1965 ᠤᠨ ᠤ ᠨᠠᠮᠤᠷ᠂ ᠮᠢᠨᠦ ᠪᠡᠶ᠎ᠠ ᠠᠮᠤᠭᠤᠯᠠᠩ ᠳᠤᠮᠳᠠᠳᠤ ᠰᠤᠷᠭᠠᠭᠤᠯᠢ ᠠᠴᠠ ᠳᠡᠬᠦᠰᠴᠤ᠂ | ᠬᠠᠶᠢᠯᠠᠷ ᠲᠠᠬᠢ ᠨᠢᠬᠡᠳᠦᠬᠡᠷ ᠳᠤᠮᠳᠠᠳᠤ ᠰᠤᠷᠭᠠᠭᠤᠯᠢ ᠶᠢᠨ ᠦᠨᠳᠦᠷ ᠵᠡᠷᠬᠡ ᠶᠢᠨ ᠠᠩᠬᠢ ᠳᠤ ᠳᠠᠪᠰᠢᠨ ᠤᠷᠤᠵᠦ ᠪᠢᠯᠡ | ᠃ ᠲᠡᠷᠡ ᠦᠶ᠎ᠠ ᠳᠤ ᠪᠢ ᠬᠡᠳᠡᠭ ᠬᠦᠮᠦᠨ ᠨᠤᠮ ᠵᠤᠬᠢᠶᠠᠯ ᠤᠡᠭᠰᠢᠬᠤ ᠶᠢᠨ ᠪᠠᠬ᠎ᠠ ᠱᠦᠭᠯᠡᠭᠰᠡᠨ᠂ ᠭᠤᠷᠪᠠ ᠳᠠᠪᠤᠨ | ᠰᠢᠯᠦᠭ ᠰᠢᠦ ᠶᠠᠭᠤᠮ᠎ᠠ ᠪᠢᠴᠢᠴᠢᠬᠡᠭᠰᠡᠨ᠂ ᠢᠷᠠᠭᠤ ᠨᠠᠶᠢᠷᠠᠭᠴᠢ ᠵᠤᠬᠢᠶᠠᠯᠴᠢ ᠪᠤᠯᠬᠤ ᠶᠢᠨ ᠶᠡᠭᠡ ᠬᠦᠰᠡᠯ ᠵᠢᠬᠦᠷᠯᠡᠭᠰᠡᠨ | ᠂ ᠰᠤᠷᠬᠤ ᠰᠤᠳᠤᠯᠬᠤ ᠶᠢᠨ ᠬᠠᠯᠠᠭᠤᠨ ᠤᠷᠮ᠎ᠠ ᠪᠤᠴᠠᠯᠤᠭᠰᠠᠨ ᠬᠦᠳᠡᠭᠡ ᠶᠢᠨ ᠨᠢᠬᠡᠨ ᠬᠦᠦ ᠪᠠᠶᠢᠯ᠎ᠠ᠃ ᠳᠡᠬᠡᠬᠦ ᠳᠡᠭᠡᠨ | ᠯᠡ ᠬᠡᠯᠡᠨ ᠤ ᠬᠢᠴᠢᠶᠡᠯ ᠮᠢᠨᠦ ᠬᠠᠮᠤᠭ ᠤᠨ ᠪᠠᠭ᠋ᠠᠳᠠᠢ ᠬᠢᠴᠢᠶᠡᠯ ᠪᠠᠶᠢᠪᠠ᠃ ᠢᠷᠡᠭᠰᠡᠨ ᠰᠢᠨ᠎ᠠ ᠰᠤᠷᠭᠠᠭᠤᠯᠢ ᠳᠤ ᠮᠢᠨᠢ | ᠬᠡᠯᠡᠨ ᠤ ᠬᠢᠴᠢᠶᠡᠯ ᠡᠬᠢᠯᠡᠬᠦ ᠳᠤ᠂ ᠨᠢᠬᠡᠨ ᠳᠤᠮᠳᠠ ᠶᠢᠨ ᠪᠠᠶ᠎ᠠ ᠲᠠᠢ᠂ ᠪᠠᠭ᠎ᠠ ᠱᠤᠭᠯᠢᠭ ᠬᠡᠮᠡᠷ ᠢᠨᠢᠶᠡᠮᠰᠦᠭᠯᠡᠯ | ᠳᠤᠳᠤᠷᠠᠭᠤᠯᠤᠭᠰᠠᠨ ᠴᠤ ᠦᠬᠡ ᠶᠠᠷᠢᠶ᠎ᠠ ᠴᠦᠬᠡᠨ ᠲᠠᠢ᠂ ᠲᠦᠪ ᠬᠢᠨᠠᠭᠤᠷ ᠶᠠᠩᠵᠤ ᠶᠢᠨ ᠢᠷᠠᠭᠤ ᠳᠤᠳᠤ ᠬᠡᠯᠡ ᠲᠠᠢ | ᠢᠳᠡᠷ ᠨᠠᠰᠤᠨ ᠤ ᠪᠠᠭᠰᠢ ᠤᠷᠤᠵᠦ ᠢᠷᠡᠪᠡ᠃ ᠰᠢᠨ᠎ᠠ ᠪᠠᠷᠭᠤ ᠪᠠᠷᠠᠭᠤᠨ ᠬᠤᠰᠢᠭᠤ ᠨᠤᠳᠤᠭ ᠲᠠᠢ᠂ ᠳᠤᠰ | ᠰᠤᠷᠭᠠᠭᠤᠯᠢ ᠶᠢᠨ ᠬᠡᠯᠡᠨ ᠤ ᠰᠤᠳᠤᠨ ᠪᠠᠭᠰᠢ ᠰᠧᠪᠡᠯ ᠬᠡᠳᠡᠭ ᠲᠠᠢ ᠡᠶᠢᠨ ᠬᠦ ᠤᠴᠠᠷᠠᠵᠠᠢ᠃ ᠪᠠᠭ᠎ᠠ | ᠰᠤᠷᠭᠠᠭᠤᠯᠢ ᠳᠠᠭᠠᠨ ᠪᠠᠶᠠᠨᠳᠦ᠋ᠬᠦᠷᠡᠩ᠂ ᠠᠩᠬ᠎ᠠ ᠳᠤᠮᠳᠠᠳᠤ ᠳᠠᠭᠠᠨ ᠮᠠᠨᠵᠤ ᠵᠡᠷᠬᠡ ᠬᠡᠯᠡᠨ ᠤ ᠰᠠᠶᠢᠨ ᠪᠠᠭᠰᠢ ᠨᠠᠷ ᠤᠨ | ᠰᠤᠷᠤᠭᠴᠢ ᠪᠠᠶᠢᠭᠠᠳ ᠡᠳᠦᠬᠡ ᠪᠠᠰᠠ ᠡᠶᠢᠮᠦ ᠰᠤᠳᠤᠨ ᠪᠠᠭᠰᠢ ᠶᠢᠨ ᠱᠠᠪᠢ ᠪᠤᠯᠤᠭᠰᠠᠨ ᠳᠠᠭᠠᠨ ᠦᠪᠡᠷᠦᠨ ᠮᠢᠨᠢ | ᠠᠵᠠ ᠢᠷᠦᠬᠡᠯ ᠬᠡᠵᠦ ᠪᠠᠶᠠᠷᠯᠠᠪᠠ᠃ ᠲᠡᠷᠡ᠂ ᠡᠬᠢᠨ ᠤ ᠬᠢᠴᠢᠶᠡᠯ ᠳᠡᠬᠡᠷ᠎ᠡ ᠪᠠᠨ ᠪᠢᠳᠡᠨ ᠢᠶᠠᠷ ᠳᠤᠰ ᠰᠤᠷᠭᠠᠭᠤᠯᠢ ᠳᠤ | ᠳᠡᠪᠰᠢᠨ ᠤᠷᠤᠵᠦ ᠢᠷᠡᠭᠰᠡᠨ ᠰᠢᠨ᠎ᠠ ᠪᠠᠶᠠᠷ ᠲᠦᠷᠦᠭᠳᠡᠯ ᠢᠶᠠᠨ ᠢᠯᠡᠳᠬᠡᠬᠦ ᠰᠡᠳᠦᠪ ᠢᠶᠠᠷ ᠨᠢᠬᠡᠨ ᠨᠠᠶᠢᠷᠠᠭᠤᠯᠤᠯ | ᠪᠢᠴᠢᠬᠦ ᠳᠠᠭᠠᠭᠠᠯᠭᠠᠪᠤᠷᠢ ᠦᠭᠪᠡ᠃ ᠪᠢ᠂ ᠪᠦᠬᠦ ᠴᠢᠳᠠᠪᠤᠷᠢ ᠪᠠᠨ ᠳᠠᠶᠢᠴᠢᠯᠠᠨ ︽ᠪᠠᠶᠠᠷᠳᠤ ᠡᠳᠦᠷ ᠤᠨ ᠪᠠᠭ᠋ᠠᠳᠤᠮ᠎ᠠ | ᠳᠡᠮᠳᠡᠭᠯᠡᠯ︾ ᠬᠡᠬᠦ ᠠᠶᠠᠨ ᠤ ᠳᠡᠮᠳᠡᠭᠯᠡᠯ ᠪᠤᠶᠤ ᠨᠠᠶᠢᠷᠠᠭᠤᠯᠤᠯ ᠰᠢᠦ ᠶᠠᠭᠤᠮ᠎ᠠ ᠪᠢᠴᠢᠵᠦ ᠳᠤᠰᠢᠶᠠᠭᠰᠠᠨ ᠳᠤ ᠰᠧ᠊ | ᠪᠠᠭᠰᠢ ᠶᠢᠨ ᠢᠶᠠᠨ ᠰᠠᠶᠢᠰᠢᠶᠠᠯ ᠮᠠᠭᠳᠠᠭᠠᠯ ᠢ ᠤᠯᠵᠤ᠂ ᠲᠡᠷᠡ ᠪᠠᠷ ᠳᠤᠰ ᠨᠠᠶᠢᠷᠠᠭᠤᠯᠤᠯ ᠢ ᠮᠢᠨᠢ ᠠᠩᠬᠢ ᠨᠡᠶᠢᠳᠡ ᠶᠢᠨ | ᠡᠮᠦᠨ᠎ᠠ ᠵᠢᠱᠢᠶ᠎ᠠ ᠪᠤᠯᠭᠠᠨ ᠤᠡᠭᠰᠢᠵᠦ᠂ ᠰᠤᠷᠭᠠᠭᠤᠯᠢ ᠶᠢᠨ ᠰᠠᠮᠪᠠᠷ᠎ᠠ ᠶᠢᠨ ᠰᠤᠨᠢᠨ ᠳᠤ ᠨᠡᠶᠢᠳᠡᠯᠡᠨ ᠨᠠᠳᠠ ᠮᠠᠰᠢ ᠶᠡᠭᠡ | ᠤᠷᠮ᠎ᠠ ᠬᠠᠶᠢᠷᠠᠯᠠᠵᠦ ᠪᠢᠯᠡ᠃ ᠠᠯᠢ ᠬᠤᠶᠢᠨ᠎ᠠ ᠨᠢ ᠪᠢ ᠡᠨᠡ ᠵᠤᠬᠢᠶᠠᠯ ᠢᠶᠠᠨ ᠳᠡᠮᠡᠢ ᠵᠠᠰᠠᠯᠳᠠ ᠬᠢᠯ ᠦᠬᠡᠢ ᠪᠠᠷ | ᠰᠤᠨᠢᠨ ᠳᠤ ᠨᠡᠶᠢᠳᠡᠯᠡᠵᠦ᠂ ︽ᠪᠤᠭᠳᠠ ᠠᠭᠤᠯᠠ ᠶᠢᠨ ᠪᠠᠷ᠎ᠠ︾ ᠬᠡᠬᠦ ᠨᠠᠶᠢᠷᠠᠭᠤᠯᠤᠯ ᠤᠨ ᠳᠡᠬᠦᠪᠦᠷᠢ ᠳᠡᠭᠡᠨ ᠳᠠᠷᠢᠬᠦᠨ | ᠪᠠᠶᠢᠷᠢ ᠪᠠᠷ ᠤᠷᠤᠭᠤᠯᠤᠭᠰᠠᠨ ᠶᠤᠮ᠃ | ᠬᠡᠳᠡᠯ᠎ᠠ᠂ ᠮᠠᠨ ᠤ ᠠᠩᠬᠢ ᠳᠤ ᠬᠤᠶᠠᠷᠬᠠᠨ ᠭᠠᠷᠠᠭ ᠬᠢᠴᠢᠶᠡᠯ ᠤᠷᠤᠭᠠᠳ ᠯᠡ᠂ ᠰᠧ᠊ ᠪᠠᠭᠰᠢ ︽ᠬᠦᠯᠦᠨ | ᠪᠤᠶᠢᠷ ᠤᠨ ᠰᠤᠨᠢᠨ︾ ᠤ ᠨᠠᠶᠢᠷᠠᠭᠤᠯᠤᠭᠴᠢ ᠪᠠᠷ ᠰᠢᠯᠵᠢᠭᠰᠡᠨ ᠪᠢᠯᠡ᠃ ᠬᠡᠯ᠎ᠠ ᠴᠤ ᠰᠧ᠊ ᠪᠠᠭᠰᠢ ᠪᠢᠳᠠ ᠬᠤᠶᠠᠷ ᠤᠨ | ᠬᠠᠷᠢᠯᠴᠠᠭ᠎ᠠ ᠶᠠᠪᠤᠯᠴᠠᠭ᠎ᠠ ᠶᠡᠷᠦ ᠳᠠᠰᠤᠷᠠᠭ᠎ᠠ ᠦᠬᠡᠢ᠂ ᠤᠯᠠᠮ ᠢᠶᠠᠷ ᠳᠠᠰᠤᠯᠴᠠᠨ ᠦᠷᠬᠦᠯᠵᠢᠯᠡᠭᠰᠡᠬᠡᠷ ᠪᠠᠶᠢᠯ᠎ᠠ᠃ ︽ | ᠰᠤᠶᠤᠯ ᠤᠨ ᠶᠡᠭᠡ ᠬᠤᠪᠢᠰᠬᠠᠯ︾ ᠤᠨ ᠳᠠᠷᠠᠭ᠎ᠠ᠂ ︽ᠬᠦᠯᠦᠨ ᠪᠤᠶᠢᠷ ᠤᠨ ᠰᠤᠨᠢᠨ︾ ᠤ ᠤᠷᠠᠨ ᠵᠤᠬᠢᠶᠠᠯ ᠤᠨ | ᠪᠤᠯᠤᠩ ᠰᠡᠷᠬᠦᠵᠦ ︽ᠦᠷᠯᠦᠬᠡ ᠶᠢᠨ ᠳᠤᠶᠠᠭ᠎ᠠ︾ ᠬᠡᠬᠦ ᠨᠡᠷ᠎ᠡ ᠪᠠᠷ 1972 ᠤᠨ ᠤ ᠡᠪᠤᠯ ᠬᠡᠪᠯᠡᠭᠳᠡᠬᠦ ᠳᠤ ᠮᠢᠨᠦ ︽ | ᠬᠢᠯᠢ ᠶᠢᠨ ᠮᠠᠯᠴᠢᠨ︾ ᠰᠢᠯᠦᠭ ᠠᠩᠬ᠎ᠠ ᠨᠡᠶᠢᠳᠡᠯᠡᠭᠳᠡᠵᠦ᠂ ᠵᠠᠯᠭᠠᠭ᠎ᠠ ᠪᠠᠷ ︽ᠬᠢᠨᠭ᠍ᠭᠠᠨ ᠤ ᠦᠷᠯᠦᠬᠡ︾ ᠵᠡᠷᠬᠡ | ᠰᠢᠯᠦᠭ ᠤᠳ ᠮᠢᠨᠢ ᠨᠡᠶᠢᠳᠡᠯᠡᠭᠳᠡᠨ᠂ ᠮᠢᠨᠦ ᠪᠠᠶ᠎ᠠ 1976 ᠤᠨ ᠤ ᠬᠠᠪᠤᠷ ᠬᠠᠶᠢᠯᠠᠷ ᠲᠠᠬᠢ ᠮᠤᠩᠭᠤᠯ | ᠦᠨᠳᠦᠰᠦᠳᠡᠨ ᠤ ᠪᠠᠭᠰᠢ ᠶᠢᠨ ᠰᠤᠷᠭᠠᠭᠤᠯᠢ ᠠᠴᠠ ᠳᠡᠬᠦᠰᠬᠦ ᠳᠤ ᠰᠧ᠊ ᠪᠠᠭᠰᠢ ᠮᠢᠨᠢ ︽ᠬᠦᠯᠦᠨ ᠪᠤᠶᠢᠷ ᠤᠨ ᠰᠤᠨᠢᠨ | ︾ ᠤ ᠮᠤᠩᠭᠤᠯ ᠰᠤᠨᠢᠨ ᠢᠶᠠᠨ ᠬᠠᠮᠢᠶᠠᠷᠳᠠᠭ ᠶᠡᠷᠦᠩᠬᠡᠢ ᠨᠠᠶᠢᠷᠠᠭᠤᠯᠤᠭᠴᠢ ᠪᠠᠶᠢᠭᠰᠠᠨ ᠳᠤᠯᠠ ᠨᠠᠮᠠᠢᠢ ᠰᠢᠭᠤᠳ | ᠰᠤᠨᠢᠨ ᠳᠠᠭᠠᠨ ᠠᠪᠤᠭᠰᠠᠨ ᠢᠶᠠᠷ ᠪᠢ ᠰᠧ᠊ ᠪᠠᠭᠰᠢ ᠶᠢᠨ ᠢᠶᠠᠨ ᠭᠠᠷ ᠳᠤᠤᠷ᠎ᠠ ᠨᠠᠶᠢᠷᠠᠭᠤᠯᠤᠭᠴᠢ ᠰᠤᠷᠪᠤᠯᠵᠢᠯᠠᠭᠴᠢ ᠪᠠᠷ | ᠠᠵᠢᠯᠯᠠᠪᠠ᠃ ᠳᠡᠬᠡᠬᠡᠳ᠂ ᠰᠤᠶᠤᠯ ᠤᠨ ᠳᠠᠭᠠᠳᠠᠢ ᠤᠷᠴᠢᠨ ᠳᠤ ᠤᠷᠮ᠎ᠠ ᠵᠤᠷᠢᠭ ᠮᠢᠨᠢ ᠬᠦᠭᠵᠢᠨ ᠤᠷᠠᠨ ᠪᠢᠴᠢᠯᠬᠡ | ᠮᠢᠨᠢ ᠳᠡᠭᠡᠭᠰᠢᠯᠡᠵᠦ᠂ ᠨᠠᠯᠢᠶᠠᠳ ᠤᠯᠠᠨ ᠰᠤᠷᠪᠤᠯᠵᠢᠯᠠᠭ᠎ᠠ ᠮᠡᠳᠡᠬᠡᠯᠡᠯ ᠪᠢᠴᠢᠬᠦ ᠶᠢᠨ ᠳᠠᠭᠠᠤ ᠳᠡᠬᠡᠷ᠎ᠡ ᠵᠠᠭᠤᠨ ᠤ | ᠳᠠᠯᠠᠭᠠᠳ ᠤᠨ ᠳᠤ ︽ᠮᠦᠡᠭᠬᠡ ᠤᠯᠠᠯᠵᠠᠭᠰᠠᠨ ᠴᠡᠴᠡᠭ︾᠂ ︽ᠵᠤᠳ ᠤᠨ ᠡᠮᠢᠶᠠᠯ︾᠂ ︽ᠬᠡᠬᠡᠷ᠎ᠡ ᠶᠢᠨ ᠪᠤᠯᠠᠰᠢ︾ | ᠂ ︽ᠳᠠᠯ᠎ᠠ ᠶᠢᠨ ᠳᠠᠭᠤᠴᠢᠨ︾ ᠵᠡᠷᠬᠡ ᠰᠢᠯᠦᠭ ᠪᠦᠳᠦᠬᠡᠯ ᠤᠳ ᠢᠶᠠᠨ ︽ᠦᠨᠢᠷ ᠴᠡᠴᠡᠭ︾ ᠰᠡᠳᠭᠦᠯ ᠳᠤ ᠵᠠᠯᠭᠠᠨ | ᠨᠡᠶᠢᠳᠡᠯᠡᠬᠦᠯᠵᠦ᠂ ᠨᠢᠬᠡᠨ ᠮᠤᠩᠭᠤᠯ ᠦᠨᠳᠦᠰᠦᠳᠡᠨ ᠤ ᠢᠷᠠᠭᠤ ᠨᠠᠶᠢᠷᠠᠭᠴᠢ᠂ ᠤᠷᠠᠨ ᠪᠦᠳᠦᠬᠡᠯᠴᠢ ᠪᠤᠯᠤᠨ | ᠬᠦᠮᠦᠵᠢᠬᠦ ᠵᠦᠭ ᠢᠶᠠᠨ ᠬᠦᠴᠦᠳᠡᠢ ᠪᠦᠬᠡᠳ ᠠᠮᠵᠢᠯᠳᠠ ᠲᠠᠢ ᠠᠯᠬᠤᠪᠠ᠃ | | ᠰᠧᠪᠠᠯ ᠭᠤᠸᠠᠢ ᠪᠤᠯ ᠮᠠᠨ ᠤ ᠠᠶᠢᠮᠠᠭ ᠤᠨ ᠰᠤᠨᠢᠨ ᠮᠡᠳᠡᠬᠡᠨ ᠤ ᠹᠷᠤᠨᠲ ᠲᠤ ᠪᠠᠶ᠎ᠠ ᠪᠠᠷ ᠳᠠᠷᠢᠬᠦᠯᠡᠨ ᠤᠯᠠᠨ | ᠰᠠᠶᠢᠠᠬᠨ ᠮᠡᠳᠡᠬᠡᠯᠡᠯ᠂ ᠰᠤᠷᠪᠤᠯᠵᠢᠯᠠᠭ᠎ᠠ᠂ ᠦᠬᠦᠯᠡᠯ ᠨᠡᠶᠢᠳᠡᠯᠡᠯ ᠤᠳ ᠪᠢᠴᠢᠳᠡᠭ ᠪᠦᠷᠢᠨ ᠴᠢᠳᠠᠪᠤᠷᠢ᠂ ᠤᠷᠠᠨ | ᠪᠦᠳᠦᠬᠡᠯ ᠤᠨ ᠰᠤᠳᠤᠨ ᠵᠠᠯᠠᠭᠤᠰ ᠢ ᠳᠠᠨᠢᠨ ᠢᠯᠡᠷᠡᠬᠦᠯᠬᠦ ᠬᠡᠬᠡᠨ ᠬᠠᠷᠠᠴᠠ᠂ ᠴᠢᠳᠠᠪᠤᠷᠢᠳᠠᠳ ᠢ ᠰᠢᠯᠢᠨ ᠬᠡᠷᠡᠭᠯᠡᠬᠦ | ᠨᠠᠨᠳᠢᠨ ᠰᠤᠷᠳᠠᠯ ᠲᠠᠢ ᠭᠠᠷᠮᠠᠭᠠᠢ ᠤᠳᠤᠷᠢᠳᠤᠯᠭ᠎ᠠ ᠪᠠᠶᠢᠭᠰᠠᠨ ᠶᠤᠮ᠃ ᠲᠡᠷᠡ᠂ ᠳᠡᠬᠡᠷ᠎ᠡ ᠵᠠᠭᠤᠨ ᠤ ᠳᠠᠯᠠᠭᠠᠳ | ᠤᠨ ᠤ ᠳᠤᠮᠳᠠᠭᠤᠷ ᠱ᠊ · ᠳᠤᠷᠵᠢ᠂ ᠳᠠᠷᠤᠤ᠂ ᠴ᠊ · ᠮᠦᠡᠭᠬᠡᠰᠦ᠋ᠷᠦᠩ᠂ ᠫᠤᠩᠴᠤᠭᠸᠠᠩᠵᠢᠯ᠂ ᠪᠷᠠᠬᠠᠰᠪᠠᠳᠢ᠂ | ᠳ᠋ᠠᠭᠠᠱᠠ ᠨᠠᠷ ᠢ ᠪᠦᠬᠡᠮ ᠢᠶᠠᠷ ᠨᠢ ᠰᠤᠨᠢᠨ ᠳᠠᠭᠠᠨ ᠠᠪᠴᠢᠷᠠᠵᠦ᠂ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ | ᠳᠡᠬᠦᠰᠦᠮᠡᠭᠴᠡ ᠨᠢ ᠮ᠊ · ᠳᠦᠪᠳᠡ ᠶᠢ ᠳᠤᠰᠤᠨ ᠠᠪᠴᠤ᠂ ᠮᠦᠨ ᠪᠤ · ᠤᠷᠠᠨᠰᠠᠶᠢᠠᠬᠨ ᠨᠠᠷ ᠢ ᠵᠠᠯᠭᠠᠨ ᠠᠪᠴᠢᠷᠠᠭᠠᠳ | ᠮᠤᠩᠭᠤᠯ ᠰᠤᠨᠢᠨ ᠤ ᠨᠠᠶᠢᠷᠠᠭᠤᠯᠤᠭᠴᠢ᠂ ᠰᠤᠷᠪᠤᠯᠵᠢᠯᠠᠭᠴᠢᠳ ᠤᠨ ᠬᠦᠴᠦᠨ ᠢ ᠶᠡᠬᠡᠳᠡ ᠴᠢᠩᠭᠠᠷᠠᠭᠤᠯᠵᠤ᠂ | ᠰᠤᠨᠢᠨ ᠤ ᠪᠠᠨ ᠨᠢᠬᠡᠨ ᠦᠶ᠎ᠠ ᠶᠢᠨ ᠬᠦᠭᠵᠢᠶᠡᠨᠳᠦ ᠪᠠᠶᠢᠳᠠᠯ ᠢ ᠪᠤᠢ ᠪᠤᠯᠭᠠᠨ ᠬᠤᠵᠢᠮ ᠬᠤᠶᠢᠰᠢᠳᠠ ᠶᠢᠨ ᠬᠦᠭᠵᠢᠯ | ᠪᠠᠳᠠᠷᠠᠯ ᠤᠨ ᠬᠢᠨᠢ ᠰᠠᠶᠢᠨ ᠰᠠᠶᠢᠠᠬᠨ ᠰᠠᠭᠤᠷᠢ ᠶᠢ ᠳᠠᠯᠪᠢᠭᠰᠠᠨ ᠢ ᠨᠡᠶᠢᠬᠡᠮ ᠨᠡᠶᠢᠳᠡ ᠭᠠᠶᠢᠬᠠᠨ ᠬᠠᠷᠠᠭᠰᠠᠨ ᠶᠤᠮ᠃ | ᠳᠡᠬᠡᠷ᠎ᠡ ᠵᠠᠭᠤᠨ ᠤ ᠨᠠᠶᠠᠭᠠᠳ ᠤᠨ ᠳᠤ ᠰᠧᠪᠠᠯ ᠭᠤᠸᠠᠢ ᠦᠪᠡᠷ ᠢᠶᠠᠨ ᠰᠢᠨ᠎ᠠ ᠪᠠᠷᠭᠤ ᠪᠠᠷᠠᠭᠤᠨ | ᠬᠤᠰᠢᠭᠤᠨ ᠤ ᠨᠠᠮ ᠤᠨ ᠬᠤᠷᠢᠶ᠎ᠠ ᠶᠢᠨ ᠪᠠᠶᠢᠡᠭᠭᠤ ᠶᠢᠨ ᠬᠡᠰᠢᠬᠦᠨ᠂ ᠨᠠᠮ ᠤᠨ ᠬᠤᠷᠢᠶ᠎ᠠ ᠶᠢᠨ ᠳᠡᠳ᠋ ᠱᠦᠵᠢ ᠪᠤᠯᠵᠤ᠂ | ᠱ᠊ · ᠳᠤᠷᠵᠢ ᠬᠦᠯᠦᠨ ᠪᠤᠶᠢᠷ ᠠᠶᠢᠮᠠᠭ ᠤᠨ ᠠᠩᠬᠠᠨ ᠤ ᠤᠳᠬ᠎ᠠ ᠵᠤᠬᠢᠶᠠᠯ ᠤᠨ ᠰᠡᠳᠬᠦᠯ ᠪᠤᠯᠬᠤ — ︽ᠬᠦᠯᠦᠨ | ᠪᠤᠶᠢᠷ︾ ᠰᠡᠳᠬᠦᠯ ᠢ ᠡᠬᠦᠰᠬᠡᠨ ᠪᠠᠶᠢᠭᠤᠯᠤᠭᠰᠠᠨ ᠤᠤᠭᠠᠨ ᠨᠠᠶᠢᠷᠠᠭᠤᠯᠤᠭᠴᠢ ᠪᠤᠯᠵᠤ᠂ ᠪᠷᠠᠬᠠᠰᠪᠠᠳᠢ ᠰᠢᠨ᠎ᠠ ᠪᠠᠷᠭᠤ | ᠪᠠᠷᠠᠭᠤᠨ ᠬᠤᠰᠢᠭᠤᠨ ᠤ ᠬᠤᠰᠢᠭᠤᠨ ᠳᠠᠷᠤᠭ᠎ᠠ ᠪᠤᠯᠵᠤ᠂ ᠫᠤᠩᠴᠤᠭᠸᠠᠩᠵᠢᠯ ᠰᠢᠨ᠎ᠠ ᠪᠠᠷᠭᠤ ᠵᠠᠬᠦᠨ ᠬᠤᠰᠢᠭᠤᠨ ᠤ | ᠳᠡᠳ᠋ ᠬᠤᠰᠢᠭᠤᠨ ᠳᠠᠷᠤᠭ᠎ᠠ ᠪᠠᠷ ᠬᠤᠶᠠᠷ ᠬᠤᠭᠤᠴᠠᠭ᠎ᠠ ᠰᠠᠭᠤᠵᠦ᠂ ᠳ᠋ᠠᠭᠠᠱᠠ ᠬᠠᠭᠤᠴᠢᠨ ᠪᠠᠷᠭᠤ ᠬᠤᠰᠢᠭᠤᠨ ᠤ | ᠰᠤᠶᠤᠯ ᠤᠨ ᠳᠤᠪᠴᠢᠶ᠎ᠠ ᠶᠢᠨ ᠳᠡᠳ᠋ ᠳᠠᠷᠤᠭ᠎ᠠ᠂ ᠮ᠊ · ᠳᠦᠪᠳᠡ ᠰᠢᠨ᠎ᠠ ᠪᠠᠷᠭᠤ ᠪᠠᠷᠠᠭᠤᠨ ᠬᠤᠰᠢᠭᠤᠨ ᠤ ᠨᠠᠮ ᠤᠨ | ᠬᠤᠷᠢᠶ᠎ᠠ ᠶᠢᠨ ᠪᠠᠶᠢᠡᠭᠭᠤ ᠶᠢᠨ ᠬᠡᠰᠢᠬᠦᠨ᠂ ᠤᠬᠠᠭᠤᠯᠬᠤ ᠬᠡᠯᠳᠡᠰ ᠤᠨ ᠳᠠᠷᠤᠭ᠎ᠠ᠂ ᠳᠠᠷᠤᠤ ︽ᠬᠦᠯᠦᠨ ᠪᠤᠶᠢᠷ ᠤᠨ | ᠡᠳᠦᠷ ᠤᠨ ᠰᠤᠨᠢᠨ︾ ᠤ ᠶᠠᠷᠦᠩᠬᠡᠢ ᠨᠠᠶᠢᠷᠠᠭᠤᠯᠬᠤ ᠬᠡᠯᠳᠡᠰ ᠤᠨ ᠳᠡᠳ᠋ ᠡᠷᠬᠢᠯᠡᠭᠴᠢ᠂ ᠴ᠊ · ᠮᠦᠡᠭᠬᠡᠰᠦ᠋ᠷᠦᠩ | ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠳᠡᠳ᠋ ᠳᠡᠷᠢᠬᠦᠯᠡᠭᠴᠢ᠂ ︽ᠬᠦᠯᠦᠨ ᠪᠤᠶᠢᠷ︾ | ᠰᠡᠳᠬᠦᠯ ᠤᠨ ᠶᠡᠷᠦᠩᠬᠡᠢ ᠨᠠᠶᠢᠷᠠᠭᠤᠯᠤᠭᠴᠢ ᠪᠠᠷ ᠠᠵᠢᠯᠯᠠᠵᠠᠭᠠᠨ᠂ ᠭᠠᠵᠠᠷ ᠤᠷᠤᠨ ᠤ ᠪᠠᠨ ᠤᠯᠤᠰ ᠲᠦᠷᠦ᠂ ᠵᠠᠰᠠᠭ | ᠵᠠᠬᠢᠷᠭ᠎ᠠ᠂ ᠰᠤᠶᠤᠯ᠂ ᠤᠳᠬ᠎ᠠ ᠤᠷᠠᠯᠢᠭ ᠤᠨ ᠹᠷᠤᠨᠲ ᠲᠤ ᠢᠳᠡᠪᠬᠢᠳᠡᠢ ᠬᠤᠪᠢ ᠨᠡᠮᠡᠷᠢ ᠪᠠᠨ ᠦᠵᠡᠬᠦᠯᠵᠡᠬᠡᠵᠡᠢ᠃ | ᠮᠦᠨ ᠪᠷᠠᠬᠠᠰᠪᠠᠳᠢ ᠶᠢᠨ ︽ᠬᠠᠨᠭ᠍ᠵᠠᠷᠠᠭᠰᠠᠨ ᠴᠠᠰᠤ︾ ᠬᠡᠬᠦ ᠳᠤᠭᠤᠵᠢᠰ ᠤᠨ ᠳᠡᠬᠦᠪᠦᠷᠢ᠂ ︽ᠠᠮᠤᠭᠤᠯᠠᠩ | ᠴᠡᠩᠬᠡᠷ ᠬᠦᠯᠦᠨ︾ ᠷᠤᠮᠠᠨ ︵ᠳᠡᠬᠡᠳᠦ᠂ ᠳᠤᠤᠷᠠᠳᠤ︶᠂ ︽ᠡᠷᠳᠡᠨᠢ ᠠᠭᠤᠯᠠ ᠶᠢᠨ ᠪᠠᠷ᠎ᠠ︾ ᠷᠤᠮᠠᠨ᠂ ︽ | ᠪᠷᠠᠬᠠᠰᠪᠠᠳᠢ ᠶᠢᠨ ᠵᠤᠬᠢᠶᠠᠯ ᠤᠨ ᠰᠤᠩᠭᠤᠮᠠᠯ︾ ᠵᠡᠷᠬᠡ ᠨᠤᠮ ᠤᠳ ᠢᠶᠠᠨ ᠬᠡᠪᠯᠡᠬᠦᠯᠦᠨ᠂ ᠤᠷᠤᠨ ᠤ ︽5 · 1︾ | ᠢᠨᠵᠧᠨᠧᠷᠢᠩ ᠤᠨ ᠱᠠᠩᠨᠠᠯ ᠬᠦᠷᠳᠡᠵᠦ᠂ ᠳ᠋ᠠᠭᠠᠱᠠ ︽ᠬᠠᠪᠤᠷ ᠤᠨ ᠡᠬᠡᠰᠢᠭ︾᠂ ︽ᠬᠠᠪᠤᠷ ᠤᠨ ᠵᠠᠩᠬᠢᠶ᠎ᠠ︾ ᠬᠡᠬᠦ | ᠰᠢᠯᠦᠭ ᠤᠨ ᠳᠡᠬᠦᠪᠦᠷᠢ ᠨᠦᠭᠦᠳ ᠢᠶᠠᠨ ᠬᠡᠪᠯᠡᠬᠦᠯᠦᠨ᠂ ᠪᠦᠬᠦ ᠤᠷᠤᠨ ᠤ 1957 — 1980 ᠤᠨ ᠤ ᠤᠳᠬ᠎ᠠ | ᠵᠤᠬᠢᠶᠠᠯ᠂ ᠰᠢ ᠵᠦᠴᠦᠬᠡ᠂ ᠺᠢᠨᠣ᠋ ᠵᠦᠴᠦᠬᠡ ᠶᠢᠨ ᠱᠠᠩᠨᠠᠯ ᠤᠨ ᠬᠤᠶᠠᠳᠤᠭᠠᠷ ᠳᠡᠰ ᠤᠨ ᠱᠠᠩᠨᠠᠯ ᠬᠦᠷᠳᠡᠵᠦ᠂ | ᠫᠤᠩᠴᠤᠭᠸᠠᠩᠵᠢᠯ ︽ᠰᠠᠴᠠᠯᠠᠢ ᠮᠡᠷᠬᠡᠨ ᠬᠠᠭᠠᠨ︾᠂ ︽ᠪᠠᠷᠭᠤ ᠠᠷᠠᠳ ᠤᠨ ᠠᠮᠠᠨ ᠵᠤᠬᠢᠶᠠᠯ︾᠂ ︽ᠬᠦᠯᠦᠨ | ᠪᠤᠶᠢᠷ ᠤᠨ ᠪᠠᠷᠭᠤ ᠪᠤᠷᠢᠶᠠᠳ ᠳᠤᠤᠯᠢ︾᠂ ︽ᠰᠢᠨ᠎ᠠ ᠪᠠᠷᠭᠤ ᠵᠡᠬᠦᠨ ᠬᠤᠰᠢᠭᠤᠨ ᠤ ᠡᠷᠳᠡᠨ ᠤ ᠪᠠᠭᠠᠳᠤᠷᠯᠢᠭ | ᠲᠤᠤᠯᠢ︾ ᠬᠡᠬᠦ ᠨᠤᠮ ᠤᠳ ᠢᠶᠠᠨ ᠬᠡᠪᠯᠡᠬᠦᠯᠦᠨ᠂ ᠠᠮᠢ ᠠᠬᠤᠢ ᠨᠡᠬᠦᠳᠡᠯ ᠰᠤᠶᠤᠯ ᠪᠠ ᠪᠠᠷᠭᠤ ᠠᠷᠠᠳ ᠤᠨ ᠠᠮᠠᠨ | ᠵᠤᠬᠢᠶᠠᠯ᠂ ᠳᠤᠤᠯᠢᠰ ᠤᠨ ᠰᠡᠳᠦᠪ ᠢᠶᠠᠷ ᠤᠯᠠᠨ ᠰᠠᠶᠢᠬᠠᠨ᠂ ᠦᠨᠳᠦᠷ ᠵᠡᠷᠬᠡ ᠶᠢᠨ ᠦᠬᠦᠯᠡᠯ ᠤᠳ ᠢᠶᠠᠨ | ᠳᠡᠪᠰᠢᠬᠦᠯᠦᠨ᠂ ᠤᠷᠤᠨ ᠤ ᠵᠠᠰᠠᠭ ᠤᠨ ᠤᠷᠳᠤᠨ ᠤ ᠰᠢᠯᠢᠳᠡᠭ ᠦᠷ᠎ᠡ ᠪᠦᠳᠦᠭᠡᠯ ᠤᠨ ᠱᠠᠩᠨᠠᠯ ᠬᠦᠷᠳᠡᠵᠦ᠂ ᠱ᠊ · | ᠳᠤᠷᠵᠢ ︽ᠴᠠᠭᠠᠨ ᠨᠠᠭᠤᠷ ᠤᠨ ᠰᠠᠯᠬᠢ︾ ᠳᠤᠭᠤᠵᠢᠰ ᠤᠨ ᠳᠡᠬᠦᠪᠦᠷᠢ᠂ ︽ᠠᠯᠤᠨ ᠭᠤᠸ᠎ᠠ︾ ᠷᠤᠮᠠᠨ ᠢᠶᠠᠨ | ᠬᠡᠪᠯᠡᠬᠦᠯᠦᠨ᠂ ᠨᠡᠶᠢᠬᠡᠮ ᠨᠡᠶᠢᠳᠡ ᠶᠢᠨ ᠦᠨᠳᠦᠷ ᠦᠨᠡᠯᠡᠯᠳᠡ ᠶᠢ ᠤᠯᠤᠨ᠂ ᠤᠷᠤᠨ᠂ ᠠᠶᠢᠮᠠᠭ ᠤᠨ ᠱᠠᠩᠨᠠᠯ ᠤᠳ ᠢ | ᠬᠦᠷᠳᠡᠵᠦ᠂ ᠴ᠊ · ᠮᠦᠡᠭᠬᠡᠰᠦ᠋ᠷᠦᠩ ︽ᠬᠠᠨᠭ᠍ᠭᠠᠢ ᠶᠢᠨ ᠴᠡᠩᠬᠡᠷ ᠢᠷᠭᠤᠢ︾᠂ ︽ᠨᠤᠳᠤᠭ ᠤᠨ ᠤᠶᠠᠬᠠᠨ ᠠᠶᠠᠯᠭᠤ︾ | ᠂ ︽ᠪᠤᠭᠳᠠ ᠠᠭᠤᠯᠠ ᠶᠢᠨ ᠪᠠᠷ᠎ᠠ︾᠂ ︽ᠳᠠᠯ᠎ᠠ ᠶᠢᠨ ᠳᠠᠭᠤᠴᠢᠨ︾᠂ ︽ᠮᠢᠨᠦ ᠰᠠᠶᠢᠬᠠᠨ ᠬᠠᠶᠢᠯᠠᠷ︾ ᠵᠡᠷᠬᠡ | ᠰᠢᠯᠦᠭ ᠨᠠᠶᠢᠷᠠᠭᠤᠯᠤᠯ ᠤᠨ ᠳᠡᠬᠦᠪᠦᠷᠢ ᠨᠦᠭᠦᠳ ᠢᠶᠠᠨ ᠬᠡᠪᠯᠡᠬᠦᠯᠦᠨ᠂ ︽ᠰᠤᠯᠤᠩᠭ᠎ᠠ︾ ᠵᠡᠷᠬᠡ ᠤᠷᠤᠨ ᠤ ᠱᠠᠩᠨᠠᠯ ᠢ | ᠳᠡᠪᠤᠨᠳᠠ ᠬᠦᠷᠳᠡᠵᠦ᠂ ᠪᠤ · ᠤᠷᠠᠨᠰᠠᠶᠢᠬᠠᠨ ︽ᠮᠡᠷᠬᠡᠯ ᠤᠨ ᠮᠢᠷᠡᠯᠵᠠᠭᠠᠨ︾᠂ ︽ᠳᠤᠭᠤᠨᠤ ᠪᠠᠷ ᠳᠤᠰᠤᠭᠰᠠᠨ | ᠬᠤᠨ ᠤ ᠴᠤᠪᠤᠭ᠎ᠠ︾ ᠵᠡᠷᠬᠡ ᠷᠤᠮᠠᠨ ᠢᠶᠠᠨ ᠬᠡᠪᠯᠡᠬᠦᠯᠵᠦ᠂ ᠮ᠊ · ᠲᠦᠪᠳᠡ ︽ᠬᠠᠶᠢᠷ᠎ᠡ ᠰᠢᠩᠭᠡᠭᠰᠡᠨ ᠠᠭᠤᠯᠠ ᠤᠰᠦ︾ | ᠭᠡᠬᠦ ᠤᠷᠠᠨ ᠵᠤᠬᠢᠶᠠᠯ ᠤᠨ ᠲᠡᠬᠦᠪᠦᠷᠢ ᠪᠠᠨ ᠬᠡᠪᠯᠡᠯ ᠳᠤ ᠤᠷᠤᠭᠤᠯᠵᠦ᠂ ᠬᠦᠯᠦᠨ ᠪᠤᠶᠢᠷ ᠤᠨ ᠢᠶᠠᠨ ᠬᠤᠰᠢᠭᠤᠴᠢ | ᠵᠤᠬᠢᠶᠠᠯᠴᠢ᠂ ᠢᠷᠠᠭᠤ ᠨᠠᠶᠢᠷᠠᠭᠴᠢᠳ ᠪᠤᠯᠵᠠᠭᠠᠵᠠᠢ᠃ | ᠰᠧᠪᠡᠯ ᠭᠤᠸᠠᠢ ᠢᠳᠡᠷ ᠠᠬᠢᠮᠠᠭ ᠨᠠᠰᠦ ᠪᠠᠨ ᠨᠤᠳᠤᠭ ᠤᠷᠤᠨ ᠤ ᠪᠠᠨ ᠰᠤᠨᠢᠨ ᠮᠡᠳᠡᠭᠡ᠂ ᠨᠠᠮ ᠲᠦᠷᠦ ᠶᠢᠨ | ᠠᠵᠢᠯ ᠦᠢᠯᠡᠰ ᠲᠤ ᠵᠤᠷᠢᠭᠤᠯᠤᠭᠰᠠᠨ ᠪᠤᠯ ᠵᠠᠯᠠᠭᠤ ᠽᠠᠡᠳᠠᠨ ᠨᠠᠰᠤᠨ ᠳᠠᠭᠠᠨ ᠰᠤᠷᠭᠠᠨ ᠬᠦᠮᠦᠵᠢᠯ ᠤᠨ ᠦᠢᠯᠡᠰ ᠲᠤ | ᠭᠠᠷᠮᠠᠭᠠᠢ ᠵᠢᠳᠬᠦᠵᠦ ᠶᠠᠪᠤᠵᠠᠢ᠃ 2009 ᠤᠨ ᠳᠤ ︽ᠬᠦᠨᠳᠦᠳᠦ ᠰᠧᠪᠡᠯᠳᠤᠷᠵᠢ ᠪᠠᠭᠰᠢ ᠶᠢᠨ 80 ᠨᠠᠰᠤᠨ ᠤ | ᠪᠠᠶᠠᠷ ᠢ ᠪᠡᠯᠭᠡᠯᠡᠬᠦ ᠴᠤᠭᠯᠠᠭᠠᠨ︾ ᠰᠢᠨ᠎ᠠ ᠪᠠᠷᠭᠤ ᠪᠠᠷᠠᠭᠤᠨ ᠬᠤᠰᠢᠭᠤᠨ ᠤ ᠠᠯᠳ᠋ᠬᠠᠮᠡᠭᠡᠯ ᠪᠠᠯᠭᠠᠰᠤᠨ᠎ᠠ ᠪᠤᠯᠬᠤ ᠳᠤ᠂ | ᠬᠠᠶᠢᠯᠠᠷ ᠠᠴᠠ ᠴᠤ᠋ · ᠲᠤᠭᠠᠷᠵᠠᠪ ᠪᠢᠳᠡ ᠬᠤᠶᠠᠷ ᠤᠴᠢᠵᠦ ᠤᠷᠤᠯᠴᠠᠭᠰᠠᠨ ᠶᠤᠮ᠃ ᠡᠨᠡ ᠬᠦ 200 ᠭᠠᠳ ᠬᠦᠮᠦᠰ | ᠤᠷᠤᠯᠴᠠᠭᠰᠠᠨ ᠦᠷᠭᠡᠨ ᠴᠤᠭᠯᠠᠭᠠᠨ ᠢ ᠰᠢᠨ᠎ᠡ ᠪᠠᠷᠭᠤ ᠪᠠᠷᠠᠭᠤᠨ ᠬᠤᠰᠢᠭᠤ ᠪᠠᠷ ᠭᠤᠤᠯᠯᠠᠭᠰᠠᠨ ᠲᠠᠪᠢ᠂ ᠵᠢᠷᠠᠭᠠᠳ | ᠤᠨ ᠤ ᠰᠤᠷᠤᠭᠴᠢᠳ ᠨᠢ ᠵᠤᠬᠢᠶᠠᠨ ᠪᠠᠶᠢᠭᠤᠯᠤᠨ ᠬᠢᠵᠡᠭᠡᠵᠦ ᠪᠠᠶᠢᠪᠠ᠃ ᠲᠡᠭᠡᠭᠰᠡᠨ ᠴᠢᠨᠢ᠂ ᠰᠧ᠊ ᠪᠠᠭᠰᠢ ᠮᠠᠨᠢ | ᠲᠠᠪᠢᠭᠠᠳ ᠤᠨ ᠤ ᠡᠬᠢ ᠠᠴᠠ ᠲᠠᠰᠢᠮᠠᠭ ᠵᠡᠷᠭᠡ ᠰᠤᠮᠦ ᠪᠠ ᠬᠤᠰᠢᠭᠤᠨ ᠤ ᠰᠤᠷᠭᠠᠭᠤᠯᠢ ᠳᠤ ᠪᠠᠭᠰᠢᠯᠠᠵᠦ ᠡᠬᠢᠯᠡᠭᠡᠳ | ᠂ 1953 ᠤᠨ ᠠᠴᠠ ᠬᠤᠰᠢᠭᠤᠨ ᠤ ᠰᠤᠷᠭᠠᠭᠤᠯᠢ ᠶᠢᠨ ᠤᠳᠤᠷᠢᠳᠤᠯᠭ᠎ᠠ ᠪᠠᠷ ᠠᠵᠢᠯᠯᠠᠵᠦ᠂ 1956 ᠤᠨ ᠳᠤ | ᠠᠶᠢᠮᠠᠭ ᠤᠨ ᠲᠡᠰ ᠤᠨ ᠵᠢᠱᠢᠶᠡᠴᠢ ᠪᠠᠭᠰᠢ ᠪᠠᠷ ᠬᠦᠬᠢᠬᠦᠯᠦᠭᠳᠡᠵᠦ᠂ ᠮᠦᠨ ᠲᠤᠰ ᠵᠢᠯ ᠤᠨ ᠡᠪᠦᠯ ᠬᠦᠭᠡᠬᠤᠳᠠ ᠳᠤ | ᠪᠤᠯᠤᠭᠰᠠᠨ ᠪᠦᠬᠦ ᠤᠷᠤᠨ ᠤ ᠰᠤᠷᠭᠠᠨ ᠬᠦᠮᠦᠵᠢᠯ ᠤᠨ ᠹᠷᠤᠨᠲ ᠲᠠᠬᠢ ᠲᠡᠷᠢᠬᠦᠨ ᠤ ᠨᠢᠭᠡᠴᠢ ᠪᠤᠯᠤᠨ | ᠵᠢᠱᠢᠶᠡᠴᠢᠳ ᠤᠨ ᠬᠤᠷᠠᠯᠳᠤᠭᠠᠨ ᠳᠤ ᠤᠷᠤᠯᠴᠠᠨ ᠱᠠᠩᠨᠠᠯ ᠬᠦᠬᠢᠬᠦᠯᠦᠯ ᠬᠦᠷᠳᠡᠭᠰᠡᠨ ᠵᠢᠱᠢᠶᠡᠴᠢ ᠪᠠᠭᠰᠢ ᠶᠠᠪᠤᠵᠦ᠂ | 1960 — 1965 ᠪᠤᠯᠳᠠᠯ᠎ᠠ ᠬᠠᠶᠢᠯᠠᠷ ᠲᠠᠬᠢ ᠨᠢᠭᠡᠳᠦᠭᠡᠷ ᠲᠤᠮᠳᠠᠳᠦ ᠰᠤᠷᠭᠠᠭᠤᠯᠢ ᠳᠤ ᠪᠠᠭᠰᠢᠯᠠᠵᠦ | ᠪᠠᠶᠢᠬᠤ ᠳᠠᠭᠠᠨ ᠮᠤᠩᠭᠤᠯ ᠬᠡᠯᠡ ᠴᠢᠳᠠᠮᠠᠭᠠᠢ ᠵᠢᠭᠠᠳᠠᠭ ᠰᠢᠯᠢᠳᠡᠭ ᠪᠠᠭᠰᠢ ᠬᠡᠮᠡᠭᠳᠡᠵᠦ ᠬᠢᠴᠢᠶᠡᠯ ᠬᠦᠮᠦᠵᠢᠯ ᠤᠨ | ᠰᠤᠳᠤᠯᠭᠠᠨ ᠤ ᠦᠬᠦᠯᠡᠯ ᠤᠳ ᠢ ᠠᠶᠢᠮᠠᠭ ᠤᠷᠤᠨ ᠤ ᠰᠤᠨᠢᠨ ᠰᠡᠳᠬᠦᠯ ᠤᠳ ᠢᠶᠠᠷ ᠨᠡᠶᠢᠳᠡᠯᠡᠬᠦᠯᠦᠨ᠂ ᠬᠠᠶᠢᠯᠠᠷ | ᠬᠤᠳᠠ ᠶᠢᠨ ᠲᠡᠷᠢᠬᠦᠨ ᠤ ᠠᠵᠢᠯᠳᠡᠨ ᠠᠵᠢᠯᠴᠢᠨ ᠤ ᠬᠤᠷᠠᠯᠳᠤᠭᠠᠨ ᠳᠤ 1962 — 1964 ᠤᠨ ᠳᠤ | ᠭᠤᠷᠪᠠᠨ ᠵᠢᠯ ᠲᠠᠷᠠᠭᠠᠯᠠᠨ ᠲᠦᠯᠦᠭᠡᠯᠡᠭᠴᠢ ᠪᠠᠷ ᠰᠤᠩᠭᠤᠭᠳᠡᠨ ᠤᠷᠤᠯᠴᠠᠵᠦ ᠪᠠᠶᠢᠵᠠᠢ᠃ ᠴᠤᠭᠯᠠᠭᠠᠨ ᠤ ᠡᠬᠢᠨ ᠳᠤ | ᠰᠧ᠊ ᠪᠠᠭᠰᠢ ᠪᠠᠨ ᠵᠠᠯᠠᠵᠦ ᠤᠷᠤᠭᠤᠯᠤᠨ ᠤᠯᠠᠨ ᠢᠶᠠᠷ ᠢᠶᠠᠨ ᠪᠤᠰᠴᠦ ᠵᠤᠭᠰᠤᠭᠠᠳ ︽ᠪᠠᠭᠰᠢ ᠰᠠᠶᠢᠨ ᠤᠤ⁈︾ | ᠭᠡᠵᠦ ᠨᠢᠭᠡᠨ ᠲᠠᠭᠤᠨ ᠢᠶᠠᠷ ᠠᠰᠠᠭᠤᠬᠤ ᠳᠤ᠂ ᠰᠧ᠊ ᠪᠠᠭᠰᠢ ︽ᠰᠤᠷᠤᠭᠴᠢᠳ ᠮᠢᠨᠢ ᠰᠠᠶᠢᠨ ᠤᠤ⁈︾ ᠭᠡᠮᠡᠨ | ᠬᠠᠷᠢᠭᠤᠯᠤᠭᠰᠠᠨ ᠤ ᠲᠠᠷᠠᠭ᠎ᠠ ᠤᠯᠠᠨ ᠢᠶᠠᠷ ᠢᠶᠠᠨ ᠲᠦᠪ ᠵᠤᠭᠰᠤᠨ ᠶᠤᠰᠤᠯᠠᠵᠠᠭᠠᠪᠠ᠃ ᠪᠠᠭᠰᠢ ᠮᠢᠨᠢ ︽ᠰᠠᠭᠤᠵᠠᠭ᠎ᠠ︾ | ᠭᠡᠰᠡᠨ ᠳᠤ ᠪᠦᠬᠦᠳᠡ ᠨᠢᠵᠢᠬᠢᠨᠡᠳᠡᠯ᠎ᠡ ᠠᠯᠠᠭ᠎ᠠ ᠲᠠᠰᠢᠪᠠ᠃ | ᠪᠠᠭᠰᠢ ᠳᠠᠭᠠᠨ ᠴᠠᠭᠠᠨ ᠢᠳᠡᠭᠡ ᠲᠠᠯᠪᠢᠵᠦ ᠰᠦ ᠲᠠᠢ ᠴᠠᠢ ᠠᠶᠠᠭᠠᠯᠠᠪᠠ᠃ ᠬᠦᠳᠦᠯᠦᠭᠴᠢ ᠰᠦ᠊ | ·ᠲᠤᠯᠭᠠᠷ ᠠᠴᠠ ᠬᠦᠨᠳᠦᠳᠦ ᠵᠤᠴᠢᠳ ᠢ ᠲᠠᠨᠢᠯᠴᠠᠭᠤᠯᠬᠤ ᠳᠤ ᠰᠢᠨ᠎ᠠ ᠪᠠᠷᠭᠤ ᠪᠠᠷᠠᠭᠤᠨ ᠬᠤᠰᠢᠭᠤᠨ ᠤ | ᠨᠠᠮ ᠤᠨᠬᠤᠷᠢᠶ᠎ᠡ ᠶᠢᠨ ᠱᠦᠵᠢ ᠶᠢᠨ ᠴᠢᠶᠠᠨ᠂ ᠤᠯᠤᠰ ᠲᠦᠷᠦ ᠶᠢᠨ ᠵᠦᠪᠯᠡᠯᠭᠡᠨ ᠤ ᠲᠡᠷᠢᠬᠦᠯᠡᠭᠴᠢ ᠭᠠᠨᠭ᠍ᠪᠠᠳᠦ᠂ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠠᠷᠢᠬᠦᠯᠡᠭᠴᠢ ᠪᠠ ᠶᠢᠨ᠂ ᠤᠤᠯ ᠤᠨ ᠠᠶᠢᠮᠠᠭ ᠤᠨ ᠨᠢᠭᠡᠳᠦᠮᠡᠯ | ᠹᠷᠤᠨᠲ ᠤᠨ ᠬᠡᠯᠳᠡᠰ ᠤᠨ ᠲᠠᠷᠤᠭ᠎ᠠ᠂ ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠬᠦᠯᠡᠭᠴᠢ ᠴᠤ᠋ · ᠲᠤᠭᠠᠷᠵᠠᠪ᠂ | ᠤᠤᠯ ᠤᠨ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭᠠᠨ ᠤ ᠲᠡᠳ᠋ ᠲᠡᠷᠢᠬᠦᠯᠡᠭᠴᠢ᠂ ︽ᠬᠦᠯᠦᠨ ᠪᠤᠶᠢᠷ︾ | ᠰᠡᠳᠬᠦᠯ ᠤᠨ ᠶᠡᠷᠦᠩᠭᠡᠢ ᠨᠠᠶᠢᠷᠠᠭᠤᠯᠤᠭᠴᠢ ᠴ᠊ · ᠮᠦᠡᠭᠭᠡᠰᠦ᠋ᠷᠦᠩ ᠁ ᠨᠠᠷ ᠪᠠᠶᠢᠪᠠ᠃ ᠰᠤᠷᠤᠭᠴᠢᠳ ᠨᠢ ᠰᠧ᠊ | ᠪᠠᠭᠰᠢ ᠳᠠᠭᠠᠨ ᠰᠢᠷᠡᠭᠡ ᠰᠠᠨᠳᠠᠯᠢ ᠪᠦᠷᠢᠨ ᠺᠤᠮᠫᠢᠦ᠋ᠲ᠋ᠧᠷ ᠪᠡᠯᠡᠭᠯᠡᠪᠡ᠃ ᠰᠧ᠊ ᠪᠠᠭᠰᠢ ᠰᠤᠷᠤᠭᠴᠢᠳ ᠲᠠᠭᠠᠨ | ᠲᠤᠷᠠᠰᠬᠠᠯ ᠤᠨ ᠲᠡᠪᠳᠡᠷ᠂ ᠪᠢᠷ ᠪᠡᠯᠡᠭᠯᠡᠪᠡ᠃ ᠲᠤᠷᠠᠰᠬᠠᠯ ᠤᠨ ᠲᠡᠪᠳᠡᠷ ᠤᠨ ᠢᠶᠠᠨ ᠡᠮᠦᠨ᠎ᠡ ᠬᠠᠭᠤᠳᠠᠰᠤᠨ ᠳᠤ ᠰᠧ᠊ | ᠪᠠᠭᠰᠢ ᠮᠢᠨᠢ᠄ ︽ᠬᠠᠭᠠᠰ ᠵᠠᠭᠤᠨ ᠤ ᠡᠮᠦᠨᠡᠬᠢ ᠬᠠᠶᠢᠷᠠᠳᠦ ᠪᠢᠴᠢᠬᠠᠨ ᠰᠤᠷᠤᠭᠴᠢ ᠮᠢᠨᠢ᠄ ᠪᠠᠭᠰᠢ ᠰᠤᠷᠤᠭᠴᠢ ᠭᠡᠳᠡᠭ | ᠮᠠᠨᠢ ᠬᠠᠭᠠᠰ ᠵᠠᠭᠤᠨ ᠤ ᠡᠮᠦᠨᠡᠬᠢ ᠲᠡᠤᠭᠡ ᠪᠤᠯᠤᠨ ᠬᠤᠴᠤᠷᠴᠠᠢ᠃ ᠡᠬᠦᠯᠡᠨ ᠴᠢᠯᠦᠭᠡᠨ ᠤ ᠨᠠᠷᠠ ᠰᠢᠬ ᠬᠦᠮᠦᠨ ᠤ | ᠠᠮᠢᠳᠤᠷᠠᠯ ᠤᠨ ᠡᠨᠡᠭᠡᠨ ᠨᠠᠰᠤᠨ ᠳᠤ ᠪᠢᠳᠡ ᠬᠠᠮᠳᠦ ᠪᠠᠷ ᠨᠠᠰᠤᠳᠠᠨ ᠪᠤᠯᠴᠢᠬᠠᠯ᠎ᠠ᠃ ᠨᠠᠮᠠᠢᠢ ᠨᠠᠶᠠ ᠬᠦᠷᠦᠯ᠎ᠡ ᠭᠡᠵᠦ | ᠲᠠ ᠪᠦᠬᠦᠨ ᠡᠶᠢᠮᠦ ᠦᠷᠭᠡᠨ ᠴᠤᠭᠯᠠᠭᠠᠨ ᠪᠤᠯᠵᠦ ᠬᠦᠨᠳᠦᠯᠡᠨ ᠲᠡᠭᠡᠳᠦᠯᠡᠵᠦ ᠪᠠᠶᠢᠭ᠎ᠠ ᠳᠤ ᠪᠢ ᠴᠢᠩ ᠰᠡᠳᠬᠢᠯ ᠤᠨ | ᠪᠠᠶᠠᠷ ᠲᠠᠯᠠᠷᠬᠠᠯ ᠢᠶᠠᠨ ᠲᠡᠪᠰᠢᠬᠦᠯᠦᠶ᠎ᠡ︕ ᠲᠠ ᠨᠠᠷ ᠦᠷ᠎ᠡ ᠬᠤᠶᠢᠴᠢ ᠶᠢᠨ ᠢᠶᠠᠨ ᠰᠠᠶᠢᠨ ᠰᠠᠶᠢᠬᠠᠨ ᠢ ᠦᠵᠡᠵᠦ | ᠡᠷᠢᠨ ᠴᠠᠭ ᠤᠨ ᠵᠢᠷᠭᠠᠯ ᠢ ᠡᠳ᠋ᠯᠡᠵᠦ ᠤᠷᠳᠦ ᠨᠠᠰᠤᠯᠠᠵᠦ ᠤᠳᠠᠭᠠᠨ ᠵᠢᠷᠭᠠᠭᠠᠷᠠᠢ᠃ | | ᠡᠪᠦᠭᠡᠨ ᠪᠠᠭᠰᠢ ᠴᠢᠨᠢ ᠰᠧᠪᠡᠯᠳᠤᠷᠵᠢ | 2009 ᠤᠨ ᠤ 2 ᠳ᠋ᠤᠭᠠᠷ ᠰᠠᠷ᠎ᠠ ᠶᠢᠨ 23 ᠤ ᠡᠳᠦᠷ ᠭᠡᠵᠦ ᠪᠢᠴᠢᠭᠰᠡᠨ ᠪᠠᠶᠢᠯ᠎ᠠ᠃ ᠬᠦᠭᠰᠡᠨ ᠨᠠᠶᠢᠷᠯᠠᠵᠦ | ᠲᠡᠨᠼᠢ ᠨᠠᠭᠠᠳᠬᠤ ᠳᠤ ᠰᠧ᠊ ᠪᠠᠭᠰᠢ ᠮᠢᠨᠢ ᠰᠤᠷᠤᠭᠴᠢᠳ ᠲᠠᠢ ᠪᠠᠨ ᠬᠦᠡᠭᠭᠡᠨ ᠱᠠᠯᠠᠮᠠᠭᠠᠢ ᠪᠦᠵᠢᠬᠦ ᠨᠢ ᠪᠠᠭ᠋ᠠᠳᠠᠢ | ᠪᠠᠶᠢᠵᠦ ᠪᠢᠯᠡ᠂ ᠲᠡᠭᠡᠭᠡᠳ ᠰᠧ᠊ ᠪᠠᠭᠰᠢ ᠮᠢᠨᠢ ᠨᠠᠶᠠᠨ ᠨᠠᠰᠤᠨ ᠠᠴᠠ ᠪᠠᠨ ᠡᠬᠢᠯᠡᠨ᠂ ᠰᠤᠷᠤᠭᠴᠢᠳ ᠤᠨ ᠢᠶᠠᠨ | ᠬᠦᠷᠭᠡᠭᠰᠡᠨ ᠺᠤᠮᠫᠢᠦ᠋ᠲ᠋ᠧᠷ ᠲᠡᠭᠡᠷ᠎ᠡ ᠰᠠᠭᠤᠵᠦ᠂ ᠺᠤᠮᠫᠢᠦ᠋ᠲ᠋ᠧᠷ ᠰᠤᠷᠤᠭᠠᠳ᠂ ᠲᠦᠬᠦᠮ ᠵᠦᠢᠯ ᠢ ᠺᠤᠮᠫᠢᠦ᠋ᠲ᠋ᠧᠷ | ᠲᠡᠭᠡᠷ᠎ᠡ ᠠᠵᠢᠯᠯᠠᠭᠤᠯᠬᠤ ᠪᠤᠯᠤᠭᠰᠠᠨ ᠶᠤᠮ᠃ | ᠨᠢᠳᠦᠨᠦᠨ᠂ ᠰᠧᠪᠡᠯ ᠪᠠᠭᠰᠢ ᠶᠢᠨ 90 ᠬᠦᠷᠬᠦ ᠳᠤ ᠮᠦᠨ ᠭᠡᠳᠦᠨ ᠦᠶ᠎ᠠ ᠶᠢᠨ ᠰᠤᠷᠤᠭᠴᠢᠳ ᠨᠢ | ᠠᠯᠳ᠋ᠬᠠᠮᠡᠭᠡᠯ ᠳᠤ ᠴᠤᠭᠯᠠᠵᠦ 90 ᠨᠠᠰᠤᠨ ᠤ ᠬᠢᠨᠢ ᠪᠠᠶᠠᠷ ᠶᠤᠰᠤᠯᠠᠯ ᠢ ᠦᠪᠡᠳᠡᠭᠰᠢ ᠲᠡᠮᠳᠡᠭᠯᠡᠵᠠᠢ᠃ ᠪᠢ᠂ ᠡᠯᠳᠡᠪ | ᠰᠢᠯᠳᠠᠭᠠᠨ ᠢᠶᠠᠷ ᠤᠴᠢᠵᠦ ᠴᠢᠳᠠᠭ᠎ᠠ ᠦᠭᠡᠢ ᠲᠤᠯᠠ᠂ ᠡᠨᠡ ᠵᠢᠯ ᠤᠨ ᠵᠤᠨ ᠡᠭᠡᠨᠡᠷ ᠲᠠᠢ ᠪᠠᠨ ᠬᠤᠶᠠᠭᠤᠯᠠ | ᠲᠤᠰᠬᠠᠢᠢᠯᠠᠨ ᠠᠯᠳ᠋ᠬᠠᠮᠡᠭᠡᠯ ᠬᠦᠷᠴᠦ ᠰᠧ᠊ ᠪᠠᠭᠰᠢ ᠪᠠᠨ ᠡᠷᠬᠢᠨ ᠪᠤᠯᠭᠤᠭᠠᠵᠦ᠂ ᠶᠡᠷᠡᠨ ᠨᠠᠰᠤᠨ ᠤ ᠬᠢᠨᠢ ᠶᠡᠭᠡ ᠪᠠᠶᠠᠷ ᠢ | ᠪᠡᠯᠭᠡᠯᠡᠨ ᠬᠡᠷ ᠲᠤᠨᠢ ᠬᠤᠶᠠᠷ ᠬᠤᠨᠤᠭᠰᠠᠨ ᠶᠤᠮ᠃ ᠰᠧ᠊ ᠪᠠᠭᠰᠢ ᠶᠢᠨ ᠮᠢᠨᠢ ᠬᠦᠭᠰᠢᠨ ᠬᠠᠯᠢᠭᠠᠳ ᠤᠳᠠᠭᠰᠨᠨ ᠴᠦ | ᠶᠡᠭᠡ ᠬᠦᠦ ᠠᠪᠤᠷᠭᠤ᠂ ᠠᠶᠤᠰᠢ᠂ ᠭᠤᠴᠤᠦ ᠬᠤᠶᠠᠷ ᠦᠬᠢᠨ ᠤ ᠪᠠᠨ ᠰᠤᠪᠢᠯᠠᠯᠳᠠ ᠳᠤ ᠤᠢ ᠤᠬᠠᠭᠠᠨ ᠰᠠᠷᠠᠭᠤᠯ᠂ | ᠪᠡᠶ᠎ᠡ ᠲᠡᠩᠭᠡᠭᠡ ᠬᠦᠡᠭᠭᠡᠨ᠂ ᠲᠤᠬᠢᠳᠠᠢ ᠠᠨᠤᠬᠠᠨ ᠯᠡ ᠰᠠᠭᠤᠵᠦ ᠪᠠᠶᠢᠳᠠᠭ ᠠᠵᠢ᠃ ᠢᠯᠠᠩᠭᠤᠶ᠎ᠠ ᠬᠠᠷᠠᠭ᠎ᠠ ᠪᠠᠭ᠋ᠠᠨ | ᠪᠠᠷᠤᠭᠳᠠᠢ ᠴᠦ᠂ ᠠᠮᠢᠳᠤᠷᠠᠯ ᠤᠨ ᠪᠠᠶᠠᠨ ᠬᠤᠷᠠᠮᠳᠤᠯ᠂ ᠮᠡᠳᠡᠯᠭᠡ ᠶᠢᠨ ᠦᠷᠭᠡᠨ ᠲᠠᠷᠤᠴᠠ᠂ ᠪᠢᠴᠢᠯᠭᠡ ᠶᠢᠨ ᠰᠤᠳᠤᠨ | ᠴᠢᠳᠠᠪᠦᠷᠢ ᠪᠠᠨ ᠭᠠᠷᠭᠠᠵᠦ᠂ ᠨᠢᠳᠤᠨᠦᠨ ᠵᠢᠯ ︽ᠰᠢᠨ᠎ᠠ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠪᠠᠭ᠎ᠠ | ᠰᠤᠷᠭᠠᠭᠤᠯᠢ ᠶᠢᠨ ᠡᠬᠦᠰᠦᠯ ᠬᠦᠭᠵᠢᠯ ᠤᠨ ᠲᠡᠤᠭᠡᠨ ᠵᠠᠮᠨᠠᠯ︾ ᠭᠡᠬᠦ ᠤᠷᠳᠦ ᠵᠤᠬᠢᠶᠠᠯ ᠪᠢᠴᠢᠵᠦ ᠰᠡᠳᠬᠦᠯ ᠳᠤ | ᠨᠡᠶᠢᠳᠡᠯᠡᠬᠦᠯᠦᠭᠰᠡᠨ ᠨᠢ ᠭᠠᠶᠢᠬᠠᠮᠰᠢᠭᠳᠠᠢ ᠪᠠᠶᠢᠯ᠎ᠠ᠃ ᠡᠶᠢᠮᠦ ᠦᠨᠳᠦᠷ ᠨᠠᠰᠤᠨ ᠳᠤ ᠬᠦᠷᠴᠢᠭᠡᠭᠡᠳ᠂ ᠤᠢ ᠪᠢᠯᠢᠭ | ᠡᠶᠢᠮᠦ ᠰᠠᠷᠠᠭᠤᠯ᠂ ᠤᠷᠠᠨ ᠰᠡᠳᠬᠢᠬᠦᠢ ᠡᠶᠢᠮᠦ ᠲᠤᠳᠦ ᠴᠡᠭᠴᠡ ᠲᠠᠢ᠂ ᠪᠢᠴᠢᠯᠭᠡ ᠨᠠᠶᠢᠷᠠᠯᠭ᠎ᠠ ᠡᠶᠢᠮᠦ ᠬᠡᠪ ᠢᠶᠠᠷ ᠢᠶᠠᠨ | ᠪᠠᠶᠢᠨ᠎ᠠ ᠭᠡᠳᠡᠭ ᠦᠨᠡᠭᠡᠷ ᠭᠠᠶᠢᠬᠠᠮᠰᠢᠭ ᠶᠤᠮ᠃ ᠡᠨᠡ ᠵᠤᠬᠢᠶᠠᠯ ᠨᠢ᠂ ᠭᠠᠭᠴᠠ ᠨᠢᠭᠡ ᠰᠤᠷᠭᠠᠭᠤᠯᠢ ᠶᠢᠨ ᠯᠠ ᠦᠤᠭᠡ | ᠲᠡᠤᠭᠡ ᠶᠢ ᠲᠡᠮᠳᠡᠭᠯᠡᠭᠰᠡᠨ ᠲᠡᠳᠦᠢ ᠪᠢᠰᠢ᠂ ᠬᠠᠷᠢᠨ ᠪᠠᠷᠭᠤ ᠨᠤᠳᠤᠭ ᠤᠨ ᠬᠡᠳᠦᠨ ᠵᠠᠭᠤᠨ ᠤ ᠰᠤᠷᠭᠠᠨ ᠬᠦᠮᠦᠵᠢᠯ ᠤᠨ | ᠲᠡᠤᠭᠡᠨ ᠵᠠᠮᠨᠠᠯ ᠢ ᠲᠤᠳᠤᠷᠠᠭᠤᠯᠤᠨ ᠪᠢᠴᠢᠭᠰᠡᠨ ᠮᠠᠰᠢ ᠦᠨ᠎ᠡ ᠴᠡᠨ᠎ᠡ ᠲᠠᠢ ᠪᠦᠳᠦᠭᠡᠯ ᠪᠤᠯᠵᠠᠢ᠃ ᠲᠤᠰ ᠵᠤᠬᠢᠶᠠᠯ ᠳᠤ᠂ | ᠰᠢᠨ᠎ᠠ ᠪᠠᠷᠭᠤᠴᠤᠳ ᠤᠨ ᠰᠤᠷᠭᠠᠨ ᠬᠦᠮᠦᠵᠢᠯ ᠤᠨ ᠲᠡᠤᠭᠡᠨ ᠶᠠᠪᠤᠴᠠ ᠶᠢ 18 ᠳ᠋ᠤᠭᠠᠷ ᠵᠠᠭᠤᠨ ᠤ ᠭᠤᠴᠢᠭᠠᠳ | ᠤᠨ ᠠᠴᠠ 20 ᠳ᠋ᠤᠭᠠᠷ ᠵᠠᠭᠤᠨ ᠤ ᠬᠤᠷᠢᠭᠠᠳ ᠤᠨ ᠬᠦᠷᠳᠡᠯᠡᠬᠢ ᠬᠤᠭᠤᠴᠠᠭ᠎ᠠ ᠶᠢ ᠭᠡᠷ ᠤᠨ ᠰᠤᠷᠭᠠᠭᠤᠯᠢ ᠶᠢᠨ | ᠱᠠᠳᠦ ᠦᠶ᠎ᠡ᠂ 19 ᠳ᠋ᠦ᠋ᠭᠡᠷ ᠵᠠᠭᠤᠨ ᠤ ᠰᠡᠬᠦᠯᠴᠢ 20 ᠳ᠋ᠤᠭᠠᠷ ᠵᠠᠭᠤᠨ ᠤ ᠭᠤᠴᠢᠭᠠᠳ ᠤᠨ ᠬᠦᠳᠡᠯᠡᠬᠢ | ᠬᠤᠭᠤᠴᠠᠭ᠎ᠠ ᠶᠢ ᠨᠡᠬᠦᠳᠡᠯ ᠰᠤᠷᠭᠠᠭᠤᠯᠢ ᠶᠢᠨ ᠱᠠᠳᠦ ᠦᠶ᠎ᠡ᠂ 20 ᠳ᠋ᠤᠭᠠᠷ ᠵᠠᠭᠤᠨ ᠤ ᠭᠤᠴᠢᠭᠠᠳ ᠤᠨ ᠠᠴᠠ | ᠬᠤᠶᠢᠰᠢᠬᠢ ᠬᠤᠭᠤᠴᠠᠭ᠎ᠠ ᠶᠢ ᠰᠠᠭᠤᠷᠢᠰᠢᠯ ᠰᠤᠷᠭᠠᠭᠤᠯᠢ ᠶᠢᠨ ᠱᠠᠳᠦ ᠦᠶ᠎ᠡ ᠪᠤᠯᠭᠠᠨ ᠬᠤᠪᠢᠶᠠᠵᠦ᠂ ᠶᠠᠫᠤᠨ | ᠹᠠᠱᠢᠰᠲ ᠤᠨ ᠨᠤᠶᠠᠷᠬᠠᠯ ᠲᠤᠤᠷᠠᠬᠢ ᠬᠠᠳᠠᠭᠤ ᠦᠶ᠎ᠠ ᠶᠢ ᠤᠨᠴᠠᠯᠠᠨ ᠲᠡᠮᠳᠡᠭᠯᠡᠵᠦ᠂ ᠴᠢᠯᠦᠭᠡᠯᠡᠭᠳᠡᠭᠰᠡᠨ ᠠᠴᠠ | ᠬᠤᠶᠢᠰᠢ ᠲᠡᠭᠡᠷ᠎ᠠ ᠵᠠᠭᠤᠨ ᠤ ᠵᠢᠷᠠᠭᠠᠳ ᠤᠨ ᠬᠦᠷᠳᠡᠯᠡᠬᠢ ᠰᠢᠨ᠎ᠠ ᠦᠶ᠎ᠠ᠂ ᠰᠢᠨ᠎ᠠ ᠬᠤᠪᠢᠷᠠᠯ᠂ ᠰᠢᠨ᠎ᠠ ᠬᠦᠭᠵᠢᠯ ᠢ | ᠨᠡᠩ ᠨᠠᠷᠢᠯᠢᠭ ᠲᠤᠳᠤᠷᠠᠭᠤᠯᠤᠨ ᠲᠤᠰᠬᠠᠵᠠᠢ᠃ ᠶᠡᠷᠦᠨᠢ ᠲᠤᠰ ᠵᠤᠬᠢᠶᠠᠯ ᠳᠠᠭᠠᠨ ᠰᠧᠪᠡᠯ ᠭᠤᠸᠠᠢ ᠦᠪᠡᠷᠦᠨ | ᠦᠵᠡᠭᠰᠡᠨ ᠰᠤᠨᠤᠰᠤᠭᠰᠠᠨ ᠪᠡᠶᠡᠴᠢ ᠦᠡᠭᠭᠡᠷᠡᠯᠳᠡ ᠪᠡ ᠵᠠᠷᠢᠮ ᠨᠤᠮ ᠵᠤᠬᠢᠶᠠᠯ᠂ ᠲᠡᠤᠭᠡᠨ ᠲᠡᠮᠳᠡᠭᠯᠡᠯ ᠤᠨ ᠲᠤᠭ᠎ᠠ | ᠪᠠᠷᠢᠮᠳᠠ ᠪᠠᠷ ᠰᠢᠨ᠎ᠠ ᠪᠠᠷᠭᠤᠴᠤᠳ ᠤᠨ ᠰᠤᠷᠭᠠᠨ ᠬᠦᠮᠦᠵᠢᠯ ᠤᠨ ᠲᠡᠤᠭᠡᠨ ᠶᠠᠪᠤᠴᠠ ᠶᠢ ᠨᠠᠷᠢᠨ ᠲᠤᠳᠤᠷᠠᠭᠤᠯᠬᠤ ᠪᠠᠷ | ᠮᠠᠰᠢ ᠰᠢᠷᠭᠠᠭᠤ ᠴᠢᠷᠮᠠᠶᠢᠯᠭ᠎ᠠ ᠭᠠᠷᠭᠠᠭᠰᠠᠨ ᠢ ᠦᠨᠡᠯᠡᠨ ᠲᠡᠮᠳᠡᠭᠯᠡᠬᠦ ᠶᠤᠰᠤᠳᠠᠢ᠃ | ᠰᠧᠪᠡᠯ ᠭᠤᠸᠠᠢ ᠦᠨᠡᠭᠡᠷ ᠨᠢᠭᠡᠨ ᠰᠠᠶᠢᠨ ᠬᠦᠮᠦᠨ ᠤ ᠦᠷ᠎ᠡ᠂ ᠠᠷᠢᠭᠤᠨ ᠤᠳᠤᠮ ᠤᠨ ᠬᠤᠶᠢᠴᠢ ᠪᠢᠯᠡ᠃ | ᠡᠴᠢᠭᠡ ᠦᠯᠵᠡᠢ ︵1895 — 1957 ᠤᠨ︶ ᠨᠢ ᠠᠷᠪᠠᠨ ᠬᠡᠳᠦᠳᠠᠢ ᠠᠴᠠ ᠪᠠᠨ ᠬᠦᠷᠰᠢ ᠵᠡᠷᠭᠡᠯᠡᠳᠡᠭᠡ | ᠨᠤᠳᠤᠭᠯᠠᠳᠠᠭ ᠪᠢᠴᠢᠭ ᠲᠠᠢ ᠬᠦᠮᠦᠰ ᠢᠶᠠᠷ ᠵᠢᠭᠠᠯᠭᠠᠵᠦ ᠮᠠᠨᠵᠦ ᠪᠢᠴᠢᠭ ᠰᠤᠷᠴᠦ ᠲᠡᠬᠦᠨ ᠠᠴᠠ ᠪᠠᠨ ᠲᠦᠰᠦᠭᠡᠯᠡᠨ | ᠮᠤᠩᠭᠤᠯ ᠪᠢᠴᠢᠭ ᠢᠶᠠᠨ ᠨᠢᠳᠦᠯᠡᠨ ᠤᠡᠭᠰᠢᠳᠠᠭ ᠪᠤᠯᠤᠭᠰᠠᠨ᠂ ᠭᠡᠷ ᠤᠨ ᠰᠤᠷᠭᠠᠭᠤᠯᠢ ᠪᠠᠷ ᠬᠦᠮᠦᠵᠢᠭᠰᠡᠨ᠂ | ᠲᠦᠷᠦ ᠶᠢᠨ ᠬᠠᠷ᠎ᠠ ᠬᠦᠮᠦᠨ ᠤ ᠨᠡᠯᠢᠶᠡᠳ ᠪᠤᠯᠪᠠᠰᠤᠷᠠᠯ ᠲᠠᠢ ᠨᠢᠭᠡᠨ ᠪᠠᠶᠢᠵᠠᠢ᠃ 1947 ᠤᠨ ᠳᠤ ᠸᠠᠩ ᠤᠨ | ᠰᠦᠮ᠎ᠡ ᠤᠯᠠᠭᠠᠨᠬᠤᠳᠠ︶ ᠳᠤ ︽5 · 1︾ ᠶᠢᠨ ᠶᠡᠭᠡ ᠬᠤᠷᠠᠯ ᠭᠡᠮᠡᠨ ᠠᠯᠳᠠᠷᠰᠢᠭᠰᠠᠨ ᠲᠡᠷᠡ ᠬᠦ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠢ ᠠᠩᠬ᠎ᠠ ᠲᠤᠩᠬᠠᠭᠯᠠᠭᠰᠠᠨ ᠶᠡᠭᠡ ᠬᠤᠷᠠᠯ ᠳᠤ | ᠲᠦᠯᠦᠭᠡᠯᠡᠭᠴᠢ ᠪᠠᠷ ᠤᠷᠤᠯᠴᠠᠵᠦ᠂ ᠤᠯᠠᠭᠠᠨᠬᠦᠦ ᠲᠡᠷᠢᠬᠦᠯᠡᠭᠴᠢ ᠳᠤ ᠰᠤᠩᠭᠤᠭᠤᠯᠢ ᠶᠢᠨ ᠨᠢᠭᠡ ᠪᠢᠯᠧᠲ ᠢᠶᠠᠨ | ᠦᠭᠬᠦᠭᠰᠡᠨ ᠬᠤᠪᠤᠷ ᠲᠡᠤᠭᠡᠳᠦ ᠬᠦᠮᠦᠨ ᠤ ᠨᠢᠭᠡᠨ ᠪᠠᠶᠢᠵᠠᠢ᠃ ᠮᠦᠨ 1950 ᠤᠨ ᠳᠤ᠂ ᠰᠢᠨ᠎ᠠ ᠲᠤᠮᠳᠠᠳᠦ | ᠤᠯᠤᠰ ᠪᠠᠶᠢᠭᠤᠯᠤᠭᠳᠠᠭᠰᠠᠨ ᠠᠩᠬᠠᠳᠠᠭᠴᠢ ᠤᠢ ᠶᠢᠨ ᠪᠠᠶᠠᠷ ᠶᠤᠰᠤᠯᠠᠯ ᠳᠤ ᠮᠠᠯᠴᠢᠨ ᠠᠷᠠᠳ ᠤᠨ | ᠲᠦᠯᠦᠭᠡᠯᠡᠭᠴᠢ ᠪᠠᠷ ᠤᠷᠤᠯᠴᠠᠵᠦ᠂ ᠮᠠᠦ ᠲᠡᠷᠢᠬᠦᠯᠡᠭᠴᠢ ᠪᠤᠯᠤᠨ ᠨᠠᠮ ᠵᠠᠰᠠᠭ ᠤᠨ ᠲᠡᠭᠡᠳᠦ ᠤᠳᠤᠷᠢᠳᠬᠤ | ᠬᠦᠮᠦᠰ ᠲᠠᠢ ᠠᠭᠤᠯᠵᠠᠨ ᠲᠦᠷᠦ ᠶᠢᠨ ᠲᠠᠶᠢᠯᠠᠯᠭ᠎ᠠ ᠳᠤ ᠰᠠᠭᠤᠵᠦ ᠶᠠᠪᠤᠵᠠᠢ᠃ ᠦᠯᠵᠡᠢ ᠭᠤᠸᠠᠢ᠂ ᠦᠷ᠎ᠡ | ᠬᠡᠤᠬᠡᠳ ᠲᠡᠭᠡᠨ ᠰᠤᠶᠤᠯ ᠪᠤᠯᠪᠠᠰᠤᠷᠠᠯ ᠬᠦᠷᠳᠡᠭᠡᠬᠦ ᠶᠢ ᠮᠠᠰᠢᠳᠠ ᠴᠢᠬᠤᠯᠠᠴᠢᠯᠠᠭᠰᠠᠨ ᠢᠶᠠᠷ ᠶᠡᠭᠡ ᠬᠦᠦ ᠰᠧᠪᠡᠯ ᠪᠠ | ᠲᠡᠳ᠋ ᠬᠦᠦ ᠭᠤᠮᠪᠤᠵᠠᠪ ᠨᠢ ᠴᠦᠮ ᠶᠡᠭᠡ ᠰᠤᠷᠭᠠᠭᠤᠯᠢ ᠲᠡᠬᠦᠰᠴᠦ᠂ ᠨᠤᠳᠤᠭ ᠤᠷᠤᠨ ᠤ ᠪᠠᠨ ᠰᠢᠨ᠎ᠠ ᠬᠦᠴᠦᠨ ᠤ | ᠴᠢᠬᠤᠯᠠ ᠪᠠᠶᠢᠷᠢᠨ ᠳᠤ ᠠᠵᠢᠯᠯᠠᠵᠦ ᠢᠷᠡᠵᠠᠢ᠃ | ᠶᠡᠷᠦᠨᠢ ᠲᠡᠷᠡ ᠦᠶ᠎ᠡ ᠶᠢᠨ ᠮᠠᠯᠵᠢᠬᠤ ᠤᠷᠤᠨ ᠳᠤ ᠨᠢᠭᠡ ᠭᠡᠷ ᠠᠴᠠ ᠢᠡᠭᠬᠢᠵᠦ ᠬᠤᠶᠠᠷ ᠤᠶᠤᠳᠠᠨ ᠭᠠᠷᠬᠤ | ᠪᠠᠶᠢᠳᠤᠭᠠᠢ᠂ ᠬᠤᠰᠢᠭᠤ ᠠᠶᠢᠮᠠᠭ ᠲᠠᠶᠠᠭᠠᠷ ᠴᠦ ᠶᠡᠭᠡ ᠰᠤᠷᠭᠠᠭᠤᠯᠢ ᠲᠡᠬᠦᠰᠦᠭᠰᠡᠨ ᠮᠠᠯᠴᠢᠳ ᠤᠨ ᠬᠡᠤᠬᠡᠳ ᠵᠠᠯᠠᠭᠤᠰ | ᠡᠳᠦᠷ ᠤᠨ ᠤᠳᠦ ᠮᠡᠳᠦ ᠴᠦᠭᠡᠨ ᠪᠠᠶᠢᠭᠰᠠᠨ ᠪᠢᠯᠡ᠃ ᠡᠶᠢᠨ ᠬᠦ᠂ ᠠᠪᠤ ᠲᠡᠭᠡᠳᠦᠰ ᠤᠨ ᠢᠶᠠᠨ ᠰᠤᠷᠭᠠᠯ᠂ ᠨᠠᠮ | ᠲᠦᠷᠦ ᠶᠢᠨ ᠢᠶᠠᠨ ᠬᠦᠮᠦᠵᠢᠯ ᠢ ᠬᠦᠰᠡᠷᠳᠡᠬᠦᠯᠦᠯ ᠦᠭᠡᠢ᠂ ᠨᠤᠳᠤᠭ ᠤᠷᠤᠨ ᠤ ᠪᠠᠨ ᠪᠦᠳᠦᠭᠡᠨ ᠪᠠᠶᠢᠭᠤᠯᠤᠯᠳᠠ᠂ | ᠬᠦᠭᠵᠢᠯ ᠲᠠᠪᠰᠢᠯ ᠳᠤ ᠨᠠᠰᠤᠨ ᠲᠤᠷᠰᠢ ᠦᠨᠡᠨᠴᠢ ᠵᠢᠳᠬᠦᠯ ᠦᠨᠳᠦᠷ ᠠᠮᠵᠢᠯᠳᠠ ᠳᠤ ᠬᠦᠷᠦᠭᠰᠡᠨ ᠬᠦᠨᠳᠦᠳᠦ | ᠠᠬᠠᠮᠠᠳ ᠡᠨᠡᠷᠢᠯᠳᠦ ᠪᠠᠭᠰᠢ ᠰᠧᠪᠡᠯ ᠭᠤᠸᠠᠢ ᠶᠢᠨ ᠮᠢᠨᠢ ᠠᠮᠢᠳᠤᠷᠠᠯ ᠤᠨ ᠰᠤᠷᠳᠠᠯ᠂ ᠠᠵᠢᠯ ᠤᠨ ᠵᠢᠳᠬᠦᠯ ᠠᠯᠢ | ᠰᠠᠶᠢᠬᠠᠨ ᠪᠦᠬᠦᠨ ᠨᠢ ᠰᠤᠷᠤᠭᠴᠢ᠂ ᠵᠠᠯᠭᠠᠮᠵᠢ ᠪᠢᠳᠡᠨ ᠤ ᠪᠠᠨ ᠦᠨᠢᠳᠡ ᠶᠢᠨ ᠲᠠᠭᠤᠷᠢᠶᠠᠯ ᠪᠤᠯᠬᠤ ᠶᠤᠮ᠃ | ᠬᠦᠨᠳᠦᠳᠦ ᠪᠠᠭᠰᠢ ᠰᠧᠪᠡᠯ ᠭᠤᠸᠠᠢ ᠮᠢᠨᠢ ᠤᠬᠠᠭᠠᠨ ᠰᠠᠷᠠᠭᠤᠯ᠂ ᠪᠡᠶ᠎ᠡ ᠲᠡᠩᠭᠡᠯᠡᠬᠦᠨ ᠢᠶᠠᠷ ᠤᠷᠳᠦ | ᠨᠠᠰᠤᠯᠠᠵᠦ ᠤᠳᠠᠭᠠᠨ ᠵᠢᠷᠭᠠᠭᠠᠰᠠᠢ︕ | | 2020 ᠤᠨ ᠤ ᠠᠯᠳᠠᠨ ᠨᠠᠮᠤᠷ᠂ ᠬᠠᠶᠢᠯᠠᠷ ᠬᠤᠳᠠᠨ᠎ᠠ | | ᠵᠣᠬᠢᠶᠠᠭᠴᠢ᠄ ᠴ᠊ · ᠮᠦᠡᠭᠬᠡᠰᠦ᠋ᠷᠦᠩ |