ᠨᠢᠭᠡ᠂ ᠦᠭᠡ ᠬᠡᠯᠡ ᠦᠰᠦᠭ ᠪᠢᠴᠢᠭ | ᠮᠠᠨᠵᠤ ᠦᠨᠳᠦᠰᠦᠲᠡᠨ ᠠᠯᠢ ᠡᠷᠲᠡ ᠠᠴᠠ ᠥᠪᠡᠷ ᠤᠨ ᠦᠭᠡ ᠬᠡᠯᠡ ᠦᠰᠦᠭ ᠪᠢᠴᠢᠭ ᠲᠠᠢ᠃ | ᠮᠠᠨᠵᠤ ᠦᠨᠳᠦᠰᠦᠲᠡᠨ ᠪᠣᠯ ᠠᠯᠲᠠᠶ ᠠᠶᠢᠮᠠᠭ ᠤᠨ ᠮᠠᠨᠵᠤ — ᠲᠦᠩᠭᠦᠰ ᠦᠨᠳᠦᠰᠦᠲᠡᠨ ᠤ ᠮᠠᠨᠵᠤ ᠬᠡᠯᠡᠨ ᠤ | ᠰᠠᠯᠪᠤᠷᠢ ᠰᠠᠯᠪᠤᠷᠢ ᠳᠤ ᠬᠠᠷᠢᠶᠠᠯᠠᠭᠳᠠᠨ᠎ᠠ᠃ ᠠᠯᠲᠠᠨ ᠤᠯᠤᠰ ᠤᠨ ᠣᠶᠢᠶ᠎ᠠ ᠳᠤ ᠥᠪᠡᠷ ᠤᠨ ᠦᠰᠦᠭ ᠪᠢᠴᠢᠭ — | ᠵᠦᠷᠴᠢᠨ ᠦᠰᠦᠭ᠃ 16 ᠳ᠋ᠤᠭᠠᠷ ᠵᠠᠭᠤᠨ ᠤ ᠰᠡᠭᠦᠯᠴᠢ ᠪᠠᠷ᠂ ᠮᠣᠩᠭᠤᠯ ᠬᠡᠯᠡ ᠪᠠᠷ ᠮᠠᠨᠵᠤ ᠬᠡᠯᠡ ᠶᠢ ᠡᠭᠦᠳᠦᠨ | ᠪᠦᠲᠦᠭᠡᠵᠡᠢ᠃ 17 ᠳ᠋ᠤᠭᠠᠷ ᠵᠠᠭᠤᠨ ᠳᠤ ᠪᠠᠰᠠ ᠤᠤᠯ ᠤᠨ ᠮᠠᠨᠵᠤ ᠬᠡᠯᠡᠨ ᠤ ᠰᠠᠭᠤᠷᠢ ᠳᠡᠭᠡᠷ᠎ᠡ ᠰᠢᠨ᠎ᠡ ᠮᠠᠨᠵᠤ | ᠬᠡᠯᠡ ᠶᠢ ᠡᠭᠦᠳᠦᠨ ᠪᠦᠲᠦᠭᠡᠵᠡᠢ᠃ ᠠᠶᠢᠰᠢᠨ ᠬᠢᠤᠷᠣ᠋ · ᠤᠷᠠᠰᠢᠴᠦ᠋ᠨ ᠨᠠᠶᠢᠷᠠᠭᠤᠯᠤᠨ ᠵᠣᠬᠢᠶᠠᠭᠰᠠᠨ ︽ᠮᠠᠨᠵᠤ | ᠬᠡᠯᠡᠨ ᠤ ᠬᠡᠯᠡᠨ ᠵᠦᠢ︾᠂ ︽ᠮᠠᠨᠵᠤ ᠬᠡᠯᠡᠨ ᠤ ᠰᠤᠪᠤᠳ︾ ᠵᠡᠷᠭᠡ ᠨᠣᠮ ᠲᠠᠢ᠃ ᠮᠠᠨᠵᠤ ᠬᠡᠯᠡ ᠨᠢ ︽ᠵᠦᠷᠴᠢᠨ | ᠬᠡᠯᠡ — ᠠᠬᠠᠮᠠᠳ ᠮᠠᠨᠵᠤ ᠬᠡᠯᠡ — ᠰᠢᠨ᠎ᠡ ᠮᠠᠨᠵᠤ ᠬᠡᠯᠡ︾ ᠭᠤᠷᠪᠠᠨ ᠬᠤᠪᠢᠰᠬᠠᠯ ᠤᠨ ᠱᠠᠳᠤ ᠶᠢ | ᠥᠩᠭᠡᠷᠡᠭᠡᠪᠡ᠃ ᠣᠳᠣᠬᠠᠨ ᠳᠤ ᠮᠠᠨ ᠤ ᠤᠯᠤᠰ ᠤᠨ ᠲᠣᠭᠲᠠᠭᠠᠭᠰᠠᠨ ᠴᠥᠭᠡᠨ ᠲᠣᠭᠠᠲᠤ ᠦᠨᠳᠦᠰᠦᠲᠡᠨ ᠤ | ᠳᠣᠲᠣᠷ᠎ᠠ ᠮᠠᠨᠵᠤ ᠦᠰᠦᠭ ᠪᠠᠭᠲᠠᠭᠠᠬᠤ ᠦᠭᠡᠢ᠃ ᠲᠤᠰᠬᠠᠶᠢᠯᠠᠨ ᠰᠤᠳᠤᠯᠬᠤ ᠠᠴᠠ ᠭᠠᠳᠠᠨ᠎ᠠ᠂ ᠮᠠᠨᠵᠤ ᠬᠡᠯᠡ ᠶᠢ | ᠦᠷᠭᠦᠯᠵᠢ ᠬᠡᠷᠡᠭᠯᠡᠳᠡᠭ ᠦᠭᠡᠢ᠃ ᠮᠠᠨᠵᠤ ᠬᠡᠯᠡ ᠶᠢ ᠬᠠᠷᠠᠮᠥ᠋ᠷᠡᠨ᠂ ᠰᠢᠨᠵᠢᠶᠠᠩ ᠣᠷᠣᠨ ᠳᠤ ᠬᠡᠷᠡᠭᠯᠡᠬᠦ ᠠᠴᠠ ᠭᠠᠳᠠᠨ᠎ᠠ | ᠂ ᠪᠦᠬᠦ ᠤᠯᠤᠰ ᠤᠨ ᠪᠤᠰᠤᠳ ᠭᠠᠵᠠᠷ ᠣᠷᠣᠨ ᠳᠤ ᠦᠨᠳᠦᠰᠦᠨ ᠳᠡᠭᠡᠨ ᠬᠡᠷᠡᠭᠯᠡᠬᠦ ᠦᠭᠡᠢ᠃ | ᠬᠤᠶᠠᠷ᠂ ᠬᠤᠪᠴᠠᠰᠤ ᠵᠠᠰᠠᠯ | ᠮᠠᠨᠵᠤ ᠦᠨᠳᠦᠰᠦᠲᠡᠨ ᠤ ᠬᠤᠪᠴᠠᠰᠤ ᠵᠠᠰᠠᠯ ᠨᠢ ᠡᠪᠦᠭᠡ ᠳᠡᠭᠡᠳᠦᠰ ᠤᠨ ᠢᠶᠠᠨ ᠳᠠᠭᠢᠨᠢ ᠶᠢᠨ ᠤᠯᠠᠮᠵᠢᠯᠠᠯ ᠢ | ᠵᠢᠯᠭᠠᠮᠵᠢᠯᠠᠭᠰᠠᠨ ᠶᠤᠮ᠃ ᠠᠷᠠᠳ ᠤᠨ ᠬᠡᠷᠡᠭᠯᠡᠭᠡᠨ ᠤ ᠡᠯᠪᠡᠭ ᠪᠠᠶᠠᠯᠢᠭ ᠣᠨᠴᠠᠯᠢᠭ ᠲᠠᠢ ᠪᠠᠶᠢᠳᠠᠭ ᠨᠢ ᠤᠮᠠᠷᠠᠲᠤ | ᠣᠷᠣᠨ ᠤ ᠬᠠᠷᠪᠤᠵᠤ ᠨᠠᠮᠨᠠᠬᠤ ᠦᠨᠳᠦᠰᠦᠲᠡᠨ ᠤ ᠠᠮᠢᠳᠤᠷᠠᠯ ᠤᠨ ᠣᠨᠴᠠᠯᠢᠭ ᠤᠨ ᠭᠤᠸ᠎ᠠ ᠲᠠᠭᠠᠰᠢᠶᠠᠯ ᠤᠨ ᠳᠤᠷ᠎ᠠ | ᠰᠣᠨᠢᠷᠬᠠᠯ ᠢ ᠲᠤᠰᠬᠠᠵᠠᠶ᠃ | ᠲᠠᠰᠢᠶᠠᠪᠴᠢ ᠲᠡᠷᠯᠢᠭ ᠢ ᠲᠠᠩ᠂ ᠬᠠᠪᠴᠢᠭᠤᠷ᠂ ᠠᠷᠠᠰᠤ᠂ ᠬᠥᠪᠥᠩ ᠭᠡᠵᠦ 4 ᠵᠦᠢᠯ ᠬᠤᠪᠢᠶᠠᠳᠠᠭ᠃ | ᠬᠡᠯᠪᠡᠷᠢ ᠮᠠᠶ᠋ᠢᠭ ᠨᠢ ᠬᠠᠪᠴᠢᠭᠤᠯᠤᠭᠰᠠᠨ ᠵᠠᠭᠠᠮ᠎ᠠ ︵ᠰᠡᠭᠦᠯᠡᠷ ᠨᠢ ᠬᠠᠭᠤᠷᠮᠠᠭ ᠵᠠᠭᠠᠮ᠎ᠠ ᠲᠠᠢ︶᠂ ᠨᠠᠷᠢᠨ ᠬᠠᠨᠴᠤᠶ ︵ | ᠪᠤᠶᠤ ᠰᠤᠮᠤᠨ ᠬᠠᠨᠴᠤᠶ︶᠂ ᠬᠤᠶᠠᠷ ᠲᠠᠯ᠎ᠠ ᠪᠠᠷ ᠨᠢ ᠨᠡᠭᠡᠭᠡᠨ᠎ᠡ᠃ ᠲᠡᠭᠡᠭᠡ ᠠᠪᠴᠤ ᠶᠠᠪᠤᠨ᠎ᠠ᠃ ᠮᠠᠨᠵᠤ | ᠦᠨᠳᠦᠰᠦᠲᠡᠨ ᠪᠠᠰᠠ ᠮᠠᠨᠵᠤ ᠲᠡᠷᠯᠢᠭ ᠳᠡᠭᠡᠷ᠎ᠡ ᠬᠦᠷᠮ᠎ᠡ ᠨᠡᠮᠡᠬᠦ ︵ᠴᠢᠩ ᠤᠯᠤᠰ ᠤᠨ ᠦᠶ᠎ᠡ ᠳᠤ ᠬᠠᠨᠵᠢᠶᠠᠷ ᠨᠡᠮᠡᠳᠡᠭ | ︶ ᠳᠤ ᠳᠤᠷᠠᠲᠠᠢ ᠪᠠᠶᠢᠳᠠᠭ᠃ | ᠮᠠᠯᠠᠭᠠᠢ᠄ ᠡᠷᠡᠭᠲᠡᠢ ᠨᠠᠮᠤᠷ ᠡᠪᠦᠯ ᠳᠤᠯᠠᠭᠠᠨ ᠮᠠᠯᠠᠭᠠᠶ ᠡᠮᠦᠰᠴᠦ᠂ ᠬᠠᠪᠤᠷ ᠵᠤᠨ ᠰᠡᠷᠢᠭᠦᠨ ᠮᠠᠯᠠᠭᠠᠶ ᠵᠡᠭᠦᠨ᠎ᠡ᠃ | ᠳᠤᠯᠠᠭᠠᠨ ᠮᠠᠯᠠᠭᠠᠢ ᠵᠠᠬ᠎ᠠ ᠲᠠᠢ᠂ ᠰᠡᠷᠢᠭᠦᠨ ᠮᠠᠯᠠᠭᠠᠢ ᠵᠠᠬ᠎ᠠ ᠦᠭᠡᠢ . ᠬᠤᠶᠠᠷ ᠵᠦᠢᠯ ᠤᠨ ᠮᠠᠯᠠᠭᠠᠢ ᠨᠢ ᠪᠦᠷ | ᠶᠣᠰᠣᠯᠠᠯ ᠤᠨ ᠮᠠᠯᠠᠭᠠᠢ ᠪᠠᠶᠢᠵᠤ᠂ ᠭᠠᠳᠠᠭᠰᠢ ᠭᠠᠷᠴᠤ᠂ ᠵᠣᠴᠢᠨ ᠲᠠᠢ ᠠᠭᠤᠯᠵᠠᠬᠤ ᠳᠠᠭᠠᠨ ᠵᠡᠭᠦᠵᠦ᠂ ᠡᠩ ᠤᠨ | ᠦᠶ᠎ᠡ ᠳᠤ ᠰᠤᠯᠠ ᠮᠠᠯᠠᠭᠠᠢ ᠵᠡᠬᠦᠳᠡᠭ᠃ | ᠳᠡᠪᠢᠭᠦᠷ ᠬᠡᠯᠪᠡᠷᠢᠲᠦ ᠲᠢᠲᠢᠮ᠄ ᠶᠡᠷᠦ ᠳᠡᠭᠡᠨ ︽ᠲᠤᠭ︾ ᠪᠤᠶᠤ ︽ᠠᠯᠪᠠᠨ ᠤ ᠬᠤᠪᠴᠠᠰᠤ︾ ᠭᠡᠳᠡᠭ᠃ | ᠳᠡᠪᠢᠭᠦᠷ ᠬᠡᠯᠪᠡᠷᠢᠲᠦ ᠲᠢᠲᠢᠮ ᠵᠡᠭᠦᠭᠰᠡᠳ ᠤᠨ ᠣᠯᠠᠩᠬᠢ ᠨᠢ ᠮᠠᠨᠵᠤ ᠦᠨᠳᠦᠰᠦᠲᠡᠨ ᠤ ᠳᠡᠭᠡᠳᠦ ᠳᠠᠪᠬᠤᠷᠭᠠᠨ ᠤ | ᠡᠮᠡᠭᠲᠡᠶᠢᠴᠦᠳ ᠪᠣᠯᠤᠨ᠎ᠠ᠃ | ᠭᠤᠷᠪᠠ᠂ ᠴᠡᠭᠡᠷ᠄ | ᠮᠠᠨᠵᠤ ᠦᠨᠳᠦᠰᠦᠲᠡᠨ ᠨᠣᠬᠠᠢ ᠶᠢ ᠬᠦᠨᠳᠦᠯᠡᠬᠦ ᠵᠠᠩᠰᠢᠯ ᠲᠠᠢ . ᠨᠣᠬᠠᠢ ᠶᠢ ᠡᠯᠠᠬᠤ ᠦᠭᠡᠢ᠂ ᠨᠣᠬᠠᠢ ᠶᠢᠨ ᠮᠢᠬ᠎ᠠ | ᠢᠳᠡᠬᠦ ᠦᠭᠡᠢ᠂ ᠨᠣᠬᠠᠢ ᠶᠢᠨ ᠮᠠᠯᠠᠭᠠᠢ ᠡᠮᠦᠰᠬᠦ ᠦᠭᠡᠢ᠂ ᠨᠣᠬᠠᠢ ᠶᠢᠨ ᠠᠷᠠᠰᠤᠨ ᠳᠡᠪᠢᠰᠬᠡᠷ ᠳᠡᠪᠢᠰᠬᠦ ᠦᠭᠡᠢ . | ᠱᠠᠭᠠᠵᠠᠭᠠᠢ ᠬᠡᠷᠢᠶ᠎ᠡ ᠶᠢ ᠴᠣᠬᠢᠬᠤ ᠦᠭᠡᠢ . | ᠮᠠᠨᠵᠤ ᠦᠨᠳᠦᠰᠦᠲᠡᠨ ᠤ ᠣᠯᠠᠩᠬᠢ ᠨᠢ ᠬᠦᠷᠢᠶᠡᠨ ᠳᠤ ᠪᠠᠨ ᠤᠳᠠ ᠮᠣᠳᠣ ᠵᠠᠶᠢᠯᠠᠵᠤ᠂ ᠪᠤᠷᠬᠠᠨ ᠰᠢᠲᠦᠭᠡᠨ ᠢ | ᠲᠠᠬᠢᠬᠤ ᠰᠢᠳᠦᠵᠦ᠂ ᠪᠤᠵᠠᠷᠯᠠᠵᠤ ᠪᠣᠯᠬᠤ ᠦᠭᠡᠢ᠂ ᠮᠣᠳᠣᠨ ᠳᠣᠣᠷ᠎ᠠ ᠮᠣᠷᠢ ᠤᠶᠠᠬᠤ ᠪᠤᠶᠤ ᠭᠡᠷ ᠤᠨ ᠵᠢᠭᠦᠷᠲᠡᠨ ᠢ | ᠲᠡᠵᠢᠭᠡᠵᠦ ᠪᠣᠯᠬᠤ ᠦᠭᠡᠢ᠃ | ᠮᠠᠨᠵᠤ ᠦᠨᠳᠦᠰᠦᠲᠡᠨ ᠤ ᠡᠳᠡᠭᠡᠷ ᠴᠡᠭᠡᠷ ᠨᠢ ᠪᠠᠯᠠᠷ ᠡᠷᠲᠡᠨ ᠤ ᠱᠠᠰᠢᠨ ᠤ ᠭᠦᠨ ᠵᠤᠵᠠᠭᠠᠨ ᠥᠩᠭᠡ | ᠪᠤᠳᠤᠭ ᠲᠠᠢ ᠪᠥᠭᠡᠳ ᠪᠠᠰᠠ ᠮᠠᠨᠵᠤ ᠬᠥᠮᠦᠨ ᠤ ᠠᠴᠢ ᠬᠠᠷᠢᠭᠤᠯᠠᠬᠤ ᠦᠵᠡᠯ ᠰᠠᠨᠠᠭ᠎ᠠ ᠶᠢ ᠢᠯᠡᠳᠬᠡᠭᠰᠡᠨ ᠪᠠᠶᠢᠨ᠎ᠠ᠃ | ᠮᠠᠨᠵᠤ ᠦᠨᠳᠦᠰᠦᠲᠡᠨ ᠪᠥᠭᠡ ᠮᠥᠷᠭᠦᠯ ᠤᠨ ᠱᠠᠰᠢᠨ ᠢ ᠰᠢᠲᠦᠳᠡᠭ᠃ |