ᠪᠣᠷᠣᠯᠳᠠᠢ ᠮᠡᠷᠭᠡᠨ ᠬᠦᠦ ︵ᠨᠢᠭᠡ︶
ᠨᠡᠶᠢᠲᠡᠯᠡᠭᠰᠡᠨ ᠴᠠᠭ᠄
2021/11/24
       ᠨᠢᠭᠡ ᠡᠷᠲᠡ ᠣᠷᠢᠳᠣ ᠶᠢᠨ ᠴᠠᠭ ᠲᠤ ᠡᠩᠬᠡ ᠶᠢᠨ ᠴᠠᠭᠠᠨ ᠳᠡᠯᠡᠬᠡᠢ ᠶᠢᠨ ᠭᠤᠣᠯ ᠳᠤ ᠡᠪᠦᠬᠡᠨ ᠰᠠᠮᠠᠭᠠᠨ ︵1︶ ᠬᠤᠶᠠᠷ ᠪᠠᠶᠢᠵᠠᠢ᠃ ᠡᠬᠡᠯ ᠠᠮᠢᠳᠤᠷᠠᠵᠤ ᠶᠠᠪᠤᠭᠰᠠᠨ ᠲᠡᠤᠬᠡ ᠲᠠᠢ ᠭᠡᠨ᠎ᠡ᠃ ᠭᠠᠰᠢᠭᠤᠨ ᠵᠦᠳᠡᠬᠦᠷᠢ ᠲᠠᠢ ᠡᠪᠦᠭᠡᠨ ᠡᠮᠡᠭᠡᠨ ᠬᠤᠶᠠᠷ ᠭᠠᠯᠪᠠ ᠳᠡᠯᠡᠬᠡᠢ ᠳᠤ ᠠᠮᠢᠳᠤᠷᠠᠬᠤ ᠳᠠᠭᠠᠨ ᠭᠠᠩ ᠬᠡᠬᠦ ᠨᠣᠬᠠᠢ ᠦᠬᠡᠢ ᠭᠠᠵᠠᠷ ᠬᠢᠰᠬᠢᠬᠦ ᠮᠠᠯ ᠴᠦ ᠦᠬᠡᠢ ᠪᠠᠶᠢᠲᠠᠯ᠎ᠠ ᠪᠠᠨ ᠣᠭᠲᠠᠷᠭᠤᠢ ᠶᠢᠨ ᠨᠠᠷᠠᠨ ᠤ ᠢᠪᠡᠭᠡᠯ ᠢᠶᠠᠷ ᠣᠷᠴᠢᠯᠠᠩ ᠳᠡᠯᠡᠬᠡᠢ ᠶᠢᠨ ᠡᠨᠡᠷᠢᠯ ᠢᠶᠠᠷᠣᠣᠷ ᠪᠣᠳᠣᠯᠭ᠎ᠠ ᠬᠤᠷᠴᠠ ᠲᠡᠭᠦᠯᠳᠡᠷ ᠣᠮᠤᠭ ᠰᠦᠷ ᠲᠠᠢ ᠬᠦᠪᠡᠭᠦᠨ ᠲᠠᠢ ᠪᠣᠯᠪᠠ ᠭᠡᠨ᠎ᠡ᠃ ᠦᠨᠦᠴᠢᠨ ᠭᠠᠭᠴᠠ ᠬᠦᠪᠡᠭᠦᠨ ᠳᠡᠭᠡᠨ ᠥᠭᠭᠦᠮᠡᠷ ᠨᠡᠷ᠎ᠡ ᠣᠯᠳᠠᠬᠤ ᠦᠬᠡᠢ ᠳᠤ ᠡᠪᠦᠭᠡᠨ ᠰᠠᠮᠠᠭᠠᠨ ᠬᠤᠶᠠᠭᠤᠯᠠ ᠵᠦᠪᠯᠡᠵᠦ ᠦᠷᠯᠦᠭ ᠬᠠᠨ ᠤ ᠲᠦᠯᠭᠡᠴᠢ ᠳᠤ ᠣᠴᠢᠪᠠᠢ᠃ ᠠᠯᠲᠠᠨ ᠮᠦᠩᠭᠦᠨ ᠬᠠᠳᠠᠭ ᠢᠶᠠᠨ ᠡᠷᠭᠦᠵᠦ ᠠᠯᠲᠠᠨ ᠲᠤᠷᠭᠠᠨ ᠫᠣᠯᠠᠳ᠋ ︵2︶ ᠢᠶᠠᠨ ᠪᠠᠷᠢᠵᠤ ᠠᠯᠴᠢᠷ ︵3︶ ᠪᠠᠭ᠎ᠠ ᠬᠥᠪᠡᠭᠦᠨ ᠳᠡᠭᠡᠨ ᠠᠯᠳᠠᠷ ᠴᠤᠯᠠ ᠲᠠᠢ ᠨᠡᠷ᠎ᠡ ᠭᠤᠶᠤᠪᠠᠢ᠃ ᠵᠢᠷᠤᠬᠠᠶᠢᠴᠢ ᠲᠦᠯᠬᠡᠴᠢ ᠳᠤᠷ᠎ᠠ ᠦᠭᠡᠶᠢᠬᠡᠨ ᠰᠤᠨᠤᠰᠤᠭᠠᠳ ᠵᠠ ᠴᠢᠨᠤ ᠲᠡᠷᠡ ᠮᠠᠭᠤ ᠬᠦᠪᠡᠭᠦᠨ ᠳᠤ ᠵᠠᠷ ᠲᠠᠢ ᠲᠦᠷᠦ ᠲᠠᠢ ᠨᠡᠷ᠎ᠡ ᠪᠠᠷ ᠶᠠᠭᠤ ᠬᠢᠨ᠎ᠡ᠃ᠵᠠᠬ᠎ᠠ ᠵᠠᠶᠢᠳᠠᠭᠤ ᠪᠠᠷ ᠲᠠᠨᠤᠵᠤ ᠶᠠᠪᠤᠪᠠᠯ ᠪᠤᠯᠴᠢᠨ᠎ᠠ ᠭᠡᠵᠤᠲᠥᠯᠭᠡᠴᠢᠨ ᠮᠡᠷᠭᠡᠨ ᠤ ᠲᠤᠭᠤᠮᠰᠤᠷ ᠦᠬᠡᠢ ᠬᠡᠯᠡᠬᠦ ᠳᠤ ᠲᠡᠷᠡ ᠡᠪᠦᠭᠡᠨ ᠬᠠᠳᠠᠭ ᠫᠤᠯᠠᠳ᠋ ᠢᠶᠠᠨ ᠪᠠᠷᠢᠵᠤ ᠲᠥᠷᠦᠭᠰᠡᠨ ᠭᠠᠭᠴᠠ ᠮᠠᠭᠤ ᠬᠥᠪᠡᠬᠦᠨ ᠳᠤ ᠮᠢᠨᠢ ᠲᠥᠷᠦᠯᠬᠢ ᠶᠢᠨ ᠨᠡᠷ᠎ᠡ ᠶᠢ ᠬᠠᠶᠢᠷᠠᠯᠠ ᠬᠡᠮᠡᠨ ᠭᠤᠶᠣᠪᠠ᠃ ᠪᠡᠯᠡᠭ ᠲᠤ ᠳᠣᠷᠠᠲᠠᠢ ᠲᠡᠷᠡ ᠵᠢᠷᠤᠬᠠᠶᠢᠴᠢ ᠪᠡᠷᠬᠡᠯᠬᠡᠵᠦ ︵4︶ ᠪᠠᠶᠢᠭᠠᠳ ᠲᠥᠯᠭᠡ ᠪᠠᠨ ᠦᠵᠡᠵᠦ ᠪᠡᠨᠡ ᠲᠠᠢ ᠴᠠᠨ᠎ᠠ ᠲᠠᠢ ᠨᠡᠷ᠎ᠡ ᠵᠠᠶᠠᠭᠠᠭᠰᠠᠨ ᠦᠬᠡᠢ ᠳᠤ ᠪᠣᠷᠣᠯᠳᠠᠢ ᠬᠦᠪᠡᠭᠦᠨ ᠭᠡᠵᠦ ᠶᠠᠳᠠᠭᠤᠬᠠᠨ ᠨᠡᠷ᠎ᠡ ᠦᠭᠪᠡᠢ᠃ ᠵᠢᠷᠤᠬᠠᠶᠢᠴᠢ ᠲᠥᠯᠭᠡᠴᠢᠨ ᠤ ᠦᠭᠭᠦᠭᠰᠡᠨ ᠨᠡᠷ᠎ᠡ ᠳᠤ ᠵᠠ ᠪᠣᠯᠵᠠᠢ︕ ᠪᠤᠶᠠᠨᠲᠠᠢ ᠨᠡᠷ᠎ᠡ ᠭᠡᠵᠣ ᠮᠦᠷᠭᠦᠭᠡᠳ ᠵᠠᠭᠤᠢ ᠶᠡᠭᠡ ᠪᠠᠷ ᠶᠠᠭᠠᠷᠠᠨ ᠬᠠᠷᠢᠵᠤ ᠵᠠᠩ ᠢᠶᠠᠷ ᠠᠨᠠᠶᠢᠬᠠᠨ ᠬᠦᠭᠰᠢᠨ ᠳᠡᠭᠡᠨ ᠬᠡᠯᠡᠪᠡᠢ᠃ ᠴᠡᠪᠡᠷᠬᠡᠨ ᠲᠥᠷᠦᠭᠰᠡᠨ ᠪᠣᠷᠣᠯᠳᠠᠢ ᠬᠦᠦ ᠴᠢᠨᠡᠭᠡᠵᠢᠵᠣ ᠭᠤᠷᠢᠲᠠᠶᠢᠬᠠᠨ ︵5︶ ᠪᠣᠯᠤᠭᠠᠳ ᠰᠡᠭᠡᠷ ᠭᠤᠳᠤᠯᠢ ᠮᠤᠳᠤᠨ ᠤ ᠰᠤᠮᠤ ᠰᠡᠪᠡᠷᠭᠡᠳᠡᠰᠤᠨ ᠶᠠᠰᠤᠨ ᠨᠤᠮᠤ ᠳᠦᠭᠦᠭᠡᠷᠴᠦ ᠰᠢᠰ ᠬᠢᠭᠰᠡᠨ ᠰᠢᠴᠢᠭᠠᠯᠳᠠᠢ ︵6︶ ᠶᠢ ᠵᠠᠩᠨᠠᠵᠤ ᠰᠢᠪᠲᠦ ᠨᠡᠪᠲᠡ ᠬᠠᠷᠪᠤᠨ ᠠᠯᠠᠵᠤ ᠰᠠᠪᠢᠭᠦᠯᠵᠦ ᠭᠦᠬᠢᠵᠦ ᠶᠠᠪᠤᠳᠠᠭ ᠪᠣᠯᠪᠠᠢ᠃ ᠫᠠᠳ ᠬᠠᠷᠠᠩᠭᠤᠢ ᠰᠦᠨᠢ ᠪᠠᠷ ᠮᠣᠷᠳᠠᠵᠣ ᠫᠢᠰ ᠬᠢᠭᠰᠡᠨ ᠪᠢᠰᠢᠯᠭᠠᠯᠳᠠᠢ ︵7︶ ᠶᠢ ᠠᠩᠨᠠᠵᠤ ᠫᠢᠰᠢᠬᠢᠨᠠᠲᠠᠯ᠎ᠠ ᠨᠢᠵᠢᠬᠢᠨᠡᠲᠡᠯ᠎ᠡ ᠬᠠᠷᠪᠤᠨ ᠠᠯᠠᠵᠤ ᠫᠢᠶᠠᠷᠳᠠᠵᠤ ︵8︶ ᠨᠠᠭᠠᠳᠤᠨ ᠶᠠᠪᠤᠳᠠᠭ ᠴᠦ ᠪᠣᠯᠪᠠᠢ᠃ ᠥᠨᠦᠬᠢ ᠬᠤᠶᠠᠷ ᠡᠪᠦᠭᠡᠨ ᠰᠠᠮᠠᠭᠠᠨ ᠥᠱᠦᠦ ︵9︶ ᠨᠢᠭᠡ ᠪᠠᠰᠠᠭᠠᠨ ᠲᠠᠢ ᠪᠣᠯᠪᠠ᠃ ᠥᠩᠭᠡᠳᠦ ᠰᠠᠶᠢᠬᠠᠨ ᠪᠠᠰᠠᠭᠠᠨ ︵10︶ ᠳᠠᠭᠠᠨ ᠥᠭᠬᠦᠮᠡᠷ ᠨᠡᠷ᠎ᠡ ᠪᠠᠰᠠ ᠣᠯᠳᠠᠭᠰᠠᠨ ᠦᠬᠡᠢ ᠳᠤ ᠣᠯᠳᠠᠭᠰᠠᠨ ᠦᠬᠡᠢ ᠳᠤ ᠬᠠᠷᠠᠳᠬᠠᠨ ᠬᠠᠨ ᠤ ᠮᠡᠷᠭᠡᠨ ᠲᠥᠯᠭᠡᠴᠢ ᠳᠤ ᠬᠠᠳᠠᠭ ᠫᠤᠯᠠᠳ᠋ ᠤᠨ ᠪᠡᠯᠡᠭ ᠢᠶᠠᠨ ᠠᠪᠤᠭᠠᠳ ᠬᠠᠶᠢᠷᠠᠯᠠᠵᠤ ᠨᠡᠷ᠎ᠡ ᠦᠬᠢᠨ ᠳᠤ ᠮᠢᠨᠢ ᠥᠭᠬᠦᠭᠡᠴᠢ ᠭᠡᠵᠦ ᠬᠠᠯᠠᠭᠤᠮᠰᠤᠭ ᠣᠪᠤᠷ ᠢᠶᠠᠷ ᠳᠠᠬᠢᠨ ᠤᠴᠢᠪᠠ᠃ ᠤᠭᠲᠠᠢ ︵11︶ ᠮᠡᠷᠭᠡᠨ ᠲᠥᠯᠭᠡᠴᠢ ᠵᠢᠷᠤᠬᠠᠶᠢᠴᠢ ᠣᠯᠵᠠ ᠠᠰᠢᠭ ᠲᠠᠢ ᠪᠡᠯᠡᠭ ᠢ ᠨᠢ ᠠᠪᠤᠭᠠᠳ ᠤᠬᠠᠭᠠᠨ ᠲᠠᠢ ᠲᠥᠷᠦᠭᠰᠡᠨ ᠭᠤᠸ᠎ᠠ ᠪᠠᠰᠠᠭᠠᠨ ᠳᠤᠨᠢ ᠤᠷᠠᠨᠴᠡᠴᠡᠭ ᠬᠡᠮᠡᠬᠦ ᠨᠡᠷ᠎ᠡ ᠬᠠᠶᠢᠷᠠᠯᠠᠪᠠᠢ᠃ ᠥᠩᠭᠡ ᠲᠠᠢ ᠲᠥᠷᠦᠭᠰᠡᠨ ᠭᠤᠸ᠎ᠠ ᠪᠠᠰᠠᠭᠠᠨ ᠳᠠᠭᠠᠨ ᠥᠭᠯᠢᠭᠡᠲᠦ ᠲᠥᠷᠦᠯᠬᠢ ᠨᠡᠷ᠎ᠡ ᠶᠢ ᠨᠢ ᠣᠯᠪᠠᠢ ᠬᠡᠮᠡᠨ ᠦᠨᠡᠬᠡᠷ ᠴᠦ ᠶᠡᠭᠡ ᠪᠠᠶᠠᠷᠯᠠᠨ ᠬᠥᠭᠡᠷᠴᠦ ᠥᠪᠡᠷ ᠤᠨ ᠨᠤᠲᠤᠭ ᠲᠠᠭᠠᠨ ᠬᠠᠷᠢᠵᠤ ᠢᠷᠡᠭᠡᠳ ᠰᠠᠶᠢᠬᠠᠨ ᠲᠥᠷᠦᠭᠰᠡᠨ ᠦᠬᠢᠨ ᠢ ᠮᠢᠨᠢ ᠴᠠᠯ ᠪᠣᠭᠤᠷᠣᠯ ᠡᠬᠡ ᠶᠢᠨ ᠬᠢᠨᠢ ᠰᠠᠨᠠᠭᠠᠨ ᠳᠤᠨᠢ ᠲᠣᠬᠢᠷᠠᠭᠰᠠᠨ ᠨᠡᠷ᠎ᠡ ᠪᠠᠶᠢᠬ᠎ᠠ ᠬᠡᠮᠡᠨ ᠰᠠᠭᠰᠠᠭᠤᠷᠠᠨ ᠤᠮᠤᠭᠰᠢᠨ ᠬᠡᠯᠡᠵᠦ ᠥᠭᠪᠡᠢ᠃ ᠤᠭ ᠤᠨ ᠨᠢᠳᠡᠷ ᠲᠤᠨᠢ ᠲᠣᠬᠢᠷᠠᠭᠰᠠᠨ ᠤᠷᠠᠨᠴᠡᠴᠡᠭ ᠭᠡᠳᠡᠭ ᠰᠠᠶᠢᠬᠠᠨ ᠨᠡᠷ᠎ᠡ ᠪᠠᠶᠢᠨ᠎ᠠ ᠭᠡᠳ ᠤᠬᠠᠭᠠᠨᠲᠤ ᠮᠡᠷᠭᠡᠨ ᠪᠣᠷᠤᠯᠳᠠᠢ ᠠᠬ᠎ᠠ ᠨᠢ ᠤᠴᠢᠷ ᠶᠡᠭᠡ ᠪᠠᠷ ᠪᠠᠶᠠᠷᠯᠠᠨ ᠰᠡᠭᠡᠷ ᠮᠤᠳᠤᠨ ᠭᠤᠳᠤᠯᠢ ᠪᠠᠨ ᠰᠠᠭᠠᠳᠠᠭᠯᠠᠵᠤ ᠰᠡᠪᠡᠷᠭᠡᠳᠡᠰᠣᠨ ᠶᠠᠰᠤᠨ ᠨᠤᠮᠤ ᠪᠠᠨ ᠪᠠᠷᠢᠵᠤ ᠰᠦᠨᠢ ᠡᠳᠦᠷ ᠢ ᠴᠦ ᠢᠯᠭᠠᠬᠤ ᠦᠬᠡᠢ ᠰᠦᠷᠲᠦ ᠶᠡᠭᠡ ᠠᠩ ᠲᠠᠭᠠᠨ ᠮᠤᠷᠳᠠᠳᠠᠭ ᠪᠣᠯᠪᠠ᠃ ᠤᠨᠲᠠᠬᠤ ᠨᠦᠢᠷ ᠤᠨ ᠰᠡᠭᠦᠯᠭᠡᠨᠡᠷ ᠰᠡᠷᠢᠵᠤ ᠦᠥᠷ ᠤᠨ ᠳᠤᠯᠤᠩ ︵12︶ ᠤᠨ ᠤᠷᠢᠳᠠᠨᠠᠭᠤᠷ ᠪᠣᠰᠴᠤ ᠤᠷᠭᠤᠬᠤ ᠨᠠᠷᠠᠨ ᠤ ᠡᠬᠢᠨ ᠢᠶᠠᠷ ᠣᠯᠵᠠᠲᠤ ᠠᠭᠤᠯᠠᠨ ᠳᠠᠭᠠᠨ ᠭᠠᠷᠴᠢᠬᠠᠭᠠᠳ ᠠᠲᠠᠷ ᠬᠡᠭᠡᠷ᠎ᠡ ᠶᠢᠨ ᠠᠷᠢᠶᠠᠲᠠᠨ ᠵᠢᠭᠦᠷᠲᠡᠨ ᠢ ᠠᠮᠠᠳᠠᠨ ᠰᠤᠮᠤᠳᠠᠨ ᠬᠠᠷᠪᠤᠬᠤ ᠳᠠᠭᠠᠨ ᠠᠷᠪᠠ ᠲᠠᠪᠤ ᠪᠠᠷ ᠰᠦᠷᠦᠭᠯᠡᠨ ᠤᠨᠠᠭᠠᠵᠤ ᠠᠰᠢᠭ ᠣᠯᠵᠠ ᠶᠠᠬᠡᠲᠡᠢ ᠪᠣᠯᠣᠨ ᠠᠪᠤ ᠡᠵᠢ ᠬᠤᠶᠠᠷ ᠢᠶᠠᠨ ᠲᠡᠵᠢᠭᠡᠬᠦ ᠡᠩᠬᠦᠷᠡᠢ ᠳᠡᠬᠦᠦ ᠳᠡᠭᠡᠨ ᠢᠳᠡᠭᠦᠯᠬᠦ ᠡᠷᠡᠮᠡᠭ ᠮᠠᠷᠠᠯ ᠤᠨ ᠰᠢᠭᠦᠰᠦ ᠲᠠᠢ ᠬᠡᠮᠡᠨ ᠡᠭᠡᠵᠦ ᠭᠡᠷ ᠲᠡᠭᠡᠨ ᠬᠠᠷᠢᠬᠤ ᠳᠠᠭᠠᠨ ᠬᠠᠷᠠᠳᠬᠠᠨ ᠬᠠᠨ ᠤ ᠠᠳᠤᠭᠤᠨ ᠰᠦᠷᠦᠭ ᠤᠨ ᠬᠠᠷᠠᠵᠠ ︵13︶ ᠣᠷᠣᠭᠰᠠᠨ ᠴᠣᠪᠣᠴᠠ ︵14︶ ᠵᠠᠮ ᠢᠶᠠᠷ ᠬᠠᠲᠤᠷᠢᠭᠴᠢ ᠮᠤᠷᠢᠨ ᠤ ᠬᠤᠷᠳᠤᠨ ᠭᠦᠶᠦᠳᠡᠯ ᠰᠢᠭ ᠬᠠᠷᠠᠶᠢᠵᠤ ᠦᠰᠦᠷᠦᠨ ᠪᠠᠶᠠᠷᠲᠠᠢ ᠶᠠᠪᠤᠲᠠᠯ᠎ᠠ ᠠᠳᠤᠭᠤᠨ ᠤ ᠰᠤᠪᠠᠴᠠ ︵ᠴᠤᠪᠠᠴᠠ︶ ᠶᠢᠨ ᠭᠤᠤ ᠳᠤᠲᠤᠷ᠎ᠠ ᠠᠷᠭᠤᠮᠠᠭ ︵15︶ ᠮᠠᠶ᠋ᠢᠭ ᠤᠨ ᠬᠠᠯᠵᠠᠨ ᠤᠨᠠᠭ᠎ᠠ ᠠᠵᠠᠢ ᠪᠤᠭᠤᠷᠤᠯ ᠡᠬᠡ ᠠᠴᠠ ᠪᠠᠨ ᠬᠤᠴᠤᠷᠴᠤ ᠠᠷᠠᠢ ᠭᠤᠤᠯᠲᠠᠢ ᠬᠡᠪᠲᠡᠵᠤ ᠪᠠᠶᠢᠪᠠᠢ᠃ ᠦᠷᠯᠦᠭ ᠮᠡᠷᠭᠡᠨ ᠪᠤᠷᠤᠯᠲᠠᠢ ᠬᠦᠪᠡᠭᠦᠨ ᠦᠨᠳᠦᠷ ᠰᠡᠭᠦᠯ ᠲᠠᠢ ᠬᠠᠯᠵᠠᠨ ᠤᠨᠠᠭ᠎ᠠ ᠶᠢ ᠦᠬᠦᠭᠡᠷᠳᠡᠵᠦ ︵16︶ ᠠᠷᠭᠠᠳᠠᠨ ᠬᠦᠲᠦᠯᠵᠦ ᠪᠠᠶᠢᠭᠠᠳ ᠥᠪᠡᠷ ᠤᠨ ᠨᠤᠲᠤᠭ ᠲᠠᠭᠠᠨ ᠬᠠᠷᠢᠵᠤ ᠶᠠᠪᠤᠲᠠᠯ᠎ᠠ ᠬᠠᠷᠠᠳᠬᠠᠨ ᠬᠠᠨ ᠤ ᠠᠳᠤᠭᠤᠴᠢᠨ ᠡᠷ᠎ᠡ ᠬᠠᠵᠠᠭᠠᠷ ᠤᠨ ᠵᠤᠤᠵᠠᠢ ᠲᠠᠲᠠᠯ ᠦᠭᠡᠢ ᠳᠠᠪᠬᠢᠭᠤᠯᠤᠨ ᠬᠠᠵᠠᠭᠤ ᠳᠤᠨᠢ ᠰᠢᠭᠤᠳ ᠲᠤᠯᠤᠴᠠ ︵17︶ ᠢᠷᠡᠭᠡᠳ ᠬᠠᠮᠢᠶ᠎ᠠ ᠴᠦ ᠦᠬᠡᠢ ᠬᠡᠳᠦᠨ ᠦᠭᠡ ᠬᠡᠯᠡᠪᠡᠢ᠄ ︽ᠬᠠᠷᠢ ᠶᠢᠨ ᠬᠦᠦ ᠶᠢᠨ ᠠᠯᠳᠠᠷ ᠬᠡᠨ ᠪᠤᠢ︖ ᠬᠠᠮᠢᠭᠠᠬᠢ ᠭᠠᠵᠠᠷ ᠤᠨ ᠳᠡᠭᠦᠤᠳᠠᠢ ᠪᠤᠢ︖ ᠬᠠᠯᠵᠠᠨ ᠤᠨᠠᠭ᠎ᠠ ᠶᠢ ᠮᠢᠨᠢ ᠴᠢ ᠤᠳᠤ ᠬᠠᠮᠢᠭ᠎ᠠ ᠠᠴᠠ ᠣᠯᠵᠤ ᠠᠪᠤᠭᠰᠠᠨ ᠪᠤᠢ︖︾ ᠭᠡᠬᠦᠯᠡᠷ︽ᠬᠠᠷᠢ ᠶᠢᠨ ᠬᠦᠦ ᠶᠢᠨ ᠠᠯᠳᠠᠷ ᠪᠤᠯ ᠬᠠᠷᠠᠲᠠᠢ ᠲᠥᠷᠦᠭᠰᠡᠨ ᠪᠤᠷᠤᠯᠳᠠᠢ ᠭᠡᠳᠡᠭ ᠬᠠᠳᠠ ᠠᠭᠤᠯᠠ ᠪᠠᠷ ᠲᠡᠨᠤᠵᠤ ᠶᠠᠪᠤᠭᠰᠠᠭᠠᠷ ᠬᠠᠯᠵᠠᠨ ᠤᠨᠠᠭ᠎ᠠ ᠶᠢ ᠴᠢᠨᠢ ᠤᠯᠤᠭᠰᠠᠨ ᠶᠤᠮ︕ ᠥᠭᠡᠶᠢᠳᠡᠢ ᠲᠥᠷᠦᠭᠰᠡᠨ ᠪᠤᠷᠤᠯᠳᠠᠢ ᠪᠢ ᠦᠨᠡᠨᠴᠢ ᠵᠠᠩ ᠲᠠᠢ ᠡᠷ᠎ᠡ ᠬᠦᠮᠦᠨ ᠥᠨᠦᠴᠢᠨ ᠬᠠᠯᠵᠠᠨ ᠤᠨᠠᠭ᠎ᠠ ᠶᠢ ᠴᠢᠨᠢ ᠦᠬᠦᠬᠦᠯᠬᠦ ᠦᠬᠡᠢ ᠭᠡᠵᠦ ᠪᠤᠳᠤᠭᠰᠠᠨ ᠶᠤᠮᠰᠠᠨ ᠠᠳᠤᠭᠤᠨ ᠳᠠᠭᠠᠨ ᠶᠠᠪᠤᠳᠠᠭ ᠠᠪᠠᠭ᠎ᠠ ᠲᠠ ᠠᠷᠳᠠᠭᠯᠠᠵᠤ ᠵᠠᠩᠨᠠᠭᠠᠳ ᠶᠠᠭᠤ ᠬᠢᠨ᠎ᠡ︖ ᠠᠮᠢᠲᠠᠢ ᠪᠠᠶᠢᠭ᠎ᠠ ᠬᠠᠯᠵᠠᠨ ᠤᠨᠠᠭ᠎ᠠ ᠪᠠᠨ ᠠᠪᠤᠭᠠᠳ ᠶᠠᠪᠤᠭᠰᠠᠨ ᠴᠦ ᠪᠤᠯᠴᠢᠨ᠎ᠠ︕ ᠠᠲᠠᠷ ᠬᠦᠳᠡᠭᠡ ᠲᠠᠯ᠎ᠠ ᠪᠠᠷ ᠠᠯᠬᠤᠵᠤ ᠬᠡᠰᠦᠵᠦ ᠰᠤᠷᠤᠭᠰᠠᠨ ᠶᠤᠮ ᠠᠩᠭᠤᠴᠢ ᠠᠮᠢᠳᠤᠷᠠᠯ ᠳᠠᠭᠠᠨ ᠳᠠᠰᠤᠭᠰᠠᠨ ᠨᠠᠳᠠ ᠠᠭᠲᠠ ᠮᠣᠷᠢ ᠬᠡᠷᠡᠭ ᠦᠬᠡᠢ︾ ᠭᠡᠬᠦᠯᠡᠷ᠄ ᠬᠠᠷᠠᠳᠬᠠᠨ ᠬᠠᠨ ᠤ ᠠᠳᠤᠭᠤᠴᠢᠨ ᠬᠠᠷᠠᠵᠤ ᠰᠢᠨᠵᠢᠵᠤ ᠬᠦᠦ ᠶᠢ ᠦᠵᠡᠭᠡᠳ ︽ᠬᠠᠢ ᠳ᠋ᠠ︕ ᠡᠨᠡ ᠮᠠᠭᠤ ᠬᠠᠯᠵᠠᠨ ᠤᠨᠠᠭ᠎ᠠ ᠶᠢ ᠬᠠᠶᠢᠷᠠᠯᠠᠵᠤ ᠴᠢᠮ᠎ᠠ ᠳᠤ ᠦᠭᠴᠢᠶ᠎ᠡ︕ ᠠᠮᠢᠳᠤ ᠶᠠᠪᠤᠭ᠎ᠠ ᠡᠨᠡ ᠤᠨᠠᠭ᠎ᠠ ᠶᠢ ᠠᠪᠤᠭᠠᠳ ᠬᠠᠷᠢ ᠳ᠋ᠠ ᠨᠤᠲᠤᠭ ᠲᠠᠭᠠᠨ︕ ᠠᠰᠠᠷᠠᠵᠤ ᠰᠠᠶᠢᠬᠠᠨ ᠲᠡᠵᠢᠭᠡᠪᠡᠯ ᠴᠢᠨᠢ ᠠᠷᠳᠠᠭ ᠴᠢᠨᠢ ᠪᠤᠯᠤᠨ᠎ᠠ ᠢᠷᠡᠭᠡᠳᠦᠢ ᠳᠤ︾ ᠭᠡᠪᠡᠢ᠃ ᠪᠤᠷᠤᠯᠳᠠᠢ ᠮᠡᠷᠭᠡᠨ ᠭᠠᠭᠴᠠ ᠬᠦᠪᠡᠭᠦᠨ ᠪᠤᠭᠤᠷᠤᠯ ᠬᠠᠯᠵᠠᠨ ᠤᠨᠠᠭ᠎ᠠ ᠲᠠᠢ ᠪᠤᠯᠤᠭᠰᠠᠨ ᠳᠠᠭᠠᠨ ᠪᠤᠬᠢᠳᠬᠢᠨ ᠬᠥᠯ ᠲᠠᠲᠠᠴᠢᠬᠠᠭᠠᠳ ᠪᠤᠴᠠᠭᠠᠳ ᠢᠷᠡᠪᠡ ᠭᠡᠷ ᠲᠡᠭᠡᠨ︕ ᠬᠠᠰᠢᠷ ᠳᠣᠬᠢ ᠡᠪᠦᠭᠡᠨ ᠠᠪᠤ ᠨᠢ ᠬᠤᠸᠠ ᠬᠠᠯᠵᠠᠨ ᠤᠨᠠᠭ᠎ᠠ ᠶᠢ ᠦᠵᠡᠭᠡᠳ ᠬᠠᠨ ᠬᠦᠮᠦᠨ ᠤ ᠠᠳᠤᠭᠤᠨ ᠰᠦᠷᠦᠭ ᠠᠴᠠ ᠬᠠᠮᠢᠶ᠎ᠠ ᠦᠬᠡᠢ ᠶᠠᠭᠤᠨ ᠳᠤ ᠠᠪᠴᠢᠷᠠᠪᠠ ᠭᠡᠵᠦ ᠠᠶᠤᠵᠤ ᠡᠮᠢᠶᠡᠭᠰᠡᠨ ᠰᠡᠳᠬᠢᠯ ᠢᠶᠠᠷ ᠠᠶᠢᠯᠠᠳᠴᠤ ᠬᠦᠪᠡᠬᠦᠨ ᠳᠡᠭᠡᠨ ᠬᠡᠯᠡᠬᠦ ᠳᠤᠨᠢ ᠠᠷᠢᠭᠤᠬᠠᠨ ᠰᠠᠨᠠᠭᠠᠲᠠᠢ ᠪᠤᠷᠤᠯᠳᠠᠢ ᠬᠦᠪᠡᠬᠦᠨ ᠠᠷᠠᠢ ᠪᠤᠷᠤᠭᠤᠲᠠᠭ᠎ᠠ ᠦᠬᠡᠢ ᠬᠡᠮᠡᠨ ᠬᠠᠷᠢᠭᠤᠯᠪᠠᠢ᠄ ︽ᠬᠠᠷᠠᠳᠬᠠᠨ ᠬᠠᠨ ᠤ ᠠᠳᠤᠭᠤᠴᠢᠨ ᠠᠪᠠᠭ᠎ᠠ ᠬᠠᠶᠢᠷᠠᠯᠠᠵᠤ ᠨᠠᠳᠠ ᠦᠭᠭᠦᠭᠰᠡᠨ ᠶᠤᠮ ᠬᠠᠮᠠᠭᠠᠯᠠᠵᠤ ᠰᠠᠶᠢᠬᠠᠨ ᠠᠷᠠᠴᠢᠯᠠᠪᠠᠯ ᠬᠠᠨᠢ ᠮᠢᠨᠢ ᠪᠤᠯᠤᠨ᠎ᠠ ᠬᠤᠵᠢᠮ ᠳᠠᠭᠠᠨ︾ ᠭᠡᠪᠡᠢ᠃ ᠦᠨᠤᠬᠢ ᠮᠠᠭᠤ ᠪᠤᠭᠤᠷᠤᠯ ᠤᠨᠠᠭ᠎ᠠ ᠪᠠᠨ ᠦᠨᠡᠨ ᠰᠠᠨᠠᠭᠠᠨ ᠠᠴᠠ ᠪᠠᠨ ᠠᠷᠠᠴᠢᠯᠠᠭᠠᠳ ᠡᠷᠭᠦᠵᠦ ᠰᠠᠶᠢᠬᠠᠨ ᠲᠡᠵᠢᠭᠡᠬᠦᠯᠡᠷ ᠨᠢ ᠦᠷᠯᠦᠭ ᠠᠭᠲᠠ ᠶᠢᠨ ᠨᠢᠭᠡᠨ ᠪᠣᠯᠪᠠᠢ᠃ ᠪᠤᠷᠤᠯᠳᠠᠢ ᠬᠦᠪᠡᠭᠦᠨ ᠮᠣᠷᠢ ᠲᠠᠢ ᠪᠤᠯᠵᠤ ᠪᠣᠷᠣ ᠬᠤᠭᠤᠯᠠᠢ ᠪᠠᠨ ᠲᠡᠵᠢᠭᠡᠬᠦ ᠬᠡᠮᠡᠨ ᠪᠣᠷᠪᠢᠲᠠᠢ ᠬᠦᠷᠦᠭᠡᠰᠦ ᠶᠢ ᠨᠠᠮᠨᠠᠨ ᠬᠦᠭᠡᠭᠡᠵᠦ ᠪᠤᠯᠤᠮᠠᠷ ᠠᠩᠴᠢᠨ ᠤ ᠨᠢᠭᠡᠨ ᠪᠣᠯᠴᠢᠪᠠᠢ᠃ ᠠᠩᠴᠢᠨ ᠮᠡᠷᠭᠡᠨ ᠪᠣᠷᠣᠯᠳᠠᠢ ᠬᠦᠪᠡᠭᠦᠨ ᠠᠷᠣ ᠶᠢᠨ ᠬᠦᠷᠦᠭᠡᠰᠦ ᠶᠢ ᠬᠦᠭᠡᠭᠡᠨ ᠨᠠᠮᠨᠠᠵᠤ ᠠᠭᠯᠠᠭ ᠠᠭᠤᠯᠠ ᠶᠢᠨ ᠡᠩᠭᠡᠷ ᠲᠤ ᠬᠤᠷᠤᠭᠠᠵᠤ ᠠᠯᠠᠵᠤ ᠤᠨᠠᠭᠠᠵᠤ ᠶᠠᠪᠤᠳᠠᠭ ᠪᠣᠯᠪᠠ᠃ ᠥᠷᠯᠦᠭ ᠮᠡᠷᠭᠡᠨ ᠪᠤᠷᠤᠯᠳᠠᠢ ᠬᠦᠪᠡᠭᠦᠨ ᠥᠪᠦᠷ ᠤᠨ ᠵᠡᠭᠡᠷ᠎ᠡ ᠶᠢ ᠨᠠᠮᠨᠠᠨ ᠬᠦᠭᠡᠭᠡᠵᠦ ᠥᠨᠳᠦᠷ ᠬᠠᠳᠠ ᠶᠢᠨ ᠬᠤᠷᠮᠤᠢ ᠳᠤ ᠴᠤᠭᠯᠠᠭᠤᠯᠵᠤ ᠦᠬᠦᠬᠦᠯᠵᠦ ᠠᠯᠠᠵᠤ ᠶᠠᠪᠤᠳᠠᠭ ᠴᠦ ᠪᠤᠯᠪᠠ᠃ ᠠᠪᠤ ᠡᠵᠢ ᠬᠤᠶᠠᠷ ᠢᠶᠠᠨ ᠲᠡᠵᠢᠭᠡᠵᠦ ᠠᠩ ᠬᠦᠷᠦᠭᠡ ᠬᠢᠭᠰᠡᠭᠡᠷ ᠶᠠᠪᠤᠲᠠᠯ᠎ᠠ ᠠᠷᠤ ᠬᠦᠨᠳᠡᠢ ᠨᠤᠲᠤᠭ ᠤᠷᠤᠨ ᠳᠤᠨᠢ ᠠᠷᠢᠶᠠᠲᠠᠨ ᠠᠮᠢᠲᠠᠨ ᠠᠯᠠᠭ᠎ᠠ ᠪᠣᠯᠴᠢᠪᠠ᠃ ᠪᠤᠷᠤᠯᠳᠠᠢ ᠮᠡᠷᠭᠡᠨ ᠨᠢᠭᠡᠨ ᠰᠦᠨᠢ ᠪ᠊‍ᠤᠷᠴᠠᠶᠢᠨ ᠬᠡᠪᠲᠡᠵᠦ ᠤᠨᠲᠠᠵᠤ ᠪᠠᠶᠢᠲᠠᠯ᠎ᠠ ᠪᠤᠵᠠᠭᠠᠢ ︵18︶ ᠨᠢᠭᠡᠨ ᠵᠡᠭᠦᠳᠦ ᠵᠡᠭᠦᠳᠦᠯᠡᠭᠰᠡᠨ ᠳᠡᠭᠡᠨ ᠪᠣᠰᠣᠨ ᠬᠠᠷᠠᠶᠢᠭᠠᠳ ᠪᠤᠳᠤᠵᠤ ᠰᠠᠭᠤᠨ᠎ᠠ᠃ ᠠᠶᠠᠷ ᠪᠠᠷᠠᠭᠤᠨ ᠬᠤᠶᠢᠲᠤ ᠵᠦᠭ ᠤᠨ ᠠᠯᠲᠠᠨ ᠰᠢᠷᠭᠠᠯ ᠬᠠᠳᠠ ᠶᠢᠨ ᠡᠩᠭᠡᠷ ᠲᠤ ᠠᠩ ᠠᠷᠢᠶᠠᠲᠠᠨ ᠲᠠᠷᠬᠢᠯᠠᠵᠤ ︵19︶ ᠣᠴᠢᠭᠠᠳ ᠠᠮᠠᠷᠠᠨ ᠳᠠᠷᠭᠤᠯᠠᠨ ᠨᠠᠭᠠᠳᠴᠤ ᠪᠠᠶᠢᠨ᠎ᠠ ᠭᠡᠵᠦ ᠵᠡᠭᠦᠳᠦᠯᠡᠭᠰᠡᠨ ᠵᠡᠭᠦᠳᠦᠨ ᠠᠴᠠ ᠪᠠᠨ ᠪᠤᠯᠤᠭᠠᠳ ᠵᠦᠭᠯᠡᠵᠦ ᠮᠤᠷᠳᠠᠬᠤ ᠪᠤᠯᠤᠭᠰᠠᠨ ᠰᠠᠨᠠᠭ᠎ᠠ ᠪᠠᠨ ᠵᠦᠪᠯᠡᠵᠦ ᠠᠪᠤ ᠡᠵᠢ ᠳᠡᠭᠡᠨ ᠬᠡᠯᠡᠴᠢᠭᠡᠳ ᠵᠢᠬᠢᠭᠦᠯᠵᠦ ︵20︶ ᠭᠠᠷᠪᠠ ᠪᠠᠷᠠᠭᠤᠨ ᠬᠤᠶᠢᠰᠢ ᠪᠠᠨ᠃ ᠰᠣᠳᠤ ᠲᠤᠩᠭᠠᠯᠠᠭ ᠨᠢᠭᠡᠨ ᠦᠷᠯᠦᠭᠡᠭᠦᠷ ᠰᠤᠭᠤᠨ ︵21︶ ᠴᠢᠬᠢᠲᠠᠢ ᠪᠤᠭᠤᠷᠤᠯ ᠮᠤᠷᠢᠨ ᠳᠠᠭᠠᠨ ᠰᠣᠷᠴᠢᠨ ᠨᠤᠮᠤᠴᠢᠨ ᠮᠠᠶ᠋ᠢᠭ ᠢᠶᠠᠷ ᠮᠤᠷᠳᠠᠵᠤ ᠱᠣᠩᠭᠢᠨᠠᠭᠤᠯᠵᠤ ᠦᠰᠦᠷᠦᠭᠦᠯᠦᠨ ᠳᠠᠪᠬᠢᠭᠤᠯᠪᠠᠢ᠃ ᠪᠣᠷᠣᠯᠳᠠᠢ ᠮᠡᠷᠭᠡᠨ ᠢ ᠠᠶᠠᠨ ᠮᠤᠷᠳᠠᠬᠤᠯᠠᠷ ᠪᠤᠶᠠᠨᠲᠤ ᠶᠡᠭᠡ ᠬᠠᠷᠠᠳᠬᠠᠨ ᠬᠠᠨ ᠪᠤᠯᠬᠤ ᠵᠠᠪᠰᠢᠶᠠᠨ ᠲᠤᠬᠢᠶᠠᠯᠳᠤᠯ᠎ᠠ ᠬᠡᠮᠡᠨ ᠪᠤᠯᠢᠶᠠᠵᠤ ᠠᠪᠠᠴᠢᠯ᠎ᠠ ᠥᠬᠢᠨ ᠳᠡᠭᠦᠦ ᠶᠢ ᠨᠢ᠃ ᠤᠬᠠᠭᠠᠨ ᠰᠡᠷᠭᠦᠯᠡᠩ ᠤᠷᠠᠨᠴᠡᠴᠡᠭ ᠥᠬᠢᠨ ᠢ ᠤᠶᠤᠳᠠᠯᠴᠢᠨ ᠤᠷᠠᠨ ᠵᠠᠷᠤᠴᠠ ᠪᠤᠯᠭᠠᠵᠤ ᠤᠭᠠᠯᠵᠠ ᠲᠠᠢ ᠨᠠᠷᠢᠨ ᠤᠶᠤᠳᠠᠯ ᠤᠶᠤᠭᠤᠯᠵᠤ ᠤᠯᠢᠭ ᠦᠬᠡᠢ ᠮᠠᠭᠤᠬᠠᠢ ᠬᠡᠷᠡᠭᠯᠡᠵᠦ ᠭᠡᠨ᠎ᠡ᠃ ᠬᠤᠪᠢᠲᠠᠢ ᠲᠦᠷᠦᠭᠰᠡᠨ ᠤᠷᠠᠨᠴᠡᠴᠡᠭ ᠬᠤᠷᠮᠤᠢ ᠶᠢᠨ ᠴᠢᠨᠡᠭᠡᠨ ᠠᠷᠠᠰᠤ ᠰᠢᠷᠢ ᠶᠢ ᠬᠤᠷᠢᠨ ᠵᠠᠬᠠᠲᠤ ᠪᠤᠯᠭᠠᠨ ᠤᠶᠤᠳᠠᠭ ᠬᠤᠣᠰ ᠦᠬᠡᠢ ᠤᠷᠠᠨ ᠬᠡᠤᠬᠡᠨ ᠭᠡᠨ᠎ᠡ᠃ ᠪᠤᠷᠤᠯᠳᠠᠢ ᠮᠡᠷᠭᠡᠨ ᠪᠠᠷᠠᠭᠤᠨ ᠬᠤᠶᠢᠨ᠎ᠠ ᠵᠦᠭ ᠲᠤ ᠪᠤᠷᠤᠭᠤᠯᠠᠵᠤ ᠤᠴᠢᠭᠰᠠᠨ ᠬᠦᠷᠦᠭᠡᠰᠦ ᠶᠢ ᠭᠦᠭᠡᠬᠡᠵᠦ ᠶᠠᠪᠤᠲᠠᠯ᠎ᠠ ᠪᠤᠭᠤᠷᠤᠯ ᠬᠠᠯᠵᠠᠨ ᠰᠢᠩᠬᠤᠨ ᠬᠦᠷᠡᠩ ᠨᠢ ᠪᠤᠳᠤᠯ ᠲᠠᠢ ᠨᠢᠭᠡᠨ ᠦᠭᠡ ᠬᠡᠯᠡᠪᠡᠢ᠄ ︽ᠪᠦᠷᠬᠦᠭᠡᠲᠦ ᠠᠭᠤᠯᠠ ᠶᠢᠨ ᠡᠩᠭᠡᠷ ᠲᠠᠯ᠎ᠠ ᠳᠤ ᠪᠦᠳᠦᠭᠦᠨ ᠬᠠᠷ᠎ᠠ ᠴᠢᠯᠠᠭᠤ ᠪᠠᠶᠢᠬᠤ ᠪᠦᠳᠦᠭᠦᠨ ᠬᠠᠷ᠎ᠠ ᠴᠢᠯᠠᠭᠤ ᠭᠡᠨᠡᠳᠬᠡᠨ ᠪᠦᠭᠯᠡᠭᠳᠡᠵᠦ ᠠᠩᠭᠠᠶᠢᠵᠤ ᠪᠠᠶᠢᠳᠠᠭ ᠪᠠᠶᠢᠬᠤ᠂ ᠳᠡᠪᠬᠢᠭᠡᠷ ᠬᠠᠷ᠎ᠠ ᠴᠢᠯᠠᠭᠤᠨ ᠳᠤᠨᠢ ᠬᠦᠷᠬᠦ ᠳᠤᠨᠢ ᠲᠡᠷᠡ ᠴᠢᠯᠠᠭᠤᠨ ᠳᠡᠷᠪᠡᠰ ᠬᠢᠵᠦ ᠠᠩᠭᠠᠶᠢᠭᠤ ᠳᠡᠷᠪᠡᠰ ᠬᠢᠵᠦ ᠠᠩᠭᠠᠶᠢᠬᠤ ᠳᠤᠨᠢ ᠳᠡᠪᠬᠡᠳᠡᠵᠦ ᠣᠷᠬᠢᠭᠠᠷᠠᠢ ᠭᠤᠳᠤᠯᠢ ᠪᠠᠷ ᠢᠶᠠᠨ ᠴᠢᠯᠠᠭᠤᠨ ᠤ ᠠᠩᠭᠠᠶᠢᠭᠰᠠᠨ ᠵᠠᠢ ᠵᠠᠪᠰᠠᠷ ᠢᠶᠠᠷ ᠱᠠᠭᠠᠶᠢᠵᠤ ᠨᠠᠷᠢᠯᠢᠭ ᠰᠢᠷᠲᠡᠪᠡᠯ ᠴᠢᠨᠢ ᠴᠢᠨᠦ ᠠᠮᠢ ᠨᠠᠰᠣᠨ ᠳᠤ ᠬᠡᠷᠡᠭᠲᠡᠢ ᠴᠢᠨᠠᠷ ᠰᠠᠶᠢᠲᠠᠢ ᠬᠡᠷᠡᠭᠰᠡᠯ ᠡᠳ᠋ ᠪᠠᠶᠢᠬᠤ᠂ ᠠᠷᠲᠠᠭ ᠮᠤᠷᠢᠨ ᠳᠠᠭᠠᠨ ᠳᠠᠷᠤᠨ ᠲᠤᠬᠤᠳᠠᠭ ᠠᠭᠠᠷᠠᠤ ᠽᠠᠨᠳᠠᠨ ᠡᠮᠡᠭᠡᠯ ᠪᠠᠶᠢᠬᠤ᠂ ᠠᠷᠭᠤᠮᠠᠭ ᠪᠤᠭᠤᠷᠤᠯ ᠢᠶᠠᠨ ᠬᠠᠵᠠᠭᠠᠷᠯᠠᠳᠠᠭ ᠠᠯᠲᠠᠨ ᠵᠡᠮᠬᠡᠭ ︵22︶ ᠲᠠᠢ ᠬᠠᠵᠠᠭᠠᠷ ᠪᠠᠶᠢᠬᠤ᠂ ᠲᠡᠭᠦᠨ ᠠᠴᠠ ᠴᠠᠭᠠᠰᠢ ᠬᠠᠷᠠᠪᠠᠯ ᠴᠢᠨᠢ ᠲᠠᠯ᠎ᠠ ᠶᠢᠨ ᠠᠩ ᠳᠤ ᠬᠡᠷᠡᠭᠴᠡᠳᠡᠭ ᠲᠠᠪᠤᠨ ᠬᠡᠭᠡᠷ ᠠᠯᠠᠭ ᠭᠤᠳᠤᠯᠢ ᠲᠠᠢ ᠳᠡᠪᠲᠡᠷ ᠰᠠᠶᠢᠬᠠᠨ ᠨᠤᠮᠤ ᠪᠠᠶᠢᠬᠤ᠂ ᠬᠤᠯᠠ ᠶᠢᠨ ᠵᠠᠮ ᠳᠠᠭᠠᠨ ᠬᠡᠷᠡᠭᠯᠡᠳᠡᠭ ᠬᠤᠤᠷᠲᠠᠨ ᠳᠠᠶᠢᠰᠤᠨ ᠲᠠᠢ ᠦᠵᠡᠯᠴᠡᠳᠡᠭ ᠬᠤᠣᠰ ᠦᠬᠡᠢ ᠪᠠᠬᠢᠯᠢᠭ᠌ ᠪᠦᠭᠡᠪᠲᠤᠷ ᠬᠤᠶᠠᠭ ᠳᠤᠭᠤᠯᠭ᠎ᠠ ᠪᠦᠷᠢᠨ ᠪᠠᠶᠢᠬᠤ᠃ ᠳᠤᠬᠤᠵᠤ ᠶᠠᠪᠤᠳᠠᠭ ᠡᠮᠡᠭᠡᠯ ᠢᠶᠠᠨ ᠳᠤᠷᠪᠢᠵᠤ ᠬᠠᠵᠠᠭᠠᠷᠯᠠᠳᠠᠭ ᠬᠠᠵᠠᠭᠠᠷ ᠢᠶᠠᠨ ᠲᠤᠭᠤᠵᠤ ᠬᠡᠷᠡᠭᠯᠡᠳᠡᠭ ᠭᠤᠳᠤᠯᠢ ᠪᠠᠨ ᠲᠤᠬᠢᠷᠠᠭᠤᠯᠵᠤ ᠬᠠᠷᠪᠤᠳᠠᠭ ᠨᠤᠮᠤ ᠪᠠᠨ ᠬᠠᠬᠢᠷ ᠬᠦᠢᠲᠡᠨ ᠳᠤ ᠡᠮᠦᠰᠳᠡᠭ ᠬᠠᠯᠴᠠᠷᠬᠠᠢ ᠠᠷᠠᠰᠤᠨ ᠳᠡᠪᠡᠯ ᠢᠶᠠᠨ ᠬᠠᠷ᠎ᠠ ᠴᠢᠯᠠᠭᠤᠨ ᠤ ᠠᠩᠭᠠᠷᠬᠠᠢ ᠳᠤ ᠬᠠᠮᠲᠤᠷᠠᠭᠤᠯᠵᠤ ᠰᠠᠶᠢᠬᠠᠨ ᠲᠠᠯᠪᠢᠯᠴᠠ︾ ᠭᠡᠪᠡᠢ᠃ ᠪᠤᠳᠤᠯ ᠤᠬᠠᠭᠠᠨ ᠲᠠᠢ ᠲᠥᠷᠦᠭᠰᠡᠨ ᠪᠣᠷᠣᠯᠳᠠᠢ ᠮᠡᠷᠭᠡᠨ ᠦᠷᠯᠦᠭ ᠬᠦᠪᠡᠬᠦᠨ ᠪᠤᠭᠤᠷᠤᠯ ᠬᠠᠯᠵᠠᠨ ᠳᠤ ᠪᠠᠨ ᠬᠡᠯᠡᠭᠰᠡᠨ ᠦᠭᠡ ᠪᠠᠷ ᠪᠤᠯᠭᠤᠮᠵᠢ ᠲᠤᠬᠢᠷᠠᠮᠵᠢᠲᠠᠢ ᠬᠢᠴᠢᠭᠡᠳ ᠠᠷᠳᠠᠭ ᠪᠤᠭᠤᠷᠤᠯ ᠳᠠᠭᠠᠨ ᠲᠠᠷᠤᠨ ᠲᠤᠬᠤᠳᠠᠭ ᠠᠭᠠᠷᠠᠤ ᠽᠠᠨᠳᠠᠨ ᠡᠮᠡᠭᠡᠯ ᠢᠶᠠᠨ ᠲᠤᠬᠤᠵᠤ ᠠᠷᠭᠤᠮᠠᠭ ᠬᠦᠷᠡᠩ ᠳᠡᠭᠡᠨ ᠬᠠᠵᠠᠭᠠᠷᠯᠠᠳᠠᠭ ᠠᠯᠲᠠᠨ ᠵᠡᠮᠬᠡᠭ ᠲᠠᠢ ᠬᠠᠵᠠᠭᠠᠷ ᠢᠶᠠᠨ ᠬᠠᠵᠠᠭᠠᠷᠯᠠᠵᠤ ᠲᠠᠯ᠎ᠠ ᠶᠢᠨ ᠠᠩ ᠳᠤ ᠬᠡᠷᠡᠭᠯᠡᠳᠡᠭ ᠲᠠᠪᠤᠨ ᠬᠡᠭᠡᠷ ᠠᠯᠠᠭ ᠰᠣᠷᠴᠢ ᠲᠠᠢ ᠲᠠᠩᠰᠤᠭ ᠰᠢᠨ᠎ᠡ ᠨᠤᠮᠤ ᠪᠠᠨ ᠠᠪᠴᠤ ᠲᠠᠭᠠᠮᠵᠢ ᠲᠤᠬᠢᠲᠠᠢ ᠰᠠᠭᠠᠳᠠᠭᠯᠠᠨ ᠮᠦᠷᠦᠯᠡᠪᠡᠢ᠃ ᠬᠤᠯᠠ ᠬᠡᠳᠦ ᠳᠡᠭᠡᠨ ᠬᠡᠷᠡᠭᠯᠡᠵᠦ ᠶᠠᠪᠤᠳᠠᠭ ᠬᠤᠤᠷᠲᠠᠨ ᠳᠠᠶᠢᠰᠤᠨ ᠲᠠᠢ ᠦᠵᠡᠯᠴᠡᠳᠡᠭ ᠬᠤᠶᠠᠭ ᠳᠤᠭᠤᠯᠭ᠎ᠠ ᠪᠠᠨ ᠲᠠᠭᠠᠷᠠᠭᠤᠯᠵᠤ ᠬᠤᠪᠢ ᠲᠠᠢ ᠰᠠᠶᠢᠬᠠᠨ ᠮᠦᠷᠦᠯᠡᠵᠦ ᠣᠷᠬᠢᠪᠠᠢ᠃ ᠪᠤᠭᠤᠷᠤᠯ ᠬᠠᠯᠵᠠᠨ ᠤ ᠪᠠᠨ ᠦᠭᠡ ᠪᠠᠷ ᠪᠣᠷᠣᠯᠳᠠᠢ ᠮᠡᠷᠭᠡᠨ ᠬᠤᠷᠴᠠᠯᠠᠵᠤ ᠣᠷᠬᠢᠭᠠᠳ ᠪᠣᠷᠣᠭᠤᠯᠠᠵᠤ ᠭᠠᠷᠤᠭᠰᠠᠨ ᠭᠦᠷᠦᠭᠡᠰᠦ ᠶᠢ ᠪᠤᠲᠠᠷᠠᠲᠠᠯ᠎ᠠ ᠨᠢᠴᠠᠷᠠᠲᠠᠯ᠎ᠠ ᠬᠠᠷᠪᠤᠵᠤ ᠶᠠᠪᠤᠪᠠᠢ᠃ ᠦᠷᠯᠦᠭ ᠪᠤᠭᠤᠷᠤᠯ ᠤᠨ ᠢᠶᠠᠨ ᠦᠭᠡ ᠪᠠᠷ ᠦᠨᠡᠨ ᠪᠡᠶ᠎ᠡ ᠪᠠᠨ ᠪᠡᠶᠡᠯᠡᠵᠦ ᠦᠨᠡᠭᠡᠨ ᠳᠠᠬᠤ ᠪᠠᠨ ᠳᠠᠬᠤᠯᠠᠵᠤ ᠥᠨᠦᠬᠢ ᠬᠦᠷᠦᠭᠡᠰᠦᠨ ᠤ ᠬᠤᠶᠢᠨ᠎ᠠ ᠠᠴᠠ ᠳᠠᠪᠬᠢᠭᠤᠯᠪᠠᠢ᠃ᠠᠶᠠᠷ ᠪᠠᠷᠠᠭᠤᠨ ᠬᠤᠶᠢᠲᠤ ᠵᠦᠭ ᠲᠠᠬᠢ ᠠᠯᠲᠠᠨ ᠰᠢᠷ᠎ᠠ ᠬᠠᠳᠠ ᠶᠢᠨ ᠡᠩᠭᠡᠷ ᠲᠤ ᠠᠲᠠᠷ ᠬᠡᠭᠡᠷ᠎ᠡ ᠶᠢᠨ ᠬᠦᠷᠦᠭᠡᠰᠦ ᠵᠡᠭᠡᠷ᠎ᠡ ᠶᠢ ᠠᠷᠤ ᠲᠡᠰᠢ ᠨᠢ ᠤᠨᠠᠭᠠᠭᠠᠳ ᠤᠷᠬᠢᠵᠤ ᠦᠷᠦᠨ᠎ᠡ ᠵᠦᠭ ᠤᠨ ᠳᠠᠶᠢᠳᠤ ︵23︶ ᠳᠠᠬᠢ ᠦᠨᠳᠦᠷ ᠰᠢᠷ᠎ᠠ ᠬᠠᠳᠠ ᠶᠢᠨ ᠬᠤᠷᠮᠤᠢ ᠳᠤ ᠥᠨᠳᠡᠭᠡ ᠵᠤᠯᠵᠠᠭ᠎ᠠ ᠲᠠᠢ ᠠᠷᠢᠶᠠᠲᠠᠨ ᠵᠢᠭᠦᠷᠲᠡᠨ ᠢ ᠥᠪᠦᠷ ᠲᠠᠶᠢᠰᠢ ᠨᠢ ᠬᠠᠷᠪᠤᠨ ᠤᠨᠠᠭᠠᠵᠤ ᠤᠴᠢᠭᠰᠠᠨ ᠵᠣᠷᠢᠯᠭ᠎ᠠ ᠳᠠᠭᠠᠨ ᠪᠦᠷᠢᠨ ᠬᠦᠷᠴᠦ ᠣᠯᠵᠠ ᠣᠮᠤᠭ ᠶᠡᠭᠡ ᠪᠠᠷ ᠴᠤᠭᠯᠠᠭᠤᠯᠵᠤ ᠤᠯᠠᠨ ᠬᠦᠷᠦᠭᠡᠰᠦ ᠪᠠᠨ ᠬᠤᠷᠢᠶᠠᠵᠤ ᠠᠪᠤᠭᠠᠳ ᠤᠷᠤᠨ ᠨᠤᠲᠤᠭ ᠲᠠᠭᠠᠨ ᠬᠠᠷᠢᠬᠤ ᠪᠣᠯᠪᠠᠢ᠃ ᠠᠲᠠᠷ ᠬᠡᠭᠡᠷ᠎ᠡ ᠶᠢᠨ ᠠᠩ ᠬᠦᠷᠦᠭᠡᠰᠦᠨ ᠠᠴᠠ ᠠᠷᠳᠠᠭ ᠬᠦᠷᠡᠩ ᠳᠡᠭᠡᠨ ᠠᠴᠢᠶᠠᠯᠠᠨ ᠭᠠᠨᠵᠤᠭᠠᠯᠠᠵᠤ ᠠᠶᠠᠨ ᠵᠠᠮ ᠢᠶᠠᠨ ᠬᠦᠭᠡᠭᠡᠨ ᠪᠤᠴᠠᠵᠤ ᠠᠶᠢᠯ ᠭᠡᠷ ᠲᠡᠭᠡᠨ ᠬᠠᠷᠢᠵᠤ ᠶᠠᠪᠤᠪᠠᠢ᠃ ᠠᠴᠢᠲᠤ ᠪᠤᠭᠤᠷᠤᠯ ᠡᠵᠢ ᠨᠢ ᠭᠡᠨᠡᠳᠲᠡ ᠠᠩ ᠳᠤ ᠶᠠᠪᠤᠭᠰᠠᠨ ᠬᠦᠦ ᠢᠶᠠᠨ ᠠᠯᠤᠰ ᠤᠨ ᠵᠠᠮ ᠳᠤ ᠣᠯᠵᠠ ᠲᠠᠢ ᠠᠴᠢᠶ᠎ᠠ ᠲᠡᠩᠨᠡᠭᠡ ᠶᠡᠬᠡᠲᠡᠢ ᠤᠷᠭᠤᠬᠤ ᠨᠠᠷᠠ ᠢ ᠴᠢᠭᠯᠡᠨ ᠵᠤᠷᠢᠵᠤ ᠤᠷᠤᠨ ᠨᠤᠲᠤᠭ ᠲᠠᠭᠠᠨ ᠡᠷᠬᠢᠵᠤ ᠶᠠᠪᠤᠨ᠎ᠠ ᠬᠡᠮᠡᠨ ᠤᠨᠲᠠᠬᠤ ᠨᠦᠢᠷ ᠤᠨ ᠵᠠᠪᠰᠠᠷ ᠳᠤᠮᠳᠠᠭᠤᠷ ᠤᠷᠤᠨ ᠳᠠᠭᠠᠨ ᠬᠡᠪᠲᠡᠭᠰᠡᠭᠡᠷ ᠵᠡᠭᠦᠳᠦᠯᠡᠪᠡ ᠭᠡᠨ᠎ᠡ᠃ ᠦᠷᠯᠦᠭᠡᠬᠦᠷ ᠡᠷᠲᠡ ᠤᠷᠤᠨ ᠠᠴᠠ ᠪᠠᠨ ᠪᠤᠰᠴᠤ ᠡᠪᠦᠭᠡᠨ ᠡ︕ ᠡᠪᠦᠭᠡᠨ ᠡ ᠬᠤᠷᠳᠤᠨ ᠬᠤᠷᠳᠤᠨ ᠪᠤᠰᠤᠭᠠᠴᠢ ᠡᠨᠡ ᠰᠦᠨᠢ ᠪᠢ ᠴᠢᠨᠢ ᠨᠦᠢᠷ ᠳᠣᠮᠳᠠ ᠪᠠᠨ ᠡᠯᠳᠡᠪ ᠤᠨ ᠵᠡᠭᠦᠳᠦ ᠵᠡᠭᠦᠳᠦᠯᠡᠪᠡ ᠬᠡᠮᠡᠨ ᠰᠢᠨᠠᠭᠠᠨ ᠤ ᠪᠤᠳᠤᠭ᠎ᠠ ᠵᠤᠭᠰᠤᠴᠢᠮᠠᠷ ᠴᠢᠨᠳᠠᠭᠠᠨ ᠤ ᠰᠢᠪᠠᠷᠲᠠᠨ ᠤᠨᠠᠮᠠᠷ ᠰᠢᠷ᠎ᠠ ᠤᠯᠠᠭᠠᠨ ᠴᠠᠢ ᠪᠠᠨ ᠴᠢᠨᠠᠵᠤ ᠱᠠᠪ ᠱᠠᠪ ᠭᠡᠲᠡᠯ᠎ᠡ ᠰᠠᠮᠤᠷᠴᠤ ᠪᠠᠶᠢᠪᠠ᠃ ᠡᠪᠦᠭᠡᠨ ᠬᠦᠭᠰᠢᠨ ᠬᠤᠶᠠᠭᠤᠯᠠ ᠡᠷᠲᠡ ᠶᠢᠨ ᠴᠠᠢ ᠪᠠᠨ ᠰᠢᠮᠡᠲᠠᠢ ᠤᠤᠭᠤᠵᠤ ᠡᠨᠡ ᠰᠦᠨᠢ ᠶᠢᠨ ᠵᠡᠭᠦᠳᠦ ᠶᠢ ᠶᠠᠷᠢᠯᠴᠠᠨ ᠡᠶᠡᠲᠡᠢ ᠨᠠᠶᠢᠷ ᠲᠠᠢ ᠪᠠᠶᠢᠵᠤ ᠪᠠᠶᠢᠲᠠᠯ᠎ᠠ ᠬᠠᠨ ᠬᠦᠮᠦᠨ ᠤ ᠲᠦᠰᠢᠮᠡᠯ ᠶᠠᠩᠵᠣ ᠲᠠᠢ ᠬᠠᠷᠢ ᠶᠢᠨ ᠣᠷᠣᠨ ᠤ ᠵᠢᠷᠤᠬᠠᠶᠢᠴᠢ ᠬᠡᠪ ᠲᠠᠢ ᠬᠠᠷᠬᠢᠰ ᠮᠠᠶ᠋ᠢᠭ ᠤᠨ ᠲᠤᠭᠰᠢᠨ ᠨᠤᠶᠠᠨ ᠬᠠᠷ᠎ᠠ ᠥᠷᠭᠦᠭᠡ ᠶᠢᠨ ᠡᠭᠦᠳᠡᠨ ᠳᠤ ᠢᠷᠡᠭᠡᠳ ︽ᠬᠠᠷᠠᠴᠤ ᠪᠤᠭᠤᠯ ᠡᠪᠦᠭᠡᠨ ᠡᠮᠡᠭᠡᠨ ᠬᠤᠶᠠᠷ ᠡ ᠬᠠᠷᠠᠳᠬᠠᠨ ᠬᠠᠨ ᠤ ᠡᠵᠡᠨ ᠤ ᠲᠤᠰᠢᠶᠠᠭᠰᠠᠨ ᠬᠠᠲᠠᠭᠤ ᠴᠢᠩᠭ᠎ᠠ ᠵᠠᠷᠯᠢᠭ ᠢ ᠰᠤᠨᠤᠰᠴᠤ ᠬᠠᠷᠢᠵᠤ ᠶᠠᠪᠤᠭᠰᠠᠨ ᠬᠦᠦ ᠳᠡᠭᠡᠨ ᠬᠡᠯᠡ︾ ᠬᠡᠮᠡᠨ ᠦᠨᠳᠦᠷ ᠳᠠᠭᠤᠨ ᠢᠶᠠᠷ ᠬᠠᠰᠬᠢᠷᠤᠨ ᠵᠠᠩᠳᠤᠷᠴᠤ ᠡᠪᠦᠭᠡᠨ ᠡᠮᠡᠭᠡᠨ ᠬᠤᠶᠠᠷ ᠢ ᠰᠦᠷᠳᠡᠭᠦᠯᠦᠨ ᠦᠢᠮᠡᠭᠡᠨ ᠲᠦᠢᠪᠡᠭᠡᠨ ᠳᠠᠲᠠᠬᠤ ᠮᠠᠶ᠋ᠢᠭ ᠢᠶᠠᠷ ᠦᠷᠭᠦᠯᠵᠢᠯᠡᠭᠦᠯᠦᠨ ᠵᠠᠷᠯᠢᠭ ᠪᠠᠭᠤᠯᠭᠠᠪᠠᠢ᠃ ︽ᠥᠨᠦᠬᠢ ᠮᠠᠭᠤ ᠲᠡᠨᠤᠭᠦᠯᠴᠢ ᠬᠦᠦ ᠴᠢᠨᠢ ᠦᠷᠯᠦᠭ ᠬᠠᠨ ᠤ ᠲᠡᠵᠢᠭᠡᠯᠲᠦ ᠠᠮᠢᠲᠠᠳ ᠢ ᠦᠢ ᠲᠦᠮᠡ ᠪᠠᠷ ᠠᠯᠠᠵᠤ ᠭᠠᠨᠵᠤᠭᠠᠯᠠᠭᠠᠳ ᠥᠷᠯᠦᠭᠡ ᠮᠦᠨᠤ ᠬᠦᠷᠬᠦ ᠭᠡᠵᠦ ᠪᠠᠶᠢᠨ᠎ᠠ᠃ ᠬᠦᠪᠡᠭᠦᠨ ᠴᠢᠨᠢ ᠭᠡᠷ ᠲᠡᠭᠡᠨ ᠢᠷᠡᠮᠡᠭᠴᠡ ᠬᠦᠷᠦᠭᠡᠳ ᠣᠴᠢ ᠬᠠᠨ ᠤ ᠣᠷᠳᠣᠨ ᠳᠤ ᠭᠡᠵᠦ ᠬᠦᠴᠦᠲᠦ ᠮᠢᠨᠤ ᠬᠠᠲᠠᠭᠤ ᠵᠠᠷᠯᠢᠭ ᠢ ᠬᠦᠦ ᠳᠡᠭᠡᠨ ᠲᠤᠳᠤ ᠬᠡᠯᠡᠵᠦ ᠦᠢᠭ︕ ᠬᠤᠪᠢᠲᠤ ᠶᠡᠭᠡ ᠬᠠᠨ ᠤ ᠳᠤ ᠣᠴᠢᠬᠤ ᠳᠠᠭᠠᠨ ᠬᠤᠭᠤᠰᠤᠨ ᠭᠠᠷ ᠢᠶᠠᠷ ᠵᠤᠯᠭᠠᠵᠤ ᠪᠤᠯᠬᠤ ᠦᠬᠡᠢ ᠬᠤᠯᠠ ᠶᠢ ᠠᠶᠠᠨ ᠤ ᠭᠠᠨᠵᠤᠭᠠᠨ ᠡᠳ᠋ ᠠᠴᠠ ᠪᠠᠨ ᠬᠤᠣᠰ ᠦᠬᠡᠢ ᠰᠠᠶᠢᠨ ᠢ ᠰᠢᠯᠢᠵᠤ ᠪᠡᠯᠡᠭ ᠬᠦᠷᠭᠡ︕ ᠠᠷᠰᠯᠠᠨ ᠪᠠᠷᠰ ᠤᠨ ᠠᠷᠠᠰᠤ ᠰᠢᠷᠢ ᠶᠢ ᠠᠷᠪᠠ ᠬᠤᠷᠢ ᠪᠠᠷ ᠪᠡᠯᠡᠭ ᠬᠦᠷᠭᠡ︕ ᠠᠷᠢᠶᠠᠲᠠᠨ ᠵᠢᠭᠦᠷᠲᠡᠨ ᠤ ᠥᠳᠦ ᠨᠣᠣᠰᠣ ᠶᠢ ᠠᠴᠢᠶ᠎ᠠ ᠲᠡᠷᠭᠡ ᠪᠠᠷ ᠠᠪᠠᠴᠢᠵᠤ ᠦᠭ︕ ᠢᠷᠡᠭᠰᠡᠨ ᠡᠳᠦᠷ ᠲᠤ ᠪᠠᠨ ᠤᠴᠢᠬᠤ ᠦᠬᠡᠢ ᠪᠣᠯ ᠢᠳᠡᠷ ᠨᠠᠰᠤ ᠶᠢ ᠨᠢ ᠲᠡᠭᠦᠰᠬᠡᠬᠦ ᠪᠣᠢ︕ ᠡᠯᠳᠡᠪ ᠤᠨ ᠪᠡᠯᠡᠭ ᠠᠪᠠᠴᠢᠬᠤ ᠦᠬᠡᠢ ᠪᠣᠯ ᠡᠮᠡᠭᠡᠯᠲᠦ ᠮᠣᠷᠢᠨ ᠠᠴᠠ ᠨᠢ ᠣᠨᠠᠭᠠᠬᠤ ᠪᠣᠢ︕ ᠬᠦᠷᠦᠭᠰᠡᠨ ᠡᠳᠦᠷ ᠲᠡᠭᠡᠨ ᠵᠣᠯᠭᠠᠬᠤ ᠦᠬᠡᠢ ᠪᠣᠯ ᠬᠥᠭᠡᠷᠦᠬᠦᠢ ᠠᠮᠢ ᠶᠢ ᠨᠢ ᠲᠠᠰᠣᠯᠬᠤ ᠪᠣᠢ︕ ᠬᠦᠷᠭᠡᠬᠦ ᠪᠡᠯᠡᠭ ᠦᠬᠡᠢ ᠬᠤᠭᠤᠰᠤᠨ ᠣᠴᠢᠪᠠᠯ ᠬᠦᠢᠲᠡᠨ ᠲᠠᠮᠤ ᠳᠤ ᠬᠠᠶᠠᠬᠤ ᠪᠤᠢ︕︾ ᠭᠡᠳ ᠣᠨᠣᠭᠰᠠᠨ ᠮᠤᠷᠢᠨ ᠤ ᠪᠠᠨ ᠲᠤᠭᠤᠰᠤ ᠪᠠᠷ ᠤᠷᠤᠨ ᠳᠡᠯᠡᠬᠡᠢ ᠶᠢ ᠮᠠᠨᠠᠨᠲᠠᠭᠤᠯᠤᠭᠰᠠᠭᠠᠷ ᠣᠷᠳᠣᠨ ᠬᠠᠷᠰᠢ ᠵᠦᠭ ᠢᠶᠠᠨ ᠴᠢᠭᠯᠡᠵᠦ ᠣᠷᠣᠯᠠᠩ ︵24︶ ᠠᠳᠠᠯᠢ ᠳᠠᠪᠬᠢᠭᠤᠯᠤᠨ ᠣᠳᠪᠠᠢ᠃ ᠬᠠᠷᠬᠢᠰ ᠵᠠᠷᠯᠢᠭ ᠢ ᠬᠦᠷᠭᠡᠭᠰᠡᠨ ᠲᠦᠰᠢᠮᠡᠯ ᠬᠠᠷᠠᠳᠬᠠᠨ ᠬᠠᠨ ᠳᠠᠭᠠᠨ ᠶᠤᠰᠣᠯᠠᠨ ᠮᠡᠳᠡᠭᠦᠯᠵᠦ ᠬᠠᠷᠰᠢ ᠣᠷᠳᠣᠨ ᠤ ᠪᠠᠨ ᠵᠡᠭᠦᠨ ᠡᠮᠦᠨ᠎ᠡ ᠬᠠᠷ᠎ᠠ ᠮᠠᠭᠤ ᠣᠪᠤᠬᠠᠢ ᠪᠠᠷᠢᠭᠤᠯᠪᠠ᠃ ᠲᠥᠭᠡ ᠬᠢᠷᠢ ᠶᠢᠨ ᠤᠬᠠᠭᠠᠨ ᠲᠠᠢ ᠲᠥᠯᠭᠡᠴᠢ ᠵᠢᠷᠤᠬᠠᠶᠢᠴᠢ ᠪᠠᠨ ᠵᠠᠯᠠᠵᠤ ᠲᠡᠨᠤᠭᠦᠯ ᠬᠦᠪᠡᠭᠦᠨ ᠤ ᠵᠠᠶᠠᠭ᠎ᠠ ᠶᠢ ᠲᠡᠩᠴᠡᠭᠦᠯᠵᠦ ᠪᠤᠳᠤᠭᠤᠯᠵᠤ ᠦᠵᠡᠪᠡ᠃ ᠯᠡᠮᠠ ᠶᠢᠨ ᠰᠢᠨᠵᠢ ᠲᠠᠢ ᠵᠢᠷᠤᠬᠠᠶᠢᠴᠢ ᠨᠢ ᠪᠡᠯᠠᠷ ᠤᠬᠠᠭᠠᠨ ᠢ ᠭᠡᠭᠡᠷᠡᠭᠦᠯᠳᠡᠭ ᠪᠠᠷᠴᠢᠳ ᠶᠡᠬᠡᠲᠡᠢ ᠵᠢᠷᠤᠬᠠᠢ ᠪᠠᠨ ᠪᠠᠷᠢᠵᠤ ᠪᠠᠭᠤᠯᠭᠠᠵᠤ ᠬᠡᠯᠡᠭᠰᠡᠨ ᠨᠢ ᠡᠶᠢᠮᠦ ᠭᠡᠨ᠎ᠡ᠄ ︽ᠪᠤᠷᠤᠯᠳᠠᠢ ᠮᠡᠷᠭᠡᠨ ᠮᠠᠭᠤ ᠬᠦᠪᠡᠭᠦᠨ ᠤ ᠪᠣᠷᠣ ᠪᠡᠶ᠎ᠡ ᠨᠢ ᠲᠤᠮᠤᠭᠠᠵᠢᠨ ᠲᠡᠩᠭᠡᠭᠡᠵᠢᠵᠦ ᠪᠠᠷᠲᠠᠨ ᠰᠠᠨᠠᠭ᠎ᠠ ᠨᠢ ᠴᠢᠩᠭᠠᠷᠠᠨ ᠶᠡᠬᠡᠵᠢᠭᠡᠳ ᠪᠠᠭᠠᠲᠤᠷ ᠡᠷ᠎ᠡ ᠶᠢᠨ ᠰᠢᠨᠵᠢ ᠣᠷᠣᠴᠢᠵᠠᠢ᠃ ᠬᠤᠣᠷᠯᠠᠵᠣ ᠲᠡᠭᠦᠨ ᠢ ᠠᠯᠠᠬᠤ ᠦᠬᠡᠢ ᠪᠣᠯ ᠬᠤᠵᠢᠮ ᠳᠠᠭᠠᠨ ᠪᠢᠳᠡᠨ ᠤ ᠭᠠᠢ ᠪᠤᠯᠤᠨ᠎ᠠ ᠬᠤᠶᠢᠨ᠎ᠠ ᠢᠷᠡᠭᠡᠳᠦᠢ ᠳᠤ ᠠᠮᠢᠳᠤ ᠶᠠᠪᠤᠪᠠᠯ ᠬᠠᠤᠯᠢᠳᠤ ᠬᠠᠨ ᠤ ᠰᠠᠨᠳᠠᠭᠠᠨ᠎ᠠ ᠭᠡᠪᠡᠢ︾᠃ ᠣᠲᠤᠭᠲᠤ ᠲᠦᠰᠢᠮᠡᠯ ᠰᠤᠨᠤᠰᠤᠮᠠᠭᠴᠠ ᠤᠬᠠᠭ᠎ᠠ ᠰᠡᠭᠡᠭᠡ ᠪᠠᠨ ᠪᠡᠯᠡᠷᠠᠲᠠᠯ᠎ᠠ ᠠᠶᠤᠵᠤ ᠠᠭᠤᠰᠬᠢ ᠵᠢᠷᠦᠬᠡ ᠲᠡᠷᠡ ᠪᠦᠬᠦᠨ ᠨᠢ ᠤᠷᠤᠭᠤᠯ ᠠᠮᠠ ᠪᠠᠷ ᠨᠢ ᠭᠠᠷᠬᠤ ᠰᠢᠬᠠᠪᠠ᠃ ︽ᠬᠤᠯᠠ ᠶᠢ ᠪᠤᠳᠤᠳᠠᠭ ᠵᠢᠷᠤᠬᠠᠶᠢᠴᠢ ᠮᠢᠨᠢ ᠬᠤᠵᠢᠮ ᠢ ᠮᠡᠳᠡᠳᠡᠭ ᠲᠥᠯᠭᠡᠴᠢ ᠮᠠᠨᠢ ᠬᠤᠷᠤᠭᠠᠵᠤ ᠲᠡᠭᠦᠨ ᠢ ᠠᠯᠠᠵᠤ ᠴᠢᠳᠠᠮᠠᠷ ᠬᠤᠨᠵᠢᠨ ᠠᠷᠭ᠎ᠠ ᠶᠠᠭᠤ ᠪᠠᠶᠢᠨ᠎ᠠ︖︾ ᠭᠡᠬᠦᠯᠡᠷ᠄ ᠵᠢᠷᠤᠬᠠᠶᠢᠴᠢ ᠠᠵᠢᠯᠴᠢ ᠬᠤᠯᠵᠢᠨ ᠯᠠᠮᠠ ᠵᠠᠯᠢᠲᠠᠢ ᠮᠡᠬᠡᠲᠡᠢ ᠠᠷᠭ᠎ᠠ ᠭᠠᠷᠭᠠᠵᠤ︽ᠵᠠᠪᠢᠯᠠᠵᠤ ᠰᠠᠭᠤᠳᠠᠭ ᠬᠤᠶᠢᠮᠤᠷ ᠲᠠᠭᠠᠨ ᠵᠢᠷᠠᠨ ᠠᠯᠲᠠᠨ ᠨᠦᠬᠡᠨ ᠳᠤᠲᠤᠷ᠎ᠠ ᠵᠠᠭᠠᠨ ᠤ ᠠᠷᠠᠰᠤᠨ ᠲᠤᠯᠤᠮ ᠬᠢᠵᠦ ᠵᠠᠯᠠᠷᠠᠵᠤ ᠠᠳᠡ ᠮᠣᠷᠢᠯᠠ ᠭᠡᠳ ᠵᠠᠪᠳᠤᠵᠤ ᠲᠡᠭᠦᠨ ᠢ ᠲᠦᠯᠬᠢᠵᠤ ᠣᠷᠬᠢ︕ ᠬᠠᠰᠬᠢᠷᠴᠤ ᠲᠡᠭᠦᠨ ᠢ ᠤᠨᠠᠭᠰᠠᠨ ᠬᠤᠶᠢᠨ᠎ᠠ ᠬᠠᠷᠠᠯᠠᠭ ᠲᠡᠮᠡᠭᠡᠨ ᠤ ᠨᠣᠣᠰᠣ ᠪᠠᠷ ᠲᠠᠮᠤᠭᠰᠠᠨ ᠬᠢᠯᠭᠠᠰᠤᠨ ᠡᠷᠴᠢ ᠲᠠᠢ ᠲᠡᠭᠡᠰᠦᠨ ᠤᠯᠤᠰᠤ ᠪᠠᠷ ᠬᠠᠷ᠎ᠠ ᠲᠤᠯᠤᠮ ᠤᠨ ᠠᠮᠠᠰᠠᠷ ᠢ ᠤᠶᠠ︕ ᠭᠤᠤᠯᠲᠤ ᠬᠠᠨ ᠤ ᠰᠦᠷᠦᠭ ᠤᠨ ᠳᠤᠮᠳᠠᠬᠢ ᠭᠤᠴᠢᠨ ᠠᠯᠳᠠ ᠪᠡᠶ᠎ᠡ ᠲᠠᠢ ᠭᠤᠷᠪᠠᠨ ᠠᠯᠳᠠ ᠡᠪᠡᠷ ᠲᠠᠢ ᠭᠤᠨᠠᠨ ᠬᠥᠬᠡ ᠪᠤᠬ᠎ᠠ ᠶᠢ ᠬᠥᠯᠵᠦ ᠵᠠᠭᠠᠨ ᠤ ᠠᠷᠠᠰᠤᠨ ᠲᠤᠯᠤᠮ ᠳᠠᠬᠢ ᠵᠠᠨᠳᠠᠭᠠᠷ ᠲᠡᠷᠡ ᠲᠡᠨᠤᠭᠦᠯ ᠬᠦᠪᠡᠭᠦᠨ ᠢ ᠵᠠᠬ᠎ᠠ ᠬᠢᠯᠢ ᠪᠠᠷ ᠴᠢᠷᠴᠣ ᠠᠪᠠᠴᠢᠭᠠᠳ ᠽᠠᠮᠪᠤ ᠶᠡᠭᠡ ᠳᠠᠯᠠᠢ ᠳᠤ ᠬᠠᠶᠠ︕ ᠵᠢᠷᠤᠬᠠᠶᠢᠴᠢ ᠮᠡᠷᠭᠡᠨ ᠪᠢ ᠲᠡᠷᠡ ᠦᠶ᠎ᠡ ᠳᠤ ᠵᠢᠷᠣᠮ ᠲᠠᠢ ᠨᠢᠭᠡᠨ ᠰᠢᠪᠰᠢᠭ ᠢᠷᠦᠭᠡᠨ᠎ᠡ᠂ ᠵᠤᠬᠢᠶᠠᠵᠤ ᠪᠠᠶᠢᠭᠠᠳ ᠬᠠᠶᠠᠪᠠᠯ ᠵᠣᠪᠠᠵᠤ ᠶᠠᠪᠤᠭᠰᠠᠭᠠᠷ ᠦᠬᠦᠬᠦ ᠶᠤᠮ᠃ ᠬᠤᠪᠢᠲᠠᠢ ᠡᠨᠡ ᠢᠷᠦᠭᠡᠯ ᠢᠶᠠᠷ ᠬᠤᠷᠢᠶ᠎ᠠ ᠬᠠᠭᠠᠯᠲᠠ ᠳᠤ ᠬᠠᠭᠠᠭᠳᠠᠯ ᠦᠬᠡᠢ ᠬᠤᠷᠢᠨ ᠵᠢᠯ ᠳᠤ ᠬᠤᠲᠣ ︵25︶ ᠣᠷᠣᠰᠴᠣ ᠬᠠᠪ ᠵᠢᠭᠠᠰᠤᠨ ᠤ ᠬᠢᠪᠢᠰᠤᠨ ︵ᠬᠢᠪᠢᠳᠡᠰᠤ︶ ᠪᠤᠯᠤᠨ᠎ᠠ᠃ ᠵᠠᠶᠠᠭᠠᠲᠤ ᠡᠨᠡ ᠢᠷᠦᠭᠡᠯ ᠢᠶᠠᠷ ᠵᠢᠯᠠᠭ᠎ᠠ ᠬᠦᠨᠳᠡᠢ ᠲᠤᠷᠤᠯ ᠦᠬᠡᠢ ᠵᠢᠷᠠᠨ ᠵᠢᠯ ᠳᠤ ᠰᠢᠪᠲᠤ ᠤᠷᠤᠰᠴᠤ ᠵᠢᠷᠠᠭᠠᠬᠠᠢ ᠵᠢᠭᠠᠰᠤᠨ ᠤ ᠬᠦᠨᠡᠰᠦᠨ ᠪᠤᠯᠤᠨ᠎ᠠ︾ ᠬᠡᠬᠦᠯᠡᠷ ᠲᠦᠰᠢᠮᠡᠯ ᠨᠤᠶᠠᠨ ᠶᠡᠬᠡᠳᠡ ᠪᠠᠶᠠᠷᠯᠠᠵᠤ ᠲᠦᠭᠦᠴᠢᠨ ︵26︶ ᠪᠦᠳᠦᠷᠢᠨ ᠲᠤᠬᠢᠨ ᠮᠦᠷᠭᠦᠵᠦ ︽ᠲᠦᠮᠡᠨ ᠢ ᠮᠡᠳᠡᠳᠡᠭ ᠵᠢᠷᠣᠬᠠᠶᠢᠴᠢ ᠮᠢᠨᠢ ᠲᠢᠪ ᠳᠤ ᠦᠬᠡᠢ ᠮᠡᠷᠭᠡᠨ ᠪᠠᠶᠢᠨ᠎ᠠ︾ ᠭᠡᠪᠡᠢ᠃ ᠲᠠᠶᠢᠯᠪᠤᠷᠢ ︵1︶ . ᠰᠠᠮᠠᠭᠠᠨ — ᠡᠬᠡᠨᠡᠷ ᠬᠦᠮᠦᠨ ︵2︶ . ᠫᠣᠯᠠᠲ — ᠠᠯᠴᠢᠭᠤᠷ ︵ᠣᠷᠣᠰ ᠦᠭᠡ︶ ︵3︶ . ᠠᠯᠴᠢᠷ — ᠪᠠᠯᠴᠢᠷ ︵4︶ . ᠪᠡᠷᠬᠡᠯᠬᠡᠵᠦ — ᠮᠡᠳᠡᠭᠡᠷᠭᠡᠵᠦ ︵5︶ . ᠭᠤᠷᠢᠲᠠᠶᠢᠬᠠᠨ — ᠶᠡᠬᠡᠬᠡᠨ ︵6︶ . ᠰᠢᠴᠢᠭᠠᠯᠳᠠᠢ — ᠪᠤᠯᠵᠤᠮᠤᠷ ︵7︶ . ᠫᠤᠰᠢᠭᠠᠯᠳᠠᠢ — ᠪᠤᠯᠵᠤᠮᠤᠷ ︵8︶ . ᠫᠢᠶᠠᠷᠳᠠᠵᠤ — ᠬᠠᠷᠪᠤᠵᠤ ︵9︶ . ᠥᠱᠦᠦ — ᠪᠠᠰᠠ᠂ ᠳᠠᠬᠢᠨ ︵10︶ . ᠪᠠᠰᠠᠭᠠᠨ — ᠬᠡᠣᠬᠡᠨ ︵11︶ . ᠤᠭᠲᠠᠢ — ᠬᠦᠮᠦᠨ ᠤ ᠨᠡᠷ᠎ᠡ ︵12︶ . ᠳᠤᠯᠤᠩ — ᠦᠷ ᠤᠨ ᠲᠤᠶᠠᠭ᠎ᠠ ︵13︶ . ᠬᠠᠷᠠᠵᠠ — ᠬᠠᠷᠠᠯᠠᠭᠰᠠᠨ ᠭᠠᠵᠠᠷ ︵14︶ . ᠴᠤᠪᠤᠴᠠ — ᠨᠠᠷᠢᠨ ᠴᠤᠪᠤᠭ᠎ᠠ ︵15︶ . ᠠᠷᠭᠤᠮᠠᠭ — ᠡᠭᠦᠯᠳᠡᠷ ᠰᠠᠶᠢᠲᠠᠢ ᠲᠤᠮᠤ ᠮᠣᠷᠢ ︵16︶ . ᠦᠬᠦᠭᠡᠷᠳᠡᠵᠦ — ᠬᠦᠭᠡᠷᠦᠬᠦ᠋ᠢᠯᠡᠵᠦ ︵17︶ . ᠲᠤᠯᠤᠴᠠ — ᠲᠤᠯᠵᠤ ᠢᠷᠡᠬᠦ ︵18︶ . ᠪᠤᠵᠠᠭᠠᠢ — ᠲᠤᠮᠤ᠂ ᠵᠠᠷᠢᠮ ᠳᠠᠭᠠᠨ ᠬᠡᠴᠡᠭᠦᠦ ᠤᠳᠬ᠎ᠠ ᠪᠠᠷ ᠬᠡᠷᠡᠭᠯᠡᠨ᠎ᠡ᠃ ︵19︶ . ᠳᠡᠷᠬᠢᠯᠡᠵᠤ — ᠳᠤᠲᠠᠭᠠᠵᠤ᠂ ᠵᠠᠭᠤᠭᠳᠠᠵᠤ ︵20︶ . ᠵᠢᠷᠭᠢᠭᠦᠯᠵᠦ — ᠰᠣᠨᠣᠭᠤᠯᠵᠣ᠂ ᠳᠠᠪᠬᠢᠭᠤᠯᠵᠤ ︵21︶ . ᠰᠤᠭᠤᠨ — ᠡᠮ᠎ᠡ ᠪᠤᠭᠤ ᠶᠢᠨ ᠴᠢᠬᠢ ᠰᠢᠭ ᠬᠤᠷᠴᠠ ᠰᠣᠭᠤᠷᠠᠭ ᠰᠠᠶᠢᠬᠠᠨ ᠴᠢᠬᠢ᠃ ︵22︶ . ᠵᠠᠮᠬᠡᠭ — ᠲᠤᠪᠤᠷᠤᠤ᠂ ᠬᠠᠵᠠᠭᠠᠷ ᠤᠨ ᠴᠡᠭᠠᠷᠢᠭ ᠵᠡᠮᠾᠩ᠃ ︵23︶ . ᠳᠠᠶᠢᠳᠤ — ᠬᠤᠯᠠ ᠬᠡᠭᠡᠷ᠎ᠡ᠂ ᠡᠵᠡᠭᠦᠢ ᠲᠠᠯ᠎ᠠ ︵24︶ . ᠣᠷᠣᠯᠠᠩ — ᠪᠦᠷᠢᠶᠠᠳ ᠤᠨ ᠬᠠᠷᠢᠶᠠᠯ ᠤᠨ ᠦᠭᠡ ︵25︶ . ᠬᠤᠲᠣ — ᠦᠷᠭᠦᠯᠵᠢ ︵26︶ . ᠲᠦᠭᠦᠴᠡ — ᠶᠠᠮᠠᠷ ᠨᠢᠭᠡᠨ ᠶᠠᠭᠤᠮᠠᠨ ᠳᠤ ᠰᠠᠭᠠᠳ ᠪᠤᠯᠤᠨ ᠪᠦᠳᠦᠷᠢᠬᠦ ᠦᠷᠭᠦᠯᠵᠢᠯᠡᠯ ᠪᠣᠢ ᠨᠣᠮ ᠵᠦᠢ᠄ ᠫᠣᠩᠴᠣᠭᠸᠠᠩᠵᠢᠯ ᠨᠠᠶᠢᠷᠠᠭᠤᠯᠪᠠ᠄ ︽ᠬᠦᠯᠦᠨ ᠪᠥᠢᠷ ᠤᠨ ᠪᠠᠷᠭᠤ ᠪᠣᠷᠢᠶᠠᠳ ᠲᠣᠣᠯᠢ︾᠂ ︵ᠥᠪᠦᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ︶ 2009 ᠣᠨ︔
ᠢᠷᠡᠯᠲᠡ᠄ ᠬᠥᠯᠦᠨ ᠪᠦᠢᠷ ᠬᠤᠲᠠ ᠶᠢᠨ ᠵᠠᠰᠠᠭ ᠤᠨ ᠣᠷᠳᠣᠨ