ᠰᠤᠷᠭᠠᠨ ᠬᠥᠮᠦᠵᠢᠯ ᠤᠨ ᠲᠣᠪᠴᠢᠶ᠎ᠠ ᠨᠠᠰᠤᠨ ᠳᠤ ᠦᠯᠦ ᠬᠦᠷᠦᠭᠰᠡᠳ ᠤᠨ ᠦᠵᠡᠯ ᠰᠠᠨᠠᠭ᠎ᠠ ᠶᠣᠰᠣ ᠮᠣᠷᠠᠯ ᠤᠨ ᠪᠠᠶᠢᠭᠤᠯ ᠤᠯᠲᠠ ᠶᠢᠨ ᠠᠵᠢᠯ ᠤᠨ ᠪᠣᠯᠪᠠᠰᠤᠷᠠᠯ ᠤᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2020/9/22
    ︽ᠨᠡᠶᠢᠭᠡᠮ ᠵᠢᠷᠤᠮ ᠤᠨ ᠭᠤᠤᠯᠯᠠᠬᠤ ᠥᠷᠲᠡᠭ ᠤᠨ ᠦᠵᠡᠯᠲᠡ ᠶᠢ ᠪᠤᠶᠢᠵᠢᠭᠤᠯᠤᠨ ᠦᠶ᠋ᠯᠡᠳᠦᠯᠭᠡᠵᠢᠭᠦᠯᠵᠦ ᠳᠤᠮᠳᠠᠳᠤ ᠪᠠᠭ᠎ᠠ ᠰᠤᠷᠭᠠᠭᠤᠯᠢ ᠶᠢᠨ ᠶᠣᠰᠣ ᠮᠣᠷᠠᠯ ᠤᠨ ᠬᠥᠮᠦᠵᠢᠯ ᠤᠨ ᠠᠵᠢᠯ ᠢ ᠤᠯᠠᠮ ᠨᠢᠭᠡ ᠠᠯᠬᠤᠮ ᠴᠢᠩᠭᠠᠳᠬᠠᠬᠤ ᠲᠤᠬᠠᠶ ᠰᠤᠷᠭᠠᠨ ᠬᠥᠮᠦᠵᠢᠯ ᠤᠨ ᠶᠠᠮᠤᠨ ᠤ ᠰᠠᠨᠠᠯ︾᠂ ︽ᠳᠤᠮᠳᠠᠳᠤ ᠪᠠᠭ᠎ᠠ ᠰᠤᠷᠭᠠᠭᠤᠯᠢ ᠶᠢᠨ ᠶᠣᠰᠣ ᠮᠣᠷᠠᠯ ᠤᠨ ᠬᠥᠮᠦᠵᠢᠯ ᠤᠨ ᠠᠵᠢᠯ ᠤᠨ ᠵᠦᠭᠯᠡᠭᠦᠷ︾ ᠵᠡᠷᠭᠡ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠤᠯᠠᠮ ᠨᠢᠭᠡ ᠠᠯᠬᠤᠮ ᠨᠠᠶᠢᠳᠠᠪᠤᠷᠢᠵᠢᠭᠤᠯᠬᠤ ᠂ ᠶᠣᠰᠣ ᠰᠤᠷᠲᠠᠬᠤᠨ ᠢᠶᠠᠷ ᠬᠥᠮᠦᠨ ᠢ ᠬᠥᠮᠦᠵᠢᠭᠦᠯᠬᠦ ᠦᠨᠳᠦᠰᠦᠨ ᠡᠭᠦᠷᠭᠡ ᠶᠢ ᠨᠠᠢᠳᠠᠪᠤᠷᠢᠵᠢᠭᠤᠯᠬᠤ᠂ ᠪᠣᠯᠪᠠᠰᠤᠨ ᠰᠤᠷᠭᠠᠭᠤᠯᠢ ᠶᠢᠨ ᠬᠦᠷᠢᠶ᠎ᠡ ᠶᠢ ᠡᠭᠦᠳᠦᠨ ᠪᠠᠶᠢᠭᠤᠯᠬᠤ ᠠᠵᠢᠯ ᠢ ᠠᠬᠢᠭᠤᠯᠬᠤ ᠶᠢᠨ ᠲᠥᠯᠦᠭᠡ᠂ ᠣᠶᠢᠷ᠎ᠠ ᠳᠤ᠂ ᠰᠤᠷᠭᠠᠨ ᠬᠥᠮᠦᠵᠢᠯ ᠤᠨ ᠲᠣᠪᠴᠢᠶ᠎ᠠ ᠨᠠᠰᠤᠨ ᠳᠤ ᠥᠯᠥ ᠭᠦᠷᠦᠭᠰᠡᠳ ᠤᠨ ᠦᠵᠡᠯ ᠰᠠᠨᠠᠭ᠎ᠠ ᠶᠣᠰᠣ ᠮᠣᠷᠠᠯ ᠤᠨ ᠪᠠᠶᠢᠭᠤᠯᠤᠯᠲᠠ ᠵᠢᠴᠢ ᠪᠣᠯᠪᠠᠰᠤᠨ ᠰᠤᠷᠭᠠᠭᠤᠯᠢ ᠶᠢᠨ ᠬᠦᠷᠢᠶ᠎ᠡ ᠶᠢ ᠡᠭᠦᠳᠦᠨ ᠪᠠᠶᠢᠭᠤᠯᠬᠤ ᠠᠵᠢᠯ ᠤᠨ ᠪᠣᠯᠪᠠᠰᠤᠷᠠᠯ ᠤᠨ ᠬᠤᠷᠠᠯ ᠢ ᠵᠣᠬᠢᠶᠠᠨ ᠪᠠᠶᠢᠭᠤᠯᠵᠤ ᠬᠤᠷᠠᠯᠳᠤᠭᠤᠯᠪᠠ ᠃ ᠪᠦᠬᠦ ᠬᠤᠳᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ ᠶᠣᠰᠣ ᠰᠤᠷᠲᠠᠬᠤᠨ ᠤ ᠬᠥᠮᠦᠵᠢᠯ ᠤᠨ ᠳᠡᠳ᠋ ᠵᠠᠬᠢᠷᠤᠯ᠂ ᠤᠯᠤᠰ ᠲᠦᠷᠦ ᠰᠤᠷᠭᠠᠨ ᠬᠥᠮᠦᠵᠢᠯ ᠤᠨ ᠡᠷᠬᠢᠯᠡᠭᠴᠢ ᠨᠡᠶᠢᠳᠡ 80 ᠭᠠᠷᠤᠢ ᠨᠥᠬᠦᠳ ᠲᠤᠰ ᠤᠳᠠᠭ᠎ᠠ ᠶᠢᠨ ᠬᠤᠷᠠᠯ‌‍ᠳᠤ ᠣᠷᠣᠯᠴᠠᠵᠠᠢ᠃     ᠬᠤᠷᠠᠯ ᠳᠡᠭᠡᠷ᠎ᠡ᠂ ᠲᠤᠯᠤᠭᠠᠨ ᠰᠤᠷᠭᠠᠭᠤᠯᠢ ᠨᠢ ᠪᠢᠴᠢᠭ ᠤᠨ ᠦᠨᠦᠷ ᠬᠠᠩᠬᠤᠯᠤᠭᠰᠠᠨ ᠰᠤᠷᠭᠠᠭᠤᠯᠢ ᠶᠢᠨ ᠬᠦᠷᠢᠶ᠎ᠡ ᠶᠢ ᠡᠭᠦᠳᠦᠨ ᠪᠠᠶᠢᠭᠤᠯᠬᠤ᠂ ᠠᠩᠭᠢ ᠶᠢᠨ ᠰᠣᠶᠣᠯ ᠤᠨ ᠪᠠᠶᠢᠭᠤᠯᠤᠯᠲᠠ᠂ ᠠᠩᠭᠢ ᠶᠢᠨ ᠡᠷᠬᠢᠯᠡᠭᠴᠢ ᠶᠢ ᠬᠢᠨᠠᠨ ᠰᠢᠯᠭᠠᠬᠤ᠂ ᠬᠡᠷ ᠤᠨ ᠰᠤᠷᠪᠤᠯᠵᠢᠯᠠᠭ᠎ᠠ ᠬᠢᠬᠦ᠂ ᠰᠣᠷᠣᠭᠴᠢ ᠡᠯᠰᠡᠬᠦ ᠶᠣᠰᠣ ᠰᠤᠷᠲᠠᠬᠤᠨ ᠤ ᠬᠥᠮᠦᠵᠢᠯ ᠤᠨ ᠬᠢᠴᠢᠶᠡᠯ ᠤᠨ ᠲᠠᠩᠬᠢᠮ᠂ ᠤᠳᠬ᠎ᠠ ᠵᠣᠬᠢᠶᠠᠯ ᠤᠨ ᠨᠡᠶᠢᠭᠡᠮ ᠤᠨ ᠪᠦᠯᠬᠦᠮ ᠵᠢᠴᠢ ᠣᠷᠴᠢᠨ ᠠᠬᠤᠶ ᠶᠢᠨ ᠬᠠᠮᠠᠭᠠᠯᠠᠯᠲᠠ ᠶᠢᠨ ᠨᠡᠶᠢᠭᠡᠮᠯᠢᠭ ᠢ ᠡᠭᠦᠳᠦᠨ ᠪᠠᠶᠢᠭᠤᠯᠬᠤ ᠲᠠᠯ᠎ᠠ ᠪᠠᠷ ᠲᠣᠰ ᠲᠣᠰ ᠲᠤᠷᠰᠢᠯᠭ᠎ᠠ ᠪᠠᠨ ᠬᠤᠪᠢᠶᠠᠯᠴᠠᠭᠰᠠᠨ ᠪᠠᠶᠢᠨ᠎ᠠ᠃ ᠰᠤᠷᠭᠠᠨ ᠬᠥᠮᠦᠵᠢᠯ ᠤᠨ ᠲᠣᠪᠴᠢᠶ᠎ᠠ ᠶᠢᠨ ᠶᠣᠰᠣ ᠮᠣᠷᠠᠯ ᠤᠨ ᠬᠥᠮᠦᠵᠢᠯ ᠤᠨ ᠠᠵᠢᠯ ᠤᠨ ᠬᠠᠷᠢᠭᠤᠴᠠᠯᠭᠠᠲᠠᠨ ᠳᠤᠮᠳᠠᠳᠤ ᠪᠠᠭ᠎ᠠ ᠰᠤᠷᠭᠠᠭᠤᠯᠢ ᠶᠢᠨ ᠶᠣᠰᠣ ᠮᠣᠷᠠᠯ ᠤᠨ ᠬᠥᠮᠦᠵᠢᠯ ᠤᠨ ᠠᠵᠢᠯ ᠤᠨ ᠵᠤᠷᠰᠢᠯ᠂ ᠭᠡᠷ ᠢᠶᠠᠨ ᠰᠠᠬᠢᠵᠤ ᠬᠤᠴᠣᠷᠤᠭᠰᠠᠨ ᠬᠡᠤᠬᠡᠳ ᠢ ᠬᠠᠯᠠᠮᠵᠢᠯᠠᠨ ᠬᠠᠶᠢᠷᠠᠯᠠᠬᠤ᠂ ︽ᠤᠯᠤᠰ ᠤᠨ ᠲᠤᠭ ᠤᠨ ᠳᠣᠤᠷ᠎ᠠ ᠦᠰᠦᠨ ᠪᠤᠶᠢᠵᠢᠬᠤ︾᠂ ᠪᠦᠬᠦ ᠠᠵᠢᠯᠲᠠᠨ ᠬᠥᠮᠦᠨ ᠢ ᠬᠥᠮᠦᠵᠢᠭᠦᠯᠬᠦ᠂ ᠳᠣᠷᠣᠮᠵᠢᠯᠠᠯ ᠢ ᠰᠡᠷᠭᠡᠶᠢᠯᠡᠬᠦ ᠵᠡᠷᠭᠡ ᠠᠵᠢᠯ ᠳᠤ ᠳ᠋ᠦᠩᠨᠡᠯᠲᠡ ᠪᠠ ᠪᠠᠶᠢᠷᠢᠯᠠᠭᠤᠯᠤᠯᠲᠠ ᠬᠢᠵᠦ᠂ ᠪᠠᠰᠠ ᠨᠠᠷᠢᠨ ᠪᠣᠳᠠᠲᠠᠢ ᠬᠡᠷᠡᠭ ᠤᠨ ᠵᠢᠱᠢᠶ᠎ᠡ ᠪᠠᠷ ᠳᠠᠮᠵᠢᠨ ᠶᠣᠰᠣ ᠰᠤᠷᠲᠠᠬᠤᠨ ᠤ ᠬᠥᠮᠦᠵᠢᠯ ᠤᠨ ᠠᠵᠢᠯ ᠳᠤ ᠲᠤᠯᠭᠠᠷᠠᠵᠤ ᠪᠠᠶᠢᠭ᠎ᠠ ᠠᠰᠠᠭᠤᠳᠠᠯ ᠪᠣᠯᠤᠨ ᠥᠷᠢᠰᠥᠯᠳᠦᠭᠡᠨ ᠳᠤ ᠵᠠᠳᠠᠯᠤᠯᠲᠠ ᠬᠢᠵᠡᠢ︔ ᠡᠯ᠎ᠡ ᠰᠤᠷᠭᠠᠭᠤᠯᠢ ᠶᠢ ᠲᠣᠰ ᠰᠤᠷᠭᠠᠭᠤᠯᠢ ᠳᠤ ᠪᠠᠨ ᠰᠠᠭᠤᠷᠢᠯᠠᠵᠤ᠂ ᠡᠩ ᠤᠨ ᠬᠠᠮᠢᠶᠠᠷᠤᠯᠲᠠ ᠶᠢᠨ ᠳᠤᠮᠳᠠ ᠶᠣᠰᠣ ᠰᠤᠷᠲᠠᠬᠤᠨ ᠤ ᠬᠥᠮᠦᠵᠢᠯ ᠤᠨ ᠠᠵᠢᠯ ᠤᠨ ᠰᠡᠳᠬᠢᠴᠡ ᠶᠢ ᠰᠦᠪᠡᠭᠴᠢᠯᠡᠵᠦ᠂ ᠰᠠᠶᠢᠨ ᠲᠠᠯ᠎ᠠ ᠶᠢ ᠨᠢ ᠠᠪᠴᠤ ᠳᠤᠲᠠᠭᠳᠠᠯ ᠲᠠᠢ ᠲᠠᠯ᠎ᠠ ᠪᠠᠨ ᠨᠥᠬᠦᠪᠥᠷᠢᠯᠡᠵᠦ᠂ ᠦᠢᠯᠡᠳᠦᠯᠭᠡ ᠶᠢᠨ ᠳᠤᠮᠳᠠ ᠶᠣᠰᠣ ᠰᠤᠷᠲᠠᠬᠤᠨ ᠤ ᠬᠥᠮᠦᠵᠢᠯ ᠤᠨ ᠰᠡᠳᠬᠢᠴᠡ ᠶᠢ ᠲᠠᠰᠤᠷᠠᠯᠲᠠ ᠦᠭᠡᠢ ᠰᠢᠨᠡᠴᠢᠯᠡᠵᠦ᠂ ᠶᠣᠰᠣ ᠰᠤᠷᠲᠠᠬᠤᠨ ᠤ ᠬᠥᠮᠦᠵᠢᠯ ᠤᠨ ᠠᠷᠭ᠎ᠠ ᠶᠢ ᠰᠠᠶᠢᠵᠢᠷᠠᠭᠤᠯᠵᠤ᠂ ᠶᠣᠰᠣ ᠰᠤᠷᠲᠠᠬᠤᠨ ᠤ ᠬᠥᠮᠦᠵᠢᠯ ᠤᠨ ᠪᠣᠳᠠᠲᠤ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠰᠤᠷᠭᠠᠭᠤᠯᠢ ᠶᠢᠨ ᠠᠵᠢᠯ ᠤᠨ ᠪᠦᠬᠦᠯᠢ ᠴᠣᠭᠴᠠ ᠶᠢᠨ ᠳᠡᠭᠡᠭᠰᠢᠯᠡᠯᠲᠡ ᠶᠢ ᠠᠬᠢᠭᠤᠯᠤᠨ᠎ᠠ᠃     ᠳᠤᠮᠳᠠᠳᠤ ᠪᠠᠭ᠎ᠠ ᠰᠤᠷᠭᠠᠭᠤᠯᠢ ᠶᠢᠨ ᠶᠣᠰᠣ ᠰᠤᠷᠲᠠᠬᠤᠨ ᠤ ᠬᠥᠮᠦᠵᠢᠯ ᠤᠨ ᠠᠵᠢᠯ ᠪᠣᠯ ᠨᠢᠭᠡᠨ ᠬᠠᠲᠠᠭᠤ ᠪᠡᠷᠬᠡ᠂ ᠤᠳᠠᠭᠠᠨ ᠳᠠᠭᠠᠭᠠᠮᠠᠭᠠᠶ ᠰᠢᠰᠲ᠋ᠧᠮᠲᠦ ᠢᠨᠵᠧᠨᠧᠷᠢᠩ ᠮᠥᠨ᠂ ᠵᠠᠯᠠᠭᠤ ᠪᠠᠭᠠᠴᠤᠳ ᠤᠨ ᠨᠠᠰᠤᠨ ᠲᠤᠷᠰᠢᠳᠠ ᠶᠢᠨ ᠬᠥᠭᠵᠢᠯᠲᠡ ᠳᠤ ᠬᠤᠯᠪᠣᠭᠳᠠᠵᠤ᠂ ᠡᠯ᠎ᠡ ᠰᠤᠷᠭᠠᠭᠤᠯᠢ ᠶᠢᠨ ᠶᠣᠰᠣ ᠰᠤᠷᠲᠠᠬᠤᠨ ᠤ ᠬᠥᠮᠦᠵᠢᠯ ᠤᠨ ᠠᠵᠢᠯᠲᠠᠳ ᠲᠤᠰ ᠤᠳᠠᠭᠠᠨ ᠤ ᠬᠤᠷᠠᠯ ᠤᠨ ᠰᠠᠶᠢᠨᠲᠠᠢ ᠲᠠᠯ᠎ᠠ ᠶᠢ ᠰᠤᠷᠤᠯᠴᠠᠵᠤ᠂ ᠵᠥᠷᠢ᠊ ᠡᠶ᠎ᠡ ᠪᠠᠨ ᠡᠷᠢᠵᠦ᠂ ᠰᠤᠷᠤᠯᠴᠠᠨ ᠲᠣᠯᠢᠯᠠᠬᠤ᠂ ᠰᠣᠯᠢᠯᠴᠠᠨ ᠳᠡᠭᠡᠭᠰᠢᠯᠡᠭᠦᠯᠬᠦ ᠵᠣᠷᠢᠯᠭ᠎ᠠ ᠳᠤ ᠭᠦᠢᠴᠡᠳ ᠬᠦᠷᠦᠭᠰᠡᠨ ᠪᠠᠶᠢᠨ᠎ᠠ᠃ ︵ᠨᠠᠶᠢᠷᠠᠭᠤᠯᠤᠭᠴᠢ᠄ ᠹᠧᠩ ᠶᠢᠩ ᠨᠠᠨᠳᠢᠨ︶
 
ᠢᠷᠡᠯᠲᠡ᠄ ᠵᠠᠯᠠᠨ ᠠᠢᠢᠯ ᠬᠣᠲᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号