ᠶᠢᠨ ᠯᠥᠩ ᠱᠠᠨ ᠠᠭᠤᠯᠠᠨ ᠤ ᠴᠠᠰᠤ ᠭᠤᠯᠭᠤᠬᠤ ᠲᠠᠯᠠᠪᠠᠢ
ᠨᠡᠶᠢᠲᠡᠯᠡᠭᠰᠡᠨ ᠴᠠᠭ᠄
2020/9/21
     ᠵᠠᠯᠠᠨ ᠠᠢᠯ ᠤᠨ ᠶᠢᠨ ᠯᠦᠩ ᠱᠠᠨ ᠴᠠᠰᠤ ᠭᠤᠯᠭᠤᠬᠤ ᠲᠠᠯᠠᠪᠠᠢ 2009 ᠤᠨ 12 ᠰᠠᠷ᠎ᠠ ᠶᠢᠨ 9 ᠤ ᠡᠳᠦᠷ ᠠᠴᠠ ᠡᠬᠢᠯᠡᠨ ᠡᠵᠡᠩᠨᠡᠪᠡ᠃ ᠵᠠᠯᠠᠨ ᠠᠶᠢᠯ ᠬᠤᠲᠠ ᠶᠢᠨ ᠪᠠᠷᠠᠭᠤᠨ ᠬᠤᠶᠢᠲᠤ 8 ᠺᠢᠯᠣᠮᠧᠲᠷ ᠲᠤ ᠪᠠᠶᠢᠷᠢᠯᠠᠵᠤ ᠂ ᠨᠢᠭᠡᠳᠦᠭᠡᠷ ᠬᠤᠭᠤᠴᠠᠭᠠᠨ ᠤ ᠡᠵᠡᠯᠡᠬᠦ ᠭᠠᠵᠠᠷ ᠨᠢ 100 ᠾᠧᠺᠲ᠋ᠠᠷ ᠪᠠᠶᠢᠵᠤ᠂ ᠠᠭᠤᠯᠠᠨ ᠴᠣᠭᠴᠠ ᠨᠢ ᠳᠠᠯᠠᠢ ᠶᠢᠨ ᠲᠦᠪᠰᠢᠨ ᠠᠴᠠ 582 ᠮᠧᠲᠷ ᠡᠷᠭᠦᠭᠳᠡᠵᠦ᠂ ᠡᠭᠴᠡ ᠪᠠᠭᠤᠯᠲᠠ ᠶᠢᠨ ᠵᠥᠷᠢᠶ᠎ᠡ ᠨᠢ 200 ᠮᠧᠲᠷ ᠪᠠᠶᠢᠵᠤ᠂ ᠭᠠᠵᠠᠷ ᠤᠨ ᠪᠠᠶᠢᠴᠠ ᠶᠢᠨ ᠨᠥᠬᠦᠴᠡᠯ ᠨᠢ ᠳᠠᠪᠠᠭᠤᠯᠢᠭ ᠪᠠᠶ᠋ᠳᠠᠭ᠃ ᠳᠡᠭᠡᠨᠴᠡᠯ ᠨᠡᠯᠢᠶᠡᠳ ᠶᠡᠭᠡ᠂ ᠡᠪᠦᠯ ᠤᠨ ᠤᠯᠠᠷᠢᠯ ᠤᠨ ᠳᠤᠮᠳᠠᠴᠢ ᠠᠭᠠᠷ ᠤᠨ ᠳᠤᠯᠠᠭᠠᠨ -12℃ ᠪᠠᠶᠢᠳᠠᠭ᠃ ᠭᠡᠷ ᠤᠨ ᠭᠠᠳᠠᠨᠠᠬᠢ ᠬᠥᠳᠡᠯᠭᠡᠭᠡᠨ ᠳᠤ ᠲᠣᠬᠢᠷᠠᠨ᠎ᠠ᠂ ᠧᠦ᠋ᠷᠣᠫᠠ ᠲᠢᠪ ᠤᠨ ᠠᠯᠳᠠᠷᠲᠤ ᠴᠠᠰᠤᠨ ᠲᠠᠯᠠᠪᠠᠢ ᠲᠠᠢ ᠠᠳᠠᠯᠢ ᠥᠷᠭᠡᠷᠢᠭ ᠤᠨ ᠣᠷᠣᠨ ᠳᠤ ᠪᠠᠶᠢᠨ᠎ᠠ᠃ ᠤᠯᠤᠰ ᠤᠨ ᠳᠣᠲᠣᠭᠠᠳᠤ ᠶᠢᠨ ᠰᠢᠯᠢᠳᠡᠭ ᠴᠠᠰᠤᠨ ᠳᠤ ᠭᠤᠯᠭᠤᠬᠤ ᠲᠠᠯᠠᠪᠤᠷ ᠤᠨ ᠨᠢᠭᠡ ᠨᠢ ᠪᠣᠯᠤᠨ᠎ᠠ᠃ ᠲᠥᠷᠥᠯ ᠵᠦᠶ᠋ᠯ ᠤᠨ ᠪᠦᠲᠦᠭᠡᠨ ᠪᠠᠶᠢᠭᠤᠯᠤᠯᠲᠠ ᠶᠢᠨ ᠨᠢᠭᠡᠳᠦᠭᠡᠷ ᠬᠤᠭᠤᠴᠠᠭᠠᠨ ᠤ ᠢᠨᠵᠧᠨᠧᠷᠢᠩ ᠢ ᠠᠩᠬ᠎ᠠ᠂ ᠳᠤᠮᠳᠠ᠂ ᠳᠡᠭᠡᠳᠦ ᠵᠡᠷᠭᠡ ᠶᠢᠨ ᠳᠥᠷᠪᠡᠨ ᠵᠦᠶ᠋ᠯ ᠤᠨ ᠴᠠᠰᠤᠨ ᠳᠤ ᠭᠤᠯᠭᠤᠬᠤ ᠵᠠᠮ ᠬᠢᠭᠡᠳ ᠤᠯᠤᠰ ᠠᠴᠠ ᠴᠠᠰᠤᠨ ᠳᠤ ᠭᠤᠯᠭᠤᠬᠤ ᠲᠠᠮᠢᠷᠴᠢᠳ ᠤᠨ ᠪᠣᠯᠪᠠᠰᠤᠷᠠᠯ ᠢ ᠬᠠᠩᠭᠠᠬᠤ ᠣᠯᠠᠨ ᠤᠯᠤᠰ ᠤᠨ ᠪᠠᠷᠢᠮᠵᠢᠶᠠᠲᠤ U ᠬᠡᠯᠪᠡᠷᠢ ᠶᠢᠨ ᠲᠠᠯᠠᠪᠠᠢ ᠶᠢ ᠨᠡᠭᠡᠭᠡᠨ ᠪᠠᠶᠢᠭᠤᠯᠤᠭᠰᠠᠨ ᠪᠠᠶᠢᠨ᠎ᠠ᠃ ᠴᠠᠰᠤᠨ ᠵᠠᠮ ᠤᠨ ᠶᠡᠷᠦᠩᠬᠡᠶ ᠲᠠᠯᠠᠪᠠᠶ ᠨᠢ 17 ᠲᠦᠮᠡᠨ ᠲᠡᠭᠰᠢ ᠳᠥᠷᠪᠡᠯᠵᠢᠨ ᠮᠧᠲᠷ᠂ ᠳᠤᠮᠳᠠᠴᠢ ᠥᠷᠭᠡᠴᠡ ᠨᠢ 45 ᠮᠧᠲᠷ᠂ ᠴᠠᠰᠤᠨ ᠵᠠᠮ ᠤᠨ ᠶᠡᠷᠦᠩᠬᠡᠶ ᠣᠷᠳᠣ ᠨᠢ 3800 ᠮᠧᠲᠷ ᠪᠠᠶᠢᠳᠠᠭ᠃      ᠶᠢᠨ ᠯᠦᠩ ᠱᠠᠨ ᠠᠭᠤᠯᠠᠨ ᠤ ᠴᠠᠰᠤ ᠭᠤᠯᠭᠤᠬᠤ ᠲᠠᠯᠠᠪᠠᠢ ᠶᠢᠨ U ᠬᠡᠯᠪᠡᠷᠢ ᠶᠢᠨ ᠴᠥᠭᠦᠷᠥᠮ ᠤᠨ ᠲᠠᠯᠠᠪᠤᠷ ᠪᠣᠯ ᠤᠯᠤᠰ ᠠᠴᠠ ᠲᠡᠰ ᠤᠨ ᠪᠠᠷᠢᠮᠵᠢᠶᠠᠲᠤ U ᠬᠡᠯᠪᠡᠷᠢ ᠶᠢᠨ ᠣᠩᠭᠤᠴᠠ ᠪᠣᠯᠤᠨ᠎ᠠ᠃ ᠮᠥᠨ ᠴᠦ ᠪᠦᠬᠦ ᠤᠯᠤᠰ ᠤᠨ ᠠᠩᠬᠠᠳᠠᠭᠴᠢ ᠨᠡᠭᠡᠭᠡᠯᠲᠡ ᠲᠠᠢ ᠤᠯᠤᠰ ᠤᠨ ᠲᠡᠰ ᠤᠨ ᠳᠠᠩ ᠬᠠᠪᠲᠠᠰᠤᠲᠤ ᠲᠠᠮᠢᠷᠴᠢᠳ ᠤᠨ ᠪᠣᠯᠪᠠᠰᠤᠷᠠᠯ ᠤᠨ ᠰᠠᠭᠤᠷᠢᠨ ᠭᠠᠵᠠᠷ ᠪᠣᠯᠤᠨ᠎ᠠ᠂ ᠤᠷᠲᠤ ᠨᠢ 170 ᠮᠧᠲᠷ᠂ ᠳᠡᠭᠡᠷ᠎ᠡ ᠠᠮᠠᠰᠠᠷ ᠤᠨ ᠥᠷᠭᠡᠨ ᠨᠢ 27 ᠮᠧᠲᠷ᠂ ᠳᠣᠣᠷ᠎ᠠ ᠠᠮᠠᠰᠠᠷ ᠤᠨ ᠥᠷᠭᠡᠨ ᠨᠢ 15 ᠮᠧᠲᠷ᠂ ᠨᠠᠯᠠᠤ ᠶᠢᠨ ᠬᠡᠮᠵᠢᠶ᠎ᠡ ᠨᠢ 18 ᠭᠷᠠᠳᠦ᠋ᠰ ᠪᠣᠯᠤᠨ᠎ᠠ᠃     ᠴᠠᠰᠤᠨ ᠳᠤ ᠭᠤᠯᠭᠤᠬᠤ ᠵᠠᠮ ᠢ ᠲᠠᠭᠠᠷᠠᠭᠤᠯᠵᠤ᠂ ᠬᠤᠶᠠᠷ ᠬᠥᠮᠦᠨ ᠤ ᠳᠡᠭᠦᠵᠢᠩ ᠰᠠᠨᠳᠠᠯᠢ‌‍ᠶᠢᠨ ᠳᠡᠭᠦᠵᠢᠩ ᠵᠠᠮ ᠪᠠ ᠰᠢᠳᠢᠲᠦ ᠬᠡᠪᠢᠰ ᠲᠠᠭᠠᠷᠠᠭᠤᠯᠵᠤ᠂ ᠳᠡᠭᠦᠵᠢᠩ ᠰᠠᠨᠳᠠᠯᠢ ᠶᠢᠨ ᠳᠡᠭᠦᠵᠢᠩ ᠵᠠᠮ ᠤᠨ ᠪᠦᠬᠦ ᠤᠷᠲᠤ ᠨᠢ 738 ᠮᠧᠲᠷ᠂ ᠳᠡᠭᠦᠵᠢᠩ ᠵᠠᠮ ᠤᠨ ᠪᠦᠬᠦ ᠲᠡᠭᠡᠭᠡᠪᠦᠷᠢ ᠨᠢ ᠴᠠᠭ ᠪᠦᠷᠢ 800 ᠬᠥᠮᠦᠨ᠂ ᠰᠢᠳᠢᠲᠦ ᠬᠡᠪᠢᠰ ᠤᠨ ᠶᠡᠷᠦᠩᠬᠡᠶ ᠣᠷᠳᠣ ᠨᠢ 190 ᠮᠧᠲᠷ᠂ ᠶᠡᠷᠦᠩᠬᠡᠶ ᠲᠡᠭᠡᠭᠡᠪᠦᠷᠢ ᠶᠢᠨ ᠬᠦᠴᠦᠨ ᠨᠢ ᠴᠠᠭ ᠪᠦᠷᠢ 1700 ᠬᠥᠮᠦᠨ ᠪᠠᠶᠢᠳᠠᠭ᠃ ᠮᠤᠨᠳᠠᠭ ᠶᠡᠭᠡ ᠴᠠᠰᠤ ᠦᠶ᠋ᠯᠡᠳᠬᠦ ᠰᠢᠰᠲ᠋ᠧᠮ ᠨᠢ ᠪᠦᠬᠦ᠋ᠢᠯᠡ ᠴᠠᠰᠤᠨ ᠵᠠᠮ ᠢ ᠪᠦᠷᠬᠦᠪᠡ᠃ ᠦᠨᠳᠦᠰᠦᠲᠡᠨ ᠤ ᠣᠨᠴᠠᠯᠢᠭ ᠢᠶᠠᠷ ᠢᠯᠡ ᠲᠣᠳᠣ᠂ ᠬᠡᠷᠡᠭᠯᠡᠭᠡᠨ ᠤ 2000 ᠭᠠᠷᠤᠶ ᠲᠡᠭᠰᠢ ᠳᠥᠷᠪᠡᠯᠵᠢᠨ ᠮᠧᠲᠷ ᠤᠨ ᠵᠢᠭᠤᠯᠴᠢᠳ ᠤᠨ ᠲᠠᠩᠬᠢᠮ ᠵᠢᠴᠢ ᠭᠧᠷᠮᠠᠨ ᠪᠣᠯᠤᠨ ᠰᠸᠧᠳᠧᠨ ᠠᠴᠠ ᠣᠷᠣᠭᠤᠯᠤᠭᠰᠠᠨ ᠴᠠᠰᠤ ᠳᠠᠷᠤᠬᠤ ᠲᠡᠷᠭᠡ ᠪᠣᠯᠤᠨ ᠴᠠᠰᠤ ᠦᠶ᠋ᠯᠡᠳᠬᠦ ᠮᠠᠰᠢᠨ᠂ ᠶᠠᠫᠣᠨ ᠠᠴᠠ ᠣᠷᠣᠭᠤᠯᠤᠭᠰᠠᠨ ᠴᠠᠰᠤ ᠭᠤᠯᠭᠤᠬᠤ ᠬᠠᠪᠲᠠᠰᠤ ᠵᠡᠷᠭᠡ ᠴᠠᠰᠤᠨ ᠲᠠᠯᠠᠪᠠᠶ ᠶᠢᠨ ᠲᠤᠰᠬᠠᠶ ᠬᠡᠷᠡᠭᠯᠡᠬᠦ ᠲᠥᠬᠦᠭᠡᠷᠦᠮᠵᠢ ᠲᠥᠬᠦᠭᠡᠷᠦᠮᠵᠢ ᠴᠠᠰᠤᠨ ᠳᠤ ᠭᠤᠯᠭᠤᠬᠤ ᠬᠥᠮᠦᠰ ᠲᠤ ᠳᠥᠭᠦᠮ ᠳᠥᠲᠡ᠂ ᠲᠠᠭᠠᠯᠠᠮᠵᠢᠲᠠᠶ ᠦᠢᠯᠡᠴᠢᠯᠡᠭᠡ ᠬᠠᠩᠭᠠᠨ᠎ᠠ᠃     ᠠᠩ ᠯᠧ ᠴᠠᠰᠤ ᠭᠤᠯᠭᠤᠬᠤ ᠵᠢᠵᠢᠭ ᠪᠠᠯᠭᠠᠰᠤ ᠪᠠᠶᠢᠭᠤᠯᠤᠭᠰᠠᠨ ᠤ ᠳᠠᠷᠠᠭ᠎ᠠ ᠠᠭᠤᠯᠠ ᠠᠪᠠᠷᠢᠬᠤ᠂ ᠥᠷᠭᠡᠳᠬᠡᠬᠦ ᠪᠣᠯᠪᠠᠰᠤᠷᠠᠯ ᠬᠢᠬᠦ᠂ CS ᠬᠡᠭᠡᠷᠡᠯᠡᠨ ᠪᠠᠶᠢᠯᠳᠤᠬᠤ ᠪᠠᠲ᠋ᠠᠯᠢᠶᠤᠨ᠂ ᠮᠣᠷᠢ ᠤᠨᠤᠬᠤ᠂ ᠬᠢᠵᠠᠭᠠᠷ ᠭᠤᠯᠭᠤᠭᠤᠷ ᠳᠡᠭᠡᠰᠦ᠂ ᠠᠮᠢ ᠠᠬᠤᠢ ᠶᠢᠨ ᠬᠡᠭᠡᠷ᠎ᠡ ᠪᠠᠭᠤᠳᠠᠯᠯᠠᠬᠤ᠂ ᠡᠯᠡᠰᠦᠨ ᠲᠠᠩ ᠤᠨ ᠠᠯᠠᠭᠠᠳᠠᠬᠤ ᠪᠥᠮᠪᠦᠭᠡ᠂ ᠭᠤᠯᠹ ᠪᠥᠮᠪᠦᠭᠡ᠂ ᠠᠭᠤᠯᠠᠨ ᠭᠠᠵᠠᠷ ᠤᠨ ᠳᠤᠭᠤᠶ ᠲᠡᠷᠭᠡ᠂ ᠠᠭᠤᠯᠠᠨ ᠭᠠᠵᠠᠷ ᠤᠨ ᠳᠠᠭᠤᠤ ᠬᠥᠭᠵᠢᠮ ᠤᠨ ᠦᠳᠡᠰᠢᠯᠡᠭᠡ ᠪᠠ ᠤᠷᠠᠯᠢᠭ ᠤᠨ ᠨᠠᠶᠢᠷ᠂ ᠳᠡᠭᠦᠵᠢᠩ ᠰᠠᠨᠳᠠᠯᠢ ᠶᠢ ᠲᠣᠭᠤᠷᠢᠨ ᠦᠵᠡᠬᠦ ᠪᠠ ᠬᠠᠪᠰᠤᠷᠤᠨ ᠵᠤᠭᠠᠴᠠᠬᠤ ᠮᠠᠶ᠋ᠢᠭ ᠤᠨ ᠶᠠᠪᠠᠭᠠᠨ ᠠᠯᠬᠤᠭ᠎ᠠ᠂ ᠬᠠᠳᠠ ᠠᠪᠠᠷᠢᠬᠤ᠂ ᠥᠷᠭᠡᠳᠬᠡᠨ ᠪᠣᠯᠪᠠᠰᠤᠷᠠᠭᠤᠯᠬᠤ᠂ ᠲᠡᠭᠦᠬᠦ᠂ ᠮᠥᠰᠥ ᠲᠡᠰᠢᠬᠦ ᠂ ᠴᠠᠰᠤᠨ ᠴᠠᠭᠠᠷᠢᠭ᠂ ᠴᠠᠰᠤᠨ ᠴᠠᠷ᠎ᠠ᠂ ᠲᠥᠭᠡᠷᠢᠯ ᠴᠢᠷᠭ᠎ᠠ᠂ ᠮᠥᠰᠥ ᠴᠠᠰᠤᠨ ᠤ ᠲᠦᠳᠡᠭ ᠭᠠᠯ ᠤᠨ ᠦᠳᠡᠰᠢᠯᠡᠭᠡ᠂ ᠴᠠᠰᠤᠨ ᠱᠤᠭᠤᠮᠠᠯ ᠪᠠ ᠮᠥᠰᠥᠨ ᠱᠤᠭᠤᠮᠠᠯ᠂ ᠮᠣᠷᠢᠨ ᠴᠢᠷᠭ᠎ᠠ ᠵᠡᠷᠭᠡ ᠲᠥᠷᠥᠯ ᠨᠠᠩ ᠪᠠᠶᠠᠯᠢᠭ ᠰᠠᠶᠢᠬᠠᠨ ᠭᠡᠷ ᠤᠨ ᠭᠠᠳᠠᠨᠠᠬᠢ ᠬᠥᠳᠡᠯᠭᠡᠭᠡᠨ ᠢ ᠦᠷᠨᠢᠬᠦᠯᠵᠦ᠂ ᠡᠯ᠎ᠡ ᠭᠠᠵᠠᠷ ᠤᠨ ᠨᠠᠶᠢᠵᠠ ᠨᠠᠷ ᠤᠨ ᠮᠣᠷᠢᠯᠠᠨ ᠰᠠᠭᠤᠬᠤ ᠶᠢ ᠬᠦᠰᠡᠵᠦ ᠪᠠᠶᠢᠨ᠎ᠠ᠃
 
ᠢᠷᠡᠯᠲᠡ᠄ ᠵᠠᠯᠠᠨ ᠠᠢᠢᠯ ᠬᠣᠲᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号