ᠨᠢᠭᠡ᠂ ᠦᠭᠡ ᠬᠡᠯᠡ | ᠳᠠᠭᠤᠷ ᠦᠨᠳᠦᠰᠦᠲᠡᠨ ᠲᠤᠰ ᠦᠨᠳᠦᠰᠦᠲᠡᠨ ᠤ ᠪᠠᠨ ᠲᠣᠰᠬᠠᠢ ᠤᠨ ᠬᠡᠯᠡ ᠲᠠᠢ᠃ ᠠᠯᠲᠠᠶ ᠢᠵᠠᠭᠤᠷ | ᠬᠡᠯᠡᠨ ᠤ ᠮᠣᠩᠭᠤᠯ ᠲᠥᠷᠥᠯ ᠬᠡᠯᠡᠨ ᠳᠤ ᠬᠠᠷᠢᠶᠠᠯᠠᠭᠳᠠᠵᠤ᠂ ᠭᠡᠪᠡᠴᠦ ᠦᠰᠦᠭ ᠪᠢᠴᠢᠭ ᠦᠭᠡᠶ᠃ ᠵᠠᠯᠠᠨ ᠠᠶᠢᠯ | ᠬᠤᠲᠠ ᠶᠢᠨ ᠳᠠᠭᠤᠷ ᠦᠨᠳᠦᠰᠦᠲᠡᠨ ᠤ ᠰᠠᠭᠤᠭᠠᠯᠢ ᠠᠷᠠᠳ ᠤᠨ ᠣᠯᠠᠩᠬᠢ ᠨᠢ ᠲᠣᠰ ᠦᠨᠳᠦᠰᠦᠲᠡᠨ ᠤ ᠪᠠᠨ ᠦᠭᠡ | ᠬᠡᠯᠡ ᠪᠠ ᠬᠢᠲᠠᠳ ᠬᠡᠯᠡᠶᠢ ᠰᠠᠶᠢᠨ ᠮᠡᠳᠡᠬᠦ ᠠᠴᠠ ᠭᠠᠳᠠᠨ᠎ᠠ ᠪᠠᠰᠠ ᠨᠢᠭᠡ ᠪᠦᠯᠦᠭ ᠠᠬᠠᠮᠠᠳ ᠨᠢ ᠮᠣᠩᠭᠤᠯ᠂ | ᠡᠸᠡᠩᠬᠢ ᠬᠡᠯᠡᠨ ᠳᠤ ᠨᠡᠪᠲᠡᠷᠡᠭᠰᠡᠨ ᠪᠠᠶᠢᠨ᠎ᠠ᠃ ᠲᠤᠰ ᠬᠤᠲᠠ ᠶᠢᠨ ᠳᠠᠭᠤᠷ ᠦᠨᠳᠦᠰᠦᠲᠡᠨ ᠤ ᠣᠷᠣᠰᠢᠨ | ᠰᠠᠭᠤᠭᠴᠢᠳ ᠪᠦᠭᠦᠳᠡ ᠬᠢᠲᠠᠳ ᠬᠡᠯᠡ ᠪᠢᠴᠢᠭ ᠬᠡᠷᠡᠭᠯᠡᠳᠡᠭ᠃ . | ᠬᠤᠶᠠᠷ᠂ ᠬᠤᠪᠴᠠᠰᠤ ᠵᠠᠰᠠᠯ | ᠳᠠᠭᠤᠷ ᠦᠨᠳᠦᠰᠦᠲᠡᠨ ᠭᠠᠳᠠᠭᠰᠢ ᠭᠠᠷᠴᠤ ᠠᠩ ᠠᠩᠨᠠᠬᠤ ᠪᠤᠶᠤ ᠬᠥᠳᠡᠯᠮᠦᠷᠢᠯᠡᠬᠦ ᠳᠡᠭᠡᠨ ᠶᠡᠷᠦ ᠳᠡᠭᠡᠨ | ᠭᠥᠷᠥᠭᠡᠰᠦ ᠪᠤᠶᠤ ᠬᠤᠨᠢᠨ ᠠᠷᠠᠰᠤᠨ ᠬᠤᠪᠴᠠᠰᠤ ᠡᠮᠦᠰᠳᠡᠭ᠃ ᠡᠩ ᠤᠨ ᠦᠶ᠎ᠡ ᠳᠤ ᠡᠷᠡᠭᠲᠡᠶᠢᠴᠦᠳ ᠬᠥᠪᠥᠩ | ᠳᠡᠪᠡᠯ ᠡᠮᠦᠰᠬᠦ ᠳᠡᠭᠡᠨ ᠳᠠᠩ ᠳᠡᠪᠡᠯ ᠡᠮᠦᠰᠳᠡᠭ᠃ ᠪᠦᠰᠡ ᠪᠦᠰᠡᠯᠡᠵᠦ ᠲᠠᠪᠠᠭᠯᠠᠬᠤ ᠪᠤᠶᠤ ᠭᠠᠤᠯᠢᠨ ᠲᠣᠪᠴᠢ ᠪᠠᠨ | ᠲᠣᠪᠴᠢᠯᠠᠬᠤ ᠲᠣᠯᠣᠭᠠᠢ ᠳᠤ ᠪᠠᠨ ᠠᠷᠠᠰᠤᠨ ᠮᠠᠯᠠᠭᠠᠢ ᠪᠤᠶᠤ ᠦᠨᠡᠭᠡᠨ ᠮᠠᠯᠠᠭᠠᠢ ᠡᠮᠦᠰᠴᠦ᠂ ᠬᠥᠯ ᠨᠢ ᠴᠢᠺᠠᠮᠤ | ᠭᠤᠲᠤᠯ ᠡᠮᠦᠰᠳᠡᠭ᠃ ᠡᠮᠡᠭᠲᠡᠶᠢᠴᠦᠳ ᠡᠩᠭᠡᠷ᠂ ᠬᠠᠨᠴᠤᠢ ᠪᠣᠯᠤᠨ ᠵᠠᠭᠠᠮ᠎ᠠ ᠳᠤ ᠪᠠᠨ ᠥᠩᠭᠡ ᠶᠢᠨ ᠥᠷᠭᠡᠨ | ᠡᠮᠵᠢᠶᠡᠷᠢ ᠲᠠᠢ ᠬᠠᠨᠵᠢᠶᠠᠷ ᠡᠮᠦᠰ ᠴᠦ ᠬᠥᠯ ᠨᠢ ᠬᠠᠳᠬᠤᠮᠠᠯ ᠱᠠᠬᠠᠢ ᠡᠮᠦᠰᠴᠦ᠂ ᠬᠤᠪᠴᠠᠰᠤ ᠪᠠ ᠱᠠᠬᠠᠢ ᠳᠡᠭᠡᠷ᠎ᠡ | ᠪᠦᠷ ᠡᠯ᠎ᠡ ᠵᠦᠢᠯ ᠤᠨ ᠭᠸᠤᠮᠤᠲᠷᠢ ᠵᠢᠷᠤᠭ᠂ ᠡᠭᠦᠯᠡᠨ ᠣᠷᠢᠶᠠᠮᠠᠯ ᠬᠡ ᠤᠭᠠᠯᠵᠠ ᠪᠤᠶᠤ ᠴᠡᠴᠡᠭ ᠰᠢᠪᠠᠭᠤ ᠵᠢᠭᠠᠰᠤ | ᠵᠡᠷᠭᠡ ᠶᠢ ᠬᠠᠳᠬᠤᠳᠠᠭ᠃ ᠠᠬᠠᠮᠠᠳ ᠪᠦᠰᠡᠭᠦ᠋ᠢᠴᠦᠳ ᠶᠡᠷᠦ ᠳᠡᠭᠡᠨ ᠲᠣᠯᠣᠭᠠᠢ ᠳᠤ ᠪᠠᠨ ᠴᠡᠴᠡᠭ᠂ ᠮᠥᠩᠭᠦᠨ | ᠬᠠᠳᠬᠤᠭᠤᠷ᠂ ᠴᠢᠬᠢᠨ ᠤᠨᠵᠢᠯᠭ᠎ᠠ ᠵᠡ ᠭᠦᠵᠦ᠂ ᠠᠬᠠᠮᠠᠳ ᠪᠦᠰᠡᠭᠦ᠋ᠢᠴᠦᠳ ᠬᠠᠰ ᠤᠨ ᠬᠠᠳᠬᠤᠭᠤᠷ ᠤᠨ | ᠲᠠᠪᠠᠭ ᠢᠶᠠᠨ ᠰᠠᠮᠨᠠᠳᠠᠭ᠃ | ᠬᠤᠷᠢᠮ ᠤᠨ ᠶᠣᠰᠣᠯᠠᠯ ᠳᠤ ᠣᠷᠣᠯᠴᠠᠬᠤ ᠣᠶᠢᠶ᠎ᠠ ᠳᠤ᠂ ᠡᠷᠡᠭᠲᠡᠶᠢᠴᠦᠳ ᠪᠦᠷ ᠰᠢᠨ᠎ᠡ ᠬᠠᠷᠢᠮᠢ ᠡᠮᠦᠰᠴᠦ᠂ | ᠥᠩᠭᠡᠲᠦ ᠲᠣᠷᠭ᠎ᠠ ᠪᠠᠨ ᠪᠦᠰᠡᠯᠡᠳᠡᠭ᠃ ᠬᠡᠷᠡᠮᠦ ᠶᠢᠨ ᠰᠡᠭᠦᠯ ᠬᠠᠳᠬᠤᠭᠰᠠᠨ ᠤᠷᠪᠠᠭᠤᠯᠲᠤ ᠲᠣᠭᠤᠷᠠᠭ ᠮᠠᠯᠠᠭᠠᠢ︔ | ᠡᠮᠡᠭᠲᠡᠶ ᠬᠥᠮᠦᠨ ᠬᠤᠸᠠᠷ ᠲᠠᠢ ᠤᠷᠲᠤ ᠳᠡᠪᠡᠯ᠂ ᠤᠯᠠᠭᠠᠨ ᠲᠣᠷᠭᠠᠨ ᠱᠠᠬᠠᠶ ᠡᠮᠦᠰᠴᠦ᠂ ᠲᠣᠯᠣᠭᠠᠶ ᠳᠠᠭᠠᠨ ᠠᠯᠲᠠᠨ | ᠬᠠᠳᠬᠤᠭᠤᠷ ᠪᠠ ᠨᠣᠭᠤᠭᠠᠨ ᠳᠡᠯᠳᠡᠦ ᠵᠡᠭᠦᠨ᠎ᠡ᠃ | ᠭᠤᠷᠪᠠ᠂ ᠢᠳᠡᠭᠡᠨ ᠤᠮᠳᠠᠭᠠᠨ | ᠳᠠᠭᠤᠷ ᠦᠨᠳᠦᠰᠦᠲᠡᠨ ︽ᠲᠠᠷᠢᠶ᠎ᠠ ᠠᠮᠤ︾ ᠢᠳᠡᠬᠦ ᠳᠤᠷᠠᠲᠠᠶ᠂ ᠦᠷᠭᠦᠯᠵᠢ ᠦᠨᠢᠶᠡᠨ ᠰᠦ ᠨᠡᠮᠡᠭᠰᠡᠨ ᠠᠮᠤ | ᠪᠤᠳᠠᠭ᠎ᠠ᠂ ᠦᠨᠢᠶᠡᠨ ᠰᠦ ᠨᠡᠮᠡᠭᠰᠡᠨ ᠰᠠᠭᠠᠭ ᠤᠨ ᠭᠤᠯᠢᠷ᠂ ᠰᠠᠭᠠᠭ ᠤᠨ ᠪᠣᠣᠪᠤ ᠢᠳᠡᠳᠡᠭ᠃ ᠦᠨᠢᠶᠡᠨ ᠰᠦ ᠪᠠ | ᠭᠤᠷ᠎ᠠ ᠶᠢᠨ ᠮᠢᠬ᠎ᠠ ᠪᠤᠶᠤ ᠰᠠᠭᠠᠭ ᠤᠨ ᠰᠢᠩᠭᠡᠨ ᠪᠤᠳᠠᠭ᠎ᠠ ᠪᠣᠯ ᠨᠠᠰᠤᠲᠠᠶᠢᠴᠤᠳ ᠤᠨ ᠬᠠᠮᠤᠭ ᠳᠤᠷᠠᠲᠠᠶ ᠢᠳᠡᠭᠡᠨ | ᠪᠣᠯᠤᠨ᠎ᠠ᠃ ᠡᠭᠦᠨ ᠠᠴᠠ ᠭᠠᠳᠠᠨ᠎ᠠ ᠪᠠᠰᠠ ︽ᠬᠠᠷ᠎ᠠ ᠭᠤᠯᠢᠷ︾ ︵ᠬᠠᠭᠤᠷᠠᠭᠰᠠᠨ ᠭᠤᠯᠢᠷ︶ ᠪᠠ ︽ᠭᠦᠨ ᠲᠤᠯᠤ︾ | ᠢᠳᠡᠭᠡᠭ᠃ ᠢᠳᠡᠬᠦ ᠳᠡᠭᠡᠨ ᠦᠨᠢᠶᠡᠨ ᠰᠦ᠂ ᠰᠢᠷ᠎ᠠ ᠲᠣᠰᠣ᠂ ᠰᠢᠬᠢᠷ ᠵᠡᠷᠭᠡ ᠶᠢ ᠬᠤᠯᠢᠨ᠎ᠠ᠃ | ᠬᠤᠯᠢᠰᠢᠨ ᠢᠳᠡᠭᠡᠨ ᠤ ᠠᠮᠠᠨ ᠳᠤ ᠴᠠᠭᠠᠨ ᠨᠣᠭᠤᠭ᠎ᠠ ᠵᠡᠷᠭᠡ ᠡᠩ ᠤᠨ ᠢᠳᠡᠰᠢᠨ ᠨᠣᠭᠤᠭ᠎ᠠ ᠠᠴᠠ ᠭᠠᠳᠠᠨ᠎ᠠ | ᠪᠠᠰᠠ ᠮᠣᠳᠣᠨ ᠳᠡᠯᠳᠡᠦ ᠪᠠ ᠮᠥᠭᠦ ᠪᠠᠶᠢᠳᠠᠭ᠃ ᠳᠠᠭᠤᠷ ᠦᠨᠳᠦᠰᠦᠲᠡᠨ ᠡᠩ ᠤᠨ ᠦᠶ᠎ᠡ ᠳᠤ ᠪᠠᠨ ᠳᠠᠪᠤᠰᠤᠯᠠᠭᠰᠠᠨ | ᠨᠣᠭᠤᠭ᠎ᠠ ᠢᠳᠡᠬᠦ ᠳᠤᠷᠠᠲᠠᠢ . ᠠᠯᠠᠭᠰᠠᠨ ᠮᠠᠯ ᠠᠴᠠ ᠪᠤᠰᠤᠳ ᠪᠠᠰᠠ ᠲᠠᠬᠢᠶ᠎ᠠ᠂ ᠪᠤᠭᠤ᠂ ᠭᠥᠷᠥᠭᠡᠰᠦ᠂ ᠬᠡᠭᠡᠷ᠎ᠡ ᠶᠢᠨ | ᠭᠠᠭ᠋ᠠᠢ ᠵᠡᠷᠭᠡᠶᠢ ᠦᠷᠭᠦᠯᠵᠢ ᠢᠳᠡᠳᠡᠭ᠃ ᠬᠠᠭᠤᠷᠠᠭᠰᠠᠨ ᠮᠢᠬ᠎ᠠ ᠢᠳᠡᠵᠦ ᠳᠠᠳᠬᠤ ᠦᠭᠡᠢ᠃ ᠪᠠᠶᠠᠷ ᠤᠨ ᠡᠳᠦᠷ ᠤᠨ | ᠳᠠᠶᠢᠯᠠᠯᠭ᠎ᠠ ᠳᠤ ᠵᠣᠴᠢᠨ ᠳᠠᠶᠢᠯᠠᠬᠤ ᠡᠷᠬᠢᠮ ᠨᠠᠨᠳᠢᠨ ᠨᠣᠭᠤᠭ᠎ᠠ ᠨᠢ ︽ᠸᠠᠴᠢ︾᠃ ᠴᠢᠨᠠᠭᠰᠠᠨ ᠲᠣᠮᠣ ᠬᠡᠰᠡᠭ | ᠭᠠᠭ᠋ᠠᠶ ᠶᠢᠨ ᠮᠢᠬ᠎ᠠ ᠶᠢ ᠵᠢᠵᠢᠭ ᠬᠢᠲᠤᠭ᠎ᠠ ᠪᠠᠷ ᠬᠡᠷᠴᠢᠵᠦ ᠢᠳᠡᠨ᠎ᠡ᠃ | ᠳᠥᠷᠪᠡ᠂ ᠱᠠᠰᠢᠨ ᠰᠢᠲᠦᠯᠭᠡ | ᠳᠠᠭᠤᠷ ᠦᠨᠳᠦᠰᠦᠲᠡᠨ ᠭᠤᠣᠯᠳᠠᠭᠤ ᠪᠥᠭᠡ ᠮᠥᠷᠭᠦᠯ ᠤᠨ ᠱᠠᠰᠢᠨ ᠢ ᠰᠢᠲᠦᠳᠡᠭ᠃ ᠰᠡᠭᠦᠯᠡᠷ ᠨᠢ ᠴᠥᠭᠡᠨ | ᠲᠣᠭᠠᠨ ᠤ ᠬᠥᠮᠦᠰ ᠪᠤᠷᠬᠠᠨ ᠱᠠᠰᠢᠨ ︵ᠲᠥᠪᠡᠳ ᠤᠨ ᠤᠯᠠᠮᠵᠢᠯᠠᠯ︶ ᠢ ᠰᠢᠲᠦᠵᠦ ᠪᠠᠶᠢᠵᠠᠶ᠃ ᠪᠥᠭᠡ ᠮᠥᠷᠭᠦᠯ ᠤᠨ | ᠱᠠᠰᠢᠨ ᠨᠢ ᠪᠠᠶᠢᠭᠠᠯᠢ ᠶᠢᠷᠲᠢᠨᠴᠦ ᠪᠠᠷ ᠰᠢᠲᠦᠭᠳᠡᠬᠦ ᠡᠲᠡᠭᠡᠳ ᠢᠶᠠᠨ ᠪᠣᠯᠭᠠᠳᠠᠭ᠃ ᠵᠢᠱᠢᠶᠡᠯᠡᠪᠡᠯ ᠲᠩᠷᠢ ᠲᠠᠬᠢᠬᠤ᠂ | ᠣᠪᠣᠭ᠎ᠠ ᠲᠠᠬᠢᠬᠤ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 5 ᠰᠠᠷ᠎ᠠ ᠳᠤ᠂ ᠠᠷᠠᠳ ᠤᠳ ᠡᠮᠦᠨ᠎ᠡ ᠨᠢ | ᠴᠤᠭᠯᠠᠷᠠᠵᠤ᠂ ᠦᠬᠡᠷ ᠠᠯᠠᠬᠤ ᠪᠤᠶᠤ ᠭᠠᠭ᠋ᠠᠶ ᠠᠯᠠᠵᠤ ᠲᠩᠷᠢ ᠭᠠᠵᠠᠷ ᠤᠨ ᠠᠭᠤᠯᠠ ᠤᠰᠤᠨ ᠤ ᠣᠯᠠᠨ | ᠰᠠᠬᠢᠭᠤᠯᠰᠤᠨ ᠢ ᠲᠠᠬᠢᠵᠤ᠂ ᠬᠤᠷ᠎ᠠ ᠪᠣᠷᠣᠭᠠᠨ ᠲᠡᠭᠰᠢ ᠪᠠᠶᠢᠬᠤ ᠶᠢ ᠳᠠᠭᠠᠳᠬᠠᠨ᠎ᠠ᠃ ᠲᠠᠪᠤᠨ ᠲᠠᠷᠢᠶ᠎ᠠ ᠡᠯᠪᠡᠭ᠂ | ᠬᠥᠮᠦᠨ ᠮᠠᠯ ᠠᠮᠤᠷ . ᠠᠩᠴᠢᠨ ᠪᠠᠢᠨᠠᠴᠠ ︵ᠠᠭᠤᠯᠠ ᠶᠢᠨ ᠰᠠᠬᠢᠭᠤᠯᠰᠤᠨ︶᠂ ᠮᠣᠳᠣ ᠣᠭᠲᠣᠯᠤᠭᠴᠢ ᠪᠠ | ᠵᠢᠭᠠᠰᠤᠴᠢᠨ ᠪᠢᠯᠢᠭᠪᠡᠷ ᠢ ᠲᠠᠬᠢᠳᠠᠭ᠃ | ᠲᠠᠪᠤ᠂ ᠰᠣᠶᠣᠯ ᠲᠠᠮᠢᠷ ᠤᠨ ᠠᠵᠢᠯᠯᠠᠭ᠎ᠠ | ᠳᠠᠭᠤᠷ ᠦᠨᠳᠦᠰᠦᠲᠡᠨ ᠤ ᠰᠣᠶᠣᠯ ᠲᠠᠮᠢᠷ ᠤᠨ ᠬᠥᠳᠡᠯᠭᠡᠭᠡᠨ ᠮᠠᠰᠢ ᠪᠠᠶᠠᠯᠢᠭ ᠪᠠᠶᠢᠳᠠᠭ᠃ ᠳᠠᠭᠤᠯᠠᠨ | ᠪᠥᠵᠢᠭᠯᠡᠬᠦ ᠳᠡᠭᠡᠨ ᠠᠪᠢᠶᠠᠰᠲᠠᠶ᠂ ᠬᠡᠭᠡᠷ᠎ᠡ ᠭᠠᠳᠠᠨ᠎ᠠ ᠳᠠᠭᠤᠯᠠᠳᠠᠭ ᠽᠠᠷᠤᠨ᠋ᠳᠠᠯ ᠤᠨ ᠬᠢᠲᠠᠳ ᠬᠡᠯᠡᠨ ᠤ ᠨᠤᠲᠤᠭ ᠤᠨ | ᠳᠠᠭᠤᠤ ᠪᠠᠶ᠋ᠳᠠᠭ᠃ ᠦᠢᠯᠡᠳᠪᠦᠷᠢᠯᠡᠯ ᠬᠥᠳᠡᠯᠮᠦᠷᠢ ᠶᠢ ᠮᠠᠭᠲᠠᠨ ᠳᠠᠭᠤᠯᠠᠵᠤ᠂ ᠠᠮᠢᠳᠤᠷᠠᠯ ᠤᠨ ᠬᠦᠰᠡᠯᠡᠩ ᠢᠶᠠᠨ | ᠢᠯᠡᠳᠬᠡᠬᠦ᠂ ᠮᠠᠭᠤ ᠮᠠᠭᠤᠬᠠᠶ ᠦᠵᠡᠭᠳᠡᠯ ᠢ ᠲᠠᠰᠢᠭᠤᠷᠳᠠᠬᠤ ᠪᠠ ᠬᠤᠱᠣᠩᠨᠠᠨ ᠶᠣᠵᠣᠯᠠᠬᠤ ᠠᠷᠠᠳ ᠤᠨ ᠪᠥᠵᠢᠭ | ᠪᠠᠶᠢᠨ᠎ᠠ᠃ ᠪᠠᠰᠠ ᠰᠢᠯᠦᠭ ᠳᠠᠭᠤᠯᠠᠯ ᠢ ᠬᠠᠪᠴᠢᠨ ᠤᠩᠰᠢᠳᠠᠭ ︽ᠰᠢᠪᠠᠭᠤᠨ ᠬᠠᠪᠤᠷ︾ ᠴᠤ ᠪᠠᠶᠢᠳᠠᠭ᠃ | ᠳᠠᠭᠤᠷ ᠦᠨᠳᠦᠰᠦᠲᠡᠨ ᠬᠤᠷᠴᠠ ᠰᠢᠷᠦᠭᠦᠨ ᠲᠠᠮᠢᠷ ᠤᠨ ᠤᠷᠤᠯᠳᠤᠭᠠᠨ ᠤ ᠬᠥᠳᠡᠯᠭᠡᠭᠡᠨ ᠳᠤ ᠳᠤᠷᠠᠲᠠᠶ᠂ | ᠢᠯᠠᠩᠭᠤᠶ᠎ᠠ ᠪᠤᠶᠢᠺᠤ ᠪᠥᠮᠪᠦᠭᠡ ᠪᠣᠯ ᠲᠤᠰ ᠦᠨᠳᠦᠰᠦᠲᠡᠨ ᠤ ᠤᠯᠠᠮᠵᠢᠯᠠᠯᠲᠤ ᠲᠥᠷᠥᠯ ᠵᠦᠢᠯ ᠪᠣᠯᠬᠤ ᠪᠥᠭᠡᠳ | ᠳᠠᠭᠤᠷ ᠦᠨᠳᠦᠰᠦᠲᠡᠨ ᠣᠳᠣ ᠪᠣᠯᠲᠠᠯ᠎ᠠ ᠡᠨᠡ ᠬᠦ ᠪᠡᠶ᠎ᠡ ᠶᠢᠨ ᠲᠠᠮᠢᠷ ᠤᠨ ᠲᠥᠷᠥᠯ ᠵᠦᠢᠯ ᠢ ᠬᠠᠳᠠᠭᠠᠯᠠᠭᠰᠠᠭᠠᠷ | ᠪᠠᠶᠢᠨ᠎ᠠ᠃ |