ᠬᠥᠯᠦᠨ ᠪᠤᠶᠢᠷ ᠤᠨ ᠪᠡᠯᠴᠢᠭᠡᠷ ᠤᠨ ᠬᠤᠨᠢᠨ ᠤ ᠦᠢᠯᠡᠰ ᠤᠨ ᠨᠡᠶᠢᠭᠡᠮᠯᠢᠭ ᠠᠴᠠ ᠮᠠᠯᠴᠢᠳ ᠤᠨ ᠬᠤᠷᠠᠭ᠎ᠠ ᠶᠢ32.2  ᠳᠥᠭᠦᠷᠢᠭ ᠢᠶᠠᠷ ᠪᠤᠷᠤᠯᠠᠭᠤᠯᠵᠤ ᠥᠭᠴᠦ ᠪᠠᠶᠢᠨ᠎ᠠ
ᠨᠡᠶᠢᠲᠡᠯᠡᠭᠰᠡᠨ ᠴᠠᠭ᠄
2020/9/23
    ᠨᠠᠮᠤᠷ ᠤᠨ ᠮᠠᠯ ᠤᠨ ᠭᠠᠷᠭᠠᠯᠲᠠ ᠶᠢᠨ ᠡᠷᠢᠨ ᠪᠤᠯᠵᠤ᠂ ᠬᠤᠷᠠᠭᠠᠨ ᠤ ᠦᠨ᠎ᠠ ᠬᠠᠨᠭ᠍ᠰᠢ ᠶᠢᠨ ᠪᠠᠶᠢᠳᠠᠯ ᠮᠠᠯᠴᠢᠳ ᠤᠨ ᠠᠩᠬᠠᠷᠤᠯ ᠤᠨ ᠴᠡᠭ ᠪᠤᠯᠤᠯ᠎ᠠ᠃ ᠮᠡᠨ ᠤ ᠬᠤᠳᠠ ᠶᠢᠨ ᠬᠤᠷᠠᠭᠠᠨ ᠤ ᠦᠨ᠎ᠠ ᠬᠠᠨᠭ᠍ᠰᠢ ᠤᠳᠤ ᠲᠡᠭᠡᠷ᠎ᠠ ᠪᠠᠨ ᠵᠢᠩ ᠪᠦᠷᠢ ᠳᠡᠭᠡᠨ 30. 31 ᠲᠦᠭᠦᠷᠢᠭ ᠬᠦᠷᠴᠤ᠂ 2 ᠵᠢᠩ ᠠᠴᠠ ᠲᠡᠭᠡᠭᠰᠢ ᠰᠠᠬᠦᠯ ᠢ ᠨᠢ ᠬᠠᠰᠤᠬᠤ ᠵᠡᠷᠬᠡ ᠨᠦᠬᠦᠴᠠᠯ ᠲᠠᠢ ᠪᠠᠶᠢᠵᠤ᠂ ᠮᠠᠯᠴᠢᠳ ᠬᠤᠷᠠᠭ᠎ᠠ ᠪᠠᠨ ᠬᠠᠷᠠᠬᠠᠨ ᠬᠤᠳᠠᠯᠳᠤᠭ᠎ᠠ ᠦᠬᠡᠢ᠂ ᠦᠨ᠎ᠠ ᠶᠢᠨ ᠦᠰᠦᠯᠳᠠ ᠪᠠᠭᠤᠷᠠᠯᠳᠠ ᠶᠢᠨ ᠬᠠᠨᠳᠤᠰᠢ ᠶᠢ ᠠᠵᠢᠵᠤ ᠰᠠᠭᠤᠨ᠎ᠠ  ᠃    ᠤᠷᠴᠢᠮ ᠤᠨ ᠡᠳᠤᠷ᠂ ᠬᠦᠯᠦᠨ ᠪᠤᠶᠢᠷ ᠤᠨ ᠪᠡᠯᠴᠢᠬᠡᠷ ᠤᠨ ᠬᠤᠨᠢᠨ ᠤ ᠦᠢᠯᠡᠰ ᠤᠨ ᠨᠡᠶᠢᠬᠡᠮᠯᠢᠭ ᠠᠴᠠ ᠪᠠᠭᠠᠷᠢᠨ ᠮᠠᠯᠵᠢᠯ ᠤᠨ ᠬᠢᠵᠠᠭᠠᠷᠳᠤ ᠺᠤᠮᠫᠠᠨᠢ ᠲᠠᠢ ᠬᠠᠷᠢᠯᠴᠠᠵᠤ᠂ ᠬᠤᠷᠠᠭ᠎ᠠ ᠠᠪᠬᠤ ᠦᠨ᠎ᠠ ᠶᠢ ᠵᠢᠩ ᠪᠦᠷᠢ ᠳᠡᠭᠡᠨ 32.2 ᠲᠦᠬᠦᠷᠢᠭ ᠢᠶᠠᠷ ᠲᠤᠭᠳᠠᠵᠤ᠂ ᠤᠷᠵᠢᠳᠤᠷ ᠪᠤᠶᠤ 8 ᠰᠠᠷ᠎ᠠ ᠶᠢᠨ 24 ᠤ ᠡᠳᠤᠷ ᠠᠴᠠ ᠡᠬᠢᠯᠡᠵᠤ᠂ ᠪᠠᠭᠠᠷᠢᠨ ᠮᠠᠯᠵᠢᠯ ᠤᠨ ᠬᠢᠵᠠᠭᠠᠷᠳᠤ ᠺᠤᠮᠫᠠᠨᠢ ᠤᠷᠤᠭᠤ ᠲᠡᠭᠡᠭᠡᠪᠤᠷᠢᠯᠡᠨ ᠪᠤᠷᠤᠯᠠᠭᠤᠯᠵᠤ ᠪᠠᠶᠢᠨ᠎ᠠ᠃ ᠪᠠᠭᠠᠷᠢᠨ ᠮᠠᠯᠵᠢᠯ ᠤᠨ ᠬᠢᠵᠠᠭᠠᠷᠳᠤ ᠺᠤᠮᠫᠠᠨᠢ ᠶᠢᠨ ᠠᠯᠠᠰᠢᠨ ᠤ ᠭᠠᠵᠠᠷ ᠨᠢ ᠠᠷᠤ ᠬᠤᠷᠴᠢᠨ ᠬᠤᠰᠢᠭᠤᠨ ᠤ ᠴᠢᠪᠠᠭ᠎ᠠ ᠪᠠᠯᠭᠠᠰᠤ᠂ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠤᠨ ᠳᠤ ᠪᠠᠶᠢᠷᠢᠯᠡᠨ᠎ᠠ᠃    ᠲᠤᠰ ᠺᠤᠮᠫᠠᠨᠢ ᠨᠢ ᠬᠤᠷᠠᠭᠠᠨ ᠤ ᠵᠢᠩ ᠤᠨ ᠲᠤᠭ᠎ᠠ ᠶᠢ ᠬᠢᠵᠠᠭᠠᠷᠯᠠᠬᠤ ᠦᠬᠡᠢ᠂ ᠰᠠᠬᠦᠯ ᠬᠠᠰᠤᠬᠤ ᠦᠭᠡᠢ᠂ ᠠᠷᠠᠰᠤ ᠶᠢ ᠨᠢ 30 ᠤᠷᠴᠢᠮ ᠲᠦᠬᠦᠷᠢᠭ ᠢᠶᠠᠷ ᠠᠪᠬᠤ ᠪᠤᠯᠤᠨ᠎ᠠ᠃ ᠬᠦᠯᠦᠨ ᠪᠤᠶᠢᠷ ᠤᠨ ᠪᠡᠯᠴᠢᠬᠡᠷ ᠤᠨ ᠬᠤᠨᠢᠨ ᠤ ᠦᠢᠯᠡᠰ ᠤᠨ ᠨᠡᠶᠢᠬᠡᠮᠯᠢᠭ ᠠᠴᠠ ᠪᠠᠰᠠ ᠲᠡᠷᠭᠡ ᠦᠬᠡᠢ ᠮᠠᠯᠴᠢᠳ ᠲᠤ ᠲᠡᠷᠭᠡ ᠬᠠᠷᠢᠯᠴᠠᠵᠤ ᠦᠭᠭᠦ ᠪᠤᠯᠤᠨ᠎ᠠ᠃   ᠮᠠᠯᠴᠢᠳ ᠮᠠᠨᠢ ᠨᠠᠷᠢᠨ ᠤᠴᠢᠷ ᠢ ᠦᠢᠯᠡᠭᠠᠶ᠎ᠠ ᠬᠡᠪᠡᠯ ᠬᠦᠯᠦᠨ ᠪᠤᠶᠢᠷ ᠤᠨ ᠪᠡᠯᠴᠢᠬᠡᠷ ᠤᠨ ᠬᠤᠨᠢᠨ ᠤ ᠦᠢᠯᠡᠰ ᠤᠨ ᠨᠡᠶᠢᠬᠡᠮᠯᠢᠭ ᠲᠠᠢ ᠬᠠᠷᠢᠯᠴᠠᠵᠤ ᠪᠤᠯᠤᠨ᠎ᠠ᠃
 
ᠢᠷᠡᠯᠲᠡ᠄ ᠬᠥᠯᠦᠨ ᠪᠤᠶᠢᠷ ᠤᠨ ᠮᠣᠩᠭᠤᠯ ᠰᠣᠨᠢᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号