯᠠᠬᠤ ᠶᠠᠪᠤᠴᠠ ᠳᠤ ᠣᠪᠣᠭᠠᠨ ᠳᠣᠲᠣᠷᠠᠬᠢ ᠳᠤᠯᠠᠭᠠᠨ ᠤ ᠬᠡᠮᠵᠢᠶ᠎ᠡ ᠪᠠ ᠴᠢᠭᠢᠭᠲᠦᠴᠡ ᠶᠢ

ᠠᠩᠬᠠᠷᠤᠨ ᠪᠠᠶᠢᠴᠠᠭᠠᠬᠤ ᠬᠡᠷᠡᠭᠲᠡᠶ᠂ ᠬᠡᠷᠪᠡ ᠬᠡᠲᠦᠷᠬᠡᠶ ᠨᠦᠢᠲᠠᠨ ᠢᠰᠬᠡᠪᠡᠯ ᠵᠢᠮᠢᠰ ᠤᠨ ᠬᠠᠯᠢᠰᠤ ᠶᠢᠨ ᠥᠩᠭᠡ ᠨᠢ

ᠬᠡᠲᠦᠷᠬᠡᠶ ᠭᠦᠨ᠂ ᠬᠡᠷᠡᠯ ᠭᠢᠯᠪᠠᠭ᠎ᠠ ᠪᠠᠨ ᠠᠯᠳᠠᠵᠤ᠂ ᠬᠦᠨᠳᠦ ᠨᠣᠴᠢᠲᠠᠶ ᠦᠶ ᠎ᠡ ᠳᠤ ᠰᠢᠮᠨᠤ ᠶᠢ ᠢᠳᠡᠵᠦ ᠪᠣᠯᠬᠤ

ᠥᠬᠡᠶ ᠪᠣᠯᠭᠠᠨ᠎ᠠ᠃ ᠵᠢᠮᠢᠰ ᠤᠨ ᠪᠠᠭᠯᠠᠶ ᠶᠢᠨ ᠥᠩᠭᠡ ᠨᠢ ᠬᠠᠷᠠᠯᠠᠬᠤ ᠦᠶᠡᠰ᠂ ᠨᠢᠭᠡ ᠤᠳᠠᠭ᠎ᠠ ᠣᠷᠪᠠᠭᠤᠯᠬᠤ

ᠬᠡᠷᠡᠭᠲᠡᠶ᠃ ᠵᠢᠮᠢᠰ ᠤᠨ ᠪᠠᠭᠠᠷᠠᠩ ᠥᠪᠡᠷ ᠢᠶᠠᠨ ᠲᠠᠶᠢᠯᠤᠭᠳᠠᠨ᠎ᠠ᠂ ᠬᠡᠷᠪᠡ ᠵᠢᠮᠢᠰ ᠤᠨ ᠪᠠᠭᠠᠷᠠᠩ ᠢ ᠲᠠᠶᠢᠯᠵᠤ ᠳᠡᠶᠢᠯᠬᠦ

ᠦᠭᠡᠢ ᠪᠣᠯ ᠪᠠᠰᠠ ᠬᠥᠮᠦᠨ ᠤ ᠬᠦᠴᠦ ᠪᠠᠷ ᠱᠠᠭᠠᠯᠬᠤ ᠬᠡᠷᠡᠭᠲᠡᠢ᠃ ᠪᠢᠳᠡ ᠵᠢᠮᠢᠰ ᠤᠨ ᠬᠠᠯᠢᠰᠤ ᠬᠦᠷᠡᠩ

ᠥᠩᠭᠡ ᠲᠠᠢ ᠪᠣᠯᠤᠭᠰᠠᠨ ᠪᠤᠯ ᠡᠨᠡ ᠨᠢ ᠨᠢᠭᠡᠨᠲᠡ ᠪᠦᠷᠢᠮᠦᠰᠦᠨ ᠪᠣᠯᠪᠠᠰᠤᠷᠠᠭᠰᠠᠨ ᠢ ᠬᠠᠷᠠᠭᠤᠯᠵᠤ ᠪᠠᠢᠨ᠎ᠠ᠃

ᠶᠡᠷᠦ ᠳᠡᠭᠡᠨ ᠨᠡᠷᠡᠨ ᠳᠤ ᠡᠭᠡᠭᠡᠬᠦ ᠦᠶ᠎ᠡ ᠳᠤ ᠡᠳᠦᠷ ᠪᠦᠷᠢ 1-2 ᠤᠳᠠᠭ᠎ᠠ ᠤᠷᠪᠠᠭᠤᠯᠳᠠᠭ᠃ ᠠᠭᠠᠷ ᠤᠨ ᠳᠤᠯᠠᠭᠠᠨ

18℃-22℃ ᠤᠨ ᠨᠥᠬᠦᠴᠡᠯ ᠳᠣᠣᠷ᠎ᠠ 6-8 ᠡᠳᠦᠷ ᠨᠡᠷᠡᠨ ᠳᠤ ᠡᠭᠡᠭᠡᠨ᠎ᠡ᠃ ᠰᠢᠳ ᠤᠨ ᠤᠰᠤ ᠠᠭᠤᠯᠬᠤ

ᠨᠣᠷᠮ᠎ᠠ ᠨᠢ ᠪᠠᠭᠤᠷᠠᠭᠠᠳ 5%-7% ᠪᠣᠯᠬᠤ ᠦᠶ᠎ᠡ ᠳᠤ ᠬᠤᠷᠢᠶᠠᠨ ᠬᠠᠳᠠᠭᠠᠯᠠᠵᠤ ᠪᠣᠯᠤᠨ᠎ᠠ᠃

    ᠰᠢᠳ ᠬᠠᠳᠠᠭᠠᠯᠠᠬᠤ ᠳᠠᠭᠠᠨ ᠳᠣᠣᠷ᠎ᠠ ᠳᠤᠯᠠᠭᠠᠨ᠂ ᠳᠣᠣᠷ᠎ᠠ ᠬᠦᠴᠢᠯᠲᠥ᠋ᠷᠥᠭᠴᠢ᠂ ᠬᠠᠭᠤᠷᠠᠢ ᠪᠠ ᠭᠡᠷᠡᠯ ᠠᠴᠠ

ᠵᠠᠶᠢᠯᠠᠬᠤ ᠣᠷᠴᠢᠨ ᠲᠣᠭᠤᠷᠢᠨ ᠢ ᠰᠣᠩᠭᠤᠬᠤ ᠬᠡᠷᠡᠭᠲᠡᠢ᠃ ᠲᠣᠬᠢᠷᠠᠮᠵᠢᠲᠠᠶ ᠳᠤᠯᠠᠭᠠᠨ ᠤ ᠨᠥᠬᠦᠴᠡᠯ ᠨᠢ

15℃-20℃ ᠪᠠᠶᠢᠵᠤ᠂ ᠠᠭᠠᠷ ᠤᠨ ᠬᠠᠷᠢᠴᠠᠩᠭᠤᠶ ᠴᠢᠭᠢᠭᠲᠦᠴᠡ ᠨᠢ 60%-70% ᠪᠣᠯᠤᠨ᠎ᠠ᠃ ᠢᠮᠦ

ᠨᠥᠬᠦᠴᠡᠯ ᠳᠣᠣᠷ᠎ᠠ᠂ ᠰᠢᠳ ᠬᠤᠶᠠᠷ ᠵᠢᠯ ᠬᠠᠳᠠᠭᠠᠯᠠᠪᠠᠯ ᠴᠢᠨᠠᠷ ᠬᠤᠪᠢᠷᠠᠬᠤ ᠦᠭᠡᠢ᠃

    ᠣᠳᠣᠬᠠᠨ ᠳᠤ᠂ ᠮᠠᠨ ᠤ ᠤᠯᠤᠰ ᠤᠨ ᠵᠠᠬ᠎ᠠ ᠳᠡᠯᠭᠡᠭᠦᠷ ᠳᠡᠭᠡᠷ᠎ᠡ ᠪᠣᠷᠣᠯᠠᠭᠤᠯᠵᠤ ᠪᠠᠶᠢᠭ᠎ᠠ ᠰᠢᠳ ᠨᠢ ᠴᠥᠮ

ᠪᠣᠯᠪᠠᠰᠤᠷᠠᠭᠤᠯᠤᠭᠠᠳᠤᠶ᠂ ᠬᠠᠭᠰᠠᠭᠠᠭᠰᠠᠨ ᠪᠠ ᠬᠠᠭᠤᠷᠠᠭᠰᠠᠨ ᠢᠳᠡᠭᠡᠨ ᠵᠡᠷᠭᠡ ᠪᠣᠯᠤᠨ᠎ᠠ᠃ ᠲᠡᠶᠢᠮᠦ ᠮᠥᠷᠲᠡᠭᠡᠨ

ᠠᠮᠲᠠ ᠨᠢ ᠪᠠᠰᠠ ᠲᠤᠩ ᠰᠠᠶᠢᠬᠠᠨ᠃ ᠭᠡᠷ ᠪᠦᠯᠢ ᠳᠡᠭᠡᠨ ᠪᠢᠴᠢᠯ ᠳᠣᠯᠭᠢᠶᠠᠨᠲᠤ ᠵᠤᠤᠬ᠎ᠠ ᠪᠠᠷ ᠰᠢᠳ ᠢ ᠰᠢᠷᠠᠵᠤ

ᠪᠣᠯᠤᠨ᠎ᠠ᠃ ᠶᠡᠷᠦ ᠳᠡᠭᠡᠨ 3-5 ᠮᠢᠨᠦ᠋ᠲ ᠣᠷᠴᠢᠮ ᠰᠢᠷᠠᠵᠤ᠂ ᠭᠠᠷᠭᠠᠭᠰᠠᠨ ᠤ ᠳᠠᠷᠠᠭ᠎ᠠ ᠢᠳᠡᠵᠦ ᠪᠣᠯᠤᠨ᠎ᠠ᠃

ᠭᠡᠲᠡᠯ᠎ᠡ ᠪᠢᠳᠡᠨ ᠤ ᠬᠡᠲᠦ ᠳᠡᠯᠭᠡᠭᠦᠷ ᠲᠤ ᠣᠯᠵᠤ ᠦᠵᠡᠭᠰᠡᠨ ᠰᠢᠳ ᠬᠠᠯᠢᠰᠤ ᠨᠢ ᠨᠢᠭᠡᠨᠲᠡ ᠬᠠᠭᠠᠷᠠᠭᠰᠠᠨ ᠪᠠᠢᠵᠤ

ᠢᠩᠭᠢᠵᠦ ᠢᠳᠡᠪᠡᠯ ᠠᠮᠠᠷᠬᠠᠨ ᠰᠢᠭ ᠪᠠᠢᠳᠠᠭ᠃ ᠬᠠᠭᠰᠠᠭᠠᠭᠰᠠᠨ ᠤ ᠳᠠᠷᠠᠭᠠᠬᠢ ᠰᠢᠳ ᠮᠥᠨ ᠯᠡ ᠤᠭ ᠬᠡᠪ ᠢᠶᠠᠷ ᠨᠢ

ᠪᠢᠲᠡᠭᠦᠮᠵᠢᠯᠡᠵᠦ ᠳᠡᠶᠢᠯᠬᠦ ᠦᠭᠡᠢ᠂ ᠶᠠᠭᠠᠬᠢᠭᠰᠠᠨ ᠴᠤ ᠨᠡᠭᠡᠭᠡᠵᠦ ᠳᠡᠶᠢᠯᠬᠦ ᠦᠭᠡᠢ᠃ ᠪᠢᠳᠡ ᠵᠠᠷᠢᠮ ᠪᠠᠭᠠᠵᠢ

ᠬᠡᠷᠡᠭᠰᠡᠯ ᠢᠶᠠᠷ ᠭᠠᠳᠠᠷ ᠬᠠᠯᠢᠰᠤ ᠶᠢ ᠨᠢ ᠠᠪᠴᠤ ᠬᠠᠶᠠᠪᠠᠯ ᠬᠡᠦᠷᠡᠭ ᠰᠢᠵᠢᠷ ᠢ ᠨᠢ ᠢᠳᠡᠵᠦ ᠪᠣᠯᠤᠨ᠎ᠠ᠃
   

 
ᠢᠷᠡᠯᠲᠡ᠄ ᠲᠠᠷᠢᠶᠠᠯᠠᠩ ᠤᠨ ᠨᠠᠶᠢᠵᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号