ᠪᠡᠶ᠎ᠡ ᠪᠠᠨ ᠡᠷᠡᠭᠦᠯᠵᠢᠭᠦᠯᠬᠦ ᠨᠠᠢᠮᠠᠨ ᠨᠤᠬᠤᠯᠠᠭ᠎ᠠ
ᠨᠡᠶᠢᠲᠡᠯᠡᠭᠰᠡᠨ ᠴᠠᠭ᠄
2020/11/3
ᠭᠠᠷ ᠢᠶᠠᠨ ᠨᠤᠬᠤᠯᠠᠬᠤ     ᠤᠷᠢᠳᠠᠪᠡᠷ ᠭᠠᠷ ᠤᠨ ᠠᠷᠤ ᠪᠠᠨ 50 ᠤᠳᠠᠭ᠎ᠠ ᠱᠦᠷᠭᠦᠭᠡᠨ᠂ ᠳᠠᠷᠠᠭ᠎ᠠ ᠨᠢ ᠬᠤᠶᠠᠷ ᠠᠯᠠᠭ᠎ᠠ ᠪᠠᠨ 50 ᠤᠳᠠᠭ᠎ᠠ ᠱᠦᠷᠭᠦᠭᠡᠨ᠎ᠡ᠂ ᠡᠭᠦᠨ ᠳᠤ ᠡᠷᠬᠡᠪᠰᠢ ᠬᠤᠶᠠᠷ ᠭᠠᠷ ᠢᠶᠠᠨ ᠨᠢᠯᠴᠢᠭᠢᠨᠡᠳᠡᠯ᠎ᠡ ᠱᠦᠷᠭᠦᠭᠡᠬᠦ ᠬᠡᠷᠡᠭᠳᠡᠢ᠃ ᠦᠷᠭᠦᠯᠵᠢ ᠭᠠᠷ ᠢᠶᠠᠨ ᠨᠤᠬᠤᠯᠤᠨ ᠱᠦᠷᠭᠦᠭᠡᠬᠦ ᠨᠢ ᠶᠡᠭᠡ ᠲᠠᠷᠢᠬᠢ ᠪᠠ ᠪᠦᠬᠦ ᠪᠡᠶ᠎ᠡ ᠶᠢᠨ ᠬᠦᠭᠡᠷᠦᠯᠳᠡ ᠶᠢᠨ ᠮᠡᠳᠡᠷᠡᠯ ᠤᠳ ᠢ ᠬᠦᠨᠳᠡᠵᠦ᠂ ᠬᠤᠶᠠᠷ ᠭᠠᠷ ᠢ ᠤᠶᠠᠨ ᠬᠠᠳᠠᠨ᠂ ᠡᠪᠦᠯ ᠤᠨ ᠬᠦᠢᠳᠡᠨ ᠳᠤ ᠦᠯᠴᠢᠷ ᠪᠠᠶᠢᠯᠭᠠᠬᠤ ᠮᠦᠷᠳᠡᠭᠡᠨ ᠬᠤᠶᠠᠷ ᠭᠠᠷ ᠤᠨ ︽ᠦᠲᠡᠯᠬᠦ︾ ᠶᠢ ᠤᠳᠠᠭᠠᠷᠠᠰᠢᠭᠤᠯᠤᠨ᠎ᠠ᠃ᠮᠠᠩᠨᠠᠢ ᠪᠠᠨ ᠨᠤᠬᠤᠯᠠᠬᠤ     ᠤᠷᠢᠳᠠᠪᠡᠷ ᠵᠡᠭᠦᠨ ᠭᠠᠷ᠂ ᠳᠠᠷᠠᠭ᠎ᠠ ᠨᠢ ᠪᠠᠷᠠᠭᠤᠨ ᠭᠠᠷ ᠢᠶᠠᠷ ᠢᠶᠠᠨ ᠡᠭᠡᠯᠵᠢᠯᠡᠨ ᠮᠠᠩᠨᠠᠢ ᠪᠠᠨ ᠳᠡᠭᠡᠷ᠎ᠡ ᠠᠴᠠ ᠳᠤᠷᠤᠭᠰᠢ ᠪᠠᠨ 50 ᠤᠳᠠᠭ᠎ᠠ ᠱᠦᠷᠭᠦᠭᠡᠨ᠎ᠡ᠃ ᠮᠠᠩᠨᠠᠢ ᠪᠠᠨ ᠦᠷᠬᠦᠯᠵᠢᠯᠡᠨ ᠱᠦᠷᠬᠦᠬᠡᠨ ᠨᠤᠬᠤᠯᠠᠬᠤ ᠨᠢ ᠲᠠᠷᠢᠬᠢ ᠲᠤᠯᠤᠭᠠᠢ ᠶᠢ ᠰᠡᠷᠭᠡᠭ ᠪᠤᠯᠭᠠᠵᠤ ᠠᠲᠤᠷᠢᠶ᠎ᠠ ᠰᠠᠭᠤᠬᠤ ᠠᠴᠠ ᠰᠡᠷᠭᠡᠶᠢᠯᠡᠨ᠎ᠠ᠃ ᠬᠠᠮᠠᠷ ᠢᠶᠠᠨ ᠨᠤᠬᠤᠯᠠᠬᠤ     ᠬᠤᠶᠠᠷ ᠳᠤᠯᠤᠪᠤᠷ ᠬᠤᠷᠤᠭᠤ ᠪᠠᠷ ᠢᠶᠠᠨ ᠬᠠᠮᠠᠷ ᠤᠨ ᠬᠢᠷ᠎ᠠ ᠶᠢᠨ ᠬᠤᠶᠠᠷ ᠬᠠᠵᠠᠭᠤ ᠪᠠᠨ ᠱᠦᠷᠭᠦᠬᠡᠨ ᠨᠤᠬᠤᠯᠠᠨ᠎ᠠ᠃ ᠦᠷᠬᠦᠯᠵᠢ ᠬᠠᠮᠠᠷ ᠢᠶᠠᠨ ᠨᠤᠬᠤᠯᠠᠬᠤ ᠨᠢ ᠬᠠᠮᠠᠷ ᠪᠢᠳᠡᠬᠦᠷᠡᠬᠦ ᠪᠤᠯᠤᠨ ᠳᠠᠭᠰᠢᠭᠤᠷ ᠪᠠ ᠬᠠᠮᠠᠷ ᠤᠨ ᠦᠷᠪᠢᠰᠦᠯ ᠢ ᠰᠡᠷᠬᠡᠶᠢᠯᠡᠬᠦ ᠦᠢᠢᠯᠡᠳᠦᠯ ᠲᠠᠢ ᠶᠤᠮ᠃ ᠴᠢᠬᠢ ᠪᠠᠨ ᠨᠤᠬᠤᠯᠠᠬᠤ     ᠭᠠᠷ ᠤᠨ ᠠᠯᠠᠭ᠎ᠠ ᠪᠠᠷ ᠢᠶᠠᠨ ᠴᠢᠬᠢ ᠪᠠᠨ ᠨᠠᠰᠢ ᠴᠠᠰᠢ 50 ᠤᠳᠠᠭ᠎ᠠ ᠨᠤᠬᠤᠯᠠᠨ ᠱᠦᠷᠬᠦᠬᠡᠨ᠎ᠠ᠃ ᠢᠡᠭᠬᠢᠬᠦ ᠨᠢ ᠴᠢᠬᠢᠨ ᠳᠡᠬᠡᠷᠡᠬᠢ ᠪᠠᠯᠴᠢᠷ ᠤᠳ ᠲᠤ ᠰᠡᠳᠡᠯᠳᠡ ᠦᠭᠬᠦ ᠪᠠᠷ ᠳᠠᠮᠵᠢᠨ ᠪᠦᠬᠦ ᠪᠡᠶ᠎ᠠ ᠶᠢᠨ ᠡᠷᠡᠬᠦᠯ ᠴᠢᠬᠢᠷᠠᠭ ᠪᠠ ᠰᠤᠨᠤᠷ ᠢ ᠳᠡᠭᠡᠭᠰᠢᠯᠡᠬᠦᠯᠬᠦ ᠪᠤᠯᠤᠨ᠎ᠠ᠃ᠬᠠᠪᠢᠷᠭ᠎ᠠ ᠪᠠᠨ ᠨᠤᠬᠤᠯᠠᠬᠤ     ᠤᠷᠢᠳᠠᠪᠡᠷ ᠵᠡᠬᠦᠨ ᠭᠠᠷ᠂ ᠳᠠᠷᠠᠭ᠎ᠠ ᠨᠢ ᠪᠠᠷᠠᠭᠤᠨ ᠭᠠᠷ ᠢᠶᠠᠷ ᠢᠶᠠᠨ ᠡᠬᠡᠯᠵᠢᠯᠡᠨ ᠬᠤᠶᠠᠷ ᠬᠠᠪᠢᠷᠭ᠎ᠠ ᠶᠢᠨ ᠳᠤᠮᠳᠠᠬᠢ ︽ᠴᠡᠬᠡᠵᠢᠨ ᠪᠤᠯᠴᠢᠷᠬᠠᠢ︾ ᠪᠠᠯᠴᠢᠷ ᠢ ᠳᠤᠰ ᠳᠤᠰ 50 ᠤᠳᠠᠭ᠎ᠠ ᠱᠦᠷᠬᠦᠬᠡᠨ ᠨᠤᠬᠤᠯᠠᠨ᠎ᠠ᠃ ᠦᠷᠬᠦᠯᠵᠢ ᠴᠡᠬᠡᠵᠢ ᠪᠠᠨ ᠨᠤᠬᠤᠯᠠᠨ ᠱᠦᠷᠬᠦᠬᠡᠪᠡᠯ ᠰᠡᠳᠬᠢᠯ ᠰᠠᠨᠠᠭ᠎ᠠ ᠶᠢ ᠠᠭᠤᠵᠢᠷᠠᠭᠤᠯᠬᠤ ᠦᠢᠯᠡᠳᠤᠯ ᠲᠠᠢ᠃ ᠬᠡᠪᠡᠯᠢ ᠪᠠᠨ ᠨᠤᠬᠤᠯᠠᠬᠤ     ᠤᠷᠢᠳᠠᠪᠡᠷ ᠵᠡᠬᠦᠨ ᠭᠠᠷ᠂ ᠳᠠᠷᠠᠭ᠎ᠠ ᠨᠢ ᠪᠠᠷᠠᠭᠤᠨ ᠭᠠᠷ ᠢᠶᠠᠷ ᠢᠶᠠᠨ ᠡᠬᠡᠯᠵᠢᠯᠡᠨ ᠬᠡᠪᠡᠯᠢ ᠶᠢᠨ ᠬᠡᠰᠡᠭ ᠢᠶᠠᠨ ᠳᠤᠰ ᠳᠤᠰ ᠢᠯᠢᠵᠦ ᠨᠤᠬᠤᠯᠠᠨ᠎ᠠ᠃ ᠬᠡᠪᠡᠯᠢ ᠪᠠᠨ ᠦᠷᠬᠦᠯᠵᠢ ᠢᠯᠢᠵᠦ ᠨᠤᠬᠤᠯᠠᠬᠤ ᠨᠢ ᠰᠢᠩᠬᠡᠬᠡᠯᠳᠡ ᠶᠢ ᠠᠬᠢᠭᠤᠯᠵᠦ᠂ ᠬᠡᠳᠡᠰᠦ ᠳᠦᠬᠦᠷᠬᠦ᠂ ᠬᠤᠷᠭᠤᠰᠤᠯᠠᠬᠤ ᠶᠢ ᠰᠡᠷᠬᠡᠶᠢᠯᠠᠨ᠎ᠠ᠃ ᠬᠦᠯ ᠢᠶᠠᠨ ᠨᠤᠬᠤᠯᠠᠬᠤ    ᠤᠷᠢᠳᠠᠪᠡᠷ ᠵᠡᠬᠦᠨ ᠭᠠᠷ ᠢᠶᠠᠷ ᠢᠶᠠᠨ ᠪᠠᠷᠠᠭᠤᠨ ᠬᠦᠯ ᠤᠨ ᠤᠯᠠ ᠪᠠᠨ 50 ᠤᠳᠠᠭ᠎ᠠ᠂ ᠳᠠᠬᠢᠭᠠᠳ ᠪᠠᠷᠠᠭᠤᠨ ᠭᠠᠷ ᠢᠶᠠᠷ ᠢᠶᠠᠨ ᠵᠡᠬᠦᠨ ᠬᠦᠯ ᠢᠶᠠᠨ 50 ᠤᠳᠠᠭ᠎ᠠ ᠱᠦᠷᠬᠦᠬᠡᠵᠦ ᠨᠤᠬᠤᠯᠠᠨ᠎ᠠ᠃ ᠬᠦᠯ ᠤᠨ ᠤᠯᠠ ᠪᠤᠯ ᠬᠦᠮᠦᠨ ᠤ ︽ᠬᠤᠶᠠᠳᠤᠭᠠᠷ ᠵᠢᠷᠦᠬᠡ︾ ᠪᠤᠯᠬᠤᠷ ᠬᠦᠯ ᠢᠶᠠᠨ ᠦᠷᠬᠦᠯᠵᠢ ᠨᠤᠬᠤᠯᠠᠨ ᠱᠦᠷᠬᠦᠬᠡᠪᠡᠯ ᠴᠢᠰᠤᠨ ᠤ ᠡᠷᠬᠢᠯᠳᠡ ᠶᠢ ᠠᠬᠢᠭᠤᠯᠵᠦ᠂ ᠲᠤᠳᠤᠭᠠᠳᠤ ᠱᠦᠭᠦᠷᠡᠯᠳᠡ ᠶᠢᠨ ᠰᠢᠰᠲ᠋ᠧᠮ ᠤᠨ ᠴᠢᠳᠠᠪᠬᠢ ᠶᠢ ᠰᠠᠶᠢᠵᠢᠷᠠᠭᠤᠯᠵᠦ᠂ ᠬᠦᠮᠦᠨ ᠤ ᠪᠡᠶ᠎ᠠ ᠶᠢᠨ ᠡᠬᠡᠯᠢᠯᠡᠬᠦ ᠴᠢᠳᠠᠪᠦᠷᠢ ᠪᠠ ᠡᠪᠡᠳᠴᠢᠨ ᠢ ᠡᠰᠡᠷᠬᠦᠴᠡᠬᠦ ᠴᠢᠳᠠᠪᠦᠷᠢ ᠶᠢ ᠳᠡᠭᠡᠭᠰᠢᠯᠡᠬᠦᠯᠬᠦ ᠪᠦᠬᠡᠳ ᠬᠦᠯ ᠤᠨ ᠬᠡᠰᠡᠭ ᠢ ᠬᠦᠢᠳᠡᠨ ᠳᠤ ᠥᠯᠴᠢᠷ ᠪᠤᠯᠭᠠᠨ᠎ᠠ᠃ ᠨᠢᠷᠤᠭᠤ ᠪᠠᠨ ᠨᠤᠬᠤᠯᠠᠬᠤ     ᠵᠡᠬᠦᠨ ᠪᠠᠷᠠᠭᠤᠨ ᠭᠠᠷ ᠤᠨ ᠠᠯᠠᠭ᠎ᠠ ᠪᠠᠷ ᠢᠶᠠᠨ ᠨᠢᠷᠤᠭᠤᠨ ᠤ ᠬᠡᠰᠡᠭ ᠢᠶᠠᠨ 50 ᠤᠳᠠᠭ᠎ᠠ ᠨᠤᠬᠤᠯᠠᠨ ᠱᠦᠷᠬᠦᠬᠡᠨ᠎ᠠ᠃ ᠨᠢᠷᠤᠭᠤ ᠪᠠᠨ ᠦᠷᠬᠦᠯᠵᠢ ᠨᠤᠬᠤᠯᠠᠪᠠᠯ ᠪᠦᠬᠡᠷ᠎ᠠ ᠶᠢ ᠰᠠᠢᠵᠢᠷᠠᠭᠤᠯᠵᠦ ᠲᠠᠮᠢᠷ ᠢ ᠨᠥᠬᠦᠨ᠎ᠠ᠂ ᠪᠠᠰᠠ ᠨᠢᠷᠤᠭᠤ ᠱᠠᠷᠬᠢᠷᠠᠨ ᠡᠪᠡᠳᠬᠦ ᠶᠢ ᠵᠠᠰᠠᠨ᠎ᠠ᠃
 
ᠢᠷᠡᠯᠲᠡ᠄ ᠵᠠᠯᠠᠨ ᠠᠶᠢᠯ ᠬᠤᠲᠠ ᠶᠢᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号