ᠲᠠᠷᠢᠶᠠᠯᠠᠩ ᠤᠨ ᠮᠠᠰᠢᠨ ᠢ ᠰᠡᠯᠪᠢᠨ ᠵᠠᠰᠠᠬᠤ ᠲᠠᠪᠤᠨ ᠶᠡᠭᠡ ᠴᠡᠭᠡᠷ
ᠨᠡᠶᠢᠲᠡᠯᠡᠭᠰᠡᠨ ᠴᠠᠭ᠄
2020/12/30
    ᠲᠧᠭᠨᠢᠭ ᠮᠡᠷᠭᠡᠵᠢᠯ ᠤᠨ ᠲᠠᠷᠢᠶᠠᠯᠠᠩ ᠤᠨ ᠲᠦᠷᠭᠡᠨ ᠬᠥᠭᠵᠢᠯᠲᠡ ᠶᠢ ᠲᠠᠭᠠᠯᠳᠤᠨ᠂ ᠣᠳᠣᠬᠢᠴᠢᠯᠠᠭᠰᠠᠨ ᠲᠠᠷᠢᠶᠠᠯᠠᠩ ᠤᠨ ᠮᠧᠬᠠᠨᠢᠭ ᠨᠢᠭᠡᠨᠲᠡ ᠲᠠᠷᠢᠶᠠᠯᠠᠩ ᠤᠨ ᠦᠢᠯᠡᠳᠪᠦᠷᠢᠯᠡᠯ ᠲᠠᠢ ᠨᠢᠭᠲᠠ ᠬᠠᠷᠢᠯᠴᠠᠭ᠎ᠠ ᠲᠠᠢ ᠪᠤᠯᠵᠤ᠂ ᠲᠠᠷᠢᠶᠠᠴᠢᠳ ᠴᠤ ᠶᠠᠭ ᠥᠨᠳᠥᠷ ᠪᠦᠲᠦᠮᠵᠢᠲᠡᠢ ᠲᠠᠷᠢᠶᠠᠯᠠᠩ ᠤᠨ ᠮᠧᠬᠠᠨᠢᠭ ᠤᠨ ᠠᠪᠴᠢᠷᠠᠭᠰᠠᠨ ᠲᠦᠬᠦᠮ ᠢ ᠡᠳ᠋ᠯᠡᠵᠦ ᠪᠠᠶᠢᠨ᠎ᠠ ᠭᠡᠵᠦ ᠬᠡᠯᠡᠵᠦ ᠪᠣᠯᠤᠨ᠎ᠠ᠃ ᠭᠡᠪᠡᠴᠦ ᠡᠭᠦᠨ ᠤ ᠬᠠᠮᠲᠤ᠂ ᠲᠠᠷᠢᠶᠠᠯᠠᠩ ᠤᠨ ᠮᠠᠰᠢᠨ ᠢ ᠬᠡᠷᠡᠭᠯᠡᠬᠦ ᠶᠠᠪᠤᠴᠠ ᠳᠤ᠂ ᠡᠯ᠎ᠡ ᠵᠦᠢᠯ ᠤᠨ ᠮᠧᠬᠠᠨᠢᠭ ᠤᠨ ᠭᠡᠮᠲᠦᠯ ᠲᠣᠬᠢᠶᠠᠯᠳᠤᠨ᠎ᠠ᠂ ᠬᠡᠷᠪᠡ ᠰᠡᠯᠪᠢᠨ ᠵᠠᠰᠠᠬᠤ ᠶᠠᠪᠤᠴᠠ ᠳᠤ ᠵᠠᠷᠢᠮ ᠰᠡᠯᠪᠢᠨ ᠵᠠᠰᠠᠬᠤ ᠴᠡᠭᠡᠷ ᠢ ᠮᠡᠳᠡᠬᠦ ᠥᠬᠡᠶ ᠪᠣᠯ ᠠᠮᠤᠷ ᠲᠦᠪᠰᠢᠨ ᠤ ᠳᠠᠯᠳᠠ ᠬᠡᠮ ᠢ ᠪᠤᠯᠠᠵᠤ ᠮᠡᠳᠡᠨ᠎ᠡ᠃     1 . ᠰᠡᠵᠢᠯᠡᠭᠦᠷ ᠤᠨ ᠱᠤᠷᠠᠭ ᠬᠠᠳᠠᠭᠠᠰᠤ ᠶᠢ ᠪᠤᠰᠤᠳ ᠮᠠᠲ᠋ᠧᠷᠢᠶᠠᠯ ᠤᠨ ᠱᠤᠷᠠᠭ ᠬᠠᠳᠠᠭᠠᠰᠤ ᠪᠠᠷ ᠣᠷᠣᠯᠠᠭᠤᠯᠤᠨ ᠬᠡᠷᠡᠭᠯᠡᠬᠦ ᠶᠢ ᠴᠡᠭᠡᠷᠯᠡᠨ᠎ᠡ᠃     ᠶᠡᠷᠦ ᠳᠡᠭᠡᠨ ᠲᠠᠷᠢᠶᠠᠯᠠᠩ ᠤᠨ ᠮᠠᠰᠢᠨ ᠤ ᠬᠤᠯᠪᠣᠭᠠᠰᠤ ᠪᠠᠭᠠᠨ᠎ᠠ ᠶᠢᠨ ᠱᠤᠷᠠᠭ ᠬᠠᠳᠠᠭᠠᠰᠤ ᠶᠢ ᠪᠦᠷ 40 ᠨᠣᠮᠧᠷᠲᠤ ᠾᠷᠣᠮ ᠪᠤᠯᠤᠳ ᠢ ᠬᠠᠯᠠᠭᠠᠵᠤ ᠲᠤᠭᠤᠯᠤᠭᠤᠯᠤᠨ ᠬᠢᠵᠦ᠂ ᠨᠡᠯᠢᠶᠡᠳ ᠥᠨᠳᠥᠷ ᠬᠦᠴᠦᠯᠡᠴᠡ ᠲᠠᠢ ᠪᠠᠶᠢᠳᠠᠭ᠃ ᠬᠡᠷᠪᠡ ᠡᠩ ᠤᠨ ᠡᠷᠭᠢ ᠱᠤᠷᠠᠭ ᠪᠤᠶᠤ ᠡᠩ ᠤᠨ ᠪᠤᠯᠤᠳ ᠮᠠᠲ᠋ᠧᠷᠢᠶᠠᠯ ᠢᠶᠠᠷ ᠵᠣᠬᠢᠶᠠᠭᠰᠠᠨ ᠡᠷᠭᠢ ᠱᠤᠷᠠᠭ ᠢ ᠣᠷᠣᠯᠠᠨ ᠬᠡᠷᠡᠭᠯᠡᠪᠡᠯ᠂ ᠮᠠᠰᠢ ᠠᠮᠠᠷᠬᠠᠨ ᠬᠤᠭᠤᠷᠠᠨ ᠪᠡᠶ᠎ᠡ ᠡᠪᠳᠡᠷᠡᠳᠡᠭ᠃     2 . ᠴᠠᠬᠢᠯᠭᠠᠨ ᠵᠠᠳᠠᠯᠤᠯ ᠤᠨ ᠰᠢᠩᠭᠡᠨ ᠢ ᠨᠠᠶᠢᠷᠠᠭᠤᠯᠬᠤ ᠠᠷᠭ᠎ᠠ ᠵᠣᠬᠢᠰ ᠦᠭᠡᠢ᠃     ᠴᠠᠬᠢᠯᠭᠠᠨ ᠬᠤᠷᠢᠶᠠᠭᠤᠷ ᠤᠨ ᠴᠠᠬᠢᠯᠭᠠᠨ ᠵᠠᠳᠠᠯᠤᠯᠲᠠ ᠶᠢᠨ ᠰᠢᠩᠭᠡᠨ ᠢ ᠵᠥᠪᠬᠡᠨ ᠬᠦᠴᠢᠯ ᠳᠤ ᠳᠠᠭᠠᠭᠠᠮᠠᠭᠠᠢ ᠰᠢᠯ ᠪᠤᠶᠤ ᠸᠠᠭᠠᠷ ᠱᠠᠭᠠᠵᠠᠩ ᠰᠠᠪᠠᠨ ᠳᠤ ᠬᠢᠳᠡᠭ᠃ ᠲᠡᠭᠦᠨ ᠤ ᠵᠥᠪ ᠠᠵᠢᠯᠯᠠᠬᠤ ᠠᠷᠭ᠎ᠠ ᠪᠣᠯ ᠳᠠᠷᠤᠶ ᠤᠷᠢᠳ ᠢᠶᠠᠷ ᠨᠡᠷᠡᠮᠡᠯ ᠤᠰᠤ ᠶᠢ ᠰᠠᠪᠠᠨ ᠳᠤ ᠬᠢᠵᠦ᠂ ᠳᠠᠷᠠᠭ᠎ᠠ ᠨᠢ ᠬᠦᠬᠦᠷ ᠬᠦᠴᠢᠯ ᠢ ᠠᠭᠠᠵᠢᠮ ᠢᠶᠠᠷ ᠴᠢᠳᠬᠤᠨ ᠣᠷᠣᠭᠤᠯᠵᠤ᠂ ᠬᠠᠶᠠᠬᠤ ᠶᠢᠨ ᠳᠠᠭᠠᠤ ᠰᠢᠯ ᠰᠠᠪᠠᠭ᠎ᠠ ᠪᠠᠷ ᠵᠢᠭᠤᠷᠠᠨ᠎ᠠ᠃ ᠨᠡᠷᠡᠮᠡᠯ ᠤᠰᠤ ᠶᠢ ᠰᠢᠭᠤᠳ ᠬᠦᠬᠦᠷ ᠬᠦᠴᠢᠯ ᠳᠤ ᠬᠢᠬᠦ ᠶᠢ ᠴᠡᠭᠡᠷᠯᠡᠵᠦ᠂ ᠴᠢᠩᠭ᠎ᠠ ᠬᠢᠮᠢ ᠶᠢᠨ ᠤᠷᠪᠠᠯ ᠡᠭᠦᠰᠭᠡᠵᠦ᠂ ᠬᠦᠬᠦᠷ ᠬᠦᠴᠢᠯ ᠤᠨ ᠠᠭᠤᠰᠤᠮᠠᠯ ᠤᠨ ᠦᠰᠦᠷᠬᠢᠯᠡᠨ ᠬᠥᠮᠦᠨ ᠢ ᠰᠢᠷᠬᠠᠲᠤᠭᠤᠯᠬᠤ ᠠᠴᠠ ᠵᠠᠶᠢᠯᠠᠰᠬᠢᠬᠦ ᠬᠡᠷᠡᠭᠲᠡᠢ᠃
        3 . ᠭᠤᠷᠪᠠᠯᠵᠢᠨ ᠠᠷᠠᠰᠤᠨ ᠪᠦᠰᠡ ᠶᠢ ᠳᠠᠩ ᠦᠨᠳᠦᠰᠦ ᠪᠠᠷ ᠰᠣᠯᠢᠵᠤ ᠪᠣᠯᠬᠤ ᠦᠭᠡᠶ᠃     ᠭᠤᠷᠪᠠᠯᠵᠢᠨ ᠪᠦᠰᠡ ᠨᠢ ᠣᠯᠠᠩᠬᠢ ᠳᠤ ᠪᠠᠨ ᠣᠯᠠᠨ ᠦᠨᠳᠦᠰᠦ ᠲᠠᠢ᠂ ᠰᠢᠨ᠎ᠡ ᠬᠠᠭᠤᠴᠢᠨ᠂ ᠣᠷᠳᠣ ᠣᠬᠤᠷ᠂ ᠬᠡᠯᠪᠡᠷᠢ ᠮᠠᠶ᠋ᠢᠭ ᠨᠢ ᠨᠢᠭᠡᠳᠦᠯᠲᠡᠶ ᠪᠠᠶᠢᠬᠤ ᠶᠢ ᠱᠠᠭᠠᠷᠳᠠᠳᠠᠭ᠂ ᠬᠡᠷᠪᠡ ᠲᠡᠭᠦᠨ ᠤ ᠳᠣᠲᠣᠷᠠᠬᠢ ᠨᠢᠭᠡ ᠨᠢ ᠡᠪᠳᠡᠷᠡᠪᠡᠯ ᠪᠦᠬᠦᠨ ᠢ ᠰᠣᠯᠢᠬᠤ ᠬᠡᠷᠡᠭᠲᠡᠶ᠃ ᠬᠡᠷᠪᠡ ᠳᠠᠩ ᠢᠶᠠᠷ ᠰᠣᠯᠢᠬᠤ᠂ ᠰᠢᠨ᠎ᠡ ᠬᠠᠭᠤᠴᠢᠨ ᠢ ᠲᠣᠬᠢᠷᠠᠭᠤᠯᠤᠨ ᠬᠡᠷᠡᠭᠯᠡᠪᠡᠯ ᠮᠠᠰᠢ ᠬᠦᠴᠢᠷᠲᠡᠶ᠂ ᠪᠠᠰᠠ ᠠᠮᠠᠷᠬᠠᠨ ᠡᠪᠳᠡᠭᠳᠡᠨ᠎ᠡ᠃     4 . ᠬᠦᠨᠳᠦ ᠬᠦᠷᠳᠦ ᠰᠣᠯᠢᠬᠤ ᠶᠢ ᠴᠡᠭᠡᠷᠯᠡᠨ᠎ᠡ᠃     ᠲᠷᠠᠺᠲ᠋ᠣᠷ ᠤᠨ ᠲᠥᠷᠥᠯ ᠤᠨ ᠲᠠᠷᠢᠶᠠᠯᠠᠩ ᠤᠨ ᠮᠠᠰᠢᠨ ᠤ ᠬᠦᠨᠳᠦ ᠲᠤᠯᠬᠤ ᠮᠠᠰᠢᠨ ᠤ ᠶᠠᠮᠠᠷ ᠨᠢᠭᠡᠨ ᠬᠦᠨᠳᠦ ᠬᠦᠷᠳᠦ ᠨᠢ ᠡᠪᠳᠡᠷᠡᠬᠦ ᠦᠶᠡᠰ᠂ ᠲᠡᠭᠦᠨ ᠲᠠᠢ ᠬᠠᠷᠠᠭᠠᠯᠵᠠᠭᠰᠠᠨ ᠨᠥᠭᠦᠭᠡ ᠨᠢᠭᠡ ᠬᠡᠰᠡᠭ ᠢ ᠨᠢ ᠬᠠᠮᠲᠤ ᠰᠣᠯᠢᠬᠤ ᠬᠡᠷᠡᠭᠲᠡᠶ᠃ ᠡᠰᠡ ᠲᠡᠭᠡᠪᠡᠯ ᠥᠨᠳᠥᠷ ᠪᠣᠭᠤᠨᠢ ᠨᠢ ᠠᠳᠠᠯᠢ ᠪᠤᠰᠤ ᠠᠴᠠ ᠪᠣᠯᠵᠤ ᠲᠡᠷᠭᠡ ᠬᠠᠵᠠᠶᠢᠵᠤ᠂ ᠲᠡᠩᠴᠡᠭᠦᠷᠢ ᠶᠢᠨ ᠲᠡᠩᠭᠡᠯᠢᠭ ᠤᠨ ᠡᠯᠡᠭᠳᠡᠯ ᠢ ᠲᠦᠷᠭᠡᠳᠬᠡᠵᠦ᠂ ᠲᠡᠩᠴᠡᠭᠦᠷᠢ ᠶᠢᠨ ᠭᠠᠷ ᠢ ᠬᠤᠭᠤᠯᠳᠠᠭ᠃     5 . ᠴᠢᠭᠠᠩ ᠤᠨ ᠳᠡᠪᠢᠰᠬᠡᠷ ᠳᠡᠭᠡᠷ᠎ᠡ ᠰᠢᠷ᠎ᠠ ᠲᠣᠰᠣ ᠲᠦᠷᠬᠢᠬᠦ ᠶᠢ ᠴᠡᠭᠡᠷᠯᠡᠨ᠎ᠡ᠃     ᠬᠡᠢ ᠶᠢᠨ ᠭᠠᠩ ᠤᠨ ᠲᠠᠭ ᠢ ᠤᠭᠰᠠᠷᠠᠬᠤ ᠦᠶ᠎ᠡ ᠳᠤ᠂ ᠬᠡᠢ ᠶᠢᠨ ᠭᠠᠩ ᠢ ᠰᠠᠶᠢᠲᠤᠷ ᠪᠢᠲᠡᠭᠦᠮᠵᠢᠯᠡᠬᠦ ᠶᠢᠨ ᠲᠥᠯᠥᠭᠡ᠂ ᠵᠠᠷᠢᠮ ᠮᠠᠰᠢᠨᠴᠢ ᠦᠷᠭᠦᠯᠵᠢ ᠬᠡᠢ ᠶᠢᠨ ᠭᠠᠩ ᠤᠨ ᠢᠪᠡᠭᠡᠰᠦ ᠳᠡᠭᠡᠷ᠎ᠡ ᠰᠢᠷ᠎ᠠ ᠲᠣᠰᠣ ᠲᠦᠷᠬᠢᠵᠦ᠂ ᠬᠥᠪᠥᠩ ᠤᠨ ᠵᠥᠭᠡᠯᠡᠨ ᠴᠢᠨᠠᠷ ᠢ ᠪᠠᠲᠤᠯᠠᠬᠤ ᠪᠠ ᠬᠦᠷᠦᠯᠴᠡᠬᠦ ᠲᠠᠯ᠎ᠠ ᠶᠢᠨ ᠲᠡᠭᠰᠢ ᠪᠤᠰᠤ ᠪᠠᠶᠢᠳᠠᠯ ᠢ ᠠᠷᠢᠯᠭᠠᠵᠤ᠂ ᠵᠠᠪᠰᠠᠷ ᠢ ᠪᠥᠭᠯᠡᠬᠦ ᠪᠠᠷ ᠤᠷᠤᠯᠳᠤᠳᠠᠭ᠃ ᠦᠨᠡᠨ ᠳᠡᠭᠡᠨ ᠢᠩᠭᠢᠵᠦ ᠬᠢᠬᠦ ᠨᠢ ᠶᠠᠮᠠᠷ ᠴᠤ ᠲᠤᠰᠠ ᠪᠣᠯᠬᠤ ᠦᠭᠡᠢ ᠶᠤᠮ ᠂ ᠤᠴᠢᠷ ᠨᠢ ᠰᠢᠷ᠎ᠠ ᠲᠤᠰᠤ ᠳᠠᠷᠤᠭᠳᠠᠪᠠᠯ ᠳᠣᠣᠷ᠎ᠠ ᠪᠠᠨ ᠰᠢᠬᠠᠭᠳᠠᠨ ᠭᠠᠷᠴᠤ᠂ ᠬᠠᠯᠠᠭᠠᠳ ᠬᠠᠶᠢᠯᠤᠭᠠᠳ ᠬᠡᠢ ᠶᠢᠨ ᠭᠠᠩ ᠳᠤ ᠣᠷᠣᠪᠠᠯ ᠭᠡᠳᠡᠷᠭᠦ ᠪᠠᠨ ᠬᠤᠷᠠᠮᠳᠤᠭᠰᠠᠨ ᠨᠡᠭᠦᠷᠡᠰᠦ ᠶᠢ ᠨᠡᠮᠡᠭᠳᠡᠭᠦᠯᠳᠡᠭ᠃ ᠵᠥᠪ ᠬᠢᠬᠦ ᠠᠷᠭ᠎ᠠ ᠨᠢ ᠪᠣᠯ ᠬᠡᠢ ᠶᠢᠨ ᠤᠭᠤᠷ ᠤᠨ ᠬᠠᠪᠬᠠᠭᠠᠰᠤ ᠶᠢ ᠴᠢᠩᠭᠠᠯᠠᠬᠤ ᠦᠶ᠎ᠡ ᠳᠤ᠂ ᠲᠣᠭᠲᠠᠭᠰᠠᠨ ᠳᠡᠰ ᠳᠠᠷᠠᠭᠠᠯᠠᠯ ᠢᠶᠠᠷ᠂ ᠮᠤᠰᠬᠢᠬᠤ ᠬᠦᠴᠦ ᠨᠢ ᠵᠢᠭᠳᠡ ᠪᠥᠭᠡᠳ ᠪᠠᠷᠢᠮᠵᠢᠶ᠎ᠠ ᠳᠤ ᠬᠦᠷᠦᠨ᠎ᠡ᠂ ᠬᠡᠢ ᠶᠢᠨ ᠤᠭᠤᠷ ᠤᠨ ᠢᠪᠡᠭᠡᠰᠦ ᠨᠢ ᠡᠪᠳᠡᠭᠳᠡᠬᠦ ᠪᠤᠶᠤ ᠬᠥᠪᠥᠩ ᠤᠨ ᠵᠥᠭᠡᠯᠡᠨ ᠴᠢᠨᠠᠷ ᠢᠶᠠᠨ ᠠᠯᠳᠠᠬᠤ ᠶᠢ ᠠᠩᠬᠠᠷᠪᠠᠯ ᠴᠠᠭ ᠲᠤᠬᠠᠶ ᠳᠤᠨᠢ ᠰᠣᠯᠢᠬᠤ ᠬᠡᠷᠡᠭᠲᠡᠶ᠃
 
ᠢᠷᠡᠯᠲᠡ᠄ ᠲᠠᠷᠢᠶᠠᠯᠠᠩ ᠤᠨ ᠨᠠᠶᠢᠵᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号