ᠴᠠᠬᠢᠯᠳᠠᠭ | | ᠴᠠᠬᠢᠯᠳᠠᠭ ᠪᠤᠯ ᠬᠠᠪᠤᠷ ᠬᠠᠮᠤᠭ ᠠᠴᠠ ᠡᠷᠲᠡ ᠤᠷᠭᠤᠳᠠᠭ ᠤᠷᠭᠤᠮᠠᠯ ᠤᠨ ᠨᠢᠭᠡ ᠵᠦᠢᠯ ᠪᠤᠯᠤᠨ᠎ᠠ᠃ | ᠴᠠᠬᠢᠯᠳᠠᠭ ᠨᠢ ᠪᠤᠲᠠ ᠪᠤᠲᠠ ᠪᠠᠷ ᠤᠷᠭᠤᠬᠤ ᠪᠦᠭᠡᠳ ᠬᠦᠬᠡ ᠦᠩᠭᠡ ᠶᠢᠨ ᠴᠡᠴᠡᠭ ᠳᠡᠯᠭᠡᠷᠡᠨ᠎ᠡ᠃ ᠴᠠᠬᠢᠯᠳᠠᠭ ᠤᠨ | ᠴᠡᠴᠡᠭ ᠢ ᠴᠠᠬᠢᠷᠮ᠎ᠠ ᠭᠡᠳᠡᠭ᠃ ᠴᠠᠬᠢᠯᠳᠠᠭ ᠨᠢ ᠬᠤᠵᠢᠷᠯᠢᠭ ᠭᠠᠵᠠᠷ ᠢᠯᠡᠬᠦᠦ ᠤᠷᠭᠤᠬᠤ ᠲᠤᠷᠠᠳᠠᠢ ᠤᠷᠭᠤᠮᠠᠯ | ᠪᠤᠯᠤᠨ᠎ᠠ᠃ ᠭᠠᠵᠠᠷ ᠲᠠᠴᠢᠷᠳᠠᠬᠤ ᠲᠤᠳᠤᠮ ᠴᠠᠬᠢᠯᠳᠠᠭ ᠠᠷᠪᠢᠨ ᠤᠷᠭᠤᠨ᠎ᠠ ᠭᠡᠵᠤ ᠪᠤᠭᠤᠷᠤᠯᠴᠤᠳ ᠦᠬᠦᠯᠡᠳᠡᠭ᠃ | ᠴᠠᠬᠢᠯᠳᠠᠭ ᠨᠢ ᠭᠠᠩ ᠳᠤ ᠶᠡᠭᠡ ᠳᠡᠰᠪᠤᠷᠢᠳᠠᠢ᠃ ᠴᠠᠬᠢᠯᠳᠠᠭ ᠢ ᠮᠠᠯ ᠢᠳᠡᠬᠦ ᠲᠤᠷᠠᠳᠠᠢ᠃ ᠬᠦᠳᠡᠭᠡ ᠶᠢᠨ ᠬᠡᠦᠬᠡᠳ | ᠴᠠᠬᠢᠯᠳᠠᠭ ᠢᠶᠠᠷ ᠤᠯᠠᠨ ᠶᠠᠩᠵᠤ ᠶᠢᠨ ᠬᠦᠷᠦᠮᠡᠯ ᠬᠦᠷᠦᠵᠦ ᠲᠣᠭᠯᠠᠳᠠᠭ᠃ ᠮᠤᠩᠭᠤᠯᠴᠤᠳ ᠤᠨ ᠲᠤᠮᠳᠠ ︽ᠴᠠᠭ | ᠴᠠᠭ ᠢᠶᠠᠷ ᠢᠶᠠᠨ ᠪᠠᠶᠢᠳᠠᠭ ᠦᠭᠡᠢ᠂ ᠴᠠᠬᠢᠯᠳᠠᠭ ᠬᠦᠬᠡ ᠪᠠᠷ ᠢᠶᠠᠨ ᠪᠠᠶᠢᠳᠠᠭ ᠦᠭᠡᠢ︾ ᠬᠡᠬᠦ ᠵᠦᠢᠷ ᠰᠡᠴᠡᠨ ᠦᠭᠡ | ᠪᠠᠶᠢᠳᠠᠭ᠃ | | | | ᠠᠷᠤ ᠬᠤᠷᠴᠢᠨ ᠬᠤᠰᠢᠭᠤᠨ ᠤ ᠮᠤᠩᠭᠤᠯ ᠦᠢᠯᠡᠴᠢᠯᠡᠭᠡᠨ ᠤ ᠲᠠᠪᠴᠠᠩ ᠠᠴᠠ ᠬᠠᠭᠤᠯᠪᠤᠷᠢᠯᠠᠪᠠ | | |