ᠨᠢᠬᠡ᠂ ᠡᠷᠳᠡ ᠶᠢᠨ ᠬᠤᠭᠤᠯᠠ ᠪᠠᠨ ᠡᠯᠪᠡᠭ ᠢᠳᠡᠬᠦ | ᠬᠡᠷᠪᠡ ᠡᠷᠳᠡ ᠶᠢᠨ ᠬᠤᠭᠤᠯᠠ ᠢᠳᠡᠬᠦ ᠦᠬᠡᠢ ᠪᠤᠯ ᠪᠠᠶ᠎ᠠ ᠳᠤ ᠬᠦᠢᠴᠡᠳ ᠴᠢᠰᠦᠨ ᠰᠢᠬᠢᠷ ᠤᠨ ᠬᠠᠨᠭ᠍ᠭᠠᠯᠭ᠎ᠠ | ᠲᠤᠳᠠᠬᠳᠠᠵᠤ᠂ ᠬᠦᠮᠦᠰ ᠶᠠᠳᠠᠷᠠᠬᠤ᠂ ᠵᠠᠯᠬᠠᠭᠤᠷᠠᠬᠤ᠂ ᠰᠡᠳᠬᠢᠯ ᠰᠠᠨᠠᠭ᠎ᠠ ᠲᠦᠪᠯᠡᠷᠡᠬᠦ ᠦᠬᠡᠢ᠂ ᠤᠷᠮ᠎ᠠ ᠵᠤᠷᠢᠬ | ᠠᠯᠳᠠᠷᠠᠬᠤ᠂ ᠲᠤᠰᠬᠠᠯ ᠤᠳᠠᠭᠠᠨ ᠵᠡᠷᠭᠡ ᠪᠠᠶᠢᠳᠠᠯ ᠢᠯᠡᠷᠡᠳᠡᠭ᠃ ᠡᠷᠳᠡ ᠶᠢᠨ ᠬᠤᠭᠤᠯᠠ ᠢᠳᠡᠬᠦ ᠦᠬᠡᠢ ᠪᠠᠷ | ᠦᠳᠡ ᠶᠢᠨ ᠬᠤᠭᠤᠯᠠ ᠪᠠᠨ ᠬᠡᠳᠦᠷᠡᠳᠡᠯ᠎ᠠ ᠢᠳᠡᠬᠦ ᠨᠢ ᠬᠤᠳᠤᠭᠤᠳᠤᠨ ᠤ ᠲᠠᠷᠤᠭᠠᠰᠤ ᠶᠢ ᠬᠦᠨᠳᠤᠷᠡᠬᠦᠯᠵᠤ᠂ | ᠬᠤᠳᠤᠭᠤᠳᠤᠨ ᠦᠷᠪᠢᠰᠦᠯ ᠡᠬᠦᠰᠬᠡᠳᠡᠭ ᠪᠠᠶᠢᠨ᠎ᠠ᠃ ᠡᠬᠦᠨ ᠠᠴᠠ ᠭᠠᠳᠠᠨ᠎ᠠ ᠦᠷᠯᠦᠬᠡ ᠡᠷᠳᠡ ᠪᠤᠯ ᠶᠠᠭ ᠦᠯᠦᠨ | ᠪᠠᠶᠢᠳᠠᠭ ᠪᠤᠯᠬᠤᠷ ᠡᠷᠳᠡ ᠶᠢᠨ ᠬᠤᠭᠤᠯᠠ ᠢᠳᠡᠬᠦ ᠦᠬᠡᠢ ᠪᠤᠯ ᠬᠤᠳᠤᠭᠤᠳᠤᠨ ᠳᠠᠬᠢ ᠬᠤᠳᠤᠭᠤᠳᠤᠨ ᠬᠦᠴᠢᠯ ᠨᠢ | ᠰᠢᠩᠭᠡᠭᠡᠬᠦ ᠢᠳᠡᠬᠡᠨ ᠦᠬᠡᠢ ᠪᠤᠯᠵᠤ᠂ ᠵᠦᠪᠬᠡᠨ ᠬᠡᠦᠷᠡᠭ ᠪᠠᠶᠢᠳᠠᠭ ᠬᠤᠳᠤᠭᠤᠳᠤᠨ ᠨᠢᠮᠬᠡᠨ ᠰᠠᠯᠢᠰᠦᠨ ᠳᠤ ᠰᠡᠳᠡᠯᠳᠡ | ᠦᠭᠳᠡᠭ ᠪᠤᠯᠬᠤᠷ᠂ ᠰᠢᠷ᠎ᠠ ᠬᠤᠰᠤᠬᠤ᠂ ᠬᠤᠳᠤᠭᠤᠳᠤ ᠡᠪᠡᠳᠬᠦ ᠵᠡᠷᠭᠡ ᠪᠠᠶᠢᠵᠤ᠂ ᠡᠳᠦᠷ ᠤᠨ ᠤᠳᠠᠭᠠᠨ ᠳᠠᠭᠠᠨ | ᠬᠤᠳᠤᠭᠤᠳᠤᠨ ᠤ ᠰᠢᠷᠬᠠᠯᠠᠭ᠎ᠠ ᠴᠤ ᠡᠬᠦᠰᠬᠡᠳᠡᠭ᠃ ᠡᠶᠢᠮᠦ ᠠᠴᠠ ᠲᠤᠬᠳᠠᠬᠰᠠᠨ ᠴᠠᠭ ᠲᠠᠭᠠᠨ ᠡᠷᠳᠡ ᠶᠢᠨ ᠬᠤᠭᠤᠯᠠ | ᠢᠳᠡᠵᠤ᠂ ᠡᠬᠦᠨ ᠳᠤ ᠦᠨᠢᠶᠠᠨ ᠰᠦ᠂ ᠲᠠᠬᠢᠶᠠᠨ ᠦᠨᠳᠡᠭᠡ᠂ ᠲᠠᠯᠬ᠎ᠠ᠂ ᠵᠢᠮᠢᠰ ᠵᠡᠷᠭᠡ ᠶᠢ ᠰᠤᠩᠭᠤᠵᠤ ᠬᠡᠳᠦᠢ | ᠡᠯᠪᠡᠭ ᠲᠡᠯᠪᠡᠭ ᠪᠠᠶᠢᠪᠠᠯ ᠲᠡᠳᠦᠢ ᠰᠠᠶᠢᠨ᠃ ᠡᠬᠦᠨ ᠠᠴᠠ ᠭᠠᠳᠠᠨ᠎ᠠ ᠠᠪᠳᠠᠷ᠎ᠠ ᠬᠤᠷᠭᠤ ᠳᠠᠭᠠᠨ ᠪᠤᠤᠪᠤ ᠪᠤᠭᠤᠷᠰᠤᠭ | ᠵᠡᠷᠭᠡ ᠶᠢ ᠪᠡᠯᠡᠳᠬᠡᠨ ᠲᠠᠯᠪᠢᠵᠤ᠂ ᠦᠯᠦᠰᠪᠡᠯ ᠢᠳᠡᠵᠤ ᠪᠠᠶᠢᠪᠠᠯ ᠵᠤᠬᠢᠨ᠎ᠠ᠃ | ᠬᠤᠶᠠᠷ᠂ ᠦᠳᠡ ᠳᠤ ᠵᠢᠭᠠᠬᠠᠨ ᠠᠮᠤᠰᠬᠢᠬᠦ | ᠵᠢᠯ ᠲᠤᠷᠰᠢ ᠲᠤᠯᠤᠭᠠᠢ ᠦᠨᠳᠡᠶᠢᠯ ᠦᠬᠡᠢ ᠠᠵᠢᠯᠯᠠᠵᠤ ᠶᠠᠳᠠᠷᠠᠬᠤ ᠪᠠᠷ ᠶᠠᠳᠠᠷᠠᠯ ᠴᠢᠯᠡᠭᠡ ᠪᠠᠨ ᠲᠠᠶᠢᠯᠬᠤ ᠳᠤ | ᠪᠠᠰᠠ ᠵᠤᠬᠢᠬᠤ ᠴᠠᠭ ᠬᠤᠭᠤᠴᠠᠭ᠎ᠠ ᠬᠡᠷᠡᠭᠰᠡᠳᠡᠭ᠃ ᠬᠡᠷᠪᠡ ᠶᠠᠳᠠᠷᠠᠪᠠᠯ ᠰᠠᠶ᠋ᠢ ᠠᠮᠠᠷᠠᠬᠤ ᠬᠡᠪᠡᠯ ᠦᠷ᠎ᠠ ᠳ᠋ᠦᠡᠭ ᠨᠢ | ᠲᠡᠶᠢᠮᠦ ᠰᠠᠶᠢᠨ ᠪᠢᠰᠢ ᠪᠤᠯᠬᠤᠷ ᠤᠷᠢᠳᠠᠪᠠᠷ ᠠᠮᠡᠷᠠᠬᠤ ᠨᠢ ᠲᠤᠩ ᠴᠢᠬᠤᠯᠠ ᠪᠢᠯᠡ᠃ ᠵᠢᠱᠢᠶᠠᠯᠠᠪᠠᠯ ᠦᠳᠡ ᠶᠢᠨ | ᠠᠮᠠᠷᠠᠯᠳᠠ ᠳᠤ 15 ᠮᠢᠨᠦ᠋ᠲ ᠤᠨᠳᠠᠪᠠᠯ ᠬᠦᠮᠦᠨ ᠤ ᠪᠠᠶ᠎ᠠ ᠶᠢᠨ ᠡᠰ ᠦᠪᠡᠷ ᠲᠡᠭᠡᠨ ᠰᠡᠷᠬᠦᠵᠤ᠂ ᠬᠠᠮᠤᠭ | ᠴᠤᠬᠴᠠᠰ ᠲᠤ ᠢᠳᠡ ᠲᠠᠮᠢᠷ ᠨᠡᠮᠡᠭᠳᠡᠨ ᠴᠤᠬ ᠵᠤᠯᠢ ᠪᠠᠳᠠᠷᠠᠨ᠎ᠠ᠃ | ᠭᠤᠷᠪᠠ᠂ ᠠᠵᠢᠯ ᠠᠴᠠ ᠪᠠᠨ ᠪᠠᠭᠤᠪᠠᠯ ᠢᠯᠢᠵᠤ ᠨᠤᠬᠤᠯᠠᠨ ᠠᠮᠠᠷᠠᠬᠤ | ᠡᠳᠦᠷ ᠤᠨ ᠠᠵᠢᠯ ᠠᠴᠠ ᠪᠠᠨ ᠪᠠᠭᠤᠬᠰᠠᠨ ᠤ ᠲᠠᠷᠠᠭ᠎ᠠ ᠬᠦᠮᠦᠰ ᠶᠡᠷᠦᠨᠢ ᠶᠠᠳᠠᠷᠠᠳᠠᠭ᠃ ᠡᠨᠡ ᠦᠶᠡᠰ | ᠦᠪᠡᠷ ᠢᠶᠠᠨ ᠢᠯᠢᠵᠤ ᠨᠤᠬᠤᠯᠠᠬᠤ ᠪᠤᠶᠤ ᠲᠤᠰᠬᠠᠢ ᠪᠠᠶᠢᠭᠤᠯᠤᠮᠵᠢ ᠳᠤ ᠬᠦᠷᠴᠤ ᠢᠯᠢᠵᠤ ᠨᠤᠬᠤᠯᠠᠪᠠᠯ ᠬᠠᠮᠤᠭ ᠤᠨ | ᠲᠦᠬᠦᠮ ᠬᠢᠯᠪᠠᠷ᠂ ᠬᠠᠮᠤᠭ ᠤᠨ ᠠᠮᠤᠷ ᠲᠦᠪᠰᠢᠨ ᠪᠠᠶ᠎ᠠ ᠰᠤᠪᠢᠯᠠᠬᠤ ᠠᠷᠭ᠎ᠠ ᠪᠤᠯᠵᠤ᠂ ᠡᠬᠦᠨ ᠢ ᠬᠡᠷ ᠵᠠᠭᠤᠷ᠎ᠠ ᠪᠠᠨ | ᠴᠤ ᠬᠦᠢᠴᠡᠳᠬᠡᠵᠤ ᠪᠤᠯᠳᠠᠭ᠃ | ᠬᠠᠭᠤᠷᠠᠢ ᠪᠠᠷ ᠬᠡᠵᠢᠬᠡ ᠪᠠᠨ ᠰᠠᠮᠨᠠᠬᠤ᠄ ᠬᠤᠶᠠᠷ ᠭᠠᠷ ᠢᠶᠠᠨ ᠬᠤᠮᠢᠵᠤ᠂ ᠡᠷᠡᠬᠡᠢ ᠬᠤᠷᠤᠭᠤ ᠪᠠᠨ ᠬᠤᠶᠠᠷ | ᠰᠠᠨᠴᠢᠭ ᠤᠨ ᠬᠠᠵᠠᠭᠤ ᠶᠢᠨ ᠡᠰᠠᠷᠸ᠎ᠠ ᠳᠤ ᠲᠤᠯᠭᠠᠵᠤ᠂ ᠨᠦᠬᠦᠬᠡ ᠲᠦᠷᠪᠡᠨ ᠬᠤᠷᠤᠭᠤ ᠪᠠᠨ ᠲᠤᠰ ᠪᠦᠷᠢ | ᠬᠦᠮᠦᠰᠬᠡ ᠲᠡᠭᠡᠨ ᠲᠤᠯᠭᠠᠵᠤ ᠲᠤᠷᠤᠬᠰᠢ ᠰᠠᠯᠭᠠᠨ ᠪᠦᠬᠦᠳᠡ 36 ᠤᠳᠠᠭ᠎ᠠ ᠰᠠᠮᠨᠠᠪᠠᠯ ᠲᠤᠯᠤᠭᠠᠢ ᠡᠪᠡᠳᠬᠦ ᠪᠠ | ᠲᠤᠯᠤᠭᠠᠢ ᠡᠷᠬᠢᠬᠦ ᠶᠢ ᠨᠠᠮᠳᠠᠭᠤᠯᠬᠤ ᠦᠢᠯᠡᠳᠦᠯ ᠲᠠᠢ᠃ | ᠬᠦᠯ ᠪᠠ ᠬᠡᠪᠡᠯᠢ ᠪᠠᠨ ᠢᠯᠢᠬᠦ᠄ ᠵᠡᠬᠦᠨ ᠭᠠᠷ ᠢᠶᠠᠷ ᠲᠤᠯᠤᠭᠠᠢ ᠶᠢᠨ ᠤᠷᠤᠢ ᠪᠠᠨ ᠲᠦᠰᠢᠵᠤ᠂ ᠲᠠᠪᠤᠨ | ᠬᠤᠷᠤᠭᠤ ᠪᠠᠨ ᠰᠠᠯᠭᠠᠵᠤ᠂ ᠬᠦᠯ ᠭᠠᠷ ᠤᠨ ᠬᠤᠷᠤᠭᠤᠨ ᠰᠠᠯᠠᠭ᠎ᠠ ᠪᠠᠷ ᠬᠦᠩᠭᠡᠭᠡᠨ ᠢᠨᠴᠡᠳᠤᠨ 36 ᠤᠳᠠᠭ᠎ᠠ | ᠢᠯᠢᠵᠤ᠂ ᠲᠠᠬᠢᠨ ᠨᠦᠬᠦᠬᠡ ᠭᠠᠷ ᠢᠶᠠᠷ ᠰᠤᠯᠢᠵᠤ ᠢᠡᠭᠬᠢᠵᠤ ᠬᠢᠪᠡᠯ ᠬᠤᠳᠤᠭᠤᠳᠤ ᠬᠡᠳᠡᠰᠦ ᠪᠤᠯᠤᠨ ᠠᠭᠤᠰᠬᠢ ᠶᠢᠨ | ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠤᠨ ᠦᠯᠦ ᠬᠠᠯᠳᠠᠭᠠᠬᠤ ᠴᠢᠳᠠᠪᠤᠷᠢ ᠶᠢ ᠲᠡᠭᠡᠭᠰᠢᠯᠡᠬᠦᠯᠦᠨ᠎ᠠ᠃ | ᠬᠦᠯ ᠤᠨ ᠤᠯᠠ ᠪᠠᠨ ᠰᠢᠭᠢᠳᠦᠳᠡᠯᠠ ᠳᠠᠷᠤᠬᠤ᠄ ᠬᠤᠶᠠᠷ ᠬᠦᠯ ᠢᠶᠠᠨ ᠬᠤᠮᠢᠵᠤ ᠲᠦᠪ ᠵᠠᠪᠢᠯᠠᠨ ᠰᠠᠭᠤᠵᠤ᠂ | ᠬᠦᠯ ᠤᠨ ᠡᠷᠡᠬᠡᠢ ᠬᠤᠷᠤᠭᠤ ᠪᠤᠯᠤᠨ ᠲᠤᠮᠳᠠ ᠬᠤᠷᠤᠭᠤ ᠶᠢᠨ ᠬᠤᠭᠤᠷᠤᠨᠳᠤ ᠪᠠᠭ᠋ᠠᠨ ᠡᠪᠡᠳᠳᠡᠯᠠ ᠰᠢᠬᠢᠳᠦᠳᠡᠯᠡ | ᠴᠢᠮᠬᠢᠨᠠ᠃ ᠢᠡᠭᠬᠢᠬᠦ ᠨᠢ ᠪᠠᠶ᠎ᠠ ᠶᠢ ᠴᠢᠬᠢᠷᠠᠬᠵᠢᠭᠤᠯᠬᠤ ᠪᠦᠬᠡᠳ ᠬᠢᠵᠤ ᠬᠦᠢᠴᠡᠳᠬᠡᠬᠦ ᠳᠤ ᠬᠢᠯᠪᠠᠷ ᠲᠦᠬᠦᠮ | ᠪᠠᠶᠢᠳᠠᠭ᠃ | ᠲᠦᠷᠪᠠ᠂ ᠤᠨᠳᠠᠬᠤ ᠠᠴᠠ ᠪᠠᠨ ᠡᠮᠦᠨ᠎ᠠ ᠬᠠᠯᠠᠭᠤᠨ ᠤᠰᠤᠨ ᠳᠤ ᠪᠠᠶ᠎ᠠ ᠪᠠᠨ ᠤᠬᠢᠶᠠᠬᠤ | ᠬᠠᠯᠠᠭᠤᠨ ᠤᠰᠤᠨ ᠳᠤ ᠪᠠᠶ᠎ᠠ ᠪᠠᠨ ᠤᠬᠢᠶᠠᠬᠤ ᠨᠢ ᠪᠠᠶ᠎ᠠ ᠰᠡᠳᠬᠢᠯ ᠨᠢ ᠲᠠᠩᠴᠤ ᠶᠠᠳᠠᠷᠠᠬᠰᠠᠨ ᠬᠦᠮᠦᠰ ᠲᠤ | ᠮᠠᠰᠢ ᠵᠤᠬᠢᠷᠠᠳᠠᠭ᠃ ᠢᠡᠭᠬᠢᠬᠦ ᠨᠢ ᠪᠠᠶ᠎ᠠ ᠮᠠᠬᠠᠪᠤᠳ ᠪᠤᠯᠤᠨ ᠰᠡᠳᠬᠢᠯ ᠰᠠᠨᠠᠭᠠᠨ ᠤ ᠬᠤᠤᠰ ᠲᠠᠷᠤᠯᠳᠠ ᠶᠢ | ᠬᠦᠡᠭᠭᠡᠷᠡᠬᠦᠯᠵᠤ᠂ ᠤᠨᠳᠠᠯᠭ᠎ᠠ ᠶᠢᠨ ᠴᠢᠨᠡᠷ ᠢ ᠰᠠᠶᠢᠵᠢᠷᠠᠭᠤᠯᠬᠤ ᠳᠤ ᠮᠠᠰᠢ ᠰᠠᠶᠢᠨ ᠦᠷ᠎ᠠ ᠳ᠋ᠦᠡᠭ ᠲᠠᠢ ᠪᠠᠶᠢᠳᠠᠭ᠃ | ᠡᠬᠦᠨ ᠠᠴᠠ ᠭᠠᠳᠠᠨ᠎ᠠ ᠬᠠᠯᠠᠭᠤᠨ ᠤᠰᠤᠨ ᠳᠤ ᠪᠠᠶ᠎ᠠ ᠪᠠᠨ ᠤᠬᠢᠶᠠᠬᠤ ᠳᠠᠭᠠᠨ ᠠᠷᠤ ᠲᠤᠬᠤ ᠪᠤᠯᠤᠨ ᠬᠦᠵᠦᠬᠦᠦ ᠪᠠᠨ | ᠬᠦᠡᠭᠭᠡᠭᠡᠨ ᠠᠯᠠᠭᠠᠳᠠᠪᠠᠯ ᠪᠤᠯᠴᠢᠩ ᠰᠢᠷᠪᠤᠰᠤ ᠶᠢ ᠠᠮᠤᠷᠵᠢᠭᠤᠯᠵᠤ᠂ ᠬᠦᠵᠦᠬᠦᠨ ᠪᠤᠯᠴᠢᠩ ᠤᠨ ᠵᠠᠩᠬᠢᠷᠠᠯ ᠢ | ᠠᠯᠳᠠᠷᠠᠭᠠᠬᠤ ᠪᠦᠬᠡᠳ ᠪᠠᠰᠠ ᠠᠷᠠᠰᠤᠨ ᠰᠦᠪᠡ ᠶᠢ ᠲᠡᠯᠡᠵᠤ᠂ ᠠᠷᠤ ᠲᠤᠬᠤ ᠶᠢᠨ ᠴᠢᠰᠦᠨ ᠤ ᠬᠠᠨᠭ᠍ᠭᠠᠯᠭ᠎ᠠ ᠶᠢ | ᠨᠡᠮᠡᠭᠳᠡᠬᠦᠯᠵᠤ᠂ ᠲᠤᠯᠤᠭᠠᠢ ᠡᠷᠭᠢᠬᠦ᠂ ᠲᠤᠯᠤᠭᠠᠢ ᠡᠪᠡᠳᠬᠦ ᠶᠢ ᠴᠤ ᠨᠠᠮᠳᠠᠭᠤᠯᠬᠤ ᠦᠢᠯᠡᠳᠦᠯ ᠲᠠᠢ᠃ |