ᠠᠷᠢᠭᠤᠳᠬᠠᠬᠤ ᠡᠳ᠋ ᠢ ᠬᠡᠷᠬᠢᠨ ᠵᠦᠢ ᠵᠤᠬᠢᠰᠲᠠᠢ ᠬᠡᠷᠡᠭᠯᠡᠬᠦ ᠪᠣᠶ︖
ᠨᠡᠶᠢᠲᠡᠯᠡᠭᠰᠡᠨ ᠴᠠᠭ᠄
2020/12/31
    ᠠᠰᠠᠭᠤᠯᠲᠠ᠄ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠠᠴᠠ ᠬᠠᠯᠳᠠᠪᠣᠷᠢᠯᠠᠭᠰᠠᠨ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠳᠤ ᠠᠷᠢᠭᠤᠳᠬᠠᠬᠤ ᠡᠳ᠋ ᠢ ᠬᠡᠷᠬᠢᠨ ᠵᠦᠢ ᠵᠤᠬᠢᠰᠲᠠᠢ ᠬᠡᠷᠡᠭᠯᠡᠬᠦ ᠪᠣᠶ︖    ᠬᠠᠷᠢᠭᠤᠯᠲᠠ᠄     1. ᠪᠠᠶᠢᠭᠤᠯᠣᠯᠭ᠎ᠠ ᠨᠢᠬᠡᠴᠡ᠂ ᠰᠠᠭᠤᠭᠠᠯᠢ ᠠᠷᠠᠳ ᠤᠨ ᠨᠡᠶᠢᠭᠡᠮ ᠲᠣᠭᠤᠷᠢᠭ᠂ ᠣᠯᠠᠨ ᠨᠡᠶᠢᠲᠡ ᠶᠢᠨ ᠲᠠᠯᠠᠪᠤᠷ ᠵᠡᠷᠭᠡ ᠶᠢᠨ ᠠᠷᠢᠭᠤᠳᠬᠠᠬᠤ ᠠᠵᠢᠯ ᠢ ᠬᠠᠷᠢᠭᠤᠴᠠᠵᠤ ᠪᠠᠶᠢᠭ᠎ᠠ ᠬᠥᠮᠦᠰ ᠠᠷᠢᠭᠤᠳᠬᠠᠬᠤ ᠦᠢᠯᠡᠳᠬᠦᠨ ᠤ ᠲᠣᠳᠣᠷᠬᠠᠶᠢᠯᠠᠯᠲᠠ ᠶᠢ ᠴᠢᠩᠭ᠎ᠠ ᠵᠢᠷᠤᠮᠯᠠᠨ᠂ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠠᠷᠢᠭᠤᠳᠬᠠᠬᠤ ᠡᠳ᠋ ᠢ ᠰᠢᠨᠵᠢᠯᠡᠬᠦ ᠤᠬᠠᠭᠠᠨᠴᠢ ᠪᠠᠷ ᠵᠦᠶ ᠵᠣᠬᠢᠰᠲᠠᠶ ᠬᠡᠷᠡᠭᠯᠡᠵᠦ᠂ ᠠᠷᠢᠭᠤᠳᠬᠠᠬᠤ ᠡᠳ᠋ ᠢ ᠳᠤᠷ᠎ᠠ ᠪᠠᠷ ᠬᠡᠷᠡᠭᠯᠡᠬᠦ ᠠᠴᠠ ᠵᠠᠶᠢᠯᠠᠰᠬᠢᠬᠦ ᠬᠡᠷᠡᠭᠲᠡᠶ᠃     2. ᠠᠷᠢᠭᠤᠳᠬᠠᠬᠤ ᠦᠢᠯᠡᠳᠬᠦᠨ ᠢ ᠵᠦᠪᠬᠡᠨ ᠳᠤᠲᠤᠷᠬᠠᠢᠢᠯᠠᠯᠲᠠ ᠳᠤ ᠢᠯᠡᠷᠭᠡᠶᠢᠯᠡᠭᠰᠡᠨ ᠵᠦᠢᠯ ᠳᠤ ᠬᠡᠷᠡᠭᠯᠡᠵᠦ ᠂ ᠡᠨᠡ ᠬᠦ ᠬᠦᠷᠢᠶ᠎ᠡ ᠬᠡᠪᠴᠢᠶᠡᠨ ᠠᠴᠠ ᠳᠠᠪᠠᠨ ᠬᠡᠷᠡᠭᠯᠡᠵᠦ ᠪᠤᠯᠬᠤ ᠦᠬᠡᠢ᠃     3. ᠠᠷᠢᠭᠤᠳᠬᠠᠬᠤ ᠡᠳ᠋ ᠪᠤᠯᠭᠠᠨ ᠢ ᠵᠠᠪᠠᠯ ᠲᠤᠰᠠᠭᠠᠷ ᠬᠡᠷᠡᠭᠯᠡᠬᠦ ᠴᠢᠬᠤᠯᠠᠲᠠᠢ ᠪᠠᠶᠢᠵᠦ᠂ ᠠᠳᠠᠯᠢ ᠪᠤᠰᠤ ᠲᠦᠷᠦᠯ ᠵᠦᠢᠯ ᠤᠨ ᠠᠷᠢᠭᠤᠳᠬᠠᠬᠤ ᠡᠳ᠋ ᠢ ᠬᠤᠯᠢᠵᠦ ᠬᠡᠷᠡᠭᠯᠡᠵᠦ ᠪᠤᠯᠬᠤ ᠦᠬᠡᠢ᠃     4. ᠲᠤᠳᠤᠷᠬᠠᠢᠢᠯᠠᠯᠲᠠ ᠳᠠᠬᠢ ᠦᠳᠭᠡᠴᠡ ᠶᠢᠨ ᠬᠡᠮᠵᠢᠶ᠎ᠡ ᠶᠤᠰᠤᠭᠠᠷ ᠠᠷᠢᠭᠤᠳᠬᠠᠬᠤ ᠡᠳ᠋ ᠢ ᠨᠠᠶᠢᠷᠠᠭᠤᠯᠵᠦ᠂ ᠲᠤᠳᠤᠷᠬᠠᠢᠢᠯᠠᠯᠲᠠ ᠶᠢᠨ ᠬᠠᠮᠤᠭ ᠤᠨ ᠤᠬᠤᠷ ᠬᠢᠵᠠᠭᠠᠷ ᠤᠨ ᠠᠷᠢᠭᠤᠳᠬᠠᠬᠤ ᠴᠠᠭ ᠬᠤᠭᠤᠴᠠᠭ᠎ᠠ ᠶᠢ ᠪᠠᠲᠤᠯᠠᠬᠤ ᠬᠡᠷᠡᠭᠲᠡᠢ᠃     5. ᠬᠥᠮᠦᠨ ᠤ ᠪᠡᠶ᠎ᠡ ᠶᠢᠨ ᠠᠷᠠᠰᠤᠨ ᠤ ᠠᠷᠢᠭᠤᠳᠬᠠᠯ ᠭᠡᠳᠡᠭ ᠨᠢ ᠭᠤᠣᠯᠳᠠᠭᠤ ᠭᠠᠷ ᠤᠨ ᠬᠡᠰᠡᠭ ᠵᠡᠷᠭᠡ ᠢᠯᠡ ᠭᠠᠵᠠᠷ ᠢ ᠵᠢᠭᠠᠵᠦ ᠪᠠᠶᠢᠳᠠᠭ ᠠᠴᠠ ᠪᠦᠬᠦ ᠪᠡᠶ᠎ᠡ ᠶᠢᠨ ᠠᠷᠢᠭᠤᠳᠬᠠᠯ ᠬᠢᠬᠦ ᠴᠢᠬᠤᠯᠠ ᠦᠭᠡᠶ᠃ ᠠᠷᠢᠭᠤᠳᠬᠠᠬᠤ ᠡᠳ᠋ ᠢ ᠬᠡᠷᠡᠭᠯᠡᠬᠦ ᠳᠡᠭᠡᠨ ᠬᠠᠮᠤᠭ ᠤᠨ ᠰᠠᠶᠢᠨ ᠨᠢ ᠵᠠᠬ᠎ᠠ ᠳᠡᠯᠭᠡᠭᠦᠷ ᠲᠤ ᠪᠣᠷᠣᠯᠠᠭᠤᠯᠵᠦ ᠪᠠᠶᠢᠭ᠎ᠠ ᠦᠢᠯᠡᠳᠬᠦᠨ ᠢ ᠰᠣᠩᠭᠤᠵᠤ ᠬᠡᠷᠡᠭᠯᠡᠨ᠎ᠡ᠂ ᠵᠢᠱᠢᠶᠡᠯᠡᠪᠡᠯ 75% ᠶᠢᠨ ᠰᠫᠢᠷᠲ᠂ ᠬᠡᠲᠦ ᠢᠰᠦᠯᠳᠦ ᠤᠰᠤᠲᠥ᠋ᠷᠥᠭᠴᠢᠲᠦ ᠠᠷᠢᠭᠤᠳᠬᠠᠬᠤ ᠰᠢᠩᠭᠡᠨ ᠵᠡᠷᠭᠡ ᠶᠢ ᠬᠡᠷᠡᠭᠯᠡᠨ᠎ᠡ᠂ ᠥᠪᠡᠷ ᠢᠶᠠᠨ ᠠᠷᠢᠭᠤᠳᠬᠠᠬᠤ ᠰᠢᠩᠭᠡᠨ ᠨᠠᠶᠢᠷᠠᠭᠤᠯᠵᠦ ᠠᠷᠠᠰᠤᠨ ᠤ ᠠᠷᠢᠭᠤᠳᠬᠠᠯ ᠬᠢᠵᠦ ᠪᠤᠯᠬᠤ ᠦᠬᠡᠢ᠃     6. ᠭᠡᠷ ᠪᠦᠯᠢ ᠶᠢᠨ ᠬᠢᠨ ᠠᠷᠢᠭᠤᠳᠬᠠᠬᠤ ᠡᠳ᠋ ᠢ ᠠᠮᠤᠷ ᠲᠦᠪᠰᠢᠨ ᠢᠶᠠᠷ ᠬᠠᠳᠠᠭᠠᠯᠠᠬᠤ ᠬᠡᠷᠡᠭᠲᠡᠢ᠂ ᠤᠮᠳᠠᠭᠠᠨ ᠤ ᠯᠣᠩᠬᠤᠨ ᠳᠤ ᠠᠷᠢᠭᠤᠳᠬᠠᠬᠤ ᠰᠢᠩᠭᠡᠨ ᠢ ᠰᠠᠪᠠᠯᠠᠵᠤ ᠪᠣᠯᠬᠤ ᠦᠭᠡᠢ᠂ ᠠᠷᠢᠭᠤᠳᠬᠠᠬᠤ ᠡᠳ᠋ ᠢ ᠬᠡᠦᠬᠡᠳ ᠠᠴᠠ ᠬᠤᠯᠠᠳᠠᠭᠤᠯᠵᠦ ᠰᠡᠷᠢᠭᠦᠨ ᠭᠠᠵᠠᠷ ᠲᠤ ᠲᠠᠯᠪᠢᠬᠤ ᠬᠡᠷᠡᠭᠲᠡᠢ᠃     7. ᠣᠨᠴᠣᠭᠤᠢ ᠣᠷᠴᠢᠨ ᠳᠤ ᠥᠨᠳᠥᠷ ᠥᠳᠬᠡᠴᠡ ᠲᠠᠢ ᠠᠷᠢᠭᠤᠳᠬᠠᠬᠤ ᠡᠮ ᠢ ᠨᠠᠶᠢᠷᠠᠭᠤᠯᠬᠤ ᠪᠠ ᠬᠡᠷᠡᠭᠯᠡᠬᠦ ᠡᠰᠡᠬᠦᠯ᠎ᠡ ᠤᠷᠲᠤ ᠬᠤᠭᠤᠴᠠᠭ᠎ᠠ ᠪᠠᠷ ᠠᠷᠢᠭᠤᠳᠬᠠᠬᠤ ᠡᠳ᠋ ᠢ ᠬᠡᠷᠡᠭᠯᠡᠬᠦ ᠳᠡᠭᠡᠨ ᠡᠷᠬᠡᠪᠰᠢ ᠬᠠᠮᠠᠭᠠᠯᠠᠯᠲᠠ ᠶᠢᠨ ᠬᠡᠷᠡᠭᠰᠡᠯ ᠢ ᠡᠮᠦᠰᠴᠦ ᠵᠡᠬᠦᠬᠦ ᠬᠡᠷᠡᠭᠲᠡᠢ᠂ ᠵᠢᠱᠢᠶᠡᠯᠡᠪᠡᠯ ᠬᠤᠣᠷ ᠠᠴᠠ ᠬᠠᠮᠠᠭᠠᠯᠠᠬᠤ ᠪᠠᠭ ︵ᠠᠮᠠᠪᠴᠢ ᠪᠢᠰᠢ︶᠂ ᠬᠠᠮᠠᠭᠠᠯᠠᠯᠳᠠ ᠶᠢᠨ ᠪᠡᠭᠡᠯᠡᠢ ︵ᠰᠦᠨ ᠴᠠᠪᠠᠤ ᠪᠤᠶᠤ ᠭᠤᠮ ᠪᠡᠭᠡᠯᠡᠢ ᠬᠡᠷᠡᠭᠯᠡᠨ᠎ᠡ᠂ ᠬᠥᠪᠥᠩ ᠪᠦᠰ ᠪᠤᠶᠤ ᠬᠥᠪᠥᠩ ᠤᠲᠠᠰᠤᠨ ᠪᠡᠭᠡᠯᠡᠢ ᠬᠡᠷᠡᠭᠯᠡᠵᠦ ᠪᠣᠯᠬᠤ ᠦᠭᠡᠢ︶᠃ ᠲᠣᠬᠢᠷᠠᠮᠵᠢᠲᠠᠶ ᠬᠠᠮᠠᠭᠠᠯᠠᠯᠲᠠ ᠶᠢᠨ ᠬᠡᠷᠡᠭᠰᠡᠯ ᠢ ᠡᠮᠦᠰᠴᠦ ᠵᠡᠭᠦᠭᠰᠡᠨ ᠦᠭᠡᠢ ᠪᠠᠶᠢᠪᠠᠯ᠂ ᠪᠢᠲᠡᠭᠦᠮᠵᠢᠯᠡᠭᠰᠡᠨ ᠣᠷᠣᠨ ᠵᠠᠶ ᠳᠣᠲᠣᠷ᠎ᠠ ᠠᠷᠢᠭᠤᠳᠬᠠᠬᠤ ᠡᠳ᠋ ᠢ ᠨᠠᠶᠢᠷᠠᠭᠤᠯᠬᠤ ᠪᠠ ᠬᠡᠷᠡᠭᠯᠡᠵᠦ ᠪᠣᠯᠬᠤ ᠦᠭᠡᠢ᠃

   

    ᠠᠰᠠᠭᠤᠯᠲᠠ᠄ ᠪᠠᠶᠢᠩᠭᠤ ᠲᠣᠬᠢᠶᠠᠯᠳᠤᠳᠠᠭ ᠠᠷᠢᠭᠤᠳᠬᠠᠬᠤ ᠡᠳ᠋ ᠠᠴᠠ ᠪᠣᠯᠵᠤ ᠬᠤᠣᠷᠳᠠᠭᠳᠠᠭᠰᠠᠨ ᠤ ᠳᠠᠷᠠᠭ᠎ᠠ

ᠬᠡᠷᠬᠢᠨ ᠰᠢᠢᠳᠪᠦᠷᠢᠯᠡᠬᠦ ᠪᠣᠢ︖

    ᠬᠠᠷᠢᠭᠤᠯᠲᠠ᠄

    1. ᠠᠮᠢᠰᠬᠤᠯ ᠤᠨ ᠵᠠᠮ ᠤᠨ ᠬᠦᠷᠦᠯᠴᠡᠭᠰᠡᠳ ᠬᠤᠣᠷᠳᠠᠭᠳᠠᠭᠰᠠᠨ ᠣᠷᠴᠢᠨ ᠲᠣᠭᠤᠷᠢᠨ ᠠᠴᠠ ᠳᠠᠷᠦ᠋ᠢᠬᠠᠨ

ᠵᠠᠶᠢᠯᠠᠵᠦ᠂ ᠰᠢᠨ᠎ᠡ ᠰᠣᠷᠭᠤᠭ ᠠᠭᠠᠷ ᠤᠨ ᠤᠷᠴᠢᠨ ᠳᠤ ᠤᠴᠢᠬᠤ ᠬᠡᠷᠡᠭᠲᠡᠢ᠃

    2. ᠠᠷᠠᠰᠤᠨ ᠤ ᠰᠠᠯᠢᠰᠤᠲᠤ ᠪᠦᠷᠬᠦᠪᠴᠢ ︵ᠨᠢᠳᠦ ᠪᠠᠭᠲᠠᠨ᠎ᠠ︶ ᠪᠠᠷ ᠬᠦᠷᠦᠯᠴᠡᠭᠰᠡᠳ᠂ ᠳᠠᠷᠦ᠋ᠢᠬᠠᠨ ᠶᠡᠭᠡ

ᠬᠡᠮᠵᠢᠶᠡᠨ ᠤ ᠤᠷᠤᠰᠤᠮᠠᠯ ᠴᠡᠪᠡᠷ ᠤᠰᠤ ᠪᠠᠷ 10 ᠮᠢᠨᠦ᠋ᠲ ᠠᠴᠠ ᠳᠡᠭᠡᠭᠰᠢ ᠳᠠᠬᠢᠨ ᠳᠠᠪᠲᠠᠨ ᠤᠬᠢᠶᠠᠬᠤ ᠬᠡᠷᠡᠭᠲᠡᠢ᠃

    3. ᠢᠳᠡᠵᠦ ᠣᠣᠭᠤᠬᠤ ᠪᠠᠷ ᠳᠠᠮᠵᠢᠨ ᠬᠦᠷᠦᠯᠴᠡᠭᠰᠡᠳ ᠦᠨᠢᠶᠡᠨ ᠰᠦ᠂ ᠰᠢᠩᠭᠡᠨ ᠪᠤᠳᠠᠭ᠎ᠠ ᠵᠡᠷᠭᠡ ᠶᠢ

ᠤᠤᠭᠤᠵᠤ ᠬᠤᠳᠣᠭᠤᠳᠣ ᠭᠡᠳᠡᠰᠦᠨ ᠤ ᠰᠠᠯᠢᠰᠤᠲᠤ ᠪᠦᠷᠬᠦᠪᠴᠢ ᠶᠢ ᠬᠠᠮᠠᠭᠠᠯᠠᠬᠤ ᠬᠡᠷᠡᠭᠲᠡᠢ᠃

    4. ᠬᠡᠷᠪᠡ ᠡᠪᠡᠳᠴᠢᠲᠡᠨ ᠤ ᠬᠦᠷᠦᠯᠴᠡᠭᠰᠡᠨ ᠬᠡᠮᠵᠢᠶ᠎ᠡ ᠨᠢ ᠨᠡᠯᠢᠶᠡᠳ ᠶᠡᠭᠡ ᠪᠤᠶᠤ ᠡᠪᠡᠳᠴᠢᠨ ᠤ ᠢᠯᠡᠷᠡᠯ ᠨᠢ

ᠦᠷᠭᠦᠯᠵᠢᠯᠡᠨ ᠰᠠᠶᠢᠵᠢᠷᠠᠭᠰᠠᠨ ᠦᠭᠡᠢ ᠪᠣᠯ ᠳᠠᠷᠦ᠋ᠢᠬᠠᠨ ᠡᠮᠨᠡᠯᠭᠡ ᠳᠤ ᠬᠦᠷᠭᠡᠵᠦ ᠡᠮᠨᠡᠨ ᠵᠠᠰᠠᠭᠤᠯᠬᠤ ᠬᠡᠷᠡᠭᠲᠡᠢ᠃
 

 

 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号