ᠰᠡᠳᠬᠢᠴᠡ ᠶᠢᠨ 6 ᠡᠯᠧᠮᠧᠨ᠋ᠲ ᠬᠦᠮᠦᠰ ᠢ ᠣᠷᠲᠣ ᠨᠠᠰᠣᠯᠠᠭᠤᠯᠬᠤ ᠪᠣᠯᠣᠨ᠎ᠠ
ᠨᠡᠶᠢᠲᠡᠯᠡᠭᠰᠡᠨ ᠴᠠᠭ᠄
2020/12/29
    1. ᠦᠷᠬᠦᠯᠵᠢ ᠨᠡᠶᠢᠭᠡᠮ ᠤᠨ ᠬᠠᠷᠢᠯᠴᠠᠭᠠᠨ ᠤ ᠬᠦᠲᠡᠯᠭᠡᠭᠡᠨ ᠳᠤ ᠣᠷᠣᠯᠴᠠᠬᠤ     ᠨᠠᠶᠢᠵᠠ ᠨᠦᠬᠦᠳ ᠲᠦᠷᠦᠯ ᠰᠠᠲᠣᠨ ᠲᠠᠢ ᠪᠠᠨ ᠦᠷᠬᠦᠯᠵᠢ ᠬᠠᠷᠢᠯᠴᠠᠬᠤ ᠬᠦᠮᠦᠨ ᠨᠡᠩ ᠣᠷᠲᠣ ᠨᠠᠰᠣᠯᠠᠬᠤ ᠪᠣᠯᠣᠨ᠎ᠠ᠃ ᠨᠡᠶᠢᠭᠡᠮ ᠤᠨ ᠬᠠᠷᠢᠯᠴᠠᠭᠠᠨ ᠤ ᠶᠠᠪᠣᠴᠠ ᠳᠤ ᠦᠭᠡᠷ᠎ᠡ ᠪᠣᠰᠣᠳ ᠲᠤ ᠬᠠᠪᠰᠣᠷᠣᠯᠭ᠎ᠠ ᠲᠡᠮᠵᠢᠯᠭᠡ ᠦᠵᠡᠬᠦᠯᠬᠦ ᠨᠢ ᠣᠷᠲᠣ ᠨᠠᠰᠣᠯᠠᠬᠤ ᠳᠤ ᠲᠣᠰᠠᠲᠠᠢ ᠶᠣᠮ᠃ ᠬᠡᠷᠪᠡ ᠲᠠᠨ ᠤ ᠨᠠᠶᠢᠵᠠ ᠨᠦᠬᠦᠳ ᠴᠦᠭᠡᠨ ᠪᠠᠶᠢᠪᠠᠯ ᠨᠡᠶᠢᠭᠡᠮ ᠤᠨ ᠵᠣᠬᠢᠶᠠᠨ ᠪᠠᠶᠢᠭᠤᠯᠣᠯᠲᠠ ᠪᠣᠶᠣ ᠰᠠᠶᠢᠨ ᠲᠣᠷᠠᠴᠢᠳ ᠤᠨ ᠠᠵᠢᠯᠯᠠᠭᠠᠨ ᠳᠤ ᠢᠯᠡᠬᠦᠭᠡᠨ ᠣᠷᠣᠯᠴᠠᠵᠦ ᠪᠠᠶᠢᠭᠠᠷᠠᠢ᠃     2. ᠰᠠᠨᠠᠭ᠎ᠠ ᠵᠣᠪᠠᠭ᠋ᠣ ᠨᠢ ᠮᠠᠭᠤ ᠶᠠᠪᠣᠲᠠᠯ ᠪᠢᠰᠢ     ᠭᠡᠷᠪᠡ ᠲᠠ ᠦᠷᠬᠦᠯᠵᠢ ᠡᠯᠲᠡᠪ ᠵᠦᠢᠯ ᠳᠤ ᠰᠡᠳᠬᠢᠯ ᠠᠯᠭᠠᠰᠠᠵᠤ ᠰᠠᠨᠠᠭ᠎ᠠ ᠵᠣᠪᠠᠲᠠᠬ ᠪᠣᠯ ᠡᠨᠡ ᠨᠢ ᠰᠠᠶᠢᠨ ᠶᠠᠪᠣᠲᠠᠯ ᠪᠠᠶᠢᠵᠦ ᠮᠡᠲᠡᠨ᠎ᠡ᠃ ᠣᠨᠴᠠᠭᠠᠢᠢᠯᠠᠨ ᠡᠷᠡᠭᠲᠡᠶᠢᠴᠣᠳ ᠵᠣᠬᠢᠬᠤ ᠬᠡᠮᠵᠢᠶ᠎ᠡ ᠪᠠᠷ ᠵᠣᠪᠠᠵᠦ ᠭᠤᠲᠣᠷᠠᠬᠤ ᠨᠢ ᠡᠷᠡᠬᠦᠯ ᠴᠢᠬᠢᠷᠠᠬ ᠲᠤ ᠲᠣᠰᠠᠲᠠᠢ ᠬᠡᠰᠡᠨ ᠢ ᠮᠠᠰᠢ ᠣᠯᠠᠨ ᠪᠣᠲᠠᠲᠣ ᠬᠡᠷᠡᠭ ᠬᠡᠷᠡᠴᠢᠯᠡᠭᠰᠡᠨ ᠪᠠᠶᠢᠨ᠎ᠠ᠃ ᠬᠡᠷᠪᠡ ᠪᠢᠲᠡ ᠶᠠᠮᠠᠷ ᠨᠢᠭᠡ ᠵᠦᠢᠯ ᠳᠤ ᠪᠣᠲᠣᠯ ᠠᠯᠭᠠᠰᠠᠳᠠᠭ ᠪᠣᠯ ᠡᠬᠦᠰᠴᠦ ᠮᠡᠲᠡᠬᠦ ᠨᠦᠬᠦᠴᠡᠯ ᠪᠣᠯᠣᠯᠴᠠᠭ᠎ᠠ ᠶᠢ ᠪᠣᠲᠣᠯᠬᠢᠯᠠᠵᠦ ᠠᠮᠵᠢᠬᠤ ᠪᠦᠭᠡᠳ ᠪᠠᠰᠠ ᠬᠠᠷᠠᠭᠠᠯᠵᠠᠬᠰᠠᠨ ᠠᠷᠭᠠᠴᠠᠬᠤ ᠲᠦᠰᠦᠯ ᠲᠣᠬᠲᠠᠭᠠᠲᠠᠬ᠃ ᠡᠨᠡ ᠦᠶ᠎ᠡ ᠳᠤ ᠰᠠᠨᠠᠭ᠎ᠠ ᠵᠣᠪᠠᠭ᠋ᠣ ᠨᠢ ᠰᠠᠶᠢᠨ ᠶᠠᠪᠣᠲᠠᠯ ᠪᠣᠯᠲᠠᠬ ᠠᠵᠢ᠃     3. ᠡᠩᠬᠦᠷᠡᠢ ᠠᠮᠢᠲᠠᠨ ᠢ ᠦᠪᠡᠷ ᠤᠨ ᠢᠶᠠᠨ ᠲᠣᠲᠣᠨᠣ ᠨᠠᠶᠢᠵᠠ ᠪᠣᠯᠭᠠᠵᠦ ᠪᠣᠯᠬᠤ ᠦᠭᠡᠢ     ᠡᠩᠬᠦᠷᠡᠢ ᠠᠮᠢᠲᠠᠨ ᠲᠡᠵᠢᠭᠡᠬᠦ ᠨᠢ ᠡᠷᠡᠬᠦᠯ ᠴᠢᠬᠢᠷᠠᠬ ᠲᠤ ᠲᠣᠰᠠᠲᠠᠢ ᠶᠣᠮ᠃ ᠬᠡᠪᠡᠴᠦ ᠡᠩᠬᠦᠷᠡᠢ ᠠᠮᠢᠲᠠᠨ ᠨᠢ ᠬᠦᠮᠦᠨ ᠬᠢᠭᠡᠳ ᠬᠦᠮᠦᠨ ᠤ ᠬᠤᠭᠤᠷᠣᠨᠲᠣᠬᠢ ᠬᠠᠷᠢᠯᠴᠠᠭ᠎ᠠ ᠶᠢ ᠲᠦᠯᠦᠭᠡᠯᠡᠵᠦ ᠲᠡᠶᠢᠯᠬᠦ ᠦᠭᠡᠢ ᠬᠡᠰᠡᠨ ᠢ ᠮᠠᠷᠲᠠᠵᠦ ᠦᠯᠦ ᠪᠣᠯᠣᠨ᠎ᠠ᠃ ᠰᠣᠲᠣᠯᠭᠠᠨ ᠳᠤ ᠢᠯᠡᠷᠡᠬᠦᠯᠦᠭᠰᠡᠨ ᠢᠶᠠᠷ᠂ ᠡᠩᠬᠦᠷᠡᠢ ᠠᠮᠢᠲᠠᠨ ᠲᠡᠵᠢᠭᠡᠬᠦ ᠬᠦᠮᠦᠰ ᠦᠭᠡᠷ᠎ᠡ ᠪᠣᠰᠣᠳ ᠠᠴᠠ ᠣᠷᠲᠣ ᠨᠠᠰᠣᠯᠠᠲᠠᠬ ᠦᠭᠡᠢ ᠪᠢᠯᠡ᠃ ᠣᠷᠪᠠᠭᠤ ᠪᠠᠷ᠂ ᠡᠩᠬᠦᠷᠡᠢ ᠠᠮᠢᠲᠠᠨ ᠢᠶᠠᠷ ᠬᠦᠮᠦᠰ ᠤᠨ ᠬᠤᠭᠤᠷᠣᠨᠲᠣᠬᠢ ᠬᠠᠷᠢᠴᠠᠭ᠎ᠠ ᠶᠢ ᠣᠷᠣᠯᠠᠭᠤᠯᠣᠬᠰᠠᠨ ᠬᠦᠮᠦᠰ ᠤᠨ ᠠᠮᠢ ᠨᠠᠰᠣ ᠨᠢ ᠪᠣᠭᠤᠨᠢ ᠪᠠᠶᠢᠲᠠᠬ᠃     4. ᠦᠪᠡᠷ ᠤᠨ ᠢᠶᠠᠨ ᠲᠣᠷ᠎ᠠ ᠪᠠᠬ᠎ᠠ ᠲᠠᠢ ᠬᠦᠲᠡᠯᠭᠡᠭᠡᠨ ᠢ ᠰᠣᠩᠭᠤᠬᠤ     ᠪᠡᠶ᠎ᠡ ᠪᠣᠯᠪᠠᠰᠣᠷᠠᠬᠤ ᠨᠢ ᠡᠷᠡᠬᠦᠯ ᠴᠢᠬᠢᠷᠠᠬ ᠲᠤ ᠲᠣᠰᠠᠲᠠᠢ᠃ ᠭᠡᠪᠡᠴᠦ ᠰᠣᠲᠣᠯᠭᠠᠨ ᠳᠤ ᠬᠠᠷᠠᠭᠤᠯᠣᠬᠰᠠᠨ ᠢᠶᠠᠷ ᠂ ᠵᠠᠷᠢᠮ ᠦᠨᠳᠦᠷ ᠨᠠᠰᠣ ᠵᠣᠭᠤᠬᠯᠠᠬᠰᠠᠨ ᠬᠦᠮᠦᠰ ᠬᠤᠷᠢᠨ ᠬᠡᠲᠦᠲᠡᠢ ᠦᠶ᠎ᠡ ᠳᠡᠭᠡᠨ ᠪᠠᠶ᠎ᠠ ᠮᠠᠬᠠᠪᠣᠳ ᠤᠨ ᠪᠣᠯᠪᠠᠰᠣᠷᠠᠯ ᠳᠤ ᠲᠡᠮᠡᠢ ᠣᠷᠣᠯᠴᠠᠲᠠᠬ ᠦᠭᠡᠢ᠂ ᠬᠠᠷᠢᠨ ᠦᠪᠡᠷ ᠤᠨ ᠢᠶᠠᠨ ᠲᠣᠷ᠎ᠠ ᠪᠠᠬ᠎ᠠ ᠲᠠᠢ ᠵᠦᠢᠯ ᠢᠶᠠᠨ ᠣᠷᠣᠯᠲᠣᠵᠦ᠂ ᠲᠣᠷ᠎ᠠ ᠲᠠᠢ ᠬᠦᠲᠡᠯᠭᠡᠭᠡᠨ ᠳᠤ ᠣᠷᠣᠯᠴᠠᠪᠠᠯ ᠰᠠᠶ᠋ᠢ ᠣᠷᠲᠣ ᠨᠠᠰᠣᠯᠠᠨ᠎ᠠ ᠭᠡᠲᠡᠭ ᠢ ᠮᠡᠲᠡᠭᠰᠡᠨ ᠪᠠᠶᠢᠨ᠎ᠠ᠃ ᠲᠣᠬᠠᠢᠢᠯᠠᠪᠠᠯ ᠴᠡᠴᠡᠭ ᠲᠠᠷᠢᠬᠤ᠂ ᠨᠣᠭᠤᠭ᠎ᠠ ᠲᠠᠷᠢᠬᠤ ᠪᠠ ᠮᠣᠲᠣᠴᠢᠨ ᠤ ᠠᠵᠢᠯ ᠬᠢᠬᠦ ᠭᠡᠬᠦ ᠮᠡᠲᠦ᠃     5. ᠬᠡᠲᠦ ᠪᠠᠶᠠᠰᠣᠩᠭᠤᠢ ᠪᠠᠶᠢᠬᠤ ᠠᠴᠠ ᠬᠢᠴᠢᠶᠠᠯᠲᠠᠢ     ᠬᠡᠲᠦ ᠪᠠᠶᠠᠰᠣᠩᠭᠤᠢ ᠬᠦᠮᠦᠰ ᠶᠡᠷᠦ ᠳᠡᠭᠡᠨ ᠬᠡᠷᠰᠡᠣ ᠪᠣᠯᠭᠤᠮᠵᠢᠲᠠᠢ ᠬᠦᠮᠦᠨ ᠰᠢᠭ ᠶᠠᠭᠤ ᠪᠣᠯᠭᠠᠨ ᠳᠤ ᠨᠠᠷᠢᠯᠢᠬ ᠪᠠᠶᠢᠲᠠᠬ ᠦᠭᠡᠢ᠃ ᠡᠷᠡᠬᠦᠯ ᠮᠠᠨᠲᠣ ᠪᠠᠨ ᠪᠠᠲᠣᠯᠠᠬᠤ ᠶᠢᠨ ᠲᠦᠯᠦᠭᠡ ᠬᠡᠷᠰᠡᠣ ᠬᠦᠮᠦᠰ ᠦᠪᠡᠷ ᠢ ᠪᠠᠨ ᠬᠠᠮᠠᠭᠠᠯᠠᠵᠦ᠂ ᠠᠶᠣᠯ ᠲᠦᠭᠰᠢᠬᠦᠷᠢ ᠲᠠᠢ ᠬᠦᠲᠡᠯᠭᠡᠭᠡᠨ ᠳᠤ ᠣᠯᠠᠩᠬᠢ ᠳᠠᠭᠠᠨ ᠣᠷᠣᠯᠴᠠᠲᠠᠬ ᠦᠭᠡᠢ᠃ ᠲᠣᠬᠠᠢᠢᠯᠠᠪᠠᠯ ᠲᠡᠮᠡᠬᠢ ᠲᠠᠲᠠᠬᠤ᠂ ᠠᠷᠢᠬᠢᠨ ᠳᠤ ᠤᠷᠤᠬᠤ᠂ ᠬᠤᠣᠷ ᠲᠠᠲᠠᠬᠤ ᠪᠣᠶᠣ ᠲᠡᠷᠭᠡ ᠣᠷᠣᠯᠲᠣᠬᠤ ᠵᠡᠷᠭᠡ᠃ ᠬᠡᠷᠰᠡᠣ ᠬᠦᠮᠦᠰ ᠪᠠᠰᠠ ᠮᠠᠭᠤᠬᠠᠢ ᠲᠠᠳᠬᠠᠯ ᠲᠠᠢ ᠬᠦᠮᠦᠨ ᠠᠴᠠ ᠬᠤᠯᠠ ᠵᠠᠶᠢᠯᠠᠵᠦ ᠶᠠᠪᠣᠬᠤ ᠶᠢ ᠬᠢᠴᠢᠶᠡᠲᠡᠭ᠃     6. ︽ᠰᠠᠶᠢᠨ ᠲᠠᠷᠣᠯᠲᠠ︾ ᠨᠢ ᠡᠷᠡᠬᠦᠯ ᠮᠠᠨᠲᠣ ᠳᠤ ᠲᠣᠰᠠᠲᠠᠢ     ᠭᠡᠷᠪᠡ ᠴᠢ ᠠᠵᠢᠯ ᠳᠠᠭᠠᠨ ᠣᠷᠮ᠎ᠠ ᠬᠠᠷᠢᠵᠦ ᠲᠣᠷ᠎ᠠ ᠠᠯᠲᠠᠷᠠᠬᠰᠠᠨ ᠪᠣᠯ ᠠᠵᠢᠯ ᠤᠨ ᠲᠠᠷᠣᠯᠲᠠ ᠨᠢ ᠡᠷᠡᠬᠦᠯ ᠮᠠᠨᠲᠣ ᠶᠢ ᠨᠦᠯᠦᠭᠡᠯᠡᠬᠦ ︽ᠮᠠᠭᠤ ᠲᠠᠷᠣᠯᠲᠠ︾ ᠪᠣᠯᠲᠠᠬ︔ ᠬᠡᠷᠪᠡ ᠴᠢ ᠠᠵᠢᠯ ᠳᠠᠭᠠᠨ ᠣᠷᠬᠢᠯᠣᠮ᠎ᠠ ᠪᠢᠯᠬᠠᠮ᠎ᠠ ᠰᠡᠳᠬᠢᠯᠭᠡ ᠲᠠᠢ ᠪᠠᠶᠢᠵᠦ᠂ ᠠᠮᠵᠢᠯᠲᠠ ᠪᠦᠲᠦᠭᠡᠯ ᠤᠨ ᠦᠨᠳᠦᠷ ᠣᠷᠬᠢᠯ ᠳᠤ ᠬᠦᠷᠬᠦ ᠶᠢᠨ ᠲᠦᠯᠦᠭᠡ ᠬᠦᠴᠦᠯᠡᠨ ᠴᠢᠷᠮᠠᠶᠢᠵᠦ ︽ᠲᠠᠷᠣᠯᠲᠠ ᠲᠠᠢ︾ ᠰᠠᠨᠠᠬᠲᠠᠬᠰᠠᠨ ᠴᠣ᠋ ᠡᠨᠡᠬᠦ ᠲᠠᠷᠣᠯᠲᠠ ᠪᠣᠯ ᠡᠷᠡᠬᠦᠯ ᠮᠠᠨᠲᠣ ᠳᠤ ᠲᠣᠰᠠᠲᠠᠢ ᠲᠠᠷᠣᠯᠲᠠ ᠪᠣᠯᠬᠤ ᠶᠣᠮ᠃ ᠡᠬᠦᠨ ᠳᠤ ᠦᠪᠡᠷ ᠤᠨ ᠲᠣᠷᠠᠲᠠᠢ ᠠᠵᠢᠯ ᠢᠶᠠᠨ ᠰᠣᠩᠭᠤᠵᠦ᠂ ᠠᠮᠵᠢᠯᠲᠠ ᠪᠦᠲᠦᠭᠡᠯ ᠤᠨ ᠦᠨᠳᠦᠷ ᠲᠤ ᠬᠢᠯᠠᠷᠠᠭᠤᠯᠬᠤ ᠭᠡᠵᠦ ᠮᠠᠷᠠᠶᠢᠨ ᠴᠢᠷᠮᠠᠶᠢᠬᠤ ᠪᠣᠯ ᠵᠠᠩᠬᠢᠯᠠᠭ᠎ᠠ ᠪᠣᠯᠣᠨ᠎ᠠ᠃
 
ᠢᠷᠡᠯᠲᠡ᠄ ᠬᠦᠯᠦᠨ ᠪᠦᠢᠷ ᠤᠨ ᠵᠠᠰᠠᠭ ᠤᠨ ᠣᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号