ᠬᠠᠯᠠᠭᠤᠨ ᠡᠯᠢᠭᠡᠨ ᠳᠡᠭᠡᠨ ᠭᠤᠷᠪᠠᠨ ᠮᠢᠩᠭᠠᠨ ᠦᠨᠦᠴᠢᠨ ᠬᠡᠥᠬᠡᠳ ᠢ ᠲᠤᠰᠴᠦ ᠠᠪᠤᠭᠰᠠᠨ ᠬᠠᠶᠢᠷ᠎ᠠ ᠶᠢᠨ ᠢᠷᠠᠭᠤ ᠳᠠᠭᠤᠯᠠᠯ ᠦᠪᠦᠷ ᠮᠤᠩᠭᠤᠯ ᠳᠤ ᠮᠦᠡᠭᠭᠡ ᠳᠠᠭᠤᠷᠢᠰᠤᠨᠠᠮ — — ︽ᠨᠠᠮ ᠤᠨ ᠦᠭᠡ ᠶᠢ ᠰᠤᠨᠤᠰᠴᠦ ᠨᠠᠮ ᠳᠠᠭᠠᠨ ᠲᠠᠯᠠᠷᠬᠠᠵᠦ ᠨᠠᠮ ᠢᠶᠠᠨ ᠳᠠᠭᠠᠨ᠎ᠠ︾ ᠦᠡᠳᠤᠰᠤᠳᠡᠨ ᠤ ᠪᠦᠯᠬᠦᠮᠳᠠᠯ ᠤᠨ ᠦᠯᠢᠭᠡᠷ ᠤᠨ ᠰᠢᠷᠢᠰ ᠰᠤᠷᠪᠤᠯᠵᠢᠯᠠᠭ᠎ᠠ ︵ᠨᠢᠭᠡ︶
ᠨᠡᠶᠢᠲᠡᠯᠡᠭᠰᠡᠨ ᠴᠠᠭ᠄
2021/10/13
ᠨᠠᠶᠢᠷᠠᠭᠤᠯᠤᠭᠴᠢ ᠶᠢᠨ ᠦᠭᠡ᠄     ᠲᠡᠬᠡᠷ᠎ᠡ ᠵᠠᠭᠤᠨ ᠤ ᠲᠠᠪᠢᠭᠠᠳ ᠤᠨ ᠤ ᠰᠡᠬᠦᠯᠴᠢ᠂ ᠵᠢᠷᠠᠭᠠᠳ ᠤᠨ ᠤ ᠡᠬᠢ ᠪᠠᠷ᠂ ᠱᠠᠩᠬᠠᠢ᠂ ᠵᠢᠶᠠᠩᠰᠦ᠂ ᠠᠨᡁᠦ᠋ᠢ ᠵᠡᠷᠬᠡ ᠭᠠᠵᠠᠷ ᠪᠠᠶᠢᠭᠠᠯᠢ ᠶᠢᠨ ᠬᠦᠨᠳᠦ ᠭᠠᠢ ᠭᠠᠮᠰᠢᠭ ᠲᠤ ᠲᠠᠭᠠᠷᠢᠭᠳᠠᠵᠦ᠂ ᠦᠨᠦᠴᠢᠨ ᠬᠡᠤᠬᠡᠳ ᠤᠨ ᠠᠰᠠᠷᠠᠮᠵᠢ ᠶᠢᠨ ᠬᠦᠷᠢᠶᠡᠯᠡᠩ ᠦᠵᠡᠵᠦ ᠪᠠᠶᠢᠳᠠᠯ᠎ᠠ ᠬᠦᠯᠢᠶᠡᠨ ᠠᠪᠬᠤ ᠬᠡᠮᠵᠢᠶᠡᠨ ᠠᠴᠠ ᠪᠠᠨ ᠬᠡᠳᠦᠷᠡᠵᠦ᠂ ᠬᠡᠤᠬᠡᠳ ᠤᠳ ᠢᠳᠡᠬᠦ ᠬᠤᠭᠤᠯᠠ ‍ᠦᠬᠡᠢ ᠪᠤᠯᠬᠤ ᠬᠡᠮᠵᠢᠶᠠᠨ ᠳᠤ ᠬᠦᠷᠴᠡᠢ᠃ ᠲᠤᠬᠠᠢ ᠶᠢᠨ ᠦᠶ᠎ᠡ ᠳᠤ ᠵᠧᠦ ᠡᠧᠨ ᠯᠠᠢ ᠶᠡᠷᠦᠩᠬᠡᠢ ᠰᠠᠶᠢᠳ ᠤᠯᠠᠭᠠᠨᠬᠦᠦ ᠲᠠᠢ ᠵᠦᠪᠳᠡᠯᠴᠡᠬᠡᠳ ᠡᠮᠦᠨᠡᠳᠤ ᠤᠷᠤᠨ ᠤ 3000 ᠦᠨᠦᠴᠢᠨ ᠬᠡᠤᠬᠡᠳ ᠢ ᠬᠡᠳᠦᠨ ᠪᠦᠯᠦᠭ ᠬᠤᠪᠢᠶᠠᠨ ᠦᠪᠦᠷ ᠮᠤᠩᠭᠤᠯ ᠳᠤ ᠲᠤᠰᠴᠦ ᠠᠪᠴᠢᠷᠠᠨ᠂ ᠡᠯ᠎ᠡ ᠠᠶᠢᠮᠠᠭ ᠬᠤᠳᠠ ᠶᠢᠨ ᠬᠠᠯᠠᠭᠤᠨ ᠰᠡᠳᠬᠢᠯᠳᠤ ᠮᠠᠯᠴᠢᠳ ᠲᠤ ᠦᠷᠡᠴᠢᠯᠡᠬᠦᠯᠦᠨ ᠲᠡᠵᠢᠬᠡᠯᠬᠡᠪᠡ᠃ ᠪᠠᠶᠢᠭᠠᠯᠢ ᠶᠢᠨ ᠭᠠᠮᠰᠢᠭ ᠲᠤ ᠲᠠᠭᠠᠷᠢᠭᠳᠠᠭᠰᠠᠨ ᠬᠦᠴᠢᠷ ᠪᠡᠷᠬᠡ ᠴᠠᠭ ᠦᠶ᠎ᠡ ᠳᠤ ᠦᠪᠦᠷ ᠮᠤᠩᠭᠤᠯ ᠤᠨ ᠠᠷᠠᠳ ᠲᠦᠮᠡᠨ ᠬᠠᠶᠢᠷ᠎ᠠ ᠰᠡᠳᠬᠢᠯᠬᠡ ᠪᠠᠨ ᠬᠠᠷᠠᠮ ᠦᠬᠡᠢ ᠡᠷᠬᠦᠵᠦ᠂ ︽ᠤᠯᠤᠰ ᠤᠨ ᠬᠡᠤᠬᠡᠳ︾ ᠢ ᠦᠷᠡᠴᠢᠯᠡᠨ ᠲᠡᠵᠢᠬᠡᠵᠦ᠂ ᠲᠤᠮᠳᠠᠳᠤ ᠶᠢᠨ ᠦᠨᠳᠦᠰᠦᠳᠡᠨ ᠤ ᠲᠤᠮᠤ ᠬᠡᠷ ᠪᠦᠯᠢ ᠳᠤ ᠦᠨᠳᠦᠰᠦᠳᠡᠨ ᠨᠦᠭᠦᠳ ᠤᠨ ᠠᠬ᠎ᠠ ᠲᠡᠬᠦᠦ ᠨᠠᠷ ᠰᠡᠳᠬᠢᠯ ᠨᠢᠬᠡᠳᠤᠨ ᠪᠦᠯᠬᠦᠮᠳᠡᠵᠦ᠂ ᠬᠠᠷᠢᠯᠴᠠᠨ ᠬᠠᠪᠰᠤᠷᠴᠦ᠂ ᠦᠨᠳᠦᠰᠦᠳᠡᠨ ᠤ ᠪᠦᠯᠬᠦᠮᠳᠡᠯ ᠤᠨ ᠢᠷᠠᠭᠤ ᠬᠠᠭᠤᠳᠠᠰᠦ ᠶᠢ ᠪᠢᠴᠢᠭᠯᠡᠭᠰᠡᠨ ᠶᠤᠮ᠃     ᠲᠡᠬᠡᠷ᠎ᠡ ᠵᠠᠭᠤᠨ ᠤ ᠲᠠᠪᠢᠭᠠᠳ ᠤᠨ ᠤ ᠰᠡᠬᠦᠯᠴᠢ᠂ ᠵᠢᠷᠠᠭᠠᠳ ᠤᠨ ᠤ ᠡᠬᠢ ᠪᠠᠷ ᠲᠡᠬᠡᠷ᠎ᠡ ᠱᠠᠳᠤᠨ ᠤ ᠵᠢᠭᠠᠪᠤᠷᠢ ᠶᠤᠰᠤᠭᠠᠷ᠂ ᠬᠠᠯᠠᠭᠤᠨ ᠰᠡᠳᠬᠢᠯᠳᠤ ᠬᠦᠯᠦᠨ ᠪᠤᠶᠢᠷ ᠤᠨ ᠠᠷᠠᠳ ᠲᠦᠮᠡᠨ ᠴᠦ ᠬᠠᠶᠢᠷ᠎ᠠ ᠶᠢᠨ ᠬᠠᠯᠠᠭᠤᠨ ᠭᠠᠷ ᠢᠶᠠᠨ ᠰᠤᠩᠭᠠᠵᠦ᠂ 300 ᠭᠠᠷᠤᠢ ᠦᠨᠦᠴᠢᠨ ᠬᠡᠤᠬᠡᠳ ᠢ ᠦᠷᠡᠴᠢᠯᠡᠨ ᠲᠡᠵᠢᠬᠡᠪᠡ᠃ ᠡᠳᠡᠬᠡᠷ ᠬᠠᠯᠠ ᠵᠤᠪᠠᠯᠠᠩ ᠠᠮᠰᠠᠭᠰᠠᠨ ᠦᠨᠦᠴᠢᠨ ᠬᠡᠤᠬᠡᠳ ᠤᠳ ᠡᠷᠬᠦᠭᠰᠡᠨ ᠠᠪᠤ ᠡᠵᠢ᠂ ᠨᠠᠮ ᠵᠠᠰᠠᠭ ᠤᠨ ᠬᠠᠶᠢᠷ᠎ᠠ ᠬᠠᠮᠠᠯᠵᠢ ᠲᠤᠤᠷ᠎ᠠ ᠬᠦᠯᠦᠨ ᠪᠤᠶᠢᠷ ᠤᠨ ᠲᠠᠯ᠎ᠠ ᠨᠤᠳᠤᠭ ᠲᠤ ᠡᠩᠬᠡ ᠲᠤᠩᠬ᠎ᠠ ᠦᠰᠤᠨ ᠪᠤᠶᠢᠵᠢᠵᠦ᠂ ᠡᠨᠡ ᠨᠤᠳᠤᠭ ᠲᠤ ᠢᠳᠡᠬᠡᠰᠢᠨ ᠵᠤᠯ ᠵᠢᠷᠭᠠᠯ ᠲᠠᠢ ᠠᠮᠢᠳᠤᠷᠠᠯ᠎ᠠ᠃     3 ᠰᠠᠷ᠎ᠠ ᠶᠢᠨ 5      ᠤ ᠡᠳᠦᠷ ᠶᠡᠷᠦᠩᠬᠡᠢ ᠱᠦᠵᠢ ᠰᠢ ᠶᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠷᠪᠡᠳᠦᠬᠡᠷ ᠬᠤᠷᠠᠯ ᠤᠨ ᠦᠪᠦᠷ ᠮᠤᠩᠭᠤᠯ ᠤᠨ ᠲᠦᠯᠦᠬᠡᠯᠡᠭᠴᠢᠳ ᠤᠨ ᠪᠦᠯᠬᠦᠮ ᠤᠨ ᠬᠢᠨᠡᠨ ᠵᠦᠪᠯᠡᠬᠦ ᠳᠤ ᠤᠷᠤᠯᠴᠠᠬᠤ ᠳᠠᠭᠠᠨ ︽ᠭᠤᠷᠪᠠᠨ ᠮᠢᠩᠭᠠᠨ ᠦᠨᠦᠴᠢᠨ ᠬᠡᠤᠬᠡᠳ ᠢ ᠦᠷᠡᠴᠢᠯᠡᠨ ᠲᠡᠵᠢᠭᠡᠭᠰᠡᠨ︾ ᠲᠤᠬᠠᠢ ᠲᠡᠤᠬᠡ ᠶᠢᠨ ᠤᠴᠢᠷ ᠢ ᠲᠤᠷᠠᠳᠴᠠᠢ᠃ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠬᠡᠯᠡᠬᠦ ᠲᠠᠰᠢᠷᠠᠮ ᠢᠶᠠᠷ᠂ ᠬᠦᠯᠦᠨ ᠪᠤᠶᠢᠷ ᠤᠨ ᠡᠳᠤᠷ ᠤᠨ ᠰᠤᠨᠢᠨ ᠤ ᠬᠢᠨ ︽ᠨᠠᠮ ᠤᠨ ᠦᠬᠡ ᠶᠢ ᠰᠤᠨᠤᠰᠴᠦ ᠨᠠᠮ ᠳᠠᠭᠠᠨ ᠲᠠᠯᠠᠷᠬᠠᠵᠦ ᠨᠠᠮ ᠢᠶᠠᠨ ᠲᠠᠭᠠᠨ᠎ᠠ︾ ᠦᠨᠳᠦᠰᠤᠳᠡᠨ ᠤ ᠪᠦᠯᠬᠦᠮᠳᠡᠯ ᠤᠨ ᠦᠯᠢᠬᠡᠷ ᠤᠨ ᠰᠢᠷᠢᠰ ᠰᠤᠷᠪᠤᠯᠵᠢᠯᠠᠭ᠎ᠠ ᠬᠢᠵᠦ᠂ ᠲᠡᠳᠡᠨ ᠲᠠᠢ ᠬᠠᠮᠳᠤ ᠠᠭᠤᠤ ᠶᠡᠭᠡ ᠡᠭᠡ ᠤᠯᠤᠰ ᠤᠨ ᠢᠶᠠᠨ ᠯᠤᠳᠤ ᠶᠡᠭᠡ ᠬᠤᠪᠢᠷᠠᠯᠳᠠ ᠪᠡ ᠦᠡᠳᠤᠰᠤᠳᠡᠨ ᠤ ᠪᠥᠯᠬᠦᠮᠳᠡᠯ ᠤᠨ ᠢᠷᠠᠭᠤ ᠬᠠᠭᠤᠳᠠᠰᠤ ᠶᠢ ᠡᠷᠬᠢᠴᠡᠬᠦᠯᠦᠶ᠎ᠠ᠃     ᠳᠡᠭᠡᠷ᠎ᠡ ᠵᠠᠭᠤᠨ ᠤ ᠵᠢᠷᠠᠭᠠᠳ ᠣᠨ ᠤ ᠡᠬᠢ ᠪᠠᠷ᠂ ᠱᠠᠩᠬᠠᠢ ᠵᠢᠶᠠᠩᠰᠦ ᠵᠧᠵᠢᠶᠠᠩ ᠠᠨᠾᠦ᠋ᠢ ᠵᠡᠷᠭᠡ ᠭᠠᠵᠠᠷ ᠠᠴᠠ ᠢᠷᠡᠭᠰᠡᠨ 3000 ᠭᠠᠷᠤᠢ ᠥᠨᠥᠴᠢᠨ ᠨᠢᠯᠬ᠎ᠠ ᠬᠡᠦᠬᠡᠳ ᠡᠮᠦᠨᠡᠲᠦ ᠣᠷᠣᠨ ᠠᠴᠠ ᠥᠷᠭᠡᠨ ᠠᠭᠤᠳᠠᠮ ᠥᠪᠥᠷ ᠮᠣᠩᠭᠤᠯ ᠤᠨ ᠲᠠᠯ᠎ᠠ ᠨᠤᠲᠤᠭ ᠲᠤ ᠢᠷᠡᠪᠡ᠃ ᠪᠦᠷᠢᠳᠬᠡᠯ ᠢ ᠦᠨᠳᠦᠰᠦᠯᠡᠪᠡᠯ᠂ 1960 ᠣᠨ ᠠᠴᠠ 1961 ᠤᠨ ᠪᠣᠯᠲᠠᠯ᠎ᠠ ᠬᠥᠯᠥᠨ ᠪᠤᠶᠢᠷ ᠲᠤ ᠢᠷᠡᠭᠰᠡᠨ ᠦᠨᠦᠴᠢᠨ ᠬᠡᠦᠬᠡᠳ 300 ᠭᠠᠷᠤᠶ ᠪᠠᠶᠢᠵᠠᠶ᠃ ᠲᠠᠯ᠎ᠠ ᠨᠤᠲᠤᠭ ᠤᠨ ᠡᠵᠢ ᠶᠢᠨ ᠨᠠᠷᠢᠨ ᠨᠢᠮᠪᠠᠶ ᠬᠠᠷᠠᠭᠠᠯᠵᠠᠯ ᠳᠤᠤᠷ᠎ᠠ᠂ ᠲᠡᠳᠡ ᠬᠥᠮᠦᠨ ᠤ ᠵᠡᠷᠭᠡ ᠳᠤ ᠬᠦᠷᠴᠦ᠂ ᠬᠥᠮᠦᠨ ᠬᠦ᠋ᠮᠦᠨ ᠤ ᠬᠤᠭᠤᠷᠤᠨᠳᠤᠬᠢ ᠬᠠᠶᠢᠷ᠎ᠠ ᠰᠡᠳᠬᠢᠯᠭᠡ ᠶᠢᠨ ᠦᠨ᠎ᠡ ᠴᠡᠨ᠎ᠡ ᠶᠢ ᠮᠡᠳᠡᠷᠡᠵᠠᠢ᠃ ᠵᠢᠷᠠᠨ ᠵᠢᠯ ᠤᠨ ᠡᠮᠦᠨᠡᠬᠢ ᠬᠠᠲᠠᠭᠤ ᠪᠡᠷᠭᠡ ᠤᠨ ᠰᠠᠷ᠎ᠠ ᠶᠢ ᠡᠷᠭᠢᠴᠡᠭᠦᠯᠬᠦ ᠳᠤ᠂ ᠥᠪᠥᠷ ᠮᠣᠩᠭᠤᠯ ᠤᠨ ᠠᠷᠠᠳ ᠲᠦᠮᠡᠨ ᠲᠠᠯ᠎ᠠ ᠨᠤᠲᠤᠭ ᠤᠨ ᠡᠵᠢ ᠰᠢᠭ ᠠᠭᠤᠳᠠᠮᠴᠢ ᠰᠡᠳᠬᠢᠯ ᠢᠶᠠᠷ ᠭᠤᠷᠪᠠᠨ ᠮᠢᠩᠭᠠᠨ ᠥᠨᠥᠴᠢᠨ ᠬᠡᠦᠬᠡᠳ ᠢ ᠡᠷᠭᠦᠨ ᠲᠡᠵᠢᠭᠡᠵᠡᠢ︔ ᠡᠳᠦᠭᠡ᠂ ᠡᠳᠡᠭᠡᠷ ︽ᠤᠯᠤᠰ ᠤᠨ ᠬᠡᠦᠬᠡᠳ︾ ᠨᠢ ᠲᠠᠯ᠎ᠠ ᠨᠤᠲᠤᠭ ᠤᠨ ᠠᠷᠠᠳ ᠲᠦᠮᠡᠨ ᠲᠠᠢ ᠠᠨᠠᠷ ᠤᠨ ᠦᠷ᠎ᠡ ᠰᠢᠭ ᠨᠢᠭᠲᠠᠷᠠᠨ ᠪᠦᠯᠬᠦᠮᠳᠡᠵᠦ᠂ ᠵᠢᠷᠭᠠᠯ ᠵᠣᠪᠠᠯᠠᠩ ᠢᠶᠠᠨ ᠬᠠᠮᠲᠤᠳᠬᠠᠵᠤ ᠪᠠᠶᠢᠨ᠎ᠠ᠃ ᠬᠥᠯᠥᠨ ᠪᠤᠶᠢᠷ ᠲᠤ ᠢᠷᠡᠭᠰᠡᠨ 300 ᠭᠠᠷᠤᠢ ︽ᠤᠯᠤᠰ ᠤᠨ ᠬᠡᠦᠬᠡᠳ︾ ᠥᠷᠭᠡᠨ ᠠᠭᠤᠳᠠᠮ ᠲᠠᠯ᠎ᠠ ᠨᠤᠲᠤᠭ ᠳᠡᠭᠡᠷ᠎ᠡ ᠲᠠᠯ᠎ᠠ ᠨᠤᠲᠤᠭ ᠤᠨ ᠡᠵᠢ ᠶᠢᠨ ᠬᠠᠶᠢᠷ᠎ᠠ ᠬᠠᠯᠠᠮᠵᠢᠯᠠᠯ ᠳᠣᠣᠷ᠎ᠠ ᠰᠢᠨ᠎ᠡ ᠠᠮᠢᠳᠤᠷᠠᠯ ᠢᠶᠠᠨ ᠤᠭᠲᠤᠨ ᠠᠪᠴᠤ᠂ ᠢᠳᠡᠷᠡᠭᠦᠨ ᠦᠰᠦᠨ ᠪᠤᠶᠢᠵᠢᠵᠠᠢ᠃ ᠣᠳᠣ ᠲᠡᠳᠡᠨ ᠤ ᠣᠯᠠᠩᠬᠢ ᠨᠢ ᠬᠥᠯᠥᠨ ᠪᠤᠶᠢᠷ ᠲᠤ ᠨᠤᠲᠤᠭᠰᠢᠵᠤ᠂ ᠬᠦᠯᠦᠨ ᠪᠤᠶᠢᠷ ᠢ ᠲᠦᠷᠦᠭᠰᠡᠨ ᠨᠤᠲᠤᠭ ᠢᠶᠠᠨ ᠰᠢᠭ᠋ ᠪᠤᠳᠤᠳᠠᠭ ᠪᠤᠯᠪᠠ᠃    1959 ᠣᠨ ᠠᠴᠠ 1961 ᠤᠨ ᠤ ᠬᠤᠭᠤᠷᠤᠨᠳᠦ ᠪᠠᠶᠢᠭᠠᠯᠢ ᠶᠢᠨ ᠭᠠᠮᠰᠢᠭ ᠵᠡᠷᠭᠡ ᠠᠴᠠ ᠪᠤᠯᠵᠤ ᠥᠯᠥᠰᠬᠦᠯᠡᠩ ᠭᠠᠴᠢᠭ ᠵᠢᠶᠠᠩᠰᠦ ᠵᠧᠵᠢᠶᠠᠩ ᠱᠠᠩᠬᠠᠢ ᠤᠷᠤᠨ ᠢ ᠬᠠᠮᠤᠷᠪᠠ᠃ ᠱᠠᠩᠬᠠᠶ᠂ ᠵᠢᠶᠠᠩᠰᠦ᠂ ᠵᠧᠵᠢᠶᠠᠩ᠂ ᠠᠨᠾᠦ᠋ᠶ ᠵᠡᠷᠭᠡ ᠭᠠᠵᠠᠷ ᠤᠨ ᠬᠡᠳᠦᠨ ᠠᠷᠪᠠᠨ ᠥᠨᠥᠴᠢᠨ ᠬᠡᠦᠬᠡᠳ ᠤᠨ ᠬᠦᠷᠢᠶᠡᠯᠡᠩ ᠳᠤ᠂ ᠬᠡᠳᠦᠨ ᠮᠢᠩᠭᠠᠨ ᠥᠨᠥᠴᠢᠨ ᠬᠡᠦᠬᠡᠳ ᠠᠮᠤ ᠪᠤᠳᠠᠭ᠎ᠠ ᠬᠦᠷᠦᠯᠴᠡᠬᠦ ᠦᠭᠡᠶ ᠠᠴᠠ ᠰᠢᠮ᠎ᠡ ᠲᠡᠵᠢᠭᠡᠯ ᠶᠡᠬᠡᠪᠡᠷ ᠳᠤᠲᠠᠭᠳᠠᠵᠠᠢ᠃ ᠡᠳᠡᠭᠡᠷ ᠨᠢᠯᠬ᠎ᠠ ᠬᠡᠦᠬᠡᠳ ᠨᠢ ᠶᠠᠭᠠᠬᠢᠬᠤ ᠪᠣᠶ︖ ᠨᠠᠮ ᠪᠠ ᠵᠠᠰᠠᠭ ᠤᠨ ᠣᠷᠳᠣᠨ ᠠᠴᠠ ᠡᠳᠡᠭᠡᠷ ︽ᠤᠯᠤᠰ ᠤᠨ ᠬᠡᠦᠬᠡᠳ︾ ᠢ ᠲᠠᠯ᠎ᠠ ᠨᠤᠲᠤᠭ ᠲᠤ ᠬᠦᠷᠭᠡᠵᠦ ᠥᠭᠬᠦ ᠪᠠᠷ ᠲᠣᠭᠲᠠᠪᠠ᠃ ᠵᠧᠦ ᠡᠸ᠋ᠨ ᠯᠠᠢ ᠶᠡᠷᠦᠩᠬᠡᠢ ᠰᠠᠶᠢᠳ ᠤᠨ ᠵᠢᠭᠠᠪᠤᠷᠢ ᠶᠣᠰᠣᠭᠠᠷ᠂ ᠲᠤᠬᠠᠢ ᠶᠢᠨ ᠦᠶ᠎ᠡ ᠳᠤ ᠲᠦᠷᠦ ᠶᠢᠨ ᠶᠠᠪᠤᠳᠠᠯ ᠤᠨ ᠬᠤᠷᠢᠶᠠᠨ ᠤ ᠳᠡᠳ᠋ ᠶᠡᠷᠦᠩᠬᠡᠢ ᠰᠠᠶᠢᠳ ᠪᠥᠭᠡᠳ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠤᠨ ᠡᠷᠬᠢᠯᠡᠭᠴᠢ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠤᠣᠯ ᠬᠠᠷᠢᠭᠤᠴᠠᠯᠭᠠᠲᠠᠨ ᠤᠯᠠᠭᠠᠨᠬᠦᠦ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠤᠷᠢᠶᠡᠨ ᠤ ᠬᠤᠷᠠᠯ ᠢ ᠡᠷᠬᠢᠯᠡᠨ ᠬᠤᠷᠠᠯᠳᠤᠭᠤᠯᠵᠤ᠂ ᠡᠯ᠎ᠡ ᠠᠶᠢᠮᠠᠭ ᠬᠤᠳᠠ᠂ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠢ ᠰᠤᠳᠤᠯᠤᠨ ᠪᠠᠶᠢᠷᠢᠯᠠᠭᠤᠯᠵᠤ᠂ ᠡᠮᠦᠰᠬᠦ᠂ ᠢᠳᠡᠬᠦ᠂ ᠰᠠᠭᠤᠬᠤ ᠵᠢᠴᠢ ᠡᠮ ᠡᠮᠨᠡᠯᠭᠡ ᠶᠢᠨ ᠠᠰᠠᠷᠠᠭᠴᠢ ᠵᠡᠷᠭᠡ ᠶᠢ ᠪᠠᠭᠲᠠᠭᠠᠭᠰᠠᠨ ᠪᠡᠯᠡᠳᠬᠡᠯ ᠠᠵᠢᠯ ᠢ ᠰᠠᠶᠢᠲᠤᠷ ᠬᠢᠪᠡ᠃ ᠡᠨᠡ ᠤᠳᠠᠭᠠᠨ ᠤ ᠥᠨᠥᠴᠢᠨ ᠬᠡᠦᠬᠡᠳ ᠢ ᠦᠷᠡᠴᠢᠯᠡᠨ ᠲᠡᠵᠢᠭᠡᠬᠦ ᠲᠤᠬᠠᠢ ᠤᠯᠠᠭᠠᠨᠬᠦᠦ ︽ᠨᠢᠭᠡ ᠦᠷᠡᠴᠢᠯᠡᠪᠡᠯ ᠨᠢᠭᠡ ᠶᠢ ᠬᠦᠮᠦᠨ ᠪᠤᠯᠭᠠᠬᠤ︾ ᠵᠢᠭᠠᠪᠤᠷᠢ ᠪᠠᠭᠤᠯᠭᠠᠵᠤ᠂ ᠨᠢᠭᠡ ᠶᠢ ᠴᠦ ᠤᠷᠬᠢᠭᠳᠠᠭᠤᠯᠤᠯ ᠦᠭᠡᠢ ᠪᠠᠷ ᠠᠮᠤᠷ ᠲᠦᠪᠰᠢᠨ ᠢᠶᠠᠷ ᠵᠣᠷᠢᠭᠰᠠᠨ ᠭᠠᠵᠠᠷ ᠲᠤᠨᠢ ᠬᠦᠷᠭᠡᠬᠦ ᠶᠢ ᠦᠨᠡᠨ ᠬᠦ ᠪᠠᠲᠤᠯᠠᠬᠤ ᠬᠡᠷᠡᠭᠲᠡᠢ ᠭᠡᠵᠡᠢ᠃ ᠰᠢᠨᠬᠤᠸᠠ ᠬᠤᠷᠢᠶᠠᠨ ᠤ ᠮᠡᠳᠡᠭᠡᠯᠡᠭᠰᠡᠨ ᠢᠶᠠᠷ᠂ 1960 ᠣᠨ ᠠᠴᠠ 1963 ᠤᠨ ᠪᠣᠯᠲᠠᠯ᠎ᠠ᠂ ᠥᠪᠥᠷ ᠮᠣᠩᠭᠤᠯ ᠤᠨ ᠡᠯ᠎ᠡ ᠭᠠᠵᠠᠷ ᠤᠨ ᠬᠢᠨ ᠱᠠᠩᠬᠠᠶ᠂ ᠵᠢᠶᠠᠩᠰᠦ᠂ ᠵᠧᠵᠢᠶᠠᠩ᠂ ᠠᠨᠾᠦ᠋ᠢ ᠶᠢᠨ ᠥᠨᠥᠴᠢᠨ ᠬᠡᠦᠬᠡᠳ ᠢ ᠤᠷᠢᠳ ᠬᠤᠵᠢᠳ 3000 ᠭᠠᠷᠤᠶ ᠭᠥᠯᠢᠶᠡᠨ ᠠᠪᠴᠠᠶ᠃ ᠡᠮᠦᠨᠡᠲᠦ ᠣᠷᠣᠨ ᠤ ᠡᠳᠡᠭᠡᠷ ᠥᠨᠥᠴᠢᠨ ᠬᠡᠦᠬᠡᠳ ᠤᠳ ᠤᠨ ᠪᠠᠭ᠎ᠠ ᠨᠢ ᠵᠥᠪᠬᠡᠨ ᠬᠡᠳᠦᠭᠡᠨ ᠰᠠᠷ᠎ᠠ ᠲᠠᠢ᠂ ᠶᠡᠭᠡ ᠨᠢ ᠭᠡᠳ ᠰᠠᠶ᠋ᠢ ᠲᠤᠯᠤᠭᠠᠬᠠᠨ ᠨᠠᠰᠤᠲᠠᠢ ᠪᠠᠶᠢᠵᠠᠢ᠃ ᠤᠷᠲᠤ ᠬᠤᠭᠤᠴᠠᠭ᠎ᠠ ᠪᠠᠷ ᠰᠢᠮ᠎ᠡ ᠲᠡᠵᠢᠭᠡᠯ ᠲᠤᠳᠠᠭᠳᠠᠭᠰᠠᠨ ᠠᠴᠠ ᠪᠣᠯᠵᠤ᠂ ᠡᠳᠡᠭᠡᠷ ᠬᠡᠦᠬᠡᠳ ᠤᠨ ᠣᠯᠠᠩᠬᠢ ᠨᠢ ᠡᠴᠡᠵᠤ ᠲᠤᠷᠠᠭᠠᠳ᠂ ᠵᠠᠷᠢᠮ ᠨᠢ ᠪᠠᠰᠠ ᠡᠪᠡᠳᠴᠢᠯᠡᠭᠰᠡᠨ ᠪᠢᠯᠡ᠃     ᠳᠡᠭᠡᠷ᠎ᠡ ᠵᠠᠭᠤᠨ ᠤ ᠲᠠᠪᠢᠭᠠᠳ ᠣᠨ ᠤ ᠰᠡᠭᠦᠯᠴᠢ ᠵᠢᠷᠠᠭᠠᠳ ᠣᠨ ᠤ ᠡᠬᠢᠨ ᠢᠶᠠᠷ ᠬᠥᠯᠥᠨ ᠪᠤᠶᠢᠷ ᠴᠤ ᠪᠦᠬᠦ ᠤᠯᠤᠰ ᠤᠨ ᠪᠤᠰᠤᠳ ᠭᠠᠵᠠᠷ ᠣᠷᠣᠨ ᠲᠠᠢ ᠠᠳᠠᠯᠢ ᠪᠠᠷ ᠪᠠᠶᠢᠭᠠᠯᠢ ᠶᠢᠨ ᠭᠠᠮᠰᠢᠭ ᠤᠨ ᠬᠠᠲᠠᠭᠤ ᠰᠢᠯᠭᠠᠯᠲᠠ ᠶᠢ ᠲᠤᠭᠤᠯᠵᠤ ᠪᠠᠶᠢᠭᠰᠠᠨ᠃ ᠲᠠᠯ᠎ᠠ ᠨᠤᠲᠤᠭ ᠲᠠᠴᠢᠷᠳᠠᠵᠤ᠂ ᠮᠠᠯ ᠤᠨ ᠲᠤᠭ᠎ᠠ ᠲᠣᠯᠣᠭᠠᠶ ᠶᠡᠭᠡ ᠪᠠᠷ ᠪᠠᠭᠠᠰᠴᠤ᠂ ᠮᠠᠰᠢ ᠣᠯᠠᠨ ᠴᠠᠭᠠᠨ ᠢᠳᠡᠭᠡᠨ ᠤ ᠦᠢᠯᠡᠳᠪᠦᠷᠢ ᠰᠦ ᠶᠢᠨ ᠢᠷᠡᠯᠲᠡ ᠬᠦᠷᠦᠯᠴᠡᠬᠦ ᠦᠭᠡᠢ ᠠᠴᠠ ᠪᠣᠯᠵᠤ ᠠᠷᠭ᠎ᠠ ᠪᠤᠰᠤ ᠦᠢᠯᠡᠳᠪᠦᠷᠢᠯᠡᠯ ᠢᠶᠠᠨ ᠵᠣᠭᠰᠣᠵᠤ᠂ ᠠᠮᠤ ᠪᠤᠳᠠᠭᠠᠨ ᠤ ᠬᠠᠩᠭᠠᠯᠭ᠎ᠠ ᠴᠤ ᠬᠦᠷᠦᠯᠴᠡᠬᠦ ᠦᠭᠡᠢ ᠪᠠᠶᠢᠭᠰᠠᠨ ᠴᠠᠭ ᠦᠶ᠎ᠠ ᠪᠢᠯᠡ᠃ ᠭᠡᠪᠡᠴᠦ ᠠᠳᠡ ᠦᠷᠭᠡᠨ ᠠᠭᠤᠳᠠᠮ ᠭᠠᠵᠠᠷ ᠨᠤᠲᠤᠭ ᠪᠣᠯᠤᠨ ᠥᠩ ᠰᠢᠮᠡᠯᠢᠭ ᠬᠦᠷᠦᠰᠦ ᠰᠢᠷᠤᠢ ᠲᠠᠢ ᠪᠤᠯᠬᠤᠷ ᠠᠳᠡᠬᠢ ᠠᠷᠠᠳ ᠢᠷᠭᠡᠳ ᠲᠥᠮᠥᠰᠥ᠂ ᠴᠠᠭᠠᠨ ᠨᠣᠭᠤᠭ᠎ᠠ᠂ ᠯᠤᠤᠪᠠᠩ ᠪᠣᠯᠤᠨ ᠬᠡᠭᠡᠷ᠎ᠡ ᠶᠢᠨ ᠨᠣᠭᠤᠭ᠎ᠠ ᠲᠠᠷᠢᠬᠤ ᠳᠤ ᠲᠦᠰᠢᠭᠯᠡᠨ ᠠᠮᠢᠳᠤᠷᠠᠯ ᠢᠶᠠᠨ ᠠᠷᠭᠠᠴᠠᠭᠠᠵᠤ ᠪᠠᠶᠢᠯ᠎ᠠ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠢᠭᠠᠪᠤᠷᠢ ᠶᠢ ᠣᠯᠤᠭᠰᠠᠨ ᠤ ᠲᠠᠷᠠᠭ᠎ᠠ᠂ ᠬᠠᠯᠠᠭᠤᠨ ᠰᠡᠳᠬᠢᠯᠲᠦ ᠬᠥᠯᠥᠨ ᠪᠤᠶᠢᠷᠴᠤᠳ ᠬᠤᠶᠠᠷ ᠭᠠᠷ ᠢᠶᠠᠨ ᠰᠤᠩᠭᠠᠵᠤ᠂ ᠬᠦᠴᠢᠷ ᠤᠨ ᠳᠤᠮᠳᠠ ᠲᠡᠯᠴᠢᠯᠡᠵᠦ᠂ ᠥᠨᠥᠴᠢᠨ ᠥᠷᠥᠭᠡᠰᠦᠨ ᠡᠮᠦᠨᠡᠲᠦ ᠣᠷᠣᠨ ᠤ ᠬᠡᠦᠬᠡᠳ ᠤᠳ ᠢ ᠴᠢᠩ ᠰᠡᠳᠬᠢᠯ ᠠᠴᠠ ᠪᠠᠨ ᠬᠦᠯᠢᠶᠡᠨ ᠠᠪᠤᠪᠠ᠃ ᠡᠭᠦᠨ ᠠᠴᠠ ᠡᠬᠢᠯᠡᠨ᠂ ᠡᠨᠡ 300 ᠭᠠᠷᠤᠶ ︽ᠤᠯᠤᠰ ᠤᠨ ᠬᠡᠦᠬᠡᠳ︾ ᠬᠡᠷ ᠪᠦᠯᠢ ᠶᠢᠨ ᠬᠠᠯᠠᠭᠤᠨ ᠳᠤᠯᠠᠭᠠᠨ ᠪᠠ ᠲᠥᠷᠥᠯ ᠰᠠᠳᠤᠨ ᠤ ᠬᠠᠶᠢᠷ᠎ᠠ ᠬᠠᠯᠠᠮᠵᠢ ᠶᠢ ᠬᠦᠷᠳᠡᠬᠦ ᠪᠤᠯᠵᠠᠢ᠃ ᠣᠳᠣ ᠲᠡᠳᠡᠨ ᠤ ᠣᠯᠠᠩᠬᠢ ᠨᠢ ᠲᠠᠯ᠎ᠠ ᠨᠤᠲᠤᠭ ᠲᠤ 60 ᠰᠢᠬᠠᠮ ᠵᠢᠯ ᠠᠮᠢᠳᠤᠷᠠᠵᠤ᠂ ᠬᠥᠯᠥᠨ ᠪᠤᠶᠢᠷ ᠲᠡᠳᠡᠨ ᠤ ᠦᠯᠦᠭᠡᠢ ᠨᠤᠲᠤᠭ ᠨᠢ ᠰᠢᠬ ᠪᠤᠯᠵᠤ᠂ ᠲᠡᠳᠡᠨ ᠴᠦ ᠲᠠᠯ᠎ᠠ ᠨᠤᠲᠤᠭ ᠤᠨ ᠵᠢᠩᠬᠢᠨᠢ ᠡᠵᠡᠨ ᠨᠢ ᠪᠣᠯᠵᠠᠶ᠃ ᠡᠲᠡᠭᠡᠷ ︽ᠤᠯᠤᠰ ᠤᠨ ᠬᠡᠦᠬᠡᠳ︾ ᠢ ᠬᠥᠯᠥᠨ ᠪᠤᠶᠢᠷ ᠠᠶᠢᠮᠠᠭ ᠲᠤ ᠬᠦᠷᠭᠡᠭᠰᠡᠨ ᠤ ᠳᠠᠷᠠᠭ᠎ᠠ᠂ ᠤᠷᠢᠳᠠᠪᠡᠷ ᠡᠮᠨᠡᠯᠭᠡ ᠳᠤ ᠬᠦᠷᠭᠡᠵᠤ ᠪᠡᠶ᠎ᠡ ᠶᠢᠨ ᠪᠠᠶᠢᠴᠠᠭᠠᠯᠲᠠ ᠬᠢᠯᠭᠡᠨ᠂ ᠡᠪᠡᠳᠴᠢᠨ ᠲᠠᠢ ᠶᠢ ᠨᠢ ᠡᠮᠨᠡᠭᠦᠯᠦᠭᠰᠡᠨ ᠤ ᠳᠠᠷᠠᠭ᠎ᠠ ᠰᠠᠶ᠋ᠢ ᠨᠢᠷᠠᠢ ᠬᠡᠦᠬᠡᠳ ᠢ ᠠᠰᠠᠷᠠᠬᠤ ᠬᠦᠷᠢᠶᠡᠯᠡᠩ ᠳᠤ ᠬᠦᠷᠭᠡᠵᠡᠢ᠃ ᠲᠡᠨᠳᠡ ᠲᠡᠳᠡ ᠨᠠᠷᠢᠨ ᠨᠢᠮᠪᠡᠢ ᠬᠠᠷᠠᠭᠠᠯᠵᠠᠯ ᠬᠠᠯᠠᠮᠵᠢᠯᠠᠯ ᠬᠦᠷᠲᠡᠭᠰᠡᠨ ᠪᠢᠯᠡ᠃                ᠪᠣᠷᠣᠭᠵᠢᠭᠤᠨ ᠴᠠᠶᠢᠯᠭᠠᠨ ᠮᠠᠯᠴᠢᠳ ᠠᠯᠤᠰ ᠠᠴᠠ ᠢᠷᠡᠭᠰᠡᠨ ᠡᠲᠡᠭᠡᠷ ᠬᠡᠦᠬᠡᠳ ᠤᠳ ᠢ ᠮᠠᠰᠢ ᠥᠷᠥ ᠡᠪᠡᠳᠦᠨ ᠰᠡᠳᠬᠢᠯ ᠤᠨ ᠤᠭ ᠠᠴᠠ ᠪᠠᠨ ᠬᠠᠶᠢᠷᠠᠯᠠᠵᠤ᠂ ᠵᠠᠷᠢᠮ ᠮᠠᠯᠴᠢᠳ ᠬᠡᠳᠦᠨ ᠵᠠᠭᠤᠨ ᠭᠠᠵᠠᠷ ᠤᠨ ᠬᠤᠯᠠ ᠠᠴᠠ ᠮᠣᠷᠢ ᠪᠠᠨ ᠤᠨᠤᠵᠤ᠂ ᠬᠠᠰᠠᠭ ᠲᠡᠷᠭᠡ ᠪᠠᠨ ᠭᠡᠯᠢᠵᠦ ᠨᠢᠷᠠᠢ ᠬᠡᠤᠬᠡᠳ ᠢ ᠠᠰᠠᠷᠠᠬᠤ ᠬᠦᠷᠢᠶᠡᠯᠡᠩ ᠳᠤ ᠢᠷᠡᠵᠦ ᠳᠡᠳᠡᠨᠤᠰ ᠢ ᠦᠷᠡᠴᠢᠯᠡᠨ ᠳᠡᠵᠢᠭᠡᠭᠰᠡᠨ ᠭᠡᠨ᠎ᠡ᠃ ᠮᠠᠯᠴᠢᠳ ᠡᠲᠡᠭᠡᠷ ︽ᠤᠯᠤᠰ ᠤᠨ ᠬᠡᠦᠬᠡᠳ︾ ᠢ ᠮᠤᠩᠭᠤᠯ ᠭᠡᠷ ᠲᠡᠭᠡᠨ ᠲᠤᠰᠴᠦ ᠠᠪᠴᠢᠷᠠᠭᠠᠳ ᠲᠥᠷᠥᠭᠰᠡᠨ ᠦᠷ᠎ᠡ ᠬᠡᠦᠬᠡᠳ ᠢᠶᠠᠨ ᠰᠢᠭ ᠠᠰᠠᠷᠠᠨ ᠲᠡᠵᠢᠭᠡᠵᠦ᠂ ᠳᠡᠳᠡᠨᠤᠰ ᠢ ᠡᠷᠡᠭᠦᠯ ᠴᠢᠭᠢᠷᠠᠭ ᠢᠶᠠᠷ ᠥᠰᠬᠡᠨ ᠪᠤᠶᠢᠵᠢᠭᠤᠯᠵᠤ ᠬᠦᠮᠦᠨ ᠤ ᠵᠡᠷᠭᠡ ᠳᠤ ᠬᠦᠷᠭᠡᠭᠰᠡᠨ ᠪᠢᠯᠡ᠃ ᠲᠩᠷᠢ ᠬᠤᠯᠠ ᠭᠠᠵᠠᠷ ᠠᠭᠤᠳᠠᠮ ᠭᠡᠳᠡᠭ ᠨᠢ ᠵᠥᠪᠬᠡᠨ ᠲᠠᠯ᠎ᠠ ᠨᠤᠲᠤᠭ ᠤᠨ ᠦᠵᠡᠮᠵᠢ ᠶᠢ ᠯᠡ ᠵᠦᠢᠷᠯᠡᠭᠰᠡᠨ ᠦᠭᠡ ᠪᠢᠰᠢ᠂ ᠨᠡᠩ ᠴᠤ ᠲᠠᠯ᠎ᠠ ᠨᠤᠲᠤᠭ ᠤᠨ ᠬᠥᠮᠦᠰ ᠤᠨ ᠬᠡᠬᠦᠳᠡᠭ ᠴᠡᠭᠡᠵᠢ ᠶᠢ ᠬᠡᠯᠡᠭᠰᠡᠨ ᠦᠭᠡ ᠪᠠᠶᠢᠬ᠎ᠠ︖ ᠡᠨᠡ ᠬᠦ ᠦᠷᠭᠡᠨ ᠠᠭᠤᠳᠠᠮ ᠲᠠᠯ᠎ᠠ ᠨᠤᠲᠤᠭ ᠠᠤᠭ᠎ᠠ ᠶᠡᠭᠡ ᠪᠠᠭᠳᠠᠭᠠᠮᠵᠢ ᠪᠠᠷ ᠭᠤᠷᠪᠠᠨ ᠮᠢᠩᠭᠠᠨ ᠥᠨᠥᠴᠢᠨ ᠬᠡᠦᠬᠡᠳ ᠢ ᠬᠦᠯᠢᠶᠡᠨ ᠠᠪᠴᠦ᠂ ᠦᠷᠦᠪᠴᠢ ᠵᠦᠭᠡᠯᠡᠨ ᠬᠠᠶᠢᠷ᠎ᠠ ᠰᠡᠳᠬᠢᠯᠭᠡ ᠪᠠᠷ ᠢᠶᠠᠨ ᠳᠡᠳᠡᠨᠤᠰ ᠤᠨ ᠠᠮᠢᠳᠤᠷᠠᠯ ᠢ ᠬᠡᠷᠡᠯᠳᠦᠬᠦᠯᠵᠡᠢ᠃ ᠲᠡᠳᠡ ᠪᠣᠯ ︽ᠤᠯᠤᠰ ᠤᠨ ᠬᠡᠦᠬᠡᠳ︾ ᠲᠠᠯ᠎ᠠ ᠨᠤᠲᠤᠭ ᠲᠠᠭᠠᠨ ᠦᠰᠦᠨ ᠪᠤᠶᠢᠵᠢᠵᠦ᠂ ᠡᠭᠡ ᠣᠷᠣᠨ ᠲᠠᠢ ᠪᠠᠨ ᠰᠡᠳᠬᠢᠯ ᠵᠢᠷᠦᠬᠡᠨ ᠤ ᠬᠤᠯᠪᠤᠭ᠎ᠠ ᠲᠠᠢ᠃ ᠡᠭᠡ ᠣᠷᠣᠨ᠂ ᠦᠷᠭᠡᠨ ᠠᠭᠤᠳᠠᠮ ᠲᠠᠯ᠎ᠠ ᠨᠤᠲᠤᠭ ᠨᠢ ᠲᠡᠳᠡᠨᠤᠰ ᠢ ᠥᠰᠬᠡᠨ ᠪᠤᠶᠢᠵᠢᠭᠤᠯᠤᠭᠰᠠᠨ ᠪᠣᠯᠬᠤᠷ ᠲᠡᠳᠡ ᠯᠠᠪᠲᠠᠢ ᠥᠪᠡᠷ ᠤᠨ ᠴᠢᠷᠮᠠᠶᠢᠯᠭ᠎ᠠ ᠪᠠᠷ ᠢᠶᠠᠨ ᠡᠭᠡ ᠣᠷᠣᠨ ᠳᠠᠭᠠᠨ ᠪᠠᠶᠠᠷ ᠪᠠᠭ᠋ᠠᠳᠤᠯ ᠤᠯᠭᠤᠬᠤ ᠪᠣᠯᠤᠨ᠎ᠠ᠃ ᠳᠡᠳᠡ ᠲᠠᠯ᠎ᠠ ᠨᠤᠲᠤᠭ ᠤᠨ ᠠᠴᠢ ᠡᠨᠡᠷᠢᠯ ᠢ ᠪᠠᠲᠤ ᠴᠡᠭᠡᠵᠢᠯᠡᠵᠦ᠂ ᠠᠴᠢ ᠶᠢ ᠨᠢ ᠬᠠᠷᠢᠭᠤᠯᠬᠤ ᠪᠠᠷ ᠡᠬᠦᠷᠢᠳᠡ ᠪᠡᠯᠡᠭᠡᠨ᠃       ᠤᠳ᠋ᠪᠠᠯ᠎ᠠ ᠪᠤᠯ ᠡᠸᠡᠩᠬᠢ ᠬᠤᠰᠢᠭᠤᠨ ᠤ ᠮᠠᠯᠴᠢᠨ ᠭᠤᠤᠯᠬᠢᠨ ᠪᠠ ᠮᠣᠩᠭᠤᠯ ᠡᠵᠢ ᠨᠠᠨᠵᠢᠯᠮ᠎ᠠ ᠶᠢᠨ ᠦᠷᠡᠴᠢᠯᠡᠨ ᠲᠡᠵᠢᠭᠡᠭᠰᠡᠨ ︽ᠤᠯᠤᠰ ᠤᠨ ᠬᠡᠦᠬᠡᠳ︾ ᠪᠤᠯᠤᠨ᠎ᠠ᠃ ᠲᠡᠷᠡ ᠬᠢᠲᠠᠳ ᠬᠡᠯᠡ᠂ ᠮᠣᠩᠭᠤᠯ ᠬᠡᠯᠡ᠂ ᠡᠸᠡᠩᠬᠢ ᠬᠡᠯᠡ᠂ ᠳᠠᠭᠤᠷ ᠬᠡᠯᠡ ᠪᠠᠷ ᠪᠦᠷ ᠰᠠᠶᠢᠬᠠᠨ ᠶᠠᠷᠢᠵᠤ ᠴᠢᠳᠠᠨ᠎ᠠ᠃ ᠲᠡᠷᠡ ᠠᠳᠡᠬᠢ ᠮᠠᠯᠴᠢᠳ ᠤᠨ ᠳᠤᠲᠤᠨᠤ ᠨᠠᠶᠢᠵᠠ ᠨᠢ᠂ ᠮᠠᠯᠴᠢᠳ ᠬᠡᠨ ᠨᠢ ᠬᠦᠴᠢᠷᠳᠡᠯ ᠲᠠᠢ ᠪᠣᠯ ᠲᠡᠭᠦᠨ ᠢ ᠡᠷᠢᠵᠦ ᠶᠠᠷᠢᠯᠴᠠᠬᠤ ᠳᠤᠷᠠᠲᠠᠢ᠃ ᠲᠡᠷᠡ ᠪᠥᠬᠦ ᠤᠯᠤᠰ ᠤᠨ ︽3 · 8︾ ᠤ ᠤᠯᠠᠭᠠᠨ ᠲᠤᠭᠴᠢ᠂ ᠲᠡᠷᠢᠭᠦᠨ ᠤ ᠠᠵᠢᠯᠲᠠᠨ᠂ ᠬᠥᠳᠡᠯᠮᠦᠷᠢ ᠶᠢᠨ ᠵᠢᠱᠢᠶᠡᠴᠢ᠂ ᠰᠢᠯᠢᠳᠡᠭ ᠡᠪ ᠬᠠᠮᠲᠤ ᠨᠠᠮ ᠤᠨ ᠭᠡᠰᠢᠭᠦᠨ᠂ ︽5 · 1︾ ᠤ ᠬᠥᠳᠡᠯᠮᠦᠷᠢ ᠶᠢᠨ ᠵᠢᠱᠢᠶᠡᠴᠢ ᠶᠢᠨ ᠱᠠᠩᠨᠠᠯ ᠤᠨ ᠮᠧᠳᠠᠯ ᠬᠦᠷᠲᠡᠭᠴᠢ ᠪᠠᠶᠢᠵᠤ᠂ ᠲᠡᠷᠡ ᠬᠡᠷᠡᠯ ᠰᠠᠴᠤᠷᠠᠭᠰᠠᠨ ᠱᠠᠩᠨᠠᠯ ᠤᠨ ᠮᠧᠳᠠᠯ᠂ ᠭᠠᠯ ᠤᠯᠠᠭᠠᠨ ᠱᠠᠩᠨᠠᠯ ᠤᠨ ᠦᠨᠡᠮᠯᠡᠯ ᠢᠶᠠᠷ ᠢᠶᠠᠨ ᠲᠡᠭᠦᠨ ᠢ ᠥᠰᠬᠡᠨ ᠬᠥᠮᠦᠵᠢᠭᠦᠯᠦᠭᠰᠡᠨ ᠨᠤᠲᠤᠭ ᠤᠰᠤ ᠪᠠ ᠠᠷᠠᠳ ᠤᠯᠠᠨ ᠤ ᠪᠠᠨ ᠠᠴᠢ ᠶᠢ ᠬᠠᠷᠢᠭᠤᠯᠵᠠᠶ᠃ ᠭᠦᠸᠧ ᠳ᠋ᠠᠨ ᠪᠣᠯ ᠭᠦᠸᠧ ᠵᠢᠩ ᠶᠤᠸᠠᠨ ᠪᠣᠯᠤᠨ ᠪᠠᠶ ᡁᠢ ᠸᠧᠨ ᠤ ᠡᠷᠭᠦᠨ ᠲᠡᠵᠢᠭᠡᠭᠰᠡᠨ ︽ᠤᠯᠤᠰ ᠤᠨ ᠬᠡᠦᠬᠡᠳ︾ ᠪᠣᠯᠤᠨ᠎ᠠ᠃ ᠠᠵᠢᠯ ᠳᠤ ᠣᠷᠣᠯᠴᠠᠭᠰᠠᠨ ᠠᠴᠠ ᠨᠠᠭᠠᠰᠢ᠂ 38 ᠵᠢᠯ ᠤᠨ ᠲᠤᠷᠰᠢ᠂ ᠲᠡᠷᠡ ᠲᠠᠯ᠎ᠠ ᠨᠤᠲᠤᠭ ᠤᠨ ᠠᠷᠠᠳ ᠲᠦᠮᠡᠨ ᠤ ᠲᠠᠬᠦᠨ ᠢ ᠲᠡᠵᠢᠭᠡᠵᠦ ᠥᠰᠬᠡᠭᠰᠡᠨ ᠠᠴᠢ ᠶᠢ ᠪᠠᠲᠤ ᠴᠡᠭᠡᠵᠢᠯᠡᠵᠦ᠂ ᠤᠶᠤᠨ ᠴᠢᠳᠠᠯ ᠢᠶᠠᠨ ᠰᠢᠪᠬᠠᠨ ᠲᠠᠯ᠎ᠠ ᠨᠤᠲᠤᠭ ᠤᠨ ᠠᠷᠠᠳ ᠲᠦᠮᠡᠨ ᠤ ᠪᠠᠨ ᠠᠴᠢ ᠶᠢ ᠬᠠᠷᠢᠭᠤᠯᠵᠤ᠂ ᠡᠷᠬᠦᠭᠰᠡᠨ ᠡᠴᠢᠭᠡ ᠡᠬᠡ ᠶᠢᠨ ᠢᠶᠠᠨ ᠠᠴᠢ ᠶᠢ ᠬᠠᠷᠢᠭᠤᠯᠵᠤ ᠶᠠᠪᠤᠵᠠᠢ᠃ ᠲᠡᠷᠡ ᠠᠯᠢ ᠣᠯᠠᠨ ᠰᠢᠯᠢᠳᠡᠭ ᠰᠤᠷᠤᠭᠴᠢᠳ ᠢ ᠬᠥᠮᠦᠵᠢᠭᠦᠯᠦᠨ ᠂ ᠠᠶᠢᠮᠠᠭ ᠬᠤᠲᠠ ᠪᠣᠯᠤᠨ ᠥᠪᠡᠷᠲᠡᠭᠡᠨ ᠵᠠᠰᠠᠬᠤ ᠣᠷᠣᠨ ᠤ ᠳᠡᠰ ᠤᠨ ᠬᠥᠳᠡᠯᠮᠦᠷᠢ ᠶᠢᠨ ᠵᠢᠱᠢᠶᠡᠴᠢ᠂ ᠰᠢᠯᠢᠳᠡᠭ ᠪᠠᠭᠰᠢ᠂ ᠰᠤᠷᠭᠠᠨ ᠬᠥᠮᠦᠵᠢᠯ ᠤᠨ ᠥᠭᠡᠷᠡᠴᠢᠯᠡᠯᠲᠡ ᠶᠢᠨ ᠴᠢᠳᠠᠪᠤᠷᠢᠲᠠᠨ ᠤ ᠢᠷᠠᠭᠤ ᠠᠯᠳᠠᠷ ᠢ ᠣᠯᠠᠨᠲᠠ ᠬᠦᠷᠲᠡᠭᠰᠡᠨ ᠪᠠᠶᠢᠨ᠎ᠠ᠃ 1997 ᠣᠨ ᠳᠤ ᠲᠡᠷᠡ ᠳᠤᠮᠳᠠᠳᠤ ᠤᠯᠤᠰ ᠤᠨ ᠡᠪ ᠬᠠᠮᠲᠤ ᠨᠠᠮ ᠳᠤ ᠦᠡᠭᠭᠡ ᠬᠡᠷᠡᠯᠳᠡᠢ ᠪᠠᠷ ᠡᠯᠰᠡᠭᠳᠡᠭᠰᠡᠨ ᠪᠥᠭᠡᠳ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠳᠡᠭᠡᠳᠦ ᠵᠡᠷᠭᠡ ᠶᠢᠨ ᠪᠠᠭᠰᠢ ᠪᠠᠷ ᠡᠷᠭᠦᠮᠵᠢᠯᠡᠭᠳᠡᠵᠡᠢ᠃ ᠠᠵᠢᠯ ᠠᠴᠠ ᠪᠠᠨ ᠠᠮᠠᠷᠠᠭᠰᠠᠨ ᠤ ᠳᠠᠷᠠᠭ᠎ᠠ᠂ ᠲᠡᠷᠡ ᠮᠥᠨ ᠯᠡ ᠨᠡᠶᠢᠭᠡᠮ ᠲᠣᠭᠤᠷᠢᠭ ᠤᠨ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠵᠥᠪᠯᠡᠯ ᠤᠨ ᠠᠵᠢᠯ ᠢ ᠡᠭᠦᠷᠭᠡᠯᠡᠵᠦ ᠬᠢᠯ᠎ᠠ᠃         2020 ᠣᠨ ᠤ ︽ᠬᠥᠯᠥᠨ ᠪᠤᠶᠢᠷ ᠬᠤᠲᠠ ᠶᠢᠨ ᠴᠠᠭᠠᠨ ᠰᠠᠷ᠎ᠠ ᠶᠢᠨ ᠦᠳᠡᠰᠢᠯᠡᠭᠡ︾ ᠳᠡᠭᠡᠷ᠎ᠡ᠂ ᠲᠠᠯ᠎ᠠ ᠨᠤᠲᠤᠭ ᠤᠨ ᠡᠵᠢ ᠪᠣᠯᠤᠨ ︽ᠤᠯᠤᠰ ᠤᠨ ᠬᠡᠦᠬᠡᠳ︾ ᠢᠶᠠᠷ ᠣᠭ ᠳᠦᠷᠢ ᠪᠣᠯᠭᠠᠭᠰᠠᠨ ᠳᠠᠭᠤᠤ ᠪᠥᠵᠢᠭᠲᠦ ᠵᠦᠴᠦᠭᠡ ︽ᠬᠠᠶᠢᠷ᠎ᠠ ᠳᠤ ᠬᠢᠵᠠᠭᠠᠷ ᠥᠬᠡᠶ︾ ᠵᠦᠴᠦᠭᠡ ᠨᠢ ᠦᠳᠡᠰᠢᠯᠡᠭᠡ ᠶᠢᠨ ᠠᠭᠤᠷ ᠠᠮᠢᠰᠬᠤᠯ ᠢ ᠣᠷᠭᠢᠯ ᠳᠤᠨᠢ ᠬᠦᠷᠭᠡᠵᠦ᠂ ᠬᠥᠯᠥᠨ ᠪᠤᠶᠢᠷ ᠤᠨ ᠳᠥᠷᠪᠡᠨ ︽ᠤᠯᠤᠰ ᠤᠨ ᠬᠡᠦᠬᠡᠳ︾ ᠸᠧ ᠾᠦᠢ ᠴᠢᠨ᠂ ᠤᠳ᠋ᠪᠠᠯ᠎ᠠ᠂ ᠱᠠᠨ ᠢᠦᠶ ᡁᠢ᠂ ᠭᠦᠸᠧ ᠳ᠋ᠠᠨ ᠣᠨᠴᠠ ᠤᠷᠢᠭᠰᠠᠨ ᠵᠣᠴᠢᠨ ᠤ ᠬᠤᠪᠢ ᠪᠠᠷ ᠦᠳᠡᠰᠢᠯᠡᠭᠡ ᠳᠤ ᠣᠷᠣᠯᠴᠠᠪᠠ᠃ ᠭᠦᠸᠧ ᠳ᠋ᠠᠨ ᠬᠠᠯᠠᠭᠤᠨ ᠨᠢᠯᠪᠤᠰᠤ ᠪᠠᠨ ᠮᠡᠯᠮᠡᠷᠡᠬᠦᠯᠵᠦ᠂ ᠲᠠᠯ᠎ᠠ ᠨᠤᠲᠤᠭ ᠤᠨ ᠠᠷᠠᠳ ᠲᠦᠮᠡᠨ ᠳᠤ ᠲᠠᠯᠠᠷᠬᠠᠵᠤ ᠪᠠᠶᠢᠭ᠎ᠠ ᠰᠡᠳᠬᠢᠯᠭᠡ ᠪᠠᠨ ᠢᠯᠡᠳᠬᠡᠪᠡ᠃ ᠲᠠᠯ᠎ᠠ ᠨᠤᠲᠤᠭ ᠲᠡᠳᠡᠨᠤᠰ ᠲᠤ ᠬᠤᠶᠠᠳᠡᠬᠢ ᠤᠳᠠᠭ᠎ᠠ ᠠᠮᠢ ᠨᠠᠰᠤ ᠣᠯᠭᠤᠪᠠ᠂ ᠲᠡᠳᠡ ᠲᠠᠯ᠎ᠠ ᠨᠤᠲᠤᠭ ᠢᠶᠠᠨ ᠥᠨᠢ ᠡᠭᠦᠷᠢᠳᠡ ᠮᠠᠷᠲᠠᠬᠤ ᠦᠭᠡᠢ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠲᠠᠢ ᠲᠡᠮᠡᠴᠡᠬᠦ ᠳᠠᠶᠢᠯᠠᠯᠳᠤᠭᠠᠨ ᠳᠤ᠂ ᠮᠠᠰᠢ ᠤᠯᠠᠨ ︽ᠤᠯᠤᠰ ᠤᠨ ᠬᠡᠦᠬᠡᠳ︾ ᠢᠳᠡᠪᠬᠢᠲᠡᠢ ᠪᠠᠷ ᠵᠣᠭᠤᠰ ᠬᠠᠨᠳᠢᠪᠯᠠᠵᠤ ᠬᠢᠵᠢᠭ ᠲᠠᠢ ᠲᠡᠮᠡᠴᠡᠬᠦ ᠡᠮᠦᠨ᠎ᠡ ᠹᠷᠣᠨᠲ ᠢ ᠳᠡᠮᠵᠢᠪᠡ᠃ ᠲᠠᠳᠠ ᠲᠠᠯ᠎ᠠ ᠨᠤᠲᠤᠭ ᠤᠨ ᠡᠬᠡᠴᠤᠤᠯ ᠤᠨ ᠠᠭᠤᠤ ᠬᠠᠶᠢᠷ᠎ᠠ ᠶᠢ ᠦᠶ᠎ᠡ ᠶᠢᠨ ᠦᠶ᠎ᠡ ᠳᠤ ᠤᠯᠠᠮᠵᠢᠯᠠᠵᠤ᠂ ᠦᠨᠡᠨᠴᠢ ᠬᠠᠶᠢᠷ᠎ᠠ ᠪᠠᠨ ᠬᠦᠯᠦᠨ ᠪᠤᠶᠢᠷ ᠨᠤᠲᠤᠭ ᠲᠤ ᠶᠡᠬᠦᠯᠡᠭᠰᠡᠨ ᠪᠢᠯᠡ᠃        ᠵᠢᠷᠠᠨ ᠵᠢᠯ ᠤᠨ ᠡᠮᠦᠨ᠎ᠡ᠂ ᠬᠥᠯᠥᠨ ᠪᠤᠶᠢᠷ ᠤᠨ ᠲᠠᠯ᠎ᠠ ᠨᠤᠲᠤᠭ ︽ᠤᠯᠤᠰ ᠤᠨ ᠬᠡᠦᠬᠡᠳ︾ ᠤᠳ ᠢ ᠬᠦᠯᠢᠶᠡᠨ ᠠᠪᠤᠭᠰᠠᠨ ᠪᠤᠯ ᠵᠢᠷᠡᠨ ᠵᠢᠯ ᠤᠨ ᠳᠠᠷᠠᠭ᠎ᠠ᠂ ᠲᠡᠳᠡ ᠲᠠᠯ᠎ᠠ ᠨᠤᠲᠤᠭ ᠲᠤ ᠦᠨᠳᠦᠰᠦᠯᠡᠵᠦ ᠠᠭᠤᠰᠤᠯᠴᠠᠭᠰᠠᠨ ᠪᠢᠯᠡ᠃ ᠵᠢᠷᠠᠨ ᠵᠢᠯ ᠤᠨ ᠲᠤᠷᠰᠢ᠂ ︽ᠤᠯᠤᠰ ᠤᠨ ᠬᠡᠦᠬᠡᠳ︾ ᠬᠥᠯᠥᠨ ᠪᠤᠶᠢᠷ ᠤᠨ ᠡᠨᠡ ᠬᠦ ᠦᠩ ᠰᠢᠮᠡᠯᠢᠭ ᠬᠥᠷᠥᠰᠥᠨ ᠳᠤ ᠲᠠᠯ᠎ᠠ ᠨᠤᠲᠤᠭ ᠤᠨ ᠡᠴᠢᠬᠡ ᠡᠬᠡ ᠶᠢᠨ ᠬᠠᠶᠢᠷ᠎ᠠ᠂ ᠲᠠᠯ᠎ᠠ ᠨᠤᠲᠤᠭ ᠤᠨ ᠤᠯᠠᠨ ᠲᠦᠮᠡᠨ ᠤ ᠬᠠᠯᠠᠮᠵᠢ ᠳᠤᠤᠷ᠎ᠠ᠂ ᠠᠮᠢᠳᠤᠷᠠᠯ ᠤᠨ ᠵᠠᠮ᠂ ᠬᠦᠰᠡᠯ ᠤᠨ ᠵᠢᠯᠤᠭᠤ ᠪᠠᠨ ᠰᠤᠩᠭᠠᠵᠤ᠂ ᠦᠨᠳᠦᠰᠦᠲᠡᠨ ᠤ ᠭᠦᠨ ᠵᠤᠵᠠᠭᠠᠨ ᠨᠥᠬᠦᠷᠯᠡᠯ ᠢ ᠪᠡᠶᠡᠴᠢᠯᠠᠨ ᠥᠩᠭᠡᠷᠡᠭᠦᠯᠦᠭᠰᠡᠨ ᠰᠠᠨ᠃ ᠲᠠᠳᠠᠨᠤᠰ ᠢ ︽ᠤᠯᠤᠰ ᠤᠨ ᠬᠡᠦᠬᠡᠳ︾ ᠭᠡᠳᠡᠭ ᠪᠣᠯᠪᠠᠴᠤ ᠬᠥᠯᠥᠨ ᠪᠤᠶᠢᠷ ᠲᠤ ᠢᠷᠡᠭᠰᠡᠨ ᠲᠡᠷᠡ ᠡᠳᠦᠷ ᠠᠴᠠ ᠪᠠᠨ ᠳᠡᠳᠡ ︽ᠬᠥᠯᠥᠨ ᠪᠤᠶᠢᠷ ᠤᠨ ᠬᠡᠦᠬᠡᠳ︾ ᠪᠣᠯᠵᠠᠶ᠃ ᠡᠨᠡ ᠪᠣᠯ ᠲᠡᠳᠡᠨ ᠤ ᠡᠬᠡ ᠨᠤᠲᠤᠭ᠂ ᠲᠡᠳᠡᠨ ᠢ ᠥᠰᠬᠡᠵᠦ ᠪᠤᠶᠢᠵᠢᠭᠤᠯᠤᠭᠰᠠᠨ ᠬᠦᠷᠦᠰᠦ ᠰᠢᠷᠤᠢ ᠪᠢᠯᠡ                                                                         ᠵᠣᠬᠢᠶᠠᠭᠴᠢ᠄ ᠦᠷᠤᠡᠳᠤᠶᠠᠭ᠎ᠠ     ᠪᠤᠯᠤᠷ
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号