ᠡᠸᠡᠩᠬᠢ ᠦᠨᠳᠦᠰᠦᠲᠡᠨ
ᠨᠡᠶᠢᠲᠡᠯᠡᠭᠰᠡᠨ ᠴᠠᠭ᠄
2020/9/23
ᠨᠢᠭᠡ᠂ ᠦᠭᠡ ᠬᠡᠯᠡ     ᠡᠸᠡᠩᠬᠢ ᠦᠨᠳᠦᠰᠦᠲᠡᠨ ᠥᠪᠡᠷ ᠤᠨ ᠦᠨᠳᠦᠰᠦᠲᠡᠨ ᠤ ᠬᠡᠯᠡ ᠲᠠᠢ᠃ ᠣᠷᠴᠣᠨ ᠦᠨᠳᠦᠰᠦᠲᠡᠨ ᠲᠠᠢ ᠠᠳᠠᠯᠢ ᠨᠢᠭᠡᠨ ᠰᠠᠯᠪᠤᠷᠢ ᠬᠡᠯᠡᠨ ᠳᠤ ᠬᠠᠷᠢᠶᠠᠯᠠᠭᠳᠠᠨ᠎ᠠ᠂ ᠦᠰᠦᠭ ᠪᠢᠴᠢᠭ ᠦᠭᠡᠢ᠂ ᠵᠠᠯᠠᠨ ᠠᠶᠢᠯ ᠣᠷᠣᠨ ᠤ ᠡᠸᠡᠩᠬᠢ ᠦᠨᠳᠦᠰᠦᠲᠡᠨ ᠭᠤᠣᠯᠳᠠᠭᠤ ᠬᠢᠲᠠᠳ ᠬᠡᠯᠡ ᠬᠡᠷᠡᠭᠯᠡᠳᠡᠭ᠃ᠬᠤᠶᠠᠷ᠂ ᠬᠤᠪᠴᠠᠰᠤ ᠵᠠᠰᠠᠯ ᠬᠢᠭᠡᠳ ᠣᠷᠣᠨ ᠰᠠᠭᠤᠴᠠ     ᠵᠠᠯᠠᠨ ᠠᠢᠯ ᠤᠨ ᠡᠸᠡᠩᠬᠢ ᠦᠨᠳᠦᠰᠦᠲᠡᠨ ᠤ ᠰᠠᠭᠤᠭᠠᠯᠢ ᠠᠷᠠᠳ ᠴᠢᠯᠥᠭᠡᠯᠡᠭᠳᠡᠬᠦ ᠠᠴᠠ ᠡᠮᠦᠨ᠎ᠡ ᠠᠩ ᠠᠩᠨᠠᠬᠤ ᠪᠠᠷ ᠭᠤᠤᠯ ᠪᠣᠯᠭᠠᠵᠤ ᠪᠠᠶᠢᠵᠠᠶ᠃ ᠮᠠᠯ ᠠᠵᠤ ᠠᠬᠤᠶ ᠶᠢ ᠬᠠᠪᠰᠤᠷᠭᠠᠨ ᠡᠵᠡᠩᠨᠡᠳᠡᠭ ᠪᠣᠯᠬᠤᠷ ᠬᠤᠪᠴᠠᠰᠤ ᠬᠤᠨᠠᠷ ᠣᠷᠣᠨ ᠰᠠᠭᠤᠴᠠ ᠨᠢ ᠪᠦᠷ ᠥᠪᠡᠷᠮᠢᠴᠡ ᠣᠨᠴᠠᠯᠢᠭ ᠲᠠᠢ ᠪᠠᠶᠢᠳᠠᠭ᠃    ᠡᠸᠡᠩᠬᠢ ᠦᠨᠳᠦᠰᠦᠲᠡᠨ ᠤ ᠨᠡᠬᠡᠶ ᠳᠡᠪᠡᠯ ᠪᠣᠯ ᠬᠥᠳᠡᠯᠮᠦᠷᠢ ᠶᠢᠨ ᠬᠤᠪᠴᠠᠰᠤ ᠪᠣᠯᠤᠨ᠎ᠠ᠃ ᠪᠣᠭᠤᠨᠢ ᠠᠷᠠᠰᠤᠨ ᠳᠡᠪᠡᠯ ᠲᠠᠢ ᠬᠦᠷᠮ᠎ᠡ ᠶᠢ ᠶᠣᠰᠣᠯᠠᠯ ᠤᠨ ᠬᠤᠪᠴᠠᠰᠤ ᠭᠡᠳᠡᠭ᠂ ᠤᠷᠤᠭᠯᠠᠬᠤ ᠦᠶ᠎ᠡ ᠳᠤ ᠡᠷᠡᠭᠲᠡᠶ ᠡᠮᠡᠭᠲᠡᠶ ᠬᠤᠶᠠᠷ ᠡᠲᠡᠭᠡᠳ ᠢᠶᠠᠷ ᠢᠶᠠᠨ ᠪᠦᠷ ᠡᠶᠢᠮᠦᠷᠬᠦᠦ ᠶᠣᠰᠣᠯᠠᠯ ᠤᠨ ᠬᠤᠪᠴᠠᠰᠤ ᠡᠮᠦᠰᠳᠡᠭ᠃ ᠵᠣᠴᠢᠨ ᠲᠠᠢ ᠠᠭᠤᠯᠵᠠᠬᠤ᠂ ᠤᠷᠤᠭ ᠪᠠᠷᠢᠯᠳᠤᠬᠤ᠂ ᠰᠢᠨᠡᠯᠡᠬᠦ᠂ ᠪᠠᠶᠠᠷ ᠳᠤᠷᠠᠰᠬᠠᠯ ᠤᠨ ᠡᠳᠦᠷ ᠲᠤ ᠪᠥᠰ ᠭᠠᠳᠠᠷ ᠪᠤᠶᠤ ᠲᠣᠡᠭᠠᠨ ᠭᠠᠳᠠᠷ ᠲᠠᠢ ᠬᠤᠷᠠᠭᠠᠨ ᠠᠷᠠᠰᠤᠨ ᠳᠡᠪᠡᠯ ᠡᠮᠦᠰᠳᠡᠭ᠃ ᠬᠤᠷᠠᠭᠠᠨ ᠠᠷᠠᠰᠤ ᠪᠠᠷ ᠬᠡᠦᠬᠡᠳ ᠲᠤ ᠪᠠᠨ ᠬᠤᠪᠴᠠᠰᠤ ᠬᠢᠵᠦ ᠦᠭᠬᠦᠳᠡᠭ     ᠠᠷᠠᠰᠤᠨ ᠥᠮᠥᠳᠥ ᠪᠣᠯ ᠬᠠᠮᠤᠭ ᠬᠦᠢᠲᠡᠨ ᠣᠶᠢᠶ᠎ᠠ ᠳᠤ ᠡᠮᠦᠰᠦᠨ᠎ᠡ᠃ ᠥᠪᠴᠢ ᠥᠮᠥᠳᠥᠨ ᠤ ᠡᠪᠦᠳᠦᠭ ᠤᠨ ᠬᠡᠰᠡᠭ ᠲᠤ ᠬᠡ ᠤᠭᠠᠯᠵᠠ ᠲᠠᠢ᠃ ᠠᠷᠠᠰᠤᠨ ᠭᠤᠲᠤᠯ ᠨᠢ ᠡᠪᠦᠯ ᠵᠤᠨ ᠬᠤᠶᠠᠷ ᠵᠦᠢᠯ ᠪᠠᠶᠢᠳᠠᠭ᠃ ᠭᠤᠲᠤᠯ ᠤᠨ ᠲᠦᠷᠡᠢ᠂ ᠭᠤᠲᠤᠯ ᠤᠨ ᠦᠵᠦᠭᠦᠷ ᠲᠤ ᠬᠡ ᠤᠭᠠᠯᠵᠠ ᠲᠠᠢ᠃ ᠡᠷᠡᠭᠲᠡᠢ ᠡᠮᠡᠭᠲᠡᠢ ᠶᠢᠨ ᠬᠤᠪᠴᠠᠰᠤᠨ ᠤ ᠵᠠᠬ᠎ᠠ ᠵᠠᠭᠠᠮ᠎ᠠ ᠶᠢ ᠪᠦᠷ ᠪᠥᠰ ᠢᠶᠠᠷ ᠡᠮᠵᠢᠶᠡᠷᠢᠯᠡᠳᠡᠭ᠃     ᠡᠷ᠎ᠡ ᠬᠥᠮᠦᠨ ᠤ ᠮᠠᠯᠠᠭᠠᠢ ᠱᠣᠷᠣᠯᠵᠢᠨ ᠬᠡᠯᠪᠡᠷᠢᠲᠡᠢ᠂ ᠦᠵᠦᠭᠦᠷ ᠨᠢ ᠤᠯᠠᠭᠠᠨ ᠵᠠᠯᠠᠭ᠎ᠠ ᠪᠠᠶᠢᠳᠠᠭ . ᠮᠠᠯᠠᠭᠠᠶ ᠶᠢᠨ ᠭᠠᠳᠠᠷᠭᠤ ᠶᠢ ᠣᠯᠠᠩᠬᠢ ᠳᠠᠭᠠᠨ ᠬᠥᠬᠡ ᠪᠤᠶᠤ ᠴᠡᠩᠭᠡᠷ ᠥᠩᠭᠡᠲᠡᠶ᠃ ᠡᠪᠦᠯ ᠤᠨ ᠤᠯᠠᠷᠢᠯ ᠤᠨ ᠮᠠᠯᠠᠭᠠᠢ ᠨᠢ ᠬᠤᠷᠠᠭᠠᠨ ᠠᠷᠠᠰᠤ᠂ ᠬᠠᠯᠢᠭᠤ ᠶᠢᠨ ᠠᠷᠠᠰᠤᠨ ᠤ ᠵᠠᠭᠠᠳᠠᠰᠤ ᠲᠠᠢ᠂ ᠰᠢᠯᠦᠭᠦᠰᠦ ᠶᠢᠨ ᠵᠠᠭᠠᠳᠠᠰᠤ ᠲᠠᠢ᠃     ᠡᠮᠡᠭᠲᠡᠶᠢᠴᠦᠳ ᠤᠨ ᠲᠣᠯᠣᠭᠠᠢ ᠶᠢᠨ ᠵᠠᠰᠠᠯ ᠢ ᠬᠠᠷ᠎ᠠ ᠪᠥᠰ ᠢᠶᠠᠷ ᠬᠤᠶᠠᠷ ᠢᠮᠠᠬᠤ ᠥᠷᠭᠡᠨ᠂ ᠨᠢᠭᠡ ᠲᠣᠬᠤᠢ ᠬᠤᠶᠠᠷ ᠢᠮᠠᠬᠤ ᠤᠷᠲᠤ ᠤᠭᠯᠠᠭᠤᠷᠭ᠎ᠠ ᠬᠢᠳᠡᠭ᠃ ᠠᠶᠢᠯ ᠪᠣᠯᠤᠭᠰᠠᠨ ᠪᠦᠰᠡᠭᠦ᠋ᠢᠴᠦᠳ ᠤᠭᠯᠠᠭ᠎ᠠ ᠲᠦᠩᠰᠡ ᠪᠠᠨ ᠬᠤᠶᠠᠷ ᠭᠡᠵᠢᠭᠡᠨ ᠳᠤ ᠪᠠᠨ ᠬᠤᠴᠢᠵᠤ᠂ ᠤᠭᠯᠠᠭᠤᠷᠭ᠎ᠠ ᠶᠢᠨ ᠳᠡᠭᠡᠭᠦᠷ ᠮᠥᠩᠭᠦᠨ ᠭᠢᠨᠵᠢ ᠲᠠᠢ᠂ ᠳᠣᠣᠷ᠎ᠠ ᠦᠵᠦᠭᠦᠷ ᠲᠤᠨᠢ ᠮᠥᠩᠭᠦᠨ ᠴᠠᠭᠠᠷᠢᠭ ᠲᠠᠢ᠃ ᠰᠢᠨ᠎ᠡ ᠬᠤᠷᠢᠮᠯᠠᠭᠰᠠᠨ ᠡᠮᠡᠭᠲᠡᠶᠢᠴᠦᠳ ᠤᠨ ᠭᠡᠵᠢᠭᠡ ᠨᠢ ᠭᠤᠷᠪᠠᠯᠵᠢᠨ ᠮᠥᠩᠭᠦᠨ ᠮᠧᠳᠠᠯ ᠲᠠᠢ᠃ ᠡᠮᠡᠭᠲᠡᠢᠴᠦᠳ ᠪᠦᠷ ᠡᠭᠡᠮᠦᠭ ᠲᠠᠢ᠃ ᠡᠸᠡᠩᠬᠢ ᠬᠥᠮᠦᠨ ᠶᠠᠰᠤ᠂ ᠵᠡᠰ᠂ ᠲᠡᠮᠦᠷ᠂ ᠮᠥᠩᠭᠦ ᠂ ᠴᠡᠪᠡᠷ ᠠᠯᠲᠠᠨ ᠤ ᠪᠦᠯᠡᠵᠡᠭ ᠵᠡᠭᠦᠳᠡᠭ᠃ ᠡᠮᠡᠭᠲᠡᠶᠢᠴᠦᠳ ᠶᠡᠷᠦ ᠳᠡᠭᠡᠨ ᠬᠤᠶᠠᠷ ᠵᠡᠭᠦᠳᠡᠭ᠂ ᠡᠷᠡᠭᠲᠡᠶᠢᠴᠦᠳ ᠵᠡᠭᠦᠳᠡᠭ ᠨᠢ ᠴᠥᠭᠡᠨ᠃ ᠡᠮᠡᠭᠲᠡᠶᠢᠴᠦᠳ ᠭᠡᠷᠯᠡᠬᠦ ᠦᠶ᠎ᠡ ᠳᠤ ᠬᠠᠮᠤᠭ ᠴᠥᠭᠡᠨ ᠳᠡᠭᠡᠨ ᠨᠢᠭᠡ ᠬᠡᠰᠡᠭ ᠮᠥᠩᠭᠦᠨ ᠪᠠᠭᠤᠪᠴᠢ ᠵᠡᠭᠦᠵᠦ᠂ ᠡᠷᠡᠭᠲᠡᠶᠢᠴᠦᠳ ᠴᠦ ᠤᠯᠠᠭᠠᠨ ᠵᠡᠰ ᠪᠠᠭᠤᠪᠴᠢ ᠵᠡᠭᠦᠳᠡᠭ᠃ ᠡᠷᠡᠭᠲᠡᠢ ᠬᠥᠮᠦᠨ ᠤ ᠨᠢᠷᠤᠭᠤᠨ ᠳᠡᠭᠡᠷ᠎ᠡ ᠬᠤᠸᠠᠷ ᠬᠠᠳᠬᠤᠭᠰᠠᠨ ᠲᠠᠮᠠᠬᠢᠨ ᠤᠭᠤᠲᠠ ᠵᠡᠭᠦᠵᠦ᠂ ᠠᠷᠤ ᠳᠤ ᠨᠢ ᠢᠯᠳᠦ ᠡᠯᠭᠦᠵᠦ᠂ ᠮᠣᠷᠢᠨ ᠤ ᠲᠣᠬᠤᠢ ᠂ ᠮᠣᠷᠢᠨ ᠤ ᠪᠠᠷᠢᠭᠤᠯ ᠳᠡᠭᠡᠷ᠎ᠡ ᠪᠦᠷ ᠰᠡᠶᠢᠯᠦᠮᠡᠯ ᠬᠡ ᠤᠭᠠᠯᠵᠠ ᠲᠠᠢ᠃ᠭᠤᠷᠪᠠ᠂ ᠢᠳᠡᠭᠡᠨ ᠤᠮᠳᠠᠭᠠᠨ     ᠡᠸᠡᠩᠬᠢ ᠦᠨᠳᠦᠰᠦᠲᠡᠨ ᠭᠤᠯᠢᠷ ᠬᠤᠭᠤᠯᠠ ᠢᠳᠡᠬᠦ ᠠᠴᠠ ᠭᠠᠳᠠᠨ᠎ᠠ ᠭᠤᠣᠯᠳᠠᠭᠤ ᠪᠤᠭᠤ᠂ ᠭᠥᠷᠥᠭᠡᠰᠦ᠂ ᠬᠡᠭᠡᠷ᠎ᠡ ᠶᠢᠨ ᠭᠠᠭ᠋ᠠᠶ᠂ ᠪᠠᠭᠠᠪᠠᠭᠠᠶ ᠶᠢᠨ ᠮᠢᠬ᠎ᠠ ᠢᠳᠡᠵᠦ᠂ ᠪᠠᠰᠠ ᠤᠰᠤᠨ‌‍ᠤ ᠨᠤᠭᠤᠰᠤ᠂ ᠰᠢᠲᠠᠬᠤᠨ ᠲᠠᠬᠢᠶ᠎ᠠ᠂ ᠭᠤᠷᠭᠤᠤᠯ᠂ ᠭᠠᠯᠠᠭᠤᠨ ᠤ ᠮᠢᠬ᠎ᠠ ᠢᠳᠡᠳᠡᠭ᠃ ᠪᠠᠰᠠ ᠪᠤᠭᠤ ᠶᠢᠨ ᠰᠦ ᠤᠤᠭᠤᠨ᠎ᠠ᠃ ᠴᠢᠨᠵᠢ ᠶᠢᠨ ᠮᠢᠬ᠎ᠠ ᠨᠢ ᠨᠡᠯᠢᠶᠡᠳ ᠡᠷᠬᠢᠮ ᠨᠠᠨᠳᠢᠨ ᠪᠠᠶ᠋ᠳᠠᠭ᠃ ᠲᠠᠯ᠎ᠠ ᠨᠤᠲᠤᠭ ᠲᠤ ᠡᠸᠡᠩᠬᠢ ᠮᠠᠯᠴᠢᠳ᠂ ᠭᠤᠣᠯ ᠢᠳᠡᠭᠡᠨ ᠤ ᠭᠤᠯᠢᠷ ᠠᠴᠠ ᠭᠠᠳᠠᠨ᠎ᠠ᠂ ᠮᠢᠬ᠎ᠠ ᠪᠠ ᠪᠢᠰᠢᠯᠠᠭ᠂ ᠰᠦ ᠲᠠᠢ ᠠᠷᠢᠬᠢ᠂ ᠰᠦ ᠲᠠᠢ ᠴᠠᠢ ᠤᠤᠭᠤᠨ᠎ᠠ᠃ᠳᠥᠷᠪᠡ᠂ ᠱᠠᠰᠢᠨ ᠰᠢᠲᠦᠯᠭᠡ     ᠡᠸᠡᠩᠬᠢ ᠦᠨᠳᠦᠰᠦᠲᠡᠨ ᠪᠥᠭᠡ ᠮᠥᠷᠭᠦᠯ ᠤᠨ ᠱᠠᠰᠢᠨ ᠢ ᠰᠢᠲᠦᠵᠦ ᠪᠠᠶᠢᠭᠠᠯᠢ ᠶᠢᠷᠲᠢᠨᠴᠦ ᠶᠢᠨ ᠠᠮᠢᠲᠠᠨ ᠢ ᠪᠦᠷ ᠬᠦᠨᠳᠦᠳᠬᠡᠵᠦ᠂ ᠬᠡᠷᠡᠮᠦ᠂ ᠤᠰᠤᠨ ᠨᠤᠭᠤᠰᠤ᠂ ᠪᠢᠯᠵᠤᠤᠬᠠᠢ᠂ ᠪᠠᠭᠠᠪᠠᠭᠠᠶ ᠵᠡᠷᠭᠡ ᠶᠢ ᠰᠢᠲᠦᠳᠡᠭ᠃ ᠬᠤᠯᠤᠭᠠᠨ᠎ᠠ ᠶᠢᠨ ᠰᠠᠬᠢᠭᠤᠯᠰᠤᠨ ᠪᠠ ᠪᠠᠭᠠᠪᠠᠭᠠᠶ ᠶᠢᠨ ᠰᠠᠬᠢᠭᠤᠯᠰᠤᠨ ᠭᠡᠵᠦ ᠲᠤᠰ ᠲᠤᠰ ᠨᠡᠷᠡᠯᠡᠳᠡᠭ᠃     ᠡᠸᠡᠩᠬᠢ ᠦᠨᠳᠦᠰᠦᠲᠡᠨ ᠭᠠᠯ ᠢ ᠮᠠᠰᠢ ᠬᠦᠨᠳᠦᠯᠡᠳᠡᠭ᠃ ᠤᠴᠢᠷ ᠨᠢ ᠭᠠᠯ ᠨᠢ ᠲᠡᠳᠡᠨ ᠤ ᠠᠮᠢᠳᠤᠷᠠᠯ᠂ ᠦᠢᠯᠡᠳᠪᠦᠷᠢᠯᠡᠯ ᠳᠤ ᠴᠢᠬᠤᠯᠠ ᠶᠡᠭᠡ ᠦᠢᠯᠡᠳᠦᠯ ᠦᠵᠡᠭᠦᠯᠵᠦ ᠪᠠᠶ᠋ᠳᠠᠭ᠃ ᠢᠷ ᠲᠠᠢ ᠶᠠᠭᠤᠮ᠎ᠠ ᠪᠠᠷ ᠭᠠᠯ ᠨᠣᠴᠣᠭᠠᠵᠤ ᠪᠣᠯᠬᠤ ᠦᠭᠡᠢ︔ ᠤᠰᠤ ᠪᠠᠷ ᠭᠠᠯ ᠰᠠᠴᠤᠵᠤ ᠪᠣᠯᠬᠤ ᠦᠭᠡᠢ︔ ᠪᠤᠵᠠᠷ ᠶᠠᠭᠤᠮ᠎ᠠ ᠶᠢ ᠭᠠᠯ ᠤᠷᠤᠭᠤ ᠬᠠᠶᠠᠵᠤ ᠪᠣᠯᠬᠤ ᠦᠭᠡᠢ᠃ ᠮᠢᠬ᠎ᠠ ᠢᠳᠡᠬᠦ᠂ ᠬᠤᠭᠤᠯᠠ ᠢᠳᠡᠬᠦ᠂ ᠠᠷᠢᠬᠢ ᠤᠤᠭᠤᠬᠤ ᠳᠤ ᠤᠷᠢᠳ ᠢᠶᠠᠷ ᠭᠠᠯ ᠲᠤ ᠡᠷᠭᠦᠬᠦ ᠬᠡᠷᠡᠭᠲᠡᠢ᠃
 
ᠢᠷᠡᠯᠲᠡ᠄ ᠵᠠᠯᠠᠨ ᠠᠢᠢᠯ ᠬᠣᠲᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号