ᠲᠠᠯ᠎ᠠ ᠨᠤᠲᠤᠭ ᠤᠨ ᠬᠦᠪᠡᠬᠦᠨ — ᠴᠢᠷᠮᠠᠶᠢᠯᠲᠤ — ︽ᠨᠠᠮ ᠤᠨ ᠦᠭᠡ ᠶᠢ ᠰᠤᠨᠤᠰᠴᠤ ᠨᠠᠮ ᠳᠠᠭᠠᠨ ᠲᠠᠯᠠᠷᠬᠠᠵᠤ ᠨᠠᠮ ᠢᠶᠠᠨ ᠲᠠᠭᠠᠨ᠎ᠠ︾ ᠦᠡᠳᠤᠰᠤᠳᠡᠨ ᠤ ᠪᠥᠯᠬᠦᠮᠳᠠᠯ ᠤᠨ ᠦᠯᠢᠭᠡᠷ ᠤᠨ ᠰᠢᠷᠢᠰ ᠰᠤᠷᠪᠤᠯᠵᠢᠯᠠᠭ᠎ᠠ ︵ᠬᠤᠶᠠᠷ︶
ᠨᠡᠶᠢᠲᠡᠯᠡᠭᠰᠡᠨ ᠴᠠᠭ᠄
2021/10/13
   ᠬᠠᠭᠤᠴᠢᠨ ᠪᠠᠷᠭᠤ ᠬᠤᠰᠢᠭᠤᠨ ᠤ ᠲᠦᠪ ᠪᠠᠶᠠᠨᠬᠦ᠋ᠷᠢᠶ᠎ᠠ ᠪᠠᠯᠭᠠᠰᠤᠨ ᠳᠤ ᠴᠢᠷᠮᠠᠶᠢᠯᠲᠦ ᠭᠤᠧᠠᠢ ᠲᠠᠢ ᠠᠭᠤᠯᠵᠠᠨ ᠰᠤᠷᠪᠤᠯᠵᠢᠯᠠᠭ᠎ᠠ ᠠᠪᠴᠦ ᠪᠢᠯᠡ᠃ ᠨᠠᠰᠤ ᠪᠠᠷ ᠢᠶᠠᠨ ᠨᠠᠷᠠᠨ ᠤ ᠪᠤᠷᠤ ᠮᠠᠯᠴᠢᠨ ᠶᠠᠪᠤᠭᠰᠠᠨ ᠲᠡᠬᠦᠨ ᠤ ᠴᠢᠷᠠᠢ ᠳᠤ ᠬᠦᠳᠡᠯᠮᠦᠷᠢ ᠪᠠᠷ ᠢᠶᠠᠨ ᠠᠮᠢᠲᠤᠷᠠᠯ ᠢᠶᠠᠨ ᠬᠡᠶᠢᠬᠦᠯᠵᠦ ᠶᠠᠪᠤᠭᠰᠠᠨ ᠤᠯᠠ ᠮᠦᠷ ᠲᠤᠲᠤᠷᠠᠵᠤ᠂ ᠤᠯᠠᠨ ᠵᠢᠯ ᠤᠨ ᠬᠠᠳᠠᠭᠤᠵᠢᠯᠲᠠᠢ ᠴᠢᠷᠮᠠᠶᠢᠯᠭ᠎ᠠ ᠪᠠᠷ ᠤᠲᠤ ᠪᠤᠯᠬᠤ ᠳᠤ ᠦᠷ᠎ᠠ ᠬᠡᠤᠬᠡᠳ ᠤᠨ ᠢᠶᠠᠨ ᠠᠴᠢᠯᠠᠯ ᠲᠤᠤᠷ᠎ᠠ ᠬᠦᠨᠲᠦ ᠠᠵᠢᠯ ᠠᠴᠠ ᠬᠤᠯᠠᠳᠠᠵᠤ᠂ ᠦᠳᠡᠯᠦᠬᠡ ᠨᠠᠰᠤ ᠪᠠᠨ ᠵᠤᠯ ᠵᠢᠷᠭᠠᠯ ᠲᠠᠢ ᠦᠡᠭᠬᠡᠷᠡᠬᠦᠯᠵᠦ ᠶᠠᠪᠤᠨ᠎ᠠ᠃      ᠴᠢᠷᠮᠠᠶᠢᠯᠲᠤ ᠬᠠᠭᠤᠴᠢᠨ ᠪᠠᠷᠭᠤ ᠬᠤᠰᠢᠭᠤᠨ ᠤ ᠵᠡᠬᠦᠨ ᠦᠵᠦᠭᠦᠷ ᠰᠤᠮᠤᠨ ᠤ ᠬᠠᠶᠢᠯᠠᠰᠤᠲᠤ ᠭᠠᠴᠠᠭ᠎ᠠ ᠪᠠᠷ ᠨᠤᠲᠤᠭ ᠲᠠᠢ᠃ ᠬᠤᠯᠠ ᠤᠢᠢᠷ᠎ᠠ ᠳᠠᠭᠠᠨ ᠠᠯᠲᠠᠷᠲᠠᠢ ᠬᠠᠰᠢᠷ ᠮᠠᠯᠴᠢᠨ ᠬᠦᠮᠦᠨ᠃ ᠴᠢᠷᠮᠠᠶᠢᠯᠲᠦ ᠪᠤᠯ ᠲᠡᠬᠡᠷ᠎ᠡ ᠵᠠᠭᠤᠨ ᠤ ᠵᠢᠷᠠᠭᠠᠳ ᠤᠨ ᠤ ᠡᠬᠢ ᠪᠠᠷ ᠱᠠᠩᠬᠠᠢ ᠠᠴᠠ ᠢᠷᠡᠭᠰᠡᠨ ᠭᠤᠷᠪᠠᠨ ᠮᠢᠩᠭ᠎ᠠ ᠭᠠᠷᠤᠢ ︽ᠤᠯᠤᠰ ᠤᠨ ᠬᠡᠦᠬᠡᠳ︾ ᠤᠨ ᠨᠢᠭᠡᠨ᠃ ᠲᠡᠷᠡ 1961 ᠤᠨ ᠳᠤ ᠬᠠᠭᠤᠴᠢᠨ ᠪᠠᠷᠭᠤ ᠬᠤᠰᠢᠭᠤᠨ ᠤ ᠵᠡᠬᠦᠨ ᠦᠵᠦᠬᠦᠷ ᠰᠤᠮᠤᠨ ᠤ ᠬᠠᠶᠢᠯᠠᠰᠦᠲᠦ ᠭᠠᠴᠠᠭᠠᠨ ᠤ ᠬᠠᠰᠢᠷ ᠮᠠᠯᠴᠢᠨ ᠭᠠᠪᠠᠷᠢ ᠶᠢᠨ ᠭᠤᠯᠤᠮᠳᠠ ᠵᠠᠯᠭᠠᠬᠤ ᠤᠳᠬᠤᠨ ᠬᠦᠦ ᠪᠤᠯᠵᠤ᠂ ᠬᠦᠳᠡᠭᠡ ᠨᠤᠲᠤᠭ ᠲᠤ ᠦᠰᠦᠨ ᠪᠤᠶᠢᠵᠢᠵᠤ᠂ ᠲᠠᠯ᠎ᠠ ᠨᠤᠲᠤᠭ ᠤᠨ ᠬᠦᠪᠡᠬᠦᠨ ᠪᠤᠯᠤᠭᠰᠠᠨ ᠶᠤᠮ᠃        ᠲᠡᠬᠡᠷ᠎ᠡ ᠵᠠᠭᠤᠨ ᠤ ᠲᠠᠪᠢᠭᠠᠳ ᠤᠨ ᠤ ᠰᠡᠬᠦᠯᠴᠢ᠂ ᠵᠢᠷᠠᠭᠠᠳ ᠤᠨ ᠤ ᠡᠬᠢ ᠪᠠᠷ ᠱᠠᠩᠬᠠᠢ᠂ ᠵᠢᠶᠠᠩᠰᠦ᠂ ᠠᠨᡁᠦ᠋ᠢ ᠵᠡᠷᠬᠡ ᠭᠠᠵᠠᠷ ᠪᠠᠶᠢᠭᠠᠯᠢ ᠶᠢᠨ ᠬᠦᠨᠳᠦ ᠭᠠᠢ ᠭᠠᠮᠰᠢᠭ ᠲᠤ ᠲᠠᠭᠠᠷᠢᠭᠳᠠᠵᠦ᠂ ᠦᠨᠦᠴᠢᠨ ᠬᠡᠤᠬᠡᠳ ᠤᠨ ᠠᠰᠠᠷᠠᠮᠵᠢ ᠶᠢᠨ ᠬᠦᠷᠢᠶᠡᠯᠡᠩ ᠦᠵᠡᠵᠦ ᠪᠠᠶᠢᠳᠠᠯ᠎ᠠ ᠬᠦᠯᠢᠶᠡᠨ ᠠᠪᠬᠤ ᠬᠡᠮᠵᠢᠶᠡᠨ ᠠᠴᠠ ᠪᠠᠨ ᠬᠡᠳᠦᠷᠡᠵᠦ᠂ ᠬᠡᠤᠬᠡᠳ ᠤᠳ ᠢᠳᠡᠬᠦ ᠬᠤᠭᠤᠯᠠ ᠦᠬᠡᠢ ᠪᠤᠯᠬᠤ ᠬᠡᠮᠵᠢᠶᠠᠨ ᠳᠤ ᠬᠦᠷᠴᠡᠢ᠃ ᠲᠤᠬᠠᠢ ᠶᠢᠨ ᠦᠶ᠎ᠡ ᠳᠤ 3000 ᠦᠨᠦᠴᠢᠨ ᠬᠡᠤᠬᠡᠳ ᠢ ᠬᠡᠳᠦᠨ ᠪᠦᠯᠦᠭ ᠬᠤᠪᠢᠶᠠᠨ ᠦᠪᠦᠷ ᠮᠤᠩᠭᠤᠯ ᠳᠤ ᠲᠤᠰᠴᠦ ᠠᠪᠴᠢᠷᠠᠨ᠂ ᠡᠯ᠎ᠡ ᠠᠶᠢᠮᠠᠭ ᠬᠤᠳᠠ ᠶᠢᠨ ᠬᠠᠯᠠᠭᠤᠨ ᠰᠡᠳᠬᠢᠯᠳᠤ ᠮᠠᠯᠴᠢᠳ ᠲᠤ ᠦᠷᠡᠴᠢᠯᠡᠬᠦᠯᠦᠨ ᠲᠡᠵᠢᠬᠡᠯᠬᠡᠪᠡ᠃ ᠪᠠᠶᠢᠭᠠᠯᠢ ᠶᠢᠨ ᠭᠠᠮᠰᠢᠭ ᠲᠤ ᠲᠠᠭᠠᠷᠢᠭᠳᠠᠭᠰᠠᠨ ᠬᠦᠴᠢᠷ ᠪᠡᠷᠬᠡ ᠴᠠᠭ ᠦᠶ᠎ᠡ ᠳᠤ ᠦᠪᠦᠷ ᠮᠤᠩᠭᠤᠯ ᠤᠨ ᠠᠷᠠᠳ ᠲᠦᠮᠡᠨ ᠬᠠᠶᠢᠷ᠎ᠠ ᠰᠡᠳᠬᠢᠯᠬᠡ ᠪᠠᠨ ᠬᠠᠷᠠᠮ ᠦᠬᠡᠢ ᠡᠷᠬᠦᠵᠦ᠂ ︽ᠤᠯᠤᠰ ᠤᠨ ᠬᠡᠤᠬᠡᠳ︾ ᠢ ᠦᠷᠡᠴᠢᠯᠡᠨ ᠲᠡᠵᠢᠬᠡᠵᠦ᠂ ᠲᠤᠮᠳᠠᠳᠤ ᠶᠢᠨ ᠦᠨᠳᠦᠰᠦᠳᠡᠨ ᠤ ᠲᠤᠮᠤ ᠬᠡᠷ ᠪᠦᠯᠢ ᠳᠤ ᠦᠨᠳᠦᠰᠦᠳᠡᠨ ᠨᠦᠭᠦᠳ ᠤᠨ ᠠᠬ᠎ᠠ ᠲᠡᠬᠦᠦ ᠨᠠᠷ ᠰᠡᠳᠬᠢᠯ ᠨᠢᠬᠡᠳᠤᠨ ᠪᠦᠯᠬᠦᠮᠳᠡᠵᠦ᠂ ᠬᠠᠷᠢᠯᠴᠠᠨ ᠬᠠᠪᠰᠤᠷᠴᠦ᠂ ᠦᠨᠳᠦᠰᠦᠳᠡᠨ ᠤ ᠪᠦᠯᠬᠦᠮᠳᠡᠯ ᠤᠨ ᠢᠷᠠᠭᠤ ᠬᠠᠭᠤᠳᠠᠰᠦ ᠶᠢ ᠪᠢᠴᠢᠭᠯᠡᠭᠰᠡᠨ ᠶᠤᠮ᠃     ᠲᠡᠷᠡ ᠦᠶ᠎ᠠ ᠳᠤ ᠬᠠᠯᠠᠭᠤᠨ ᠰᠡᠳᠬᠢᠯᠳᠤ ᠬᠦᠯᠦᠨ ᠪᠤᠶᠢᠷ ᠤᠨ ᠠᠷᠠᠳ ᠲᠦᠮᠡᠨ ᠴᠦ ᠬᠠᠶᠢᠷ᠎ᠠ ᠶᠢᠨ ᠬᠠᠯᠠᠭᠤᠨ ᠭᠠᠷ ᠢᠶᠠᠨ ᠰᠤᠩᠭᠠᠵᠦ᠂ 300 ᠭᠠᠷᠤᠢ ᠦᠨᠦᠴᠢᠨ ᠬᠡᠤᠬᠡᠳ ᠢ ᠦᠷᠡᠴᠢᠯᠡᠨ ᠬᠦᠯᠦᠨ ᠪᠤᠶᠢᠷ ᠤᠨ ᠦᠷᠬᠡᠨ ᠠᠭᠤᠳᠠᠮ ᠲᠠᠯ᠎ᠠ ᠳᠠᠭᠠᠨ ᠬᠦᠮᠦᠵᠢᠬᠦᠯᠦᠨ ᠪᠤᠶᠢᠵᠢᠭᠤᠯᠪᠠ᠃ ᠡᠳᠡᠬᠡᠷ ᠬᠠᠯᠠ ᠵᠤᠪᠠᠯᠠᠩ ᠠᠮᠰᠠᠭᠰᠠᠨ ᠦᠨᠦᠴᠢᠨ ᠬᠡᠤᠬᠡᠳ ᠤᠳ ᠡᠷᠬᠦᠭᠰᠡᠨ ᠠᠪᠤ ᠡᠵᠢ᠂ ᠨᠠᠮ ᠵᠠᠰᠠᠭ ᠤᠨ ᠬᠠᠶᠢᠷ᠎ᠠ ᠬᠠᠯᠠᠮᠵᠢ ᠲᠤᠤᠷ᠎ᠠ ᠬᠦᠯᠦᠨ ᠪᠤᠶᠢᠷ ᠤᠨ ᠲᠠᠯ᠎ᠠ ᠨᠤᠳᠤᠭ ᠲᠤ ᠡᠩᠬᠡ ᠲᠤᠩᠬ᠎ᠠ ᠦᠰᠤᠨ ᠪᠤᠶᠢᠵᠢᠵᠦ᠂ ᠡᠨᠡ ᠨᠤᠳᠤᠭ ᠲᠤ ᠢᠳᠡᠬᠡᠰᠢᠨ ᠵᠤᠯ ᠵᠢᠷᠭᠠᠯ ᠲᠠᠢ ᠠᠮᠢᠲᠤᠷᠠᠵᠤ ᠶᠠᠪᠤᠨ᠎ᠠ᠃      ᠢᠡᠭᠬᠢᠭᠡᠳ ᠱᠠᠩᠬᠠᠢ ᠶᠢᠨ ᠬᠦᠦ ᠴᠢᠷᠮᠠᠶᠢᠯᠲᠦ ᠬᠦᠯᠦᠨ ᠪᠤᠶᠢᠷ ᠨᠤᠲᠤᠭ ᠠᠴᠠ ᠰᠤᠷᠭᠠᠭᠤᠯᠢ ᠰᠤᠶᠤᠯ ᠤᠨ ᠮᠦᠷ ᠢ ᠬᠦᠬᠡᠬᠡᠵᠦ᠂ ᠠᠳᠡ ᠬᠡᠷ ᠪᠦᠯᠢ ᠪᠠᠨ ᠪᠠᠶᠢᠭᠤᠯᠤᠨ᠂ ᠨᠤᠲᠤᠭ ᠤᠨ ᠵᠤᠨ ᠲᠦᠮᠡᠨ ᠳᠡᠭᠡᠨ ᠬᠠᠯᠠᠭᠤᠨ ᠰᠡᠳᠬᠢᠯ ᠢᠶᠠᠷ ᠵᠢᠳᠬᠦᠵᠦ᠂ ᠭᠠᠴᠠᠭᠠᠨ ᠤ ᠠᠵᠢᠯ ᠳᠤ ᠤᠯᠠᠨ ᠵᠢᠯ ᠴᠢᠷᠮᠠᠶᠢᠨ ᠠᠵᠢᠯᠯᠠᠵᠤ ᠶᠠᠪᠤᠭᠰᠠᠨ ᠰᠠᠨ᠃        ᠴᠢᠷᠮᠠᠶᠢᠯᠲᠤ ᠶᠢᠨ ᠡᠷᠦᠭᠡ ᠠᠮᠠ ᠶᠢᠨ ᠳᠡᠪᠲᠡᠷ ᠳᠡᠭᠡᠷ᠎ᠠ ᠲᠦᠷᠦᠭᠰᠡᠨ ᠡᠳᠦᠷ ᠢ ᠨᠢ 1960 ᠤᠨ ᠤ 4 ᠰᠠᠷ᠎ᠠ ᠶᠢᠨ 30      ᠤ ᠡᠳᠦᠷ ᠭᠡᠵᠤ ᠪᠢᠴᠢᠭᠡᠰᠦᠳᠡᠢ ᠪᠢᠯᠡ᠃ ᠲᠤᠬᠠᠢ ᠶᠢᠨ ᠦᠶ᠎ᠠ ᠳᠤ ᠲᠡᠬᠦᠨ ᠤ ᠠᠪᠤ ᠨᠢ ᠠᠮᠪᠠᠨ ᠬᠤᠳᠠ ᠳᠤ ᠨᠢᠬᠡ ᠪᠦᠯᠦᠭ ᠤᠯᠤᠰ ᠤᠨ ᠬᠡᠤᠬᠡᠳ ᠢᠷᠡᠭᠰᠡᠨ ᠢ ᠰᠤᠨᠤᠰᠤᠭᠠᠳ ᠦᠬᠡᠷ ᠲᠡᠷᠬᠡ ᠪᠠᠨ ᠬᠦᠯᠯᠡᠵᠦ ᠮᠡᠷᠬᠡᠯ ᠤᠨ ᠵᠤᠰᠠᠯᠠᠩ ᠠᠴᠠ ᠨᠢᠬᠡ ᠡᠲᠦᠷ ᠶᠠᠪᠤᠵᠤ᠂ ᠠᠮᠪᠠᠨ ᠬᠤᠲᠠ ᠶᠢᠨ ᠴᠡᠴᠡᠷᠯᠢᠭ ᠠᠴᠠ ᠴᠢᠷᠮᠠᠶᠢᠯᠲᠦ ᠶᠢ ᠲᠤᠰᠴᠦ ᠠᠪᠴᠢᠷᠠᠵᠠᠢ᠃ ᠲᠡᠷᠡ ᠦᠶ᠎ᠠ ᠳᠤ ᠶᠠᠭ ᠵᠤᠨ ᠤ ᠡᠬᠢᠨ ᠰᠠᠷ᠎ᠠ ᠪᠠᠶᠢᠭᠰᠠᠨ ᠬᠡᠨ᠎ᠠ᠃ ᠴᠢᠷᠮᠠᠶᠢᠯᠳᠦ ᠦᠯᠦᠬᠡᠢ ᠲᠠᠢ ᠬᠡᠤᠬᠡᠳ ᠪᠠᠶᠢᠭᠰᠠᠨ ᠠᠴᠠ ᠠᠪᠤ ᠡᠵᠢ ᠨᠢ ᠲᠡᠬᠦᠨ ᠤ ᠲᠦᠷᠦᠭᠰᠡᠨ ᠡᠳᠦᠷ ᠢ ᠨᠢ 4 ᠰᠠᠷ᠎ᠠ ᠶᠢᠨ 30      ᠤ ᠡᠳᠦᠷ ᠢᠶᠠᠷ ᠳᠠᠩᠰᠠᠯᠠᠭᠤᠯᠤᠭᠰᠠᠨ ᠭᠡᠨ᠎ᠡ᠃ ︽ᠲᠡᠷᠡ ᠬᠦ ᠭᠠᠴᠢᠭ ᠡᠷᠢᠨ ᠳᠤ ᠠᠪᠤ ᠡᠵᠢ ᠮᠢᠨᠢ ᠨᠠᠮᠠᠢᠢ ᠤᠭᠵᠢᠵᠤ ᠬᠦᠮᠦᠨ ᠪᠤᠯᠭᠠᠭᠰᠠᠨ ᠰᠢᠤ︾ ᠬᠡᠵᠦ ᠴᠢᠷᠮᠠᠶᠢᠯᠲᠦ ᠬᠦᠨ ᠰᠡᠳᠬᠢᠯᠭᠡ ᠲᠠᠢ ᠶᠠᠷᠢᠵᠤ ᠪᠠᠶᠢᠯ᠎ᠠ᠃ ᠲᠡᠬᠦᠨ ᠤ ᠡᠷᠬᠢᠴᠡᠬᠦᠯᠬᠦ ᠪᠠᠷ ᠭᠠᠭᠴᠡ ᠠᠪᠤ ᠡᠵᠢ ᠨᠢ ᠪᠢᠰᠢ᠂ ᠬᠠᠯᠠᠭᠤᠨ ᠰᠡᠳᠬᠢᠯᠲᠦ ᠨᠤᠲᠤᠭ ᠤᠨ ᠠᠪᠠᠭ᠎ᠠ ᠪᠡᠷᠬᠡᠨ ᠨᠠᠷ ᠬᠦᠷᠳᠡᠯ᠎ᠠ ᠲᠡᠬᠦᠨ ᠳᠤ ᠶᠡᠭᠡ ᠰᠠᠨᠠᠭᠠᠰᠢᠷᠠᠵᠤ᠂ ᠠᠪᠳᠠᠷ᠎ᠠ ᠠᠴᠠ ᠪᠠᠨ ᠰᠠᠶᠢᠨ ᠢᠶᠠᠨ ᠭᠠᠷᠭᠠᠵᠤ ᠬᠠᠶᠢᠷᠠᠯᠠᠨ ᠬᠦᠮᠦᠵᠢᠬᠦᠯᠦᠭᠰᠡᠨ ᠭᠡᠨ᠎ᠡ᠃      ᠲᠡᠷᠡ ᠦᠶ᠎ᠡ ᠳᠤ ᠴᠢᠷᠮᠠᠶᠢᠯᠲᠦ ᠶᠢᠨ ᠡᠷᠬᠦᠭᠰᠡᠨ ᠠᠪᠤ ᠭᠠᠪᠠᠷᠢ 54 ᠨᠠᠰᠤᠲᠠᠢ᠂ ᠡᠵᠢ ᠨᠢ 45 ᠨᠠᠰᠤᠲᠠᠢ ᠪᠠᠶᠢᠵᠤ᠂ ᠭᠤᠷᠪᠠᠨ ᠬᠡᠤᠬᠡᠨ ᠲᠠᠢ ᠵᠤᠯ ᠵᠢᠷᠭᠠᠯᠲᠦ ᠭᠡᠷ ᠪᠦᠯᠢ ᠪᠠᠶᠢᠪᠠ᠃ ᠴᠢᠷᠮᠠᠶᠢᠯᠲᠦ ᠠᠩᠬ᠎ᠠ ᠰᠢᠨ᠎ᠡ ᠭᠡᠷ ᠲᠡᠭᠡᠨ ᠬᠦᠷᠬᠦ ᠦᠶ᠎ᠡ ᠳᠤ ᠤᠷᠳᠦ ᠬᠤᠭᠤᠴᠠᠭ᠎ᠠ ᠰᠢᠮ᠎ᠡ ᠲᠡᠵᠢᠭᠡᠯ ᠳᠤᠲᠠᠭᠳᠠᠭᠰᠠᠨ ᠠᠴᠠ ᠮᠠᠰᠢ ᠡᠴᠡᠩᠬᠡᠢ ᠪᠠᠶᠢᠭᠰᠠᠨ ᠭᠡᠨ᠎ᠠ᠃ ᠲᠡᠳᠡ ᠬᠤᠶᠠᠭᠤᠯᠠ ᠴᠢᠷᠮᠠᠶᠢᠯᠲᠦ ᠶᠢ ᠲᠦᠷᠦᠭᠰᠡᠨ ᠬᠡᠤᠬᠡᠳ ᠢᠶᠠᠨ ᠰᠢᠭ ᠡᠩᠭᠦᠷᠡᠶᠢᠯᠡᠨ᠂ ︽ᠴᠢᠷᠮᠠᠶᠢᠯᠲᠦ︾ ᠭᠡᠬᠦ ᠮᠤᠩᠭᠤᠯ ᠨᠡᠷ᠎ᠠ ᠬᠠᠶᠢᠷᠠᠯᠠᠵᠠᠢ᠃ ᠡᠨᠡ ᠬᠦ ᠳᠤᠮᠤ ᠭᠡᠷ ᠪᠦᠯᠢ ᠳᠤ ᠴᠢᠷᠮᠠᠶᠢᠯᠲᠦ ᠡᠴᠢᠬᠡ ᠡᠬᠡ ᠶᠢᠨ ᠬᠠᠶᠢᠷ᠎ᠠ ᠶᠢ ᠬᠦᠷᠲᠡᠨ᠂ ᠡᠬᠡᠴᠢ ᠨᠠᠷ ᠤᠨ ᠢᠶᠠᠨ ᠡᠨᠡᠷᠢᠯ ᠬᠠᠶᠢᠷ᠎ᠠ ᠳᠤ ᠪᠦᠪᠠᠶᠢᠯᠡᠭᠳᠡᠨ ᠦᠰᠦᠯ᠎ᠠ᠃ ᠠᠪᠤ ᠨᠢ ᠴᠢᠷᠮᠠᠶᠢᠯᠲᠤ ᠶᠢ ᠳᠦᠷᠪᠡᠨ ᠨᠠᠰᠤᠲᠠᠢ ᠠᠴᠠ ᠡᠬᠢᠯᠡᠨ᠂ ᠡᠪᠦᠭᠡ ᠶᠢᠨ ᠬᠢᠨᠢ ᠮᠤᠷᠢ ᠶᠢ ᠤᠨᠤᠭᠤᠯᠤᠨ ᠰᠤᠷᠭᠠᠵᠤ᠂ ᠮᠤᠩᠭᠤᠯ ᠡᠷ᠎ᠡ ᠶᠢᠨ ᠬᠠᠲᠠᠭᠤ ᠰᠤᠷᠭᠠᠯ ᠢᠶᠠᠷ ᠡᠷ᠎ᠡ ᠶᠢᠨ ᠴᠡᠬᠡᠯ ᠳᠤ ᠬᠦᠷᠭᠡᠵᠡᠢ᠃ ᠲᠡᠬᠦᠨ ᠤ ᠡᠵᠢ ᠨᠢ ᠮᠤᠩᠭᠤᠯ ᠡᠬᠡ ᠶᠢᠨ ᠠᠷᠢᠭᠤᠨ ᠴᠠᠭᠠᠨ ᠬᠠᠶᠢᠷ᠎ᠠ ᠪᠠᠷ ᠪᠦᠪᠠᠶᠢᠯᠡᠵᠤ᠂ ᠡᠭᠡᠴᠢ ᠨᠠᠷ ᠨᠢ ᠲᠡᠬᠦᠨ ᠢ ᠤᠨᠠᠵᠦ ᠪᠦᠲᠦᠷᠢᠬᠦ ᠠᠴᠠ ᠨᠢ ᠠᠶᠤᠵᠤ᠂ ᠮᠤᠩᠭᠤᠯ ᠭᠡᠷ ᠠᠴᠠ ᠪᠠᠨ ᠭᠠᠷᠴᠤ ᠤᠷᠤᠬᠤ ᠶᠢᠨ ᠬᠤᠭᠤᠷᠤᠨᠲᠤ ᠴᠦ ᠬᠡᠰᠡᠨ ᠲᠡᠪᠡᠷᠢᠨ ᠶᠠᠪᠤᠵᠠᠭᠠᠳᠠᠭ ᠪᠠᠶᠢᠵᠠᠢ᠃      ᠴᠢᠷᠮᠠᠶᠢᠯᠲᠦ ᠶᠢᠨ ᠠᠪᠤ ᠭᠠᠪᠡᠷᠢ ᠨᠢ ᠭᠠᠴᠠᠭᠠᠨ ᠤ ᠪᠠᠨ ᠱᠦᠵᠢ ᠶᠢᠨ ᠠᠵᠢᠯ ᠢ ᠤᠯᠠᠨ ᠵᠢᠯ ᠬᠢᠵᠦ᠂ ᠦᠪᠡᠷᠳᠡᠭᠡᠨ ᠵᠠᠰᠠᠬᠤ ᠤᠷᠤᠨ ᠤ ᠠᠷᠠᠳ ᠤᠨ ᠲᠦᠯᠦᠭᠡᠯᠡᠭᠴᠢ ᠶᠠᠪᠤᠭᠰᠠᠨ ᠦᠡᠭᠬᠡᠷᠡᠯᠳᠡ ᠲᠠᠢ᠂ ᠬᠤᠯᠠ ᠶᠠᠪᠤᠵᠤ ᠶᠡᠭᠡ ᠶᠠᠭᠤᠮ᠎ᠠ ᠦᠵᠡᠭᠰᠡᠨ ᠬᠦᠳᠡᠯᠮᠦᠷᠢᠴᠢ ᠬᠦᠮᠦᠨ ᠪᠠᠶᠢᠭᠰᠠᠨ ᠶᠤᠮ᠃ ᠲᠡᠷᠡ ᠠᠪᠤ ᠶᠢᠨ ᠢᠶᠠᠨ ᠨᠦᠯᠦᠬᠡ ᠪᠠᠷ ᠬᠦᠳᠡᠭᠡ ᠶᠢᠨ ᠠᠵᠢᠯ ᠳᠤ ᠭᠠᠷᠰᠢᠭᠰᠠᠨ ᠮᠦᠷᠳᠡᠬᠡᠨ ᠠᠪᠤ ᠶᠢᠨ ᠢᠶᠠᠨ ᠤᠯᠠᠨ ᠲᠦᠮᠡᠨ ᠳᠡᠭᠡᠨ ᠢᠳᠡᠬᠡᠯ ᠲᠠᠢ ᠶᠠᠪᠤᠳᠠᠭ ᠵᠠᠩ ᠠᠭᠠᠯᠢ ᠶᠢ ᠲᠠᠭᠠᠨ ᠰᠤᠷᠤᠯᠴᠠᠵᠤ᠂ ᠭᠠᠴᠠᠭᠠᠨ ᠤ ᠪᠠᠨ ᠡᠪᠯᠡᠯ ᠤᠨ ᠡᠬᠦᠷ ᠤᠨ ᠠᠵᠢᠯ ᠠᠴᠠ ᠡᠬᠢᠯᠡᠨ ᠭᠠᠴᠠᠭᠠᠨ ᠤ ᠲᠠᠷᠤᠭ᠎ᠠ᠂ ᠭᠠᠴᠠᠭᠠᠨ ᠤ ᠱᠦᠵᠢ ᠶᠢᠨ ᠠᠵᠢᠯ ᠢ ᠬᠦᠷᠳᠡᠯ᠎ᠠ ᠡᠬᠦᠷᠬᠡᠯᠡᠵᠦ ᠶᠠᠪᠤᠪᠠ᠃ ᠲᠡᠬᠦᠨ ᠤ ᠠᠪᠤ ᠨᠢ ᠮᠠᠯᠴᠢᠨ ᠬᠦᠮᠦᠨ ᠤ ᠪᠠᠶᠢᠭᠠᠯᠢ ᠤᠷᠴᠢᠨ ᠢᠶᠠᠨ ᠬᠠᠮᠠᠭᠠᠯᠠᠬᠤ ᠤᠬᠠᠮᠰᠠᠷ ᠢ ᠴᠢᠷᠮᠠᠶᠢᠯᠲᠦ ᠳᠤ ᠪᠡᠶ᠎ᠠ ᠪᠠᠷ ᠢᠶᠠᠨ ᠵᠢᠭᠠᠨ ᠬᠦᠮᠦᠵᠢᠬᠦᠯᠵᠦ᠂ ᠬᠠᠳᠠᠭᠤ ᠬᠡᠷ ᠤᠨ ᠬᠦᠮᠦᠵᠢᠯ ᠢᠶᠠᠷ ᠰᠤᠷᠭᠠᠨ ᠬᠦᠮᠦᠵᠢᠬᠦᠯᠪᠠ᠃       ᠤᠭᠤᠷᠠᠭ ᠰᠦ᠂ ᠦᠬᠡᠬᠦ ᠲᠤᠰᠤ ᠵᠡᠷᠬᠡ ᠲᠠᠯ᠎ᠠ ᠨᠤᠲᠤᠭ ᠤᠨ ᠴᠡᠪᠡᠷ ᠭᠠᠷᠤᠯᠳᠠ ᠴᠢᠷᠮᠠᠶᠢᠯᠲᠦ ᠶᠢ ᠤᠳᠡᠯ ᠦᠬᠡᠢ ᠬᠦᠳᠡᠷ ᠴᠢᠬᠢᠷᠠᠭ ᠪᠠᠶ᠎ᠠ ᠲᠠᠢ ᠪᠤᠯᠭᠠᠯ᠎ᠠ᠃ ᠲᠡᠷᠡ ᠰᠤᠮᠤ ᠶᠢᠨ ᠰᠤᠷᠭᠠᠭᠤᠯᠢ ᠳᠤ ᠰᠠᠭᠤᠵᠤ ᠠᠩᠬ᠎ᠠ ᠳᠤᠮᠳᠠᠳᠤ ᠪᠠᠨ ᠲᠡᠭᠦᠰᠭᠡᠭᠡᠳ ᠠᠪᠤ ᠶᠢᠨ ᠬᠠᠯᠠᠭ᠎ᠠ ᠶᠢ ᠵᠠᠯᠭᠠᠵᠤ᠂ ᠤᠲᠤᠮ ᠲᠠᠮᠵᠢᠭᠰᠠᠨ ᠮᠠᠯᠴᠢᠨ ᠬᠦᠮᠦᠨ ᠪᠤᠯᠵᠤ᠂ ᠴᠢᠷᠮᠠᠶᠢᠯᠲᠤ ᠬᠠᠶᠢᠷᠠᠲᠤ ᠠᠪᠤ᠂ ᠡᠨᠡᠷᠢᠩᠬᠦᠢ ᠡᠵᠢ᠂ ᠭᠤᠷᠪᠠᠨ ᠡᠬᠡᠴᠢ ᠶᠢᠨ ᠢᠶᠠᠨ ᠦᠯᠡᠮᠵᠢ ᠶᠡᠭᠡ ᠬᠠᠯᠠᠮᠵᠢ ᠬᠠᠶᠢᠷ᠎ᠠ ᠶᠢᠨ ᠲᠠᠯᠠᠢ ᠳᠤ ᠱᠤᠮᠪᠠᠨ ᠡᠷ᠎ᠡ ᠶᠢᠨ ᠴᠡᠬᠡᠯ ᠳᠤ ᠬᠦᠷᠦᠭᠰᠡᠨ ᠶᠤᠮ᠃      1979 ᠤᠨ ᠳᠤ ᠴᠢᠷᠮᠠᠶᠢᠯᠲᠦ ᠭᠠᠴᠠᠭᠠᠨ ᠤ ᠪᠠᠨ ᠡᠪᠯᠡᠯ ᠤᠨ ᠡᠬᠦᠷ ᠤᠨ ᠱᠦᠵᠢ ᠶᠢᠨ ᠲᠤᠰᠢᠶᠠᠯ ᠢ ᠡᠬᠦᠷᠭᠡᠯᠡᠵᠤ᠂ ᠭᠠᠴᠠᠭᠠᠨ ᠤ ᠪᠠᠨ ᠵᠠᠯᠠᠭᠤᠴᠤᠳ ᠢᠶᠠᠨ ᠳᠠᠭᠠᠭᠤᠯᠤᠨ ᠭᠠᠴᠠᠭᠠᠨ ᠤ ᠪᠠᠨ ᠤᠯᠠᠨ ᠨᠡᠶᠢᠳᠡ ᠶᠢᠨ ᠬᠦᠳᠡᠯᠮᠤᠷᠢ ᠳᠤ ᠤᠷᠤᠯᠴᠠᠨ ᠠᠵᠢᠯ ᠤᠨ ᠴᠢᠯᠦᠬᠡ ᠪᠠᠷ ᠦᠳᠡᠰᠢᠯᠡᠭᠡ ᠲᠤᠭᠯᠠᠯᠳᠠ ᠭᠠᠷᠭᠠᠵᠤ ᠪᠠᠶᠢᠭᠰᠠᠨ ᠶᠤᠮ᠃ ︽ᠲᠡᠷᠡ ᠡᠷᠢᠨ ᠳᠤ ᠡᠪᠯᠡᠯ ᠤᠨ ᠡᠬᠦᠷ ᠤᠨ ᠠᠵᠢᠯ ᠬᠡᠵᠦ ᠭᠠᠴᠠᠭᠠᠨ ᠤ ᠵᠠᠯᠠᠭᠤᠴᠤᠳ ᠤᠨ ᠬᠦᠰᠠᠨ ᠬᠦᠯᠢᠶᠡᠳᠡᠭ ᠠᠵᠢᠯᠯᠠᠭ᠎ᠠ ᠪᠠᠶᠢᠭᠰᠠᠨ ᠪᠤᠯᠬᠤᠷ ᠬᠠᠮᠲᠦ ᠶᠢᠨ ᠬᠦᠴᠦᠨ ᠳᠤ ᠤᠯᠠᠨ ᠨᠡᠶᠢᠳᠡ ᠶᠢᠨ ᠠᠵᠢᠯ ᠢ ᠲᠦᠷᠬᠡᠨ ᠪᠡᠶᠡᠯᠡᠬᠦᠯᠳᠡᠭ ᠮᠦᠷᠳᠡᠬᠡᠨ ᠲᠤᠩ ᠪᠠᠶᠠᠷ ᠵᠢᠷᠭᠠᠯ ᠲᠠᠢ ᠪᠠᠶᠢᠳᠠᠭ︾ ᠬᠡᠵᠤ ᠴᠢᠷᠮᠠᠶᠢᠯᠲᠦ ᠡᠷᠬᠢᠴᠡᠬᠦᠯᠦᠨ ᠶᠠᠷᠢᠨ᠎ᠠ᠃ 1983 ᠤᠨ ᠳᠤ ᠴᠢᠷᠮᠠᠶᠢᠯᠲᠦ ᠵᠠᠶᠠᠭᠠᠨ ᠤ ᠬᠠᠨᠢ ᠨᠡᠷᠡᠨᠭᠡᠷᠡᠯ ᠲᠠᠢ ᠵᠠᠶᠠᠭ᠎ᠠ ᠬᠤᠯᠪᠤᠵᠤ ᠡᠷᠦᠭᠡ ᠭᠡᠷ ᠪᠤᠰᠬᠠᠨ᠂ ᠭᠤᠷᠪᠠᠨ ᠬᠦᠦ ᠲᠠᠢ ᠪᠤᠯᠵᠤ᠂ ᠪᠠᠷᠭᠤ ᠶᠢᠨ ᠲᠠᠯ᠎ᠠ ᠨᠤᠲᠤᠭ ᠲᠠᠭᠠᠨ ᠲᠠᠪᠤᠨ ᠬᠤᠰᠢᠭᠤ ᠮᠠᠯ ᠢᠶᠠᠨ ᠦᠨᠢᠷ ᠦᠰᠬᠡᠵᠦ᠂ ᠵᠤᠯ ᠵᠢᠷᠭᠠᠯᠲᠦ ᠬᠡᠷ ᠪᠦᠯᠢ ᠪᠤᠯᠵᠤ ᠠᠵᠤ ᠲᠦᠷᠦᠨ ᠠᠮᠢᠲᠤᠷᠠᠵᠤ ᠢᠷᠠᠪᠡ᠃ ᠲᠡᠷᠡ 1987 ᠤᠨ ᠤ 7 ᠰᠠᠷ᠎ᠠ ᠶᠢᠨ 19      ᠤ ᠡᠳᠦᠷ᠂ ᠨᠠᠮ ᠤᠨ ᠵᠤᠬᠢᠶᠠᠨ ᠪᠠᠶᠢᠭᠤᠯᠤᠯᠲᠠ ᠳᠤ ᠡᠯᠰᠡᠭᠳᠡᠵᠤ᠂ ᠤᠷᠢᠳᠦ ᠡᠮᠦᠨ᠎ᠠ ᠬᠤᠰᠢᠭᠤ᠂ ᠰᠤᠮᠤ ᠶᠢᠨ ᠲᠡᠰ ᠤᠨ ᠠᠷᠠᠳ ᠤᠨ ᠲᠦᠯᠦᠭᠡᠯᠡᠭᠴᠢ ᠪᠠᠷ ᠤᠯᠠᠨ ᠤᠳᠠᠭ᠎ᠠ ᠰᠤᠩᠭᠤᠭᠳᠠᠵᠤ᠂ ᠲᠦᠷᠦ ᠲᠦᠮᠡᠨ ᠤ ᠪᠠᠨ ᠬᠤᠭᠤᠷᠤᠨᠲᠦ ᠠᠯᠳᠠᠨ ᠬᠤᠯᠪᠤᠭᠠᠰᠤ ᠶᠢᠨ ᠦᠢᠯᠡᠲᠦᠯ ᠢ ᠪᠠᠳᠠᠷᠠᠭᠤᠯᠤᠨ ᠶᠠᠪᠤᠵᠠᠢ᠃ 1995 ᠤᠨ ᠳᠤ ᠬᠠᠶᠢᠯᠠᠰᠤᠲᠤ ᠭᠠᠴᠠᠭᠠᠨ ᠤ ᠱᠦᠵᠢ ᠶᠢᠨ ᠲᠤᠰᠢᠶᠠᠯ ᠢ ᠡᠬᠦᠷᠭᠡᠯᠡᠵᠤ᠂ ᠪᠠᠷᠭᠤ ᠶᠢᠨ ᠠᠭᠤᠳᠠᠮ ᠲᠡᠯ᠎ᠡ ᠶᠢᠨ ᠦᠰᠦᠨ ᠬᠦᠮᠦᠵᠢᠬᠦᠯᠦᠭᠰᠡᠨ ᠠᠴᠢ ᠶᠢᠨ ᠬᠠᠷᠢᠭᠤ ᠳᠤ 8 ᠵᠢᠯ ᠭᠠᠴᠠᠭᠠᠨ ᠤ ᠤᠯᠠᠨ ᠲᠦᠮᠡᠨ ᠢᠶᠠᠨ ᠲᠠᠭᠠᠭᠤᠯᠤᠨ ᠴᠢᠷᠮᠠᠶᠢᠵᠤ᠂ ᠡᠨᠡ ᠨᠤᠲᠤᠭ ᠤᠨ ᠬᠦᠷᠦᠰᠦᠨ ᠠᠴᠠ ᠠᠪᠤᠭᠰᠠᠨ ᠬᠠᠷᠠᠮ ᠦᠬᠡᠢ ᠬᠠᠶᠢᠷ᠎ᠠ ᠶᠢᠨ ᠬᠠᠷᠢᠭᠤ ᠳᠤ ᠬᠦᠯᠦᠰᠦ ᠬᠦᠳᠡᠯᠮᠦᠷᠢ ᠪᠠᠨ ᠬᠠᠷᠠᠮ ᠦᠬᠡᠢ ᠵᠤᠷᠢᠭᠤᠯᠪᠠ᠃    ᠬᠠᠶᠢᠯᠠᠰᠤᠲᠦ ᠭᠠᠴᠠᠭᠠᠨ ᠤ ᠱᠦᠵᠢ ᠶᠢᠨ ᠲᠤᠰᠢᠶᠠᠯ ᠢ ᠬᠠᠷᠢᠭᠤᠴᠠᠭᠰᠠᠨ ᠠᠴᠠ ᠨᠠᠭᠠᠰᠢ᠂ ᠴᠢᠷᠮᠠᠶᠢᠯᠲᠦ ᠪᠦᠬᠦ ᠰᠡᠳᠬᠢᠯ ᠪᠦᠬᠦ ᠬᠦᠴᠦᠨ ᠢᠶᠠᠷ ᠢᠶᠠᠨ ᠮᠠᠯᠴᠢᠳ ᠢᠶᠠᠨ ᠳᠠᠭᠠᠭᠤᠯᠤᠨ ᠭᠠᠴᠠᠭᠠᠨ ᠤ ᠮᠠᠯᠵᠢᠬᠤ ᠦᠢᠯᠡᠳᠪᠤᠷᠢᠯᠡᠯ ᠪᠠ ᠰᠠᠭᠤᠷᠢ ᠳᠤᠨᠤᠭ ᠲᠦᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠰᠠᠶᠢᠵᠢᠷᠠᠭᠤᠯᠤᠭᠰᠠᠨ ᠠᠴᠠ ᠮᠠᠯᠴᠢᠳ ᠤᠨ ᠤᠷᠤᠯᠭ᠎ᠠ ᠵᠢᠯ ᠠᠴᠠ ᠵᠢᠯ ᠨᠡᠮᠡᠭᠳᠡᠨ᠂ ᠪᠦᠬᠦ ᠬᠤᠰᠢᠭᠤᠨ ᠤ ᠮᠧᠬᠠᠨᠢᠭᠵᠢᠭᠰᠠᠨ ᠬᠡᠮᠵᠢᠶ᠎ᠡ ᠬᠠᠮᠤᠭ ᠠᠴᠠ ᠦᠨᠳᠦᠷ᠂ ᠬᠡᠮ ᠬᠢᠵᠢᠭ ᠤᠨ ᠰᠡᠷᠭᠡᠶᠢᠯᠡᠯᠲᠡ ᠪᠠ ᠫᠸᠡᠭ ᠰᠠᠷᠠᠪᠴᠢ ᠶᠢᠨ ᠪᠦᠲᠦᠭᠡᠨ ᠪᠠᠶᠢᠭᠤᠯᠤᠯᠲᠠ ᠬᠠᠮᠤᠭ ᠠᠴᠠ ᠰᠠᠶᠢᠨ ᠭᠠᠴᠠᠭ᠎ᠠ ᠪᠤᠯᠤᠭᠰᠠᠨ ᠶᠤᠮ᠃ ᠴᠢᠷᠮᠠᠶᠢᠯᠲᠦ ᠭᠠᠴᠠᠭᠠᠨ ᠤ ᠪᠠᠨ ᠠᠷᠠᠳ ᠢ ᠲᠠᠶᠢᠴᠢᠯᠠᠨ ᠬᠦᠷᠢᠶᠡᠳᠦ ᠨᠠᠭᠤᠷ ᠤᠨ ᠵᠡᠬᠦᠨ ᠬᠦᠪᠡᠭᠡᠨ ᠳᠤ ᠮᠤᠲᠦ ᠵᠠᠶᠢᠯᠠᠵᠤ᠂ ᠨᠤᠲᠤᠭ ᠪᠡᠯᠴᠢᠬᠡᠷ ᠢᠶᠠᠨ ᠤᠢᠢᠵᠢᠭᠤᠯᠤᠭᠰᠠᠨ ᠤ ᠠᠴᠢ ᠪᠠᠷ ᠤᠲᠤ ᠪᠤᠯᠬᠤ ᠳᠤ ᠤᠯᠠᠩᠬᠢ ᠮᠤᠲᠦ ᠨᠠᠪᠴᠢ ᠨᠠᠮᠠᠭ᠎ᠠ ᠪᠠᠨ ᠲᠡᠯᠬᠡᠨ ᠡᠯᠡᠰᠦ ᠶᠢ ᠲᠤᠭᠳᠠᠪᠦᠷᠢᠵᠢᠭᠤᠯᠬᠤ ᠦᠢᠯᠡᠲᠦᠯ ᠢᠶᠠᠨ ᠪᠠᠳᠠᠷᠠᠭᠤᠯᠵᠤ ᠴᠢᠳᠠᠭᠰᠠᠨ ᠶᠤᠮ᠃ ᠴᠢᠷᠮᠠᠶᠢᠯᠲᠦ ᠡᠬᠡ ᠪᠠᠶᠢᠭᠠᠯᠢ ᠪᠠᠨ ᠬᠠᠮᠠᠭᠠᠯᠠᠬᠤ ᠤᠬᠠᠮᠰᠠᠷ ᠢ ᠲᠡᠬᠡᠲᠦᠰ ᠠᠴᠠ ᠪᠠᠨ ᠤᠯᠠᠮᠵᠢᠯᠠᠨ ᠦᠪᠯᠡᠵᠦ᠂ ᠡᠲᠦᠷ ᠲᠤᠲᠤᠮ ᠤᠨ ᠮᠠᠯᠵᠢᠬᠤ ᠦᠢᠯᠡᠳᠪᠦᠷᠢᠯᠡᠯ ᠳᠡᠭᠡᠨ ᠴᠦ ᠬᠡᠰᠡᠨ ᠮᠠᠯ ᠤᠨ ᠪᠡᠯᠴᠢᠬᠡᠷ ᠤᠰᠤᠨ ᠤ ᠲᠤᠬᠢᠷᠠᠭᠤᠯᠤᠯᠳᠠ ᠠᠴᠠ ᠡᠬᠢᠯᠡᠨ ᠪᠡᠯᠴᠢᠬᠡᠷ ᠤᠨ ᠡᠪᠳᠡᠭᠳᠡᠯ ᠢ ᠶᠡᠭᠡ ᠠᠩᠬᠠᠷᠴᠦ ᠪᠠᠶᠢᠳᠠᠭ᠃ ᠤᠲᠤ ᠮᠦᠨ ᠴᠦ ᠭᠤᠷᠪᠠᠨ ᠬᠦᠦ ᠳᠡᠭᠡᠨ ᠡᠬᠡ ᠪᠠᠶᠢᠭᠠᠯᠢ ᠪᠠᠨ ᠦᠪᠡᠷ ᠤᠨ ᠠᠮᠢ ᠭᠤᠤᠯ ᠢᠶᠠᠨ ᠰᠢᠭ᠋ ᠬᠠᠶᠢᠷᠠᠯᠠᠨ ᠬᠠᠮᠢᠶᠠᠳᠠᠬᠤ ᠤᠬᠠᠭᠠᠨ ᠢ ᠦᠢᠯᠡ ᠠᠵᠢᠯᠯᠠᠭ᠎ᠠ ᠪᠠᠷ ᠢᠶᠠᠨ ᠲᠠᠭᠠᠭᠤᠯᠤᠨ ᠵᠢᠭᠠᠵᠤ᠂ ᠵᠢᠩᠬᠢᠨᠢ ᠬᠠᠰᠢᠷ ᠲᠤᠷᠰᠢᠯᠭ᠎ᠠ ᠲᠠᠢ ᠬᠤᠯᠠᠴᠢ ᠬᠠᠷᠠᠭ᠎ᠠ ᠲᠠᠢ ᠪᠠᠷᠭᠤ ᠮᠠᠯᠴᠢᠨ ᠬᠦᠮᠦᠨ ᠪᠤᠯᠤᠭᠰᠠᠨ ᠶᠤᠮ᠃      ᠴᠢᠷᠮᠠᠶᠢᠯᠲᠦ ᠭᠠᠴᠠᠭᠠᠨ ᠤ ᠱᠦᠵᠢ ᠶᠢᠨ ᠠᠵᠢᠯ ᠢ ᠬᠢᠵᠦ ᠪᠠᠶᠢᠬᠤ ᠳᠤ ᠬᠦᠯᠦᠰᠦ ᠤᠯᠭᠤᠮᠵᠢ ᠬᠡᠵᠦ ᠦᠬᠡᠢ᠃ ᠶᠠᠭᠠᠷᠠᠤ ᠡᠷᠢᠨ ᠳᠤ ᠠᠷᠪᠠᠨ ᠬᠡᠲᠤᠨ ᠡᠲᠦᠷ ᠢᠶᠠᠷ ᠬᠡᠷ ᠤᠨ ᠪᠠᠷ᠎ᠠ ᠬᠠᠷᠠᠬᠤ ᠦᠬᠡᠢ ᠶᠠᠪᠤᠵᠤ᠂ ᠭᠠᠴᠠᠭᠠᠨ ᠤ ᠤᠯᠠᠨ ᠲᠦᠮᠡᠨ ᠤ ᠭᠠᠮᠰᠢᠭ ᠢ ᠡᠰᠡᠷᠬᠦᠴᠡᠬᠦ᠂ ᠮᠠᠯ ᠤᠨ ᠲᠤᠭ᠎ᠠ ᠪᠥᠷᠢᠳᠭᠡᠯ᠂ ᠤᠲᠤᠷ ᠨᠡᠬᠦᠳᠡᠯ ᠬᠡᠳ ᠵᠢᠯ ᠤᠨ ᠲᠦᠷᠪᠡᠨ ᠤᠯᠠᠷᠢᠯ ᠳᠤ ᠶᠠᠪ ᠶᠠᠭᠠᠷᠠᠤ ᠦᠡᠭᠬᠡᠷᠡᠳᠡᠭ᠃ ᠭᠠᠴᠠᠭᠠᠨ ᠤ ᠠᠵᠢᠯ ᠳᠤ ᠶᠠᠪᠤᠭᠰᠠᠭᠠᠷ ᠠᠷᠤ ᠬᠡᠷ ᠤᠨ ᠠᠵᠢᠯ ᠬᠠᠶᠠᠭᠳᠠᠵᠤ᠂ ᠬᠡᠷ ᠤᠨ ᠠᠵᠢᠯ ᠪᠦᠷ ᠯᠠ ᠬᠡᠷᠬᠡᠢ ᠶᠢᠨ ᠬᠢᠨᠢ ᠮᠦᠷᠦᠨ ᠳᠤ ᠲᠤᠰᠴᠦ ᠶᠡᠬᠡᠯᠠ ᠬᠦᠴᠢᠷ ᠲᠠᠢ ᠦᠶ᠎ᠠ ᠪᠠᠶᠢᠭᠰᠠᠨ ᠬᠡᠨ᠎ᠠ᠃ ᠪᠠᠰᠠ ᠮᠠᠰᠢᠨ ᠤᠨᠤᠭ᠎ᠠ ᠬᠡᠵᠦ ᠦᠬᠡᠢ ᠮᠤᠷᠢ ᠤᠨᠤᠵᠤ ᠶᠠᠪᠤᠳᠠᠭ᠃ ᠲᠤᠬᠠᠢ ᠶᠢᠨ ᠦᠶ᠎ᠠ ᠳᠤ ᠤᠯᠠᠨ ᠠᠷᠪᠢᠨ ᠬᠦᠴᠢᠷ ᠪᠡᠷᠬᠡ ᠲᠠᠢ ᠪᠠᠶᠢᠭᠰᠠᠨ ᠴᠦ ᠴᠢᠷᠮᠠᠶᠢᠯᠲᠦ ᠶᠠᠷᠦ ᠵᠤᠷᠢᠭ ᠮᠤᠬᠤᠭᠰᠠᠨ ᠦᠬᠡᠢ ᠲᠡᠷᠡ ᠨᠤᠲᠤᠭ ᠤᠨ ᠵᠤᠨ ᠲᠦᠮᠡᠨ ᠳᠡᠭᠡᠨ ᠪᠠᠭ᠎ᠠ ᠴᠦ ᠲᠤᠰᠠ ᠪᠤᠯᠤᠶ᠎ᠠ ᠬᠡᠰᠡᠨ ᠪᠤᠲᠤᠯ ᠢᠶᠠᠷ ᠠᠵᠢᠯ ᠢᠶᠠᠨ ᠨᠢᠬᠡᠳ ᠨᠢᠬᠡ ᠦᠬᠡᠢ ᠬᠢᠯᠠᠯᠵᠠᠳᠠᠯ᠎ᠠ ᠪᠡᠶᠡᠯᠡᠬᠦᠯᠵᠦ ᠶᠠᠪᠤᠭᠰᠠᠨ᠃ ᠴᠢᠷᠮᠠᠶᠢᠯᠲᠦ ᠭᠠᠴᠠᠭᠠᠨ ᠤ ᠪᠠᠨ ᠤᠯᠠᠨ ᠲᠦᠮᠡᠨ ᠳᠤ ᠪᠦᠬᠦᠯᠢ 23 ᠵᠢᠯ ᠤᠢᠢᠯᠠᠴᠢᠯᠠᠵᠠᠢ᠃ ᠬᠡᠳᠦ᠋ᠢᠪᠡᠷ ᠬᠦᠴᠢᠷ ᠵᠤᠪᠠᠯᠠᠩ ᠲᠤᠯᠭᠠᠷᠠᠵᠤ ᠪᠠᠶᠢᠭᠰᠠᠨ ᠴᠦ ᠭᠠᠴᠠᠭᠠᠨ ᠤ ᠤᠯᠠᠨ ᠲᠦᠮᠡᠨ ᠤ ᠠᠮᠢᠳᠤᠷᠠᠯ ᠨᠢ ᠡᠳᠦᠷ ᠠᠴᠠ ᠡᠳᠦᠷ ᠰᠠᠶᠢᠵᠢᠷᠠᠵᠤ ᠪᠠᠶᠢᠬᠤ ᠶᠢ ᠬᠠᠷᠠᠭᠠᠳ ᠲᠡᠷᠡ ᠰᠡᠳᠬᠢᠯ ᠳᠡᠭᠡᠨ ᠬᠠᠯᠠᠭᠤᠨ ᠪᠠᠶᠠᠷ ᠲᠠᠢ ᠶᠠᠪᠤᠳᠠᠭ ᠡ᠃      ᠨᠢᠬᠡ ᠤᠳᠠᠭ᠎ᠠ ᠴᠢᠷᠮᠠᠶᠢᠯᠲᠦ ᠲᠤᠭᠤᠷᠢᠨ ᠰᠤᠷᠤᠯᠴᠠᠬᠤ ᠵᠠᠪᠰᠢᠶᠠᠨ ᠢᠶᠠᠷ ᠱᠠᠩᠬᠠᠢ᠂ ᠰᠦᠵᠸᠤ ᠵᠡᠷᠭᠡ ᠭᠠᠵᠠᠷ ᠤᠳ ᠢᠶᠠᠷ ᠬᠦᠷᠴᠦ ᠰᠠᠷ᠎ᠠ ᠢᠯᠡᠬᠦᠦ ᠪᠤᠯᠪᠠᠰᠤᠷᠠᠯ ᠳᠤ ᠤᠷᠤᠯᠴᠠᠵᠤ ᠰᠤᠷᠤᠯᠴᠠᠪᠠ᠃ ᠱᠠᠩᠬᠠᠢ ᠬᠤᠲᠠ ᠳᠤ ᠪᠠᠶᠢᠬᠤ ᠬᠤᠭᠤᠴᠠᠭᠠᠨ ᠳᠠᠭᠠᠨ ᠴᠢᠷᠮᠠᠶᠢᠯᠲᠦ ᠲᠡᠷᠡ ᠨᠤᠲᠤᠭ ᠲᠤ ᠦᠴᠦᠬᠡᠨ ᠴᠦ ᠬᠤᠷᠭᠤᠳᠠᠭᠰᠠᠨ ᠦᠭᠡᠢ᠂ ᠡᠳᠦᠷ ᠪᠦᠷᠢ ᠠᠷᠤ ᠬᠡᠷ ᠤᠨ ᠠᠮᠢᠲᠤᠷᠠᠯ ᠳᠠᠭᠠᠨ ᠰᠠᠨᠠᠭᠠᠰᠢᠷᠠᠵᠤ᠂ ᠡᠷᠳᠡᠬᠡᠨ ᠰᠢᠭ ᠲᠠᠯ᠎ᠡ ᠨᠤᠲᠤᠭ ᠲᠤ ᠠᠵᠢᠯᠯᠠᠵᠤ ᠠᠮᠢᠳᠤᠷᠠᠵᠤ ᠪᠠᠶᠢᠭ᠎ᠠ ᠠᠪᠤ ᠡᠵᠢ᠂ ᠬᠠᠨᠢ ᠨᠦᠬᠦᠷ᠂ ᠦᠷ᠎ᠡ ᠬᠡᠤᠬᠡᠳ ᠤᠨ ᠢᠶᠠᠨ ᠲᠡᠷᠬᠡᠳᠡ ᠬᠦᠷᠴᠦ ᠢᠷᠡᠬᠦ ᠶᠢ ᠯᠠ ᠪᠤᠲᠤᠵᠤ ᠶᠠᠪᠤᠵᠠᠢ᠃ ︽ᠬᠠᠪᠤᠷ ᠴᠠᠭ ᠪᠠᠶᠢᠭᠰᠠᠨ ᠪᠤᠯᠬᠤᠷ ᠲᠦᠯ ᠤᠨ ᠪᠠᠶᠢᠳᠠᠯ ᠳᠠᠭᠠᠨ ᠰᠠᠨᠠᠭᠠᠰᠢᠷᠠᠵᠤ ᠰᠠᠳᠬᠢᠯ ᠠᠯᠭᠠᠰᠠᠵᠤ ᠶᠠᠪᠤᠭᠰᠠᠨ︾ ᠬᠡᠵᠦ ᠴᠢᠷᠮᠠᠶᠢᠯᠲᠦ ᠶᠠᠷᠢᠨ᠎ᠠ᠃     ᠤᠳᠤ ᠴᠢᠷᠮᠠᠶᠢᠯᠲᠦ ᠶᠢᠨ ᠭᠤᠷᠪᠠᠨ ᠬᠦᠦ ᠨᠢ ᠪᠦᠷ ᠠᠶᠢᠯ ᠡᠷᠦᠭᠡ ᠪᠤᠯᠤᠭᠰᠠᠨ ᠪᠦᠭᠡᠳ ᠠᠬ᠎ᠠ ᠲᠡᠬᠦᠦ ᠭᠤᠷᠪᠠᠭᠤᠯᠠ ᠪᠠᠨ ᠬᠠᠶᠢᠯᠠᠰᠤᠲᠦ ᠳᠠᠭᠠᠨ ᠰᠢᠨ᠎ᠠ ᠴᠠᠭ ᠤᠨ ᠰᠢᠯᠢᠳᠡᠭ ᠮᠠᠯᠴᠢᠨ ᠪᠤᠯᠬᠤ ᠪᠠᠷ ᠴᠢᠷᠮᠠᠶᠢᠵᠤ᠂ ᠠᠪᠤ ᠶᠢᠨ ᠢᠶᠠᠨ ᠮᠠᠯᠵᠢᠯ ᠤᠨ ᠲᠤᠷᠰᠢᠯᠭ᠎ᠠ ᠶᠢ ᠲᠠᠭᠠᠨ ᠰᠤᠷᠤᠯᠴᠠᠵᠤ ᠶᠠᠪᠤᠨ᠎ᠠ᠃ ᠴᠢᠷᠮᠠᠶᠢᠯᠲᠦ ᠮᠦᠨ ᠴᠦ ᠠᠪᠤ ᠲᠠᠢ ᠪᠠᠨ ᠠᠳᠠᠯᠢ ᠪᠠᠷ ᠦᠷ᠎ᠠ ᠬᠡᠤᠬᠡᠳ ᠲᠡᠭᠡᠨ ᠲᠠᠪᠤᠨ ᠬᠤᠰᠢᠭᠤ ᠮᠠᠯ ᠢᠶᠠᠨ ᠮᠠᠯᠵᠢᠬᠤ ᠠᠷᠭ᠎ᠠ ᠲᠤᠷᠰᠢᠯᠭ᠎ᠠ ᠪᠠᠨ ᠬᠠᠷᠠᠮ ᠦᠬᠡᠢ ᠵᠢᠭᠠᠵᠤ᠂ ᠡᠬᠡ ᠪᠠᠶᠢᠭᠠᠯᠢ ᠲᠠᠢ ᠪᠠᠨ ᠡᠬᠡᠨᠡᠭᠰᠢᠨ ᠲᠠᠰᠤᠯᠴᠠᠵᠤ᠂ ᠪᠠᠶᠢᠭᠠᠯᠢ ᠤᠷᠴᠢᠨ ᠢᠶᠠᠨ ᠬᠠᠮᠠᠭᠠᠯᠠᠬᠤ ᠤᠬᠠᠮᠰᠠᠷ ᠢ ᠤᠢᠢᠯᠠᠭᠠᠭᠤᠯᠵᠤ᠂ ᠬᠡᠤᠬᠡᠳ ᠤᠳ ᠢᠶᠠᠨ ᠤᠯᠠᠮᠵᠢᠯᠠᠯᠲᠦ ᠮᠠᠯᠵᠢᠯ ᠤᠨ ᠲᠤᠷᠰᠢᠯᠭ᠎ᠠ ᠲᠠᠢ ᠤᠲᠤᠬᠢᠴᠢᠯᠠᠭᠰᠠᠨ ᠮᠠᠯᠵᠢᠯ ᠤᠨ ᠠᠷᠭ᠎ᠠ ᠪᠤᠲᠤᠯᠭ᠎ᠠ ᠲᠠᠢ ᠰᠢᠨ᠎ᠠ ᠴᠠᠭ ᠤᠨ ᠮᠠᠯᠴᠢᠨ ᠪᠤᠯᠭᠠᠬᠤ ᠪᠠᠷ ᠴᠢᠷᠮᠠᠶᠢᠵᠤ ᠶᠠᠪᠤᠭ᠎ᠠ ᠶᠤᠮ᠃ ᠴᠢᠷᠮᠠᠶᠢᠯᠲᠦ ᠬᠡᠤᠬᠡᠳ ᠢᠶᠠᠨ ᠭᠠᠴᠠᠭ᠎ᠠ ᠨᠡᠶᠢᠳᠡ ᠶᠢᠨ ᠠᠵᠢᠯ ᠳᠤ ᠤᠷᠤᠯᠴᠠᠭᠤᠯᠬᠤ ᠶᠢ ᠲᠡᠮᠵᠢᠵᠤ᠂ ᠤᠯᠠᠨ ᠳᠠᠭᠠᠨ ᠤᠯᠠᠮ ᠲᠤᠰᠠ ᠲᠡᠮ ᠲᠠᠢ ᠶᠠᠪᠤᠬᠤ ᠶᠢ ᠪᠠᠶᠢᠡᠭᠭᠤ ᠬᠡᠯᠡᠵᠦ ᠰᠤᠷᠭᠠᠳᠠᠭ᠃         ︽ᠦᠨᠳᠦᠰᠦᠲᠡᠨ ᠤ ᠪᠦᠯᠬᠦᠮᠳᠡᠯ ᠪᠤᠯ ᠲᠠᠯ᠎ᠡ ᠨᠤᠲᠤᠭ ᠤᠨ ᠬᠦᠭᠵᠢᠯ ᠪᠠᠳᠠᠷᠠᠯ᠂ ᠬᠢᠯᠢ ᠬᠢᠵᠠᠭᠠᠷ ᠤᠨ ᠠᠮᠤᠷ ᠲᠤᠭᠳᠠᠭᠤᠨ ᠤ ᠰᠠᠭᠤᠷᠢ᠃ ᠪᠢ ᠭᠠᠴᠠᠭᠠᠨ ᠤ ᠱᠦᠵᠢ ᠪᠠᠶᠢᠭᠰᠠᠨ ᠪᠤᠯᠬᠤᠷ ᠡᠬᠦᠨ ᠢ ᠮᠡᠳᠡᠨ᠎ᠡ᠃ ᠪᠢ ᠡᠵᠢ ᠠᠪᠤ ᠶᠢᠨ ᠢᠶᠠᠨ ᠨᠡᠮᠠᠢᠢ ᠵᠢᠩᠭᠢᠨᠢ ᠮᠤᠩᠭᠤᠯ ᠬᠦᠮᠦᠨ ᠪᠤᠯᠭᠠᠵᠤ ᠦᠰᠭᠡᠭᠰᠡᠨ ᠳᠤᠨᠢ ᠨᠠᠰᠤᠨ ᠲᠤᠷᠰᠢ ᠲᠠᠯᠠᠷᠬᠠᠨ᠎ᠠ᠃ ᠪᠢ ᠨᠠᠰᠤᠨ ᠲᠤᠷᠰᠢ ᠡᠵᠢ ᠠᠪᠤ ᠶᠢᠨ ᠢᠶᠠᠨ ᠰᠢᠭ ᠠᠰᠪᠤᠷᠢ ᠴᠠᠭᠠᠪᠤᠷ᠂ ᠠᠵᠢᠯᠴᠢ ᠬᠢᠴᠢᠶᠡᠩᠭᠦᠢ ᠬᠦᠮᠦᠨ ᠪᠤᠯᠬᠤ ᠶᠢ ᠬᠢᠴᠢᠶᠡᠭᠰᠡᠨ ᠪᠦᠭᠡᠳ ᠮᠦᠨ ᠲᠡᠳᠡᠨᠤᠰ ᠰᠢᠭ ᠲᠠᠯ᠎ᠡ ᠨᠤᠲᠤᠭ ᠢᠶᠠᠨ ᠬᠠᠶᠢᠷᠠᠯᠠᠨ᠂ ᠰᠤᠶᠤᠯ ᠢᠷᠭᠡᠨᠰᠢᠯ ᠢᠶᠠᠨ ᠤᠯᠠᠮᠵᠢᠯᠠᠬᠤ ᠪᠠᠷ ᠴᠢᠷᠮᠠᠶᠢᠵᠤ ᠪᠤᠢ᠃ ᠡᠨᠡ ᠪᠤᠯ ᠮᠢᠨᠤ ᠡᠵᠢ ᠠᠪᠤ ᠶᠢᠨ ᠢᠶᠠᠨ ᠦᠰᠭᠡᠵᠤ ᠬᠦᠮᠦᠵᠢᠬᠦᠯᠦᠭᠰᠡᠨ ᠠᠴᠢ ᠶᠢ ᠨᠢ ᠬᠠᠷᠢᠭᠤᠯᠬᠤ ᠬᠠᠮᠤᠭ ᠤᠨ ᠰᠠᠶᠢᠨ ᠰᠤᠩᠭᠤᠯᠲᠡ︾ ᠭᠡᠵᠤ ᠴᠢᠷᠮᠠᠶᠢᠯᠲᠤ ᠰᠤᠷᠪᠤᠯᠵᠢᠯᠠᠭᠴᠢ ᠳᠤ ᠶᠠᠷᠢᠵᠤ ᠪᠠᠶᠢᠯ᠎ᠠ᠃       ᠨᠢᠬᠡ ᠵᠢᠷᠠᠨ ᠤ ᠲᠠᠷᠳᠡᠭᠡ ᠳᠤ ᠲᠠᠯ᠎ᠠ ᠨᠤᠲᠤᠭ ᠤᠨ ᠠᠬᠠᠨ ᠲᠡᠬᠦᠦᠰ ᠱᠠᠩᠬᠠᠢ ᠶᠢᠨ ︽ᠤᠯᠤᠰ ᠤᠨ ᠬᠡᠦᠬᠡᠳ ︾ ᠲᠤ ᠬᠠᠯᠠᠭᠤᠨ ᠲᠤᠯᠠᠭᠠᠨ ᠬᠡᠷ ᠪᠦᠯᠢ ᠶᠢ ᠤᠯᠭᠤᠵᠤ᠂ ᠲᠠᠯ᠎ᠠ ᠨᠤᠲᠤᠭ ᠤᠨ ᠬᠠᠯᠠᠭᠤᠨ ᠡᠯᠢᠬᠡᠨ ᠳᠡᠭᠡᠨ ᠬᠦᠮᠦᠵᠢᠬᠦᠯᠦᠨ ᠬᠦᠮᠦᠨ ᠤ ᠵᠡᠷᠬᠡ ᠳᠤ ᠬᠦᠷᠬᠡᠪᠠ᠃ ᠲᠠᠯ᠎ᠠ ᠨᠤᠲᠤᠭ ᠤᠨ ᠠᠲᠤᠭᠤᠴᠢᠨ ᠠᠪᠤ ᠰᠠᠭᠠᠯᠢᠴᠢᠨ ᠡᠵᠢ ᠶᠢᠨ ᠬᠡᠬᠡᠨ ᠬᠠᠶᠢᠷ᠎ᠠ ᠳᠤ ᠪᠦᠪᠠᠶᠢᠯᠡᠭᠳᠡᠨ ᠲᠤᠮᠤᠭᠠᠵᠢᠭᠰᠠᠨ ᠦᠢ ᠤᠯᠠᠨ ︽ᠤᠯᠤᠰ ᠤᠨ ᠬᠡᠦᠬᠡᠳ︾ ᠲᠠᠯ᠎ᠠ ᠨᠤᠲᠤᠭ᠂ ᠤᠯᠤᠰ ᠬᠡᠷ ᠤᠨ ᠪᠦᠲᠦᠬᠡᠨ ᠪᠠᠶᠢᠭᠤᠯᠤᠯᠳᠠ ᠳᠤ ᠦᠪᠡᠷ ᠤᠨ ᠬᠦᠴᠦᠨ ᠵᠢᠳᠬᠦᠯ ᠢᠶᠠᠨ ᠬᠠᠷᠠᠮ ᠦᠬᠡᠢ ᠵᠤᠷᠢᠭᠤᠯᠵᠤ ᠢᠷᠡᠭᠰᠡᠨ ᠪᠢᠯᠡ᠃ ᠡᠨᠡ ᠪᠤᠯ ᠦᠪᠤᠷ ᠮᠤᠩᠭᠤᠯ ᠱᠠᠩᠬᠠᠢ ᠬᠤᠶᠠᠷ ᠭᠠᠵᠠᠷ ᠤᠷᠤᠨ ᠤ ᠬᠠᠶᠢᠷ᠎ᠠ ᠰᠡᠳᠬᠢᠯᠭᠡ ᠶᠢᠨ ᠬᠤᠯᠪᠤᠭᠠᠰᠤ᠂ ᠨᠡᠩ ᠴᠦ ᠮᠠᠨ ᠤ ᠤᠯᠤᠰ ᠤᠨ ᠡᠯ᠎ᠠ ᠦᠨᠳᠦᠰᠦᠲᠡᠨ ᠤ ᠤᠯᠠᠨ ᠲᠦᠮᠡᠨ ᠤ ᠪᠦᠯᠬᠦᠮᠳᠡᠨ ᠲᠡᠪᠰᠢᠬᠤ ᠰᠠᠶᠢᠨ ᠰᠠᠶᠢᠬᠠᠨ ᠵᠤᠷᠢᠭ ᠰᠠᠨᠠᠭᠠᠨ ᠤ ᠢᠯᠡᠷᠡᠬᠦᠯᠦᠯ ᠮᠦᠨ᠃     ᠦᠩ ᠰᠢᠮᠡᠯᠢᠭ ᠲᠠᠯ᠎ᠠ ᠨᠤᠲᠤᠭ ᠲᠡᠬᠡᠷ᠎ᠠ ᠮᠠᠯᠴᠢᠨ ᠠᠪᠤ ᠡᠵᠢ ᠶᠢᠨ ᠬᠠᠶᠢᠷ᠎ᠠ᠂ ᠲᠠᠪᠤᠨ ᠬᠤᠰᠢᠭᠤ ᠮᠠᠯ ᠤᠨ ᠪᠤᠶᠠᠨ ᠢᠶᠠᠷ ︽ᠤᠯᠤᠰ ᠤᠨ ᠬᠡᠤᠬᠡᠳ︾ ᠡᠷᠡᠬᠦᠯ ᠲᠡᠩᠬᠡᠯᠡᠬᠦᠨ ᠢᠶᠠᠷ ᠦᠰᠦᠨ ᠪᠤᠶᠢᠵᠢᠵᠤ᠂ ᠦᠯᠦᠬᠡᠢ ᠨᠤᠲᠤᠭ ᠤᠨ ᠢᠶᠠᠨ ᠪᠦᠲᠦᠬᠡᠨ ᠪᠠᠶᠢᠭᠤᠯᠤᠯᠳᠠ ᠳᠤ ᠨᠢᠬᠡ ᠨᠠᠰᠤ ᠪᠠᠨ ᠵᠤᠷᠢᠭᠤᠯᠪᠠ᠃ ᠲᠠᠳᠠᠨᠤᠰ ᠢ ︽ᠤᠯᠤᠰ ᠤᠨ ᠬᠡᠦᠬᠡᠳ︾ ᠭᠡᠳᠡᠭ ᠪᠣᠯᠪᠠᠴᠤ ᠬᠥᠯᠥᠨ ᠪᠤᠶᠢᠷ ᠲᠤ ᠢᠷᠡᠭᠰᠡᠨ ᠲᠡᠷᠡ ᠡᠳᠦᠷ ᠠᠴᠠ ᠪᠠᠨ ᠳᠡᠳᠡ ᠲᠠᠯ᠎ᠠ ᠨᠤᠲᠤᠭ ᠲᠠᠭᠠᠨ ᠢᠳᠡᠬᠡᠰᠢᠨ ᠲᠠᠰᠴᠦ᠂ ᠲᠠᠯ᠎ᠠ ᠨᠤᠲᠤᠭ ᠤᠨ ᠬᠦᠦ ᠪᠤᠯᠵᠤ᠂ ᠤᠯᠤᠰ ᠬᠡᠷ ᠤᠨ ᠤᠲᠤᠬᠢᠴᠢᠯᠠᠯᠳᠠ ᠳᠤ ᠠᠯᠢᠪᠠ ᠪᠠᠨ ᠰᠢᠪᠬᠠᠵᠤ ᠢᠷᠡᠭᠰᠡᠨ ᠰᠠᠨ᠃                                                                                      ᠵᠣᠬᠢᠶᠠᠭᠴᠢ᠄ ᠰᠢᠷᠠᠬᠦᠦ
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号