ᠨᠤᠭᠤᠭᠠᠨ ᠸᠠᠭᠤᠨᠳᠦ ᠭᠠᠯᠳᠤ ᠲᠡᠷᠭᠡ ᠠᠯᠤᠰ ᠬᠤᠯᠠ ᠠᠴᠠ ᠤᠭᠤᠬᠢᠨᠠᠨ᠂ ᠱᠠᠩᠬᠠᠢ ᠶᠢᠨ 3000 | ᠦᠨᠦᠴᠢᠨ ᠵᠢᠭᠠᠯ ᠤᠳ ᠢ ︽ᠡᠩᠭᠡ ᠲᠤᠩᠬ᠎ᠠ ᠪᠤᠶᠢᠵᠢᠭᠠᠰᠠᠢ︾ ᠭᠡᠮᠡᠨ ᠲᠡᠯ᠎ᠠ ᠨᠤᠳᠤᠭ ᠲᠤ ᠶᠠᠭᠠᠷᠠᠤ ᠲᠠᠪᠬᠢᠨ | ᠬᠦᠷᠴᠦ ᠢᠷᠡᠬᠦ ᠳᠤ ᠬᠦᠯᠦᠨ ᠪᠤᠶᠢᠷᠴᠤᠳ ᠨᠠᠮ ᠵᠠᠰᠠᠭ ᠤᠨ ᠵᠢᠭᠠᠪᠤᠷᠢ ᠪᠠᠷ ᠬᠠᠯᠠᠭᠤᠨ ᠠᠯᠠᠭ᠎ᠠ ᠪᠦᠯᠢᠶᠡᠨ | ᠲᠡᠪᠡᠷᠢ ᠪᠠᠨ ᠲᠡᠯᠭᠡᠨ ᠤᠯᠤᠰ ᠤᠨ ᠬᠡᠤᠬᠡᠳ ᠤᠳ ᠢ ᠲᠤᠰᠴᠦ ᠠᠪᠤᠯ᠎ᠠ᠃ ᠲᠡᠭᠡᠬᠦ ᠳᠤ ᠴᠠᠶᠢᠯᠭᠠᠨ ᠰᠡᠳᠬᠢᠯ ᠲᠠᠢ | ᠲᠡᠯ᠎ᠠ ᠨᠤᠳᠤᠭ ᠤᠨ ᠡᠵᠢ ᠨᠠᠷ ᠤᠨ ᠡᠬᠡ ᠶᠢᠨ ᠬᠠᠶᠢᠷ᠎ᠠ ᠢᠪᠢᠯᠤᠨ ᠤᠨᠳᠤᠷᠴᠦ᠂ ᠡᠳᠡᠭᠡᠷ ᠬᠡᠤᠬᠡᠳ ᠤᠳ ᠢ | ᠲᠦᠷᠦᠭᠰᠡᠨ ᠦᠷ᠎ᠠ ᠠᠴᠠ ᠪᠠᠨ ᠲᠤᠳᠠᠭᠤ ᠦᠭᠡᠢ ᠰᠠᠨᠠᠵᠦ ᠦᠰᠭᠡᠪᠡ᠃ | 1961 ᠤᠨ ᠤ ᠵᠢᠷᠭᠤᠳᠤᠭᠠᠷ ᠰᠠᠷ᠎ᠠ ᠶᠢᠨ ᠨᠢᠭᠡᠨ ᠤ ᠡᠳᠦᠷ ᠡᠧᠡᠩᠬᠢ ᠬᠤᠰᠢᠭᠤᠨ ᠤ ᠪᠠᠶᠠᠨᠭᠤᠤᠯ | ᠦᠢᠯᠡᠳᠪᠦᠷᠢᠯᠡᠯ ᠤᠨ ᠪᠠᠷᠢᠭᠠᠳᠠ ᠶᠢᠨ ᠲᠠᠭᠤᠷ ᠮᠠᠯᠴᠢᠨ ᠱᠠᠨ ᠢᠵᠢᠷᠪᠦ᠋ᠬᠡ ᠶᠢᠨ ᠬᠢᠨ ᠬᠠᠰᠠᠭ ᠲᠡᠷᠭᠡ ᠪᠠᠷ ᠢᠶᠠᠨ | ᠬᠠᠶᠢᠯᠠᠷ ᠤᠷᠤᠵᠦ᠂ ᠬᠦᠯᠦᠨ ᠪᠤᠶᠢᠷ ᠠᠶᠢᠮᠠᠭ ᠤᠨ ᠠᠷᠠᠳ ᠤᠨ ᠡᠮᠨᠡᠯᠭᠡ ᠶᠢᠨ ᠬᠤᠷᠢᠶᠠᠨ ᠠᠴᠠ ᠱᠠᠩᠬᠠᠢ ᠠᠴᠠ | ᠢᠷᠡᠭᠰᠡᠨ ᠦᠨᠦᠴᠢᠨ ᠬᠡᠤᠬᠡᠳ ᠤᠨ ᠲᠤᠮᠳᠠ ᠠᠴᠠ ᠠᠷᠠᠢ ᠭᠡᠵᠦ ᠤᠢ ᠬᠦᠷᠴᠦ ᠪᠠᠶᠢᠭ᠎ᠠ ᠰᠤᠯᠠᠬᠠᠨ ᠠᠮᠢᠰᠬᠤᠭ᠎ᠠ ᠲᠠᠢ | ᠨᠢᠯᠬ᠎ᠠ ᠦᠬᠢᠨ ᠢ ᠦᠷᠦᠪᠳᠦᠵᠦ ᠦᠷᠡᠴᠢᠯᠡᠨ ᠲᠡᠵᠢᠭᠡᠬᠦ ᠪᠠᠷ ᠪᠤᠯᠪᠠ᠃ | ᠲᠠᠭᠤᠳᠠᠬᠤ ᠨᠠᠷᠠ ᠴᠦ ᠦᠭᠡᠢ ᠢᠷᠡᠭᠰᠡᠨ ᠲᠡᠷᠡ ᠪᠢᠴᠢᠬᠠᠨ ᠦᠬᠢᠨ ᠳᠤ ᠠᠶᠢᠮᠠᠭ ᠤᠨ ᠠᠷᠠᠳ ᠤᠨ | ᠡᠮᠨᠡᠯᠭᠡ ᠶᠢᠨ ᠬᠤᠷᠢᠶᠠᠨ ᠤ ᠰᠤᠪᠢᠯᠠᠭᠴᠢ ᠠᠨᠢᠶ᠎ᠠ ᠨᠢ ᠳ᠋ᠠᠷᠢᠮ᠎ᠠ ︵ᠰᠡᠬᠦᠯᠡᠷ ᠨᠢ ᠰᠤᠷᠭᠠᠭᠤᠯᠢ ᠳᠤ ᠤᠷᠤᠬᠤ ᠳᠠᠭᠠᠨ | ᠨᠡᠷ᠎ᠠ ᠪᠠᠨ ᠱᠠᠨ ᠢᠥᠢ ᡁᠢ ᠭᠡᠵᠦ ᠬᠠᠯᠠᠪᠠ︶ ᠭᠡᠬᠦ ᠨᠠᠷᠠ ᠬᠠᠶᠢᠷᠠᠯᠠᠪᠠ᠃ ᠡᠨᠡ ᠦᠬᠢᠨ ᠪᠤᠯ ᠲᠠᠷᠤᠢ | ᠢᠵᠢᠷᠪᠦ᠋ᠬᠡ ᠶᠢᠨ ᠬᠢᠨ ᠲᠡᠷᠡ ᠡᠳᠦᠷ ᠡᠮᠨᠡᠯᠭᠡ ᠶᠢᠨ ᠬᠤᠷᠢᠶᠠᠨ ᠠᠴᠠ ᠮᠠᠨᠴᠦ᠋ᠢᠯᠠᠨ ᠬᠠᠰᠠᠭ ᠲᠡᠷᠭᠡ ᠪᠠᠷ ᠢᠶᠠᠨ | ᠭᠡᠷ ᠲᠡᠭᠡᠨ ᠠᠪᠠᠴᠢᠭᠰᠠᠨ ᠨᠢᠯᠬ᠎ᠠ ᠵᠢᠭᠠᠯ ᠪᠤᠯᠤᠨ᠎ᠠ᠃ ᠲᠡᠭᠡᠭᠡᠳ ᠡᠨᠡ ᠦᠬᠢᠨ ᠦᠪᠡᠷ ᠤᠨ ᠭᠡᠰᠡᠨ ᠠᠪᠤ ᠡᠵᠢ | ᠲᠦᠷᠦᠯ ᠰᠠᠳᠤᠨ ᠲᠠᠢ ᠪᠤᠯᠵᠦ᠂ ᠡᠯᠢᠭᠡ ᠪᠦᠳᠦᠨ ᠭᠡᠷ ᠪᠦᠯᠢ ᠳᠤ ᠵᠤᠯ ᠵᠢᠷᠭᠠᠯ ᠲᠠᠢ ᠦᠰᠦᠨ ᠪᠤᠶᠢᠵᠢᠵᠦ ᠡᠬᠢᠯᠡᠪᠡ᠃ | | ᠳ᠋ᠠᠷᠢᠮ᠎ᠠ ᠲᠤᠮᠤ ᠪᠤᠯᠤᠭᠠᠳ ︽ᠡᠧᠡᠩᠬᠢ ᠨᠤᠳᠤᠭ ᠬᠡᠳᠦ᠋ᠢᠪᠡᠷ ᠮᠢᠨᠦ ᠲᠦᠷᠦᠭᠰᠡᠨ ᠨᠤᠳᠤᠭ ᠪᠢᠰᠢ ᠴᠦ᠂ | ᠬᠠᠶᠢᠷᠠᠯᠠᠵᠦ ᠡᠷᠬᠡᠯᠡᠬᠦᠯᠤᠨ ᠦᠰᠭᠡᠭᠰᠡᠨ ᠠᠪᠤ ᠡᠵᠢ ᠲᠠᠢ ᠳᠠᠭᠠᠨ ᠪᠢ ᠬᠤᠪᠢ ᠲᠠᠪᠢᠯᠠᠩ ᠰᠠᠶᠢᠳᠠᠢ︾ ᠭᠡᠵᠥ ᠲᠠᠩᠳᠠ | ᠪᠤᠳᠤᠳᠠᠭ ᠭᠡᠨ᠎ᠠ᠃ ᠲᠡᠬᠦᠨ ᠢ ᠰᠠᠶ᠋ᠢ ᠦᠷᠡᠴᠢᠯᠡᠵᠦ ᠲᠡᠵᠢᠭᠡᠬᠦ ᠦᠶᠡᠰ ᠠᠪᠤ ᠢᠵᠢᠷᠪᠦ᠋ᠬᠡ ᠨᠢ ᠨᠢᠭᠡᠨᠳᠡ 54 | ᠨᠠᠰᠤᠯᠠᠵᠦ᠂ ᠡᠵᠢ ᠸᠧ ᠳ᠋ᠦᠩ ᠢ ᠨᠢ ᠴᠦ 46 ᠨᠠᠰᠤᠳᠠᠢ ᠪᠤᠯᠵᠦ᠂ ᠪᠦᠷ ᠨᠡᠯᠢᠶᠡᠳ ᠨᠠᠰᠤ ᠠᠬᠢᠭᠰᠠᠨ ᠴᠦ | ᠦᠪᠡᠷ ᠢᠶᠠᠨ ᠲᠦᠷᠦᠭᠰᠡᠨ ᠦᠷ᠎ᠠ ᠬᠡᠤᠬᠡᠳ ᠦᠭᠡᠢ ᠪᠦᠭᠡᠳ ᠠᠮᠢᠳᠤᠷᠠᠯ ᠨᠢ ᠨᠡᠯᠢᠶᠡᠳ ᠴᠢᠨᠡᠭᠡᠯᠢᠭ ᠤᠴᠢᠷ ᠠᠴᠠ | ᠳ᠋ᠠᠷᠢᠮ᠎ᠠ ᠲᠠᠬᠢᠨ ᠦᠯᠦᠰᠴᠦ ᠲᠠᠭᠠᠷᠠᠬᠤ ᠦᠭᠡᠢ ᠪᠤᠯᠵᠠᠢ᠃ | ᠵᠤᠯ ᠵᠢᠷᠭᠠᠯᠳᠤ ᠪᠠᠭ᠎ᠠ ᠨᠠᠰᠤ | ᠪᠢᠴᠢᠬᠠᠨ ᠳ᠋ᠠᠷᠢᠮ᠎ᠠ ᠶᠢ ᠪᠠᠭ᠎ᠠ ᠳᠤᠨᠢ ᠡᠮᠨᠡᠯᠭᠡ ᠠᠴᠠ ᠠᠪᠴᠢᠷᠠᠭᠰᠠᠨ ᠤᠴᠢᠷ ᠢ ᠡᠷᠬᠦᠭᠰᠡᠨ ᠠᠪᠤ ᠡᠵᠢ ᠨᠢ | ᠠᠮᠢᠳᠤ ᠪᠠᠶᠢᠬᠤ ᠳᠠᠭᠠᠨ ᠲᠡᠬᠦᠨ ᠳᠤ ᠬᠡᠯᠡᠭᠰᠡᠨ ᠦᠭᠡᠢ᠃ ᠲᠡᠳᠡ ᠡᠨᠡ ᠬᠦ ᠦᠬᠢᠨ ᠦᠷ᠎ᠠ ᠪᠠᠨ ᠠᠯᠠᠭᠠᠨ ᠳᠠᠬᠢ | ᠰᠤᠪᠤᠳ ᠡᠷᠳᠡᠨᠢ ᠠᠴᠠ ᠢᠯᠡᠬᠦᠦ ᠬᠠᠶᠢᠷᠠᠯᠠᠵᠦ᠂ ᠲᠦᠷᠦᠭᠰᠡᠨ ᠬᠡᠤᠬᠡᠳ ᠨᠢ ᠪᠢᠰᠢ ᠭᠡᠳᠡᠭ ᠢ ᠮᠡᠳᠡᠪᠡᠯ ᠭᠤᠨᠢᠵᠦ | ᠵᠤᠪᠠᠭ᠋ᠤ ᠠᠴᠠ ᠨᠢ ᠪᠤᠯᠭᠤᠮᠵᠢᠯᠠᠭᠰᠠᠨ ᠠᠴᠠ ᠰᠠᠶ᠋ᠢ ᠦᠬᠦᠨ ᠦᠬᠦᠳᠡᠯ᠎ᠠ ᠪᠠᠨ ᠬᠡᠯᠡᠵᠦ ᠦᠭᠬᠦᠭᠰᠡᠨ ᠦᠭᠡᠢ ᠁ | ᠦᠷᠡᠴᠢᠯᠡᠨ ᠲᠡᠵᠢᠭᠡᠭᠰᠡᠨ ᠨᠢᠯᠬ᠎ᠠ ᠦᠷ᠎ᠠ ᠪᠠᠨ ᠬᠠᠷᠠᠨ ᠬᠠᠷᠠᠨ ᠪᠠᠶᠠᠰᠴᠦ᠂ ᠦᠵᠡᠨ ᠦᠵᠡᠨ ᠰᠠᠨᠠᠵᠦ᠂ | ᠪᠤᠰᠤᠳ ᠠᠴᠠ ᠲᠤᠳᠠᠭᠤ ᠦᠭᠡᠢ ᠦᠰᠭᠡᠬᠦ ᠪᠠᠷ ᠵᠤᠷᠢᠭ ᠰᠢᠭᠤᠳᠴᠠᠢ᠃ | ᠡᠩᠬᠦᠷᠡᠶᠢᠯᠡᠨ ᠬᠠᠶᠢᠷᠠᠯᠠᠳᠠᠭ ᠠᠪᠤ ᠡᠵᠢ ᠲᠠᠢ᠂ ᠢᠳᠡᠵᠦ ᠡᠮᠦᠰᠬᠦ ᠲᠤᠳᠠᠬᠤ ᠦᠭᠡᠢ ᠪᠤᠯᠤᠭᠰᠠᠨ ᠪᠢᠴᠢᠬᠠᠨ | ᠳ᠋ᠠᠷᠢᠮ᠎ᠠ ᠪᠠᠭ᠎ᠠ ᠨᠠᠰᠤ ᠪᠠᠨ ᠵᠤᠯ ᠵᠢᠷᠭᠠᠯ ᠲᠠᠢ ᠦᠩᠭᠡᠷᠡᠭᠡᠵᠦ᠂ ᠡᠳᠦᠷ ᠠᠴᠠ ᠡᠳᠦᠷ ᠦᠭᠡᠯᠡᠢ ᠪᠤᠯᠵᠦ᠂ ᠰᠤᠷᠭᠠᠭᠤᠯᠢ | ᠰᠤᠶᠤᠯ ᠤᠨ ᠮᠦᠷ ᠢ ᠬᠦᠭᠡᠭᠡᠭᠰᠡᠠ ᠶᠤᠮ᠃ | ︽ᠲᠤᠬᠠᠢ ᠶᠢᠨ ᠦᠶ᠎ᠠ ᠳᠤ ᠮᠠᠨ ᠤ ᠠᠮᠢᠳᠤᠷᠠᠯ ᠤᠨ ᠨᠥᠬᠦᠴᠡᠯ ᠵᠦᠭᠡᠷ᠃ ᠨᠠᠮᠠᠢᠢ ᠳᠠᠩᠴᠦ ᠨᠢᠯᠬ᠎ᠠ | ᠪᠠᠶᠢᠬᠤ ᠳᠤ ᠡᠵᠢ ᠠᠪᠤ ᠮᠢᠨᠢ ᠦᠷᠡᠴᠢᠯᠡᠭᠰᠡᠨ ᠤᠴᠢᠷ ᠠᠴᠠ ᠪᠢ ᠪᠠᠭ᠎ᠠ ᠳᠠᠭᠠᠨ ᠦᠪᠡᠷ ᠢ ᠪᠠᠨ ᠲᠡᠳᠡᠨ ᠤ ᠡᠷᠬᠦᠭᠰᠡᠨ | ᠦᠬᠢᠨ ᠭᠡᠳᠡᠭ ᠢ ᠮᠡᠳᠡᠬᠦ ᠦᠭᠡᠢ᠃ ᠲᠡᠳᠡ ᠨᠠᠳᠠ ᠶᠢ ᠮᠠᠰᠢ ᠡᠩᠬᠦᠷᠡᠶᠢᠯᠡᠨ ᠬᠠᠶᠢᠷᠠᠯᠠᠵᠦ᠂ ᠪᠤᠰᠤᠳ ᠬᠡᠤᠬᠡᠳ ᠠᠴᠠ | ᠬᠤᠯᠠ ᠶᠡᠭᠡ ᠵᠤᠯ ᠵᠢᠷᠭᠠᠯᠳᠠᠢ ᠦᠰᠭᠡᠭᠰᠡᠨ ᠢ ᠲᠤᠮᠤ ᠪᠤᠯᠤᠭᠠᠳ ᠰᠠᠶ᠋ᠢ ᠤᠯᠠᠮ ᠤᠬᠠᠭᠠᠷᠠᠵᠦ ᠮᠠᠳᠠᠯ᠎ᠠ︾ ᠭᠡᠵᠥ | ᠳ᠋ᠠᠷᠢᠮ᠎ᠠ ᠰᠤᠷᠪᠤᠯᠵᠢᠯᠠᠭᠴᠢ ᠳᠤ ᠪᠠᠭ᠎ᠠ ᠨᠠᠰᠤᠨ ᠤ ᠪᠠᠨ ᠵᠤᠯ ᠵᠢᠷᠭᠠᠯᠳᠠᠢ ᠠᠮᠢᠳᠤᠷᠠᠯ ᠢᠶᠠᠨ ᠡᠷᠬᠢᠴᠡᠬᠦᠯᠤᠨᠠ᠃ | ᠲᠠᠯᠠᠭᠠᠳ ᠤᠨ ᠳᠤ ᠲᠡᠳᠡᠨ ᠤ ᠭᠡᠷ ᠲᠤᠨᠢ ᠲᠤᠬᠠᠢ ᠶᠢᠨ ᠦᠶ᠎ᠠ ᠶᠢᠨ ᠬᠠᠮᠤᠭ ᠠᠴᠠ ᠲᠡᠯᠭᠡᠷᠡᠵᠦ ᠪᠠᠶᠢᠭᠰᠠᠨ | ᠪᠦᠭᠡᠳ ᠬᠦᠮᠦᠰ ᠤᠨ ᠬᠠᠮᠤᠭ ᠠᠴᠠ ᠪᠠᠭ᠋ᠠᠷᠬᠠᠳᠠᠭ ᠷᠠᠳᠢᠣ᠋᠂ ᠤᠶᠤᠳᠠᠯ ᠤᠨ ᠮᠠᠰᠢᠨ ᠪᠡ ᠲᠤᠭᠤᠢ ᠲᠡᠷᠭᠡ ᠭᠡᠬᠦ | ᠭᠤᠷᠪᠠᠨ ᠲᠣᠮᠣ ᠭᠡᠷ ᠤᠨ ᠡᠳ᠋ᠯᠡᠯ ᠬᠡᠷᠡᠭᠰᠡᠯ ᠠᠯᠢᠨ ᠬᠡᠳᠦ᠋ᠢᠨᠢ ᠪᠦᠷᠢᠳᠦᠭᠰᠡᠨ ᠪᠠᠶᠢᠯ᠎ᠠ᠃ ᠲᠡᠭᠡᠬᠦᠯᠡᠷ ᠲᠡᠷᠡ | ᠦᠶ᠎ᠠ ᠶᠢᠨ ᠨᠦᠬᠦᠳ ᠠᠴᠠ ᠪᠠᠨ ᠡᠷᠳᠡ ᠡᠳᠡᠭᠡᠷ ᠶᠠᠭᠤᠮ᠎ᠠ ᠶᠢ ᠤᠷᠤᠯᠳᠤᠵᠦ ᠰᠤᠷᠴᠦ ᠡᠳ᠋ᠯᠡᠭᠰᠡᠨ ᠶᠤᠮ᠃ | ᠭᠡᠬᠦ ᠳᠡᠭᠡᠨ ᠠᠪᠤ ᠡᠵᠢ ᠨᠢ ᠳ᠋ᠠᠷᠢᠮ᠎ᠠ ᠶᠢ ᠭᠡᠷ ᠤᠨ ᠢᠶᠠᠨ ︽ᠪᠢᠴᠢᠬᠠᠨ ᠬᠠᠮᠢᠶᠠᠷᠤᠭᠴᠢ︾ ᠪᠤᠯᠭᠠᠵᠦ ᠬᠤᠷᠰᠢᠶᠠᠨ ᠠᠴᠠ | ᠶᠠᠭᠤᠮ᠎ᠠ ᠬᠡᠤᠮ᠎ᠠ ᠠᠪᠬᠤ ᠤᠴᠢᠷ ᠲᠠᠢ ᠯᠡ ᠪᠤᠯ ᠪᠦᠷ ᠲᠡᠬᠦᠨ ᠢ ᠶᠠᠪᠤᠭᠤᠯᠳᠠᠭ᠃ ᠡᠶᠢᠮᠦ ᠠᠴᠠ ᠲᠡᠷᠡ ᠮᠦᠨ ᠴᠦ | ᠪᠠᠭ᠎ᠠ ᠠᠴᠠ ᠪᠠᠨ ᠵᠤᠭᠤᠰ ᠮᠦᠩᠬᠦ ᠲᠤᠳᠠᠭᠰᠠᠨ ᠦᠭᠡᠢ ᠦᠰᠴᠠᠢ᠃ | ᠳ᠋ᠠᠷᠢᠮ᠎ᠠ ᠶᠢᠨ ᠠᠪᠤ ᠨᠢ ᠰᠤᠶᠤᠯ ᠮᠡᠳᠡᠯᠭᠡ ᠲᠠᠢ ᠮᠠᠯᠴᠢᠨ ᠪᠠᠶᠢᠯ᠎ᠠ᠃ ᠲᠡᠭᠡᠭᠡᠳ ᠪᠢᠴᠢᠬᠠᠨ ᠳ᠋ᠠᠷᠢᠮ᠎ᠠ ᠪᠠᠨ | ᠦᠭᠡᠯᠡᠢ ᠪᠤᠯᠪᠠᠯ ᠡᠷᠳᠡᠮ ᠮᠡᠳᠡᠯᠭᠡ ᠲᠠᠢ᠂ ᠤᠯᠤᠰ ᠤᠷᠤᠨ ᠳᠠᠭᠠᠨ ᠠᠴᠢ ᠲᠤᠰᠠ ᠲᠠᠢ ᠴᠢᠳᠠᠪᠤᠷᠢᠳᠠᠨ ᠪᠤᠯᠬᠤ ᠶᠢ | ᠬᠦᠰᠡᠵᠦ᠂ ᠰᠤᠷᠭᠠᠭᠤᠯᠢ ᠳᠤ ᠰᠠᠭᠤᠬᠤ ᠨᠠᠰᠤᠨ ᠳᠤ ᠬᠦᠷᠦᠮᠡᠭᠴᠡ ᠨᠠᠨᠲ᠋ᠦ᠋ᠨ ᠳᠤ ᠪᠠᠶᠢᠭ᠎ᠠ ᠡᠸᠡᠩᠬᠢ ᠬᠤᠰᠢᠭᠤᠨ ᠤ | ᠨᠢᠭᠡᠳᠦᠭᠡᠷ ᠪᠠᠭ᠎ᠠ ᠰᠤᠷᠭᠠᠭᠤᠯᠢ ᠶᠢᠨ ᠮᠤᠩᠭᠤᠯ ᠠᠩᠬᠢ ᠳᠤ ᠬᠦᠷᠭᠡᠪᠡ᠃ ᠲᠡᠭᠡᠭᠡᠳ ᠳ᠋ᠠᠷᠢᠮ᠎ᠠ ᠨᠢᠭᠡ ᠬᠤᠶᠠᠳᠤᠭᠠᠷ | ᠤᠨ ᠢᠶᠠᠨ ᠮᠣᠩᠭᠤᠯ ᠢᠶᠠᠷ ᠰᠤᠷᠴᠦ᠂ ᠬᠤᠵᠢᠮ ᠨᠢ ᠲᠡᠳᠡᠨ ᠤ ᠭᠡᠷ ᠨᠢ ᠪᠠᠶᠠᠨᠳᠤᠬᠤᠢ ᠪᠠᠯᠭᠠᠰᠤᠨ ᠤ ᠭᠤᠣᠯ ᠤᠨ | ᠵᠡᠭᠦᠨ ᠲᠠᠯ᠎ᠠ ᠳᠤ ᠨᠡᠬᠦᠭᠰᠡᠨ ᠠᠴᠠ ᠬᠤᠶᠠᠳᠤᠭᠠᠷ ᠤᠨ ᠳᠠᠭᠠᠨ ᠬᠢᠲᠠᠳ ᠰᠤᠷᠭᠠᠭᠤᠯᠢ ᠳᠤ ᠰᠢᠯᠵᠢᠪᠠ᠃ ᠬᠢᠳᠠᠳ | ᠰᠤᠷᠭᠠᠭᠤᠯᠢ ᠳᠤ ᠤᠷᠤᠬᠤ ᠳᠤ ᠬᠠᠮᠳᠤ ᠰᠤᠷᠤᠭᠴᠢ ᠨᠢ ᠳ᠋ᠠᠷᠢᠮ᠎ᠠ ᠭᠡᠳᠡᠭ ᠨᠡᠷ᠎ᠠ ᠶᠢ ᠨᠢ ᠲᠠᠭᠤᠳᠠᠵᠦ ᠴᠢᠳᠠᠬᠤ ᠦᠭᠡᠢ | ᠤᠴᠢᠷ ᠠᠴᠠ ᠲᠡᠷᠡ ᠱᠠᠨ ᠢᠥᠢ ᡁᠢ ᠭᠡᠰᠡᠨ ᠨᠠᠷᠠ ᠠᠪᠤᠯ᠎ᠠ᠃ ᠤᠳᠤ ᠡᠷᠦᠬᠡ ᠠᠮᠠ ᠶᠢᠨ ᠲᠡᠪᠳᠡᠷ ᠪᠡ ᠪᠡᠶ᠎ᠠ ᠶᠢᠨ | ᠦᠨᠡᠮᠯᠡᠯ ᠳᠡᠭᠡᠨ ᠪᠦᠷ ᠱᠠᠨ ᠢᠥᠢ ᡁᠢ ᠪᠠᠷ ᠶᠠᠪᠤᠵᠦ ᠪᠤᠢ᠃ | ᠱᠠᠨ ᠢᠥᠢ ᡁᠢ᠄ ︽ᠥᠨᠳᠥᠷ ᠳᠤᠮᠳᠠᠳᠤ ᠳᠤ ᠤᠷᠤᠬᠤ ᠳᠤ ᠪᠢ ᠲᠠᠬᠢᠨ ᠨᠠᠨᠲ᠋ᠦ᠋ᠨ ᠳᠤ ᠢᠷᠡᠵᠦ | ᠰᠤᠷᠤᠯᠴᠠᠪᠠ᠃ ᠪᠢ ᠬᠡᠳᠦ᠋ᠢᠪᠡᠷ ᠠᠪᠤ ᠡᠵᠢ ᠶᠢᠨ ᠢᠶᠠᠨ ᠲᠦᠷᠦᠭᠰᠡᠨ ᠦᠬᠢᠨ ᠨᠢ ᠪᠢᠰᠢ ᠴᠦ ᠬᠠᠷᠠᠬᠠᠨ | ᠪᠠᠭ᠎ᠠ ᠠᠴᠠ ᠪᠠᠨ ᠬᠠᠯᠠ ᠠᠮᠰᠠᠭᠰᠠᠨ ᠦᠭᠡᠢ ᠦᠰᠦᠨ ᠪᠤᠶᠢᠵᠢᠵᠠᠢ᠃ ᠤᠴᠢᠷ ᠨᠢ ᠠᠪᠤ ᠡᠵᠢ ᠨᠠᠮᠠᠢᠢ ᠮᠠᠰᠢ | ᠬᠠᠶᠢᠷᠠᠯᠠᠳᠠᠭ᠃ ᠮᠢᠨᠦ ᠠᠪᠤ ᠪᠠᠰᠠ ᠨᠠᠮᠠᠢᠢ ᠲᠣᠮᠣ ᠪᠣᠯᠤᠭᠰᠠᠨ ᠤ ᠳᠠᠷᠠᠭ᠎ᠠ ᠤᠯᠤᠰ ᠤᠨ ᠲᠤᠯᠭᠠᠭᠤᠷᠢ ᠬᠦᠴᠦᠨ | ᠪᠤᠯᠤᠨ᠎ᠠ ᠭᠡᠵᠥ ᠪᠠᠭ᠎ᠠ ᠠᠴᠠ ᠨᠠᠳᠠ ᠳᠤ ᠰᠤᠸᠠᠮᠫᠠᠨ᠂ ᠳᠠᠭᠤᠤ ᠭᠡᠬᠦ ᠮᠡᠳᠦ ᠶᠢᠨ ᠤᠯᠠᠨ ᠵᠦᠢᠯ ᠤᠨ ᠶᠠᠭᠤᠮ᠎ᠠ | ᠵᠢᠭᠠᠵᠦ ᠦᠭᠳᠡᠭ᠃ ᠨᠠᠮᠠᠢᠢ ᠲᠠᠩᠰᠠ ᠪᠤᠳᠤᠵᠦ ᠰᠤᠷᠭᠠᠬᠤ ᠶᠢᠨ ᠲᠦᠯᠦᠭᠡ ᠲᠠᠩᠳᠠ ᠨᠣᠭᠤᠭ᠎ᠠ ᠴᠠᠭ᠎ᠠ ᠬᠤᠳᠠᠯᠳᠤᠨ | ᠠᠪᠬᠤ ᠪᠠᠷ ᠣᠴᠢᠭᠤᠯᠤᠨ᠎ᠠ᠃ ᠠᠪᠤ ᠮᠢᠨᠢ ᠮᠢᠨᠦ ᠰᠤᠷᠤᠯᠭ᠎ᠠ ᠶᠢᠨ ᠠᠮᠢᠳᠤᠷᠠᠯ ᠳᠤ ᠪᠠᠰᠠ ᠮᠠᠰᠢ ᠶᠡᠭᠡ ᠨᠦᠯᠦᠭᠡ | ᠦᠵᠡᠬᠦᠯᠵᠦ᠂ ᠮᠦᠨ ᠴᠦ ᠬᠥᠮᠦᠨ ᠪᠣᠯᠬᠤ ᠶᠤᠰᠤ ᠤᠴᠢᠷ ᠢ ᠵᠢᠭᠠᠭᠰᠠᠨ ᠪᠠᠶᠢᠨ᠎ᠠ᠃ ᠲᠡᠷᠡ ᠨᠠᠳᠠ ᠳᠤ ᠰᠤᠷᠤᠭᠰᠠᠨ | ᠮᠡᠳᠡᠯᠭᠡ ᠮᠡᠷᠭᠡᠵᠢᠯ ᠢᠯᠡᠬᠦᠳᠠᠬᠦ ᠤᠴᠢᠷ ᠦᠭᠡᠢ᠂ ᠰᠤᠷᠤᠭᠰᠠᠨ ᠵᠦᠢᠯ ᠴᠢᠨᠢ ᠠᠯᠢ ᠨᠢᠭᠡ ᠡᠳᠤᠷ ᠯᠠᠪ ᠬᠡᠷᠡᠭᠴᠡᠭᠡ ᠲᠠᠢ | ᠭᠡᠳᠡᠭ ᠠᠴᠠ ᠪᠢ ᠴᠦ ᠶᠠᠭᠤ ᠵᠢᠭᠠᠪᠠᠯ ᠶᠠᠭᠤ ᠶᠢ ᠨᠢ ᠰᠤᠷᠴᠦ ᠴᠢᠳᠠᠬᠤ ᠵᠤᠷᠢᠭ ᠲᠠᠢ ᠪᠤᠯᠪᠠ᠃ ᠬᠠᠷᠠᠮᠰᠠᠯᠳᠠᠢ ᠨᠢ | ᠨᠠᠮᠠᠢᠢ 17 ᠨᠠᠰᠤ ᠲᠠᠢ ᠵᠢᠯ ᠠᠪᠤ ᠮᠢᠨᠢ ᠲᠠᠷᠢᠬᠢᠨ ᠴᠢᠰᠤᠨ ᠰᠤᠳᠠᠯ ᠤᠨ ᠲᠦᠭᠵᠢᠷᠡᠯ ᠢᠶᠠᠷ ᠨᠠᠰᠤ ᠪᠠᠷᠠᠵᠦ᠂ ᠪᠢ | ᠲᠡᠬᠦᠨ ᠤ ᠦᠰᠭᠡᠨ ᠪᠤᠶᠢᠵᠢᠭᠤᠯᠤᠭᠰᠠᠨ ᠠᠴᠢ ᠶᠢ ᠨᠢ ᠬᠠᠷᠢᠭᠤᠯᠬᠤ ᠵᠠᠪᠰᠢᠶᠠᠨ ᠴᠦ ᠤᠯᠤᠭᠰᠠᠨ ᠦᠭᠡᠢ᠃ | ᠲᠤᠬᠠᠶ ᠶᠢᠨ ᠦᠶ᠎ᠠ ᠳᠤ ᠨᠠᠰᠤ ᠪᠠᠭ᠎ᠠ ᠤᠴᠢᠷ ᠠᠴᠠ ᠲᠡᠶᠢᠮᠦ ᠶᠡᠭᠡ ᠵᠤᠪᠠᠵᠦ ᠭᠤᠳᠤᠷᠠᠭᠰᠠᠨ ᠦᠭᠡᠢ ᠴᠦ ᠣᠳᠣ | ᠦᠪᠡᠷ ᠢ ᠪᠠᠨ ᠲᠡᠬᠦᠨ ᠤ ᠲᠦᠷᠦᠭᠰᠡᠨ ᠦᠬᠢᠨ ᠨᠢ ᠪᠢᠰᠢ ᠭᠡᠰᠡᠨ ᠢ ᠮᠡᠳᠡᠭᠰᠡᠨ ᠤ ᠲᠠᠷᠠᠭ᠎ᠠ ᠨᠡᠩ ᠴᠦ ᠠᠴᠢᠯᠠᠯ | ᠵᠢᠷᠦᠮ ᠢᠶᠠᠨ ᠬᠦᠢᠴᠡᠳᠭᠡᠪᠡᠯ ᠲᠡᠭᠠᠷᠠᠨᠠ ᠭᠡᠵᠥ ᠪᠤᠳᠤᠳᠠᠭ︾ ᠭᠡᠮᠡᠨ ᠠᠴᠢᠳᠤ ᠠᠪᠤ ᠪᠠᠨ ᠲᠤᠷᠠᠰᠤᠨ ᠶᠠᠷᠢᠨ᠎ᠠ᠃ | ᠰᠡᠳᠬᠢᠯ ᠤᠨ ᠲᠠᠶᠢᠪᠤᠷᠢᠰᠢᠯ | ᠳ᠋ᠠᠷᠢᠮ᠎ᠠ ᠬᠡᠳᠦ᠋ᠢᠪᠡᠷ ᠰᠠᠶᠢᠨ ᠠᠶᠢᠯ ᠲᠠᠭᠠᠷᠠᠵᠦ᠂ ᠰᠠᠶᠢᠨ ᠠᠪᠤ ᠡᠵᠢ ᠲᠠᠢ ᠵᠤᠯ ᠵᠢᠷᠭᠠᠯ ᠲᠠᠢ ᠪᠠᠶᠢᠭᠰᠠᠨ ᠴᠦ | ᠰᠤᠷᠭᠠᠭᠤᠯᠢ ᠳᠤ ᠤᠷᠤᠭᠰᠠᠨ ᠤ ᠰᠡᠬᠦᠯᠡᠷ ᠬᠠᠶᠠ ᠳᠠᠭᠠᠨ ᠪᠠᠰᠠ ᠭᠠᠳᠠᠨᠠᠬᠢ ᠬᠡᠤᠬᠡᠳ ᠤᠳ ᠠᠴᠠ ᠦᠪᠡᠷ ᠤᠨ ᠬᠢᠨᠢ | ᠲᠤᠬᠠᠢ ᠵᠠᠷᠢᠮ ᠦᠭᠡ ᠤᠯᠵᠦ ᠰᠤᠨᠤᠰᠳᠠᠭ ᠪᠠᠶᠢᠯ᠎ᠠ᠃ ᠨᠢᠭᠡᠨ ᠤᠳᠠᠭ᠎ᠠ ᠬᠠᠮᠳᠤ ᠰᠤᠷᠤᠭᠴᠢ ᠨᠢ ᠲᠡᠬᠦᠨ ᠢ ᠨᠡᠬᠡᠯᠡᠢ | ᠬᠡᠦᠬᠡᠳ ᠭᠡᠵᠦ ᠬᠠᠷᠢᠶᠠᠵᠦ ᠭᠡᠨ᠎ᠠ᠃ ᠲᠡᠷᠡ ᠦᠶᠡᠰ ᠵᠠᠰᠠᠭ ᠤᠨ ᠤᠷᠳᠤᠨ ᠠᠴᠠ ᠤᠯᠤᠰ ᠤᠨ ᠬᠡᠦᠬᠡᠳ ᠤᠨ ᠲᠤᠬᠠᠢ | ᠶᠠᠷᠢᠳᠠᠭ ᠦᠭᠡᠢ᠂ ᠠᠪᠤ ᠡᠵᠢ ᠨᠢ ᠴᠦ ᠲᠡᠬᠦᠨ ᠳᠤ ᠦᠨᠡᠨ ᠤᠴᠢᠷ ᠢ ᠬᠡᠯᠡᠵᠦ ᠦᠩᠭᠡᠷᠡᠭᠰᠡᠨ ᠦᠭᠡᠢ ᠠᠴᠠ | ᠦᠪᠡᠷ ᠢ ᠪᠠᠨ ᠦᠨᠡᠬᠡᠷ ᠨᠡᠬᠡᠯᠡᠢ ᠬᠡᠤᠬᠡᠳ ᠪᠤᠯ ᠦᠦ︖ ᠭᠡᠵᠥ ᠮᠠᠰᠢ ᠭᠤᠳᠤᠷᠠᠵᠦ ᠵᠤᠪᠠᠯ᠎ᠠ᠃ ᠲᠤᠮᠤ ᠪᠤᠯᠤᠭᠰᠠᠨ ᠤ | ᠲᠠᠷᠠᠭ᠎ᠠ ᠴᠦ ᠪᠠᠭ᠎ᠠ ᠶᠢᠨ ᠦᠶ᠎ᠠ ᠶᠢᠨ ᠬᠢᠨᠢ ᠠᠯᠢᠶ᠎ᠠ ᠬᠡᠤᠬᠡᠳ ᠤᠳ ᠤᠨ ᠤᠷᠤ ᠦᠭᠡᠢ ᠦᠭᠡ ᠨᠢ ᠲᠡᠬᠦᠨ ᠤ ᠵᠢᠷᠦᠬᠡ | ᠰᠠᠳᠬᠢᠯ ᠢ ᠡᠮᠵᠡᠭᠯᠡᠬᠦᠯᠦᠭᠰᠡᠭᠡᠷ ᠪᠠᠶᠢᠯ᠎ᠠ᠃ | ︽ᠪᠠᠭ᠎ᠠ ᠳᠠᠭᠠᠨ ᠪᠢ ᠮᠠᠰᠢ ᠲᠤᠷᠠᠩᠬᠠᠢ ᠮᠦᠷᠳᠡᠭᠡᠨ ᠪᠠᠰᠠ ᠮᠠᠶᠢᠵᠢᠭᠢ ᠬᠢᠰᠬᠢᠳᠡᠭ᠃ ᠠᠪᠤ ᠡᠵᠢ ᠨᠠᠮᠠᠢᠢ | ᠡᠮᠨᠡᠨ ᠵᠠᠰᠠᠭᠤᠯᠤᠭᠰᠠᠭᠠᠷ ᠪᠠᠶᠢᠭᠠᠳ ᠰᠠᠶ᠋ᠢ ᠮᠠᠶᠢᠵᠢᠬᠢ ᠶᠢ ᠭᠠᠷᠭᠠᠭᠰᠠᠨ᠃ ᠪᠢ ᠲᠡᠷᠡ ᠦᠶ᠎ᠠ ᠳᠤ ᠪᠠᠰᠠ ᠭᠡᠳᠡᠰᠤ | ᠡᠪᠡᠳᠬᠦ ᠲᠤᠷᠠᠳᠠᠢ᠃ ᠡᠶᠢᠮᠦ ᠠᠴᠠ ᠪᠡᠶ᠎ᠠ ᠡᠪᠳᠡᠵᠦ ᠵᠤᠪᠠᠭ᠋ᠤ ᠦᠶᠡᠰ ᠰᠡᠳᠬᠢᠯ ᠰᠠᠨᠠᠭ᠎ᠠ ᠴᠦ ᠤᠢᠢᠮᠤᠷᠴᠦ ᠲᠡᠳᠡᠭᠡᠷ | ᠬᠡᠤᠬᠡᠳ ᠤᠨ ᠦᠭᠡ ᠴᠢᠬᠢᠨ ᠳᠤ ᠰᠤᠨᠤᠰᠳᠠᠨ ᠦᠪᠡᠷ ᠢ ᠪᠠᠨ ᠦᠨᠡᠬᠡᠷ ᠠᠵᠠ ᠮᠠᠭᠤᠳᠠᠢ ᠭᠡᠵᠥ ᠭᠤᠳᠤᠷᠠᠵᠦ ᠪᠠᠶᠢᠯ᠎ᠠ᠃ | ᠤᠨᠴᠠᠭᠠᠢᠢᠯᠠᠨ ᠠᠵᠢᠯ ᠳᠤ ᠭᠠᠷᠤᠭᠰᠠᠨ ᠤ ᠲᠠᠷᠠᠭ᠎ᠠ ᠨᠡᠩ ᠭᠤᠳᠤᠷᠠᠩᠭᠤᠢ ᠪᠤᠯᠵᠠᠢ︾ ᠭᠡᠨ᠎ᠠ᠃ | ᠲᠡᠷᠡ ᠪᠠᠭ᠎ᠠ ᠠᠴᠠ ᠪᠠᠨ ᠡᠮ ᠲᠠᠩ ᠤᠯᠠᠨ ᠬᠡᠷᠡᠭᠯᠡᠭᠰᠡᠨ ᠠᠴᠠ ᠰᠦᠯᠹᠣᠨ ᠠᠮᠢᠨ ᠳᠤ ᠬᠤᠤᠷᠳᠠᠭᠳᠠᠵᠦ᠂ | 1985 ᠤᠨ ᠳᠤ ᠬᠦᠨᠳᠦ ᠨᠤᠴᠢᠳᠠᠢ ᠴᠢᠰᠤ ᠲᠤᠳᠠᠬᠤ ᠡᠪᠡᠳᠴᠢᠨ ᠤᠯᠵᠦ᠂ ᠡᠮᠨᠡᠯᠭᠡ ᠳᠤ ᠰᠠᠭᠤᠯ᠎ᠠ᠂ ᠲᠡᠷᠡ ᠵᠢᠯ | ᠳ᠋ᠠᠷᠢᠮ᠎ᠠ 27 ᠨᠠᠰᠤᠳᠠᠢ᠃ ᠡᠮᠨᠡᠯᠭᠡ ᠳᠤ ᠪᠠᠶᠢᠭ᠎ᠠ ᠬᠤᠭᠤᠴᠠᠭᠠᠨ ᠳᠤ ᠠᠷᠤ ᠭᠡᠷ ᠨᠢ ᠡᠷᠢᠭᠳᠡᠵᠦ᠂ 71 ᠨᠠᠰᠤᠳᠠᠢ | ᠪᠤᠭᠤᠷᠤᠯ ᠡᠵᠢ ᠪᠠᠨ ᠮᠠᠰᠢ ᠰᠠᠨᠠᠭᠠᠯᠵᠠᠵᠤ ᠪᠠᠶᠢᠯ᠎ᠠ᠃ ᠲᠡᠭᠡᠭᠡᠳ ᠭᠡᠷ ᠲᠡᠭᠡᠨ ᠬᠠᠷᠢᠬᠤ ᠳᠤ ᠡᠵᠢ ᠶᠢᠨ ᠬᠢᠨᠢ ᠪᠡᠶ᠎ᠠ | ᠨᠡᠯᠢᠶᠡᠳ ᠳᠤᠤᠷ᠎ᠠ ᠤᠷᠤᠵᠤ᠂ ᠪᠡᠶᠡᠨ ᠳᠡᠭᠡᠨ ᠶᠠᠭ ᠵᠦᠪ ᠦᠭᠡᠢ ᠪᠤᠯᠴᠢᠬᠠᠭᠰᠠᠨ ᠭᠡᠨ᠎ᠠ᠃ ᠲᠡᠷᠡ ᠦᠪᠡᠷ ᠢᠶᠠᠨ ᠪᠡᠶ᠎ᠠ | ᠮᠠᠭᠤ ᠲᠠᠮᠢᠷ ᠲᠤᠷᠤᠢ ᠪᠠᠶᠢᠭᠰᠠᠨ ᠴᠦ ᠡᠵᠢ ᠪᠠᠨ ᠰᠠᠶᠢᠳᠤᠷ ᠠᠰᠠᠷᠠᠵᠦ ᠰᠤᠪᠢᠯᠠᠵᠤ᠂ ᠡᠳᠦᠷ ᠰᠦᠨᠢ ᠦᠭᠡᠢ ᠰᠢᠭᠡᠰᠦ | ᠪᠠᠭᠠᠰᠤ ᠶᠢ ᠨᠢ ᠲᠤᠰᠴᠦ ᠠᠷᠢᠯᠭᠠᠨ᠂ ᠪᠡᠶ᠎ᠠ ᠶᠢ ᠨᠢ ᠵᠦᠯᠬᠦᠵᠦ ᠨᠠᠷᠢᠯᠢᠭ ᠠᠰᠠᠷᠠᠭᠰᠠᠨ ᠪᠤᠯᠪᠠᠴᠦ ᠡᠵᠢ ᠨᠢ ᠤᠳᠠᠯ | ᠦᠭᠡᠢ ᠨᠠᠰᠤ ᠪᠠᠷᠠᠵᠠᠢ᠃ ᠡᠵᠢ ᠨᠢ ᠠᠮᠢᠰᠬᠤᠯ ᠬᠤᠷᠢᠶᠠᠬᠤ ᠠᠴᠠ ᠡᠮᠤᠨ᠎ᠠ ᠳ᠋ᠡᠷᠢᠮᠠ ᠬᠠᠵᠠᠭᠤᠳᠠ ᠨᠢ ᠪᠠᠶᠢᠭᠰᠠᠨ ᠴᠦ | ᠲᠡᠬᠦᠨ ᠤ ᠪᠡᠶ᠎ᠠ ᠶᠢᠨ ᠭᠠᠷᠤᠯ ᠤᠨ ᠬᠢᠨᠢ ᠲᠤᠬᠠᠢ ᠬᠡᠯᠡᠵᠦ ᠦᠭᠬᠦᠭᠰᠡᠨ ᠦᠭᠡᠢ᠃ ᠲᠡᠭᠡᠭᠡᠳ ᠲᠡᠬᠦᠨ ᠳᠤ | ᠦᠪᠡᠷ ᠢ ᠪᠠᠨ ᠴᠤᠬᠤᠮ ᠬᠠᠮᠢᠭ᠎ᠠ ᠠᠴᠠ ᠢᠷᠡᠭᠰᠡᠨ ᠨᠢ ᠲᠤᠮᠤ ᠤᠨᠢᠰᠤᠭ᠎ᠠ ᠪᠤᠯᠤᠨ ᠦᠯᠡᠳᠡᠵᠦ᠂ ᠭᠤᠳᠤᠷᠠᠩᠭᠤᠢ | ᠰᠡᠳᠬᠢᠯ ᠨᠢ ᠠᠷᠢᠯᠵᠦ ᠴᠢᠳᠠᠬᠤ ᠦᠭᠡᠢ ᠪᠠᠶᠢᠯ᠎ᠠ᠃ | ᠤᠨ ᠤ ᠬᠦᠷᠳᠦ ᠡᠷᠬᠢᠯᠳᠦᠭᠰᠡᠭᠡᠷ᠂ ᠵᠠᠰᠠᠭ ᠤᠨ ᠤᠷᠳᠤᠨ ᠠᠴᠠ ᠱᠠᠩᠬᠠᠢ ᠶᠢᠨ ᠬᠡᠤᠬᠡᠳ ᠤᠨ ᠪᠡᠶ᠎ᠠ ᠶᠢᠨ | ᠭᠠᠷᠤᠯ ᠢ ᠠᠭᠠᠵᠢᠮ ᠢᠶᠠᠷ ᠢᠯᠡ ᠪᠤᠯᠭᠠᠵᠠᠢ᠃ ᠲᠡᠬᠡᠬᠦ ᠳᠤ ᠳ᠋ᠠᠷᠢᠮ᠎ᠠ ᠨᠢᠭᠡᠨᠳᠡ 50 ᠬᠦᠷᠦᠭᠰᠡᠨ ᠪᠠᠶᠢᠯ᠎ᠠ᠃ ᠪᠦᠯᠤ | ᠠᠬ᠎ᠠ ᠨᠢ ᠲᠡᠬᠦᠨ ᠳᠤ᠄ ︽ᠠᠪᠤ ᠡᠵᠢ ᠴᠢᠨᠢ ᠴᠢᠮᠠᠢᠢ ᠬᠠᠰᠠᠭ ᠲᠡᠷᠭᠡ ᠪᠠᠷ ᠠᠶᠢᠮᠠᠭ ᠤᠨ ᠡᠮᠨᠡᠯᠭᠡ ᠶᠢᠨ ᠬᠤᠷᠢᠶ᠎ᠠ ᠠᠴᠠ | ᠭᠡᠷ ᠲᠡᠭᠡᠨ ᠲᠤᠰᠴᠤ ᠠᠪᠴᠢᠷᠠᠵᠠᠢ︾ ᠭᠡᠵᠥ ᠠᠩᠬ᠎ᠠ ᠤᠳᠠᠭ᠎ᠠ ᠦᠨᠡᠨ ᠤᠴᠢᠷ ᠢ ᠨᠢ ᠬᠡᠯᠡᠵᠦ ᠦᠭᠪᠡ᠃ ᠲᠡᠷᠡ | ᠦᠶᠡᠰ ᠠᠪᠤ ᠡᠵᠢ ᠨᠢ ᠨᠢᠭᠡᠨᠳᠡ ᠦᠭᠡᠢ ᠪᠤᠯᠤᠭᠠᠳ ᠤᠳᠠᠭᠠᠨ ᠵᠢᠯ ᠦᠩᠭᠡᠷᠡᠵᠠᠢ᠃ | ᠲᠤᠬᠠᠢ ᠶᠢᠨ ᠦᠶ᠎ᠠ ᠳᠤ ᠲᠡᠬᠦᠨ ᠤ ᠭᠠᠷ ᠤᠨ ᠪᠠᠭᠤᠤ ᠳᠤᠨᠢ ᠨᠢᠭᠡᠨ ᠤᠯᠠᠭᠠᠨ ᠪᠥᠰ ᠤᠶᠠᠵᠦ ᠪᠠᠶᠢᠯ᠎ᠠ ᠭᠡᠨ᠎ᠠ᠃ | ︽ᠤᠯᠠᠭᠠᠨ ᠪᠥᠰ ᠳᠣᠲᠣᠷ᠎ᠠ ᠶᠠᠭᠤ ᠪᠢᠴᠢᠵᠦ ᠪᠠᠶᠢᠭᠰᠠᠨ ᠢ ᠮᠡᠳᠡᠬᠦ ᠥᠬᠡᠶ᠃ ᠮᠢᠨᠦ ᠴᠡᠭᠡᠵᠢᠯᠡᠵᠦ ᠪᠠᠶᠢᠬᠤ ᠪᠠᠷ | ᠪᠠᠭ᠎ᠠ ᠪᠠᠶᠢᠬᠤ ᠳᠤ ᠮᠠᠨ ᠤ ᠭᠡᠷ ᠲᠤ ᠨᠢᠭᠡᠨ ᠵᠢᠵᠢᠭ ᠬᠠᠶᠢᠷᠴᠠᠭ ᠲᠠᠢ ᠪᠠᠶᠢᠯ᠎ᠠ᠂ ᠶᠠᠭ ᠲᠡᠷᠡ ᠬᠠᠶᠢᠷᠴᠠᠭ ᠤᠨ | ᠲᠤᠳᠤᠷ᠎ᠠ ᠪᠠᠷᠤᠭ ᠮᠢᠨᠦ ᠪᠡᠶ᠎ᠠ ᠶᠢᠨ ᠭᠠᠷᠤᠯ ᠤᠨ ᠲᠤᠬᠠᠢ ᠭᠡᠷᠡᠴᠢ ᠶᠢ ᠬᠠᠳᠠᠭᠠᠯᠠᠵᠤ ᠪᠠᠶᠢᠭᠰᠠᠨ ᠪᠠᠶᠢᠬ᠎ᠠ᠃ ᠭᠡᠳᠡᠯ᠎ᠠ | ᠮᠢᠨᠦ ᠠᠪᠠᠭ᠎ᠠ ᠡᠭᠡᠴᠢ ᠠᠪᠤ ᠡᠵᠢ ᠶᠢᠨ ᠬᠦᠷᠦᠩᠬᠡ ᠶᠢ ᠵᠠᠯᠭᠠᠮᠵᠢᠯᠠᠭᠰᠠᠨ ᠠᠴᠠ ᠡᠨᠡ ᠬᠠᠶᠢᠷᠴᠠᠭ ᠢ ᠠᠪᠠᠭ᠎ᠠ ᠡᠭᠡᠴᠢ | ᠬᠠᠮᠢᠶᠠᠷᠴᠦ ᠰᠡᠬᠦᠯᠡᠷ ᠨᠢ ᠦᠭᠡᠢ ᠪᠤᠯᠭᠠᠭᠰᠠᠨ︾ ᠭᠡᠵᠥ ᠱᠠᠨ ᠢᠥᠢ ᡁᠢ ᠤᠯᠠᠭᠠᠨ ᠪᠦᠰᠠ ᠪᠠ ᠬᠠᠶᠢᠷᠴᠠᠭ ᠤᠨ | ᠲᠤᠳᠤᠷᠠᠬᠢ ᠨᠢᠭᠤᠴᠠ ᠶᠢ ᠮᠡᠳᠡᠭᠰᠡᠨ ᠪᠤᠯ ᠭᠡᠵᠥ ᠬᠦᠰᠡᠪᠡ᠃ | ᠱᠠᠨ ᠢᠥᠢ ᡁᠢ ᠪᠠᠭ᠎ᠠ ᠳᠠᠭᠠᠨ ᠪᠤᠰᠤᠳ ᠬᠡᠤᠬᠡᠳ ᠤᠳ ᠤᠨ ᠶᠠᠷᠢᠶᠠᠨ ᠠᠴᠠ ᠦᠪᠡᠷ ᠢ ᠪᠠᠨ ᠨᠡᠭᠡᠯᠡᠢ ᠬᠡᠤᠬᠡᠳ | ᠭᠡᠵᠥ ᠪᠤᠳᠤᠵᠦ ᠪᠠᠶᠢᠭᠰᠠᠨ ᠪᠤᠯ ᠰᠡᠬᠦᠯᠡᠷ ᠨᠢ ᠱᠠᠩᠬᠠᠢ ᠶᠢᠨ ᠥᠨᠥᠴᠢᠨ ᠬᠡᠦᠬᠡᠳ ᠭᠡᠳᠡᠭ ᠢ ᠮᠡᠳᠡᠭᠡᠳ ᠲᠤᠳᠤᠷ᠎ᠠ ᠨᠢ | ᠮᠠᠰᠢ ᠤᠩᠭᠤᠢᠢᠨ᠂ ᠰᠡᠳᠬᠢᠯ ᠨᠢ ᠰᠠᠷᠠᠭᠤᠯᠵᠢᠪᠠ᠃ ᠤᠳᠤ ᠦᠪᠡᠷ ᠢ ᠪᠠᠨ ᠠᠵᠠ ᠪᠤᠶᠠᠨ ᠲᠠᠢ ᠪᠦᠭᠡᠳ ᠠᠮᠢ ᠪᠦᠬᠡ | ᠭᠡᠵᠦ ᠪᠠᠶᠠᠷᠯᠠᠵᠦ ᠶᠠᠪᠤᠳᠠᠭ ᠪᠤᠯᠤᠯ᠎ᠠ᠃ ᠲᠡᠷᠡ᠄ ︽ᠲᠡᠷᠡ ᠦᠶᠡᠰ ᠬᠡᠳᠦ᠋ᠢᠪᠡᠷ ᠪᠤᠰᠤᠳ ᠬᠡᠤᠬᠡᠳ ᠨᠠᠮᠠᠢᠢ ᠨᠡᠬᠡᠯᠡᠢ | ᠬᠡᠤᠬᠡᠳ ᠭᠡᠵᠥ ᠬᠡᠯᠡᠬᠦ ᠶᠢ ᠰᠤᠨᠤᠰᠤᠭᠠᠳ ᠭᠤᠳᠤᠷᠠᠵᠦ ᠪᠠᠶᠢᠭᠰᠠᠨ ᠴᠦ᠂ ᠠᠪᠤ ᠡᠵᠢ ᠳᠡᠭᠡᠨ ᠭᠤᠮᠤᠳᠠᠳᠠᠭ ᠦᠭᠡᠢ᠃ | ᠮᠢᠨᠦ ᠭᠤᠳᠤᠷᠠᠬᠤ ᠰᠡᠳᠬᠢᠭᠳᠡᠯ ᠤᠷᠤᠵᠦ ᠪᠠᠶᠢᠭᠰᠠᠨ ᠰᠢᠯᠳᠠᠭᠠᠨ ᠨᠢ ᠵᠦᠪᠬᠡᠨ ᠥᠪᠡᠷ ᠤᠨ ᠪᠡᠶ᠎ᠡ ᠶᠢᠨ ᠭᠠᠷᠤᠯ ᠢᠶᠠᠨ | ᠮᠡᠳᠡᠬᠦ ᠦᠭᠡᠢ ᠠᠴᠠ ᠯᠡ ᠶᠤᠮ᠂ ᠬᠠᠷᠢᠨ ᠠᠪᠤ ᠡᠵᠢ ᠳᠡᠭᠡᠨ ᠭᠤᠮᠤᠳᠠᠬᠤ ᠳᠠᠭᠠᠨ ᠪᠢᠰᠢ᠃ ᠤᠴᠢᠷ ᠨᠢ ᠠᠪᠤ ᠡᠵᠢ | ᠶᠡᠷᠦ ᠠᠴᠠ ᠨᠠᠳᠠ ᠳᠤ ᠮᠠᠭᠤ ᠦᠭᠡᠢ᠃ ᠮᠢᠨᠦ ᠠᠪᠤ ᠡᠵᠢ ᠨᠠᠮᠠᠢᠢ ᠦᠨᠢᠶ᠎ᠠ ᠰᠠᠭᠠᠬᠤ ᠪᠤᠶᠤ ᠭᠡᠷ ᠱᠤᠧᠠᠵᠠᠳᠠᠬᠤ ᠭᠡᠬᠦ | ᠮᠡᠳᠦ ᠶᠢᠨ ᠬᠦᠨᠳᠦ ᠠᠵᠢᠯ ᠢ ᠶᠡᠷᠦᠨᠢ ᠬᠢᠯᠭᠡᠳᠡᠭ ᠦᠭᠡᠢ᠃ ᠲᠦᠷᠦᠭᠰᠡᠨ ᠠᠪᠤ ᠡᠵᠢ ᠲᠠᠢ ᠬᠡᠤᠬᠡᠳ ᠤᠨ ᠭᠡᠷ ᠤᠨ | ᠠᠮᠢᠳᠤᠷᠠᠯ ᠨᠢ ᠮᠠᠭᠤ ᠪᠤᠯ ᠪᠠᠰᠠ ᠴᠤ ᠢᠯᠡᠬᠦᠦ ᠬᠠᠯᠠ ᠠᠮᠰᠠᠬᠤ ᠨᠢ ᠳ᠋ᠠ᠃ ᠤᠳᠤ ᠪᠢ ᠡᠷᠭᠢᠴᠡᠭᠦᠯᠬᠦ ᠳᠤ | ᠪᠠᠭ᠎ᠠ ᠳᠠᠭᠠᠨ ᠦᠨᠡᠬᠡᠷ ᠵᠣᠯ ᠵᠢᠷᠭᠠᠯ ᠲᠠᠢ᠂ ᠵᠧᠦ ᠶᠡᠷᠦᠩᠬᠡᠢ ᠰᠠᠶᠢᠳ ᠪᠣᠯᠤᠨ ᠤᠯᠠᠭᠠᠨᠬᠦᠦ ᠲᠡᠷᠢᠬᠦᠯᠡᠭᠴᠢ ᠳᠤ | ᠲᠠᠯᠠᠷᠬᠠᠵᠤ ᠪᠠᠶᠢᠨ᠎ᠠ᠂ ᠤᠯᠤᠰ ᠪᠡ ᠨᠠᠮ ᠵᠠᠰᠠᠭ ᠲᠠᠭᠠᠨ ᠲᠠᠯᠠᠷᠬᠠᠵᠦ ᠪᠠᠶᠢᠨ᠎ᠠ︾ ᠭᠡᠵᠦ ᠲᠤᠭᠳᠤᠯᠤᠨ ᠬᠡᠯᠡᠨ᠎ᠠ᠃ | ᠠᠵᠢᠯ ᠠᠮᠢᠳᠤᠷᠠᠯ ᠤᠨ ᠤᠯᠠ ᠮᠦᠷ | 18 ᠨᠠᠰᠤᠳᠠᠢ ᠱᠠᠨ ᠢᠥᠢ ᡁᠢ ᠲᠡᠭᠡᠳᠤ ᠲᠤᠮᠳᠠᠳᠤ ᠰᠤᠷᠭᠠᠭᠤᠯᠢ ᠪᠠᠨ ᠲᠡᠬᠦᠰᠴᠦ ᠠᠵᠢᠯ ᠤᠨ | ᠬᠤᠪᠢᠶᠠᠷᠢ ᠪᠠᠨ ᠬᠦᠯᠢᠶᠡᠪᠡ᠃ ᠬᠤᠰᠢᠭᠤᠨ ᠲᠦᠪ ᠲᠤ ᠠᠵᠢᠯᠯᠠᠳᠠᠭ ᠨᠢᠭᠡᠨ ᠠᠨᠢᠶ᠎ᠠ ᠨᠢ ᠱᠠᠨ ᠢᠥᠢ ᡁᠢ ᠳᠤ ︽ | ᠠᠶᠢᠯ ᠤᠨ ᠭᠠᠭᠴᠠ ᠬᠡᠤᠬᠡᠳ ᠪᠤᠯᠬᠤᠷ ᠬᠤᠳᠠ ᠳᠤ ᠦᠯᠡᠳᠡᠵᠦ ᠪᠤᠯᠤᠨ᠎ᠠ︾ ᠭᠡᠰᠡᠨ ᠴᠢᠮᠡᠭᠡ ᠲᠠᠮᠵᠢᠭᠤᠯᠪᠠ᠃ ︽ | ᠪᠢ ᠲᠡᠷᠡ ᠦᠶᠡᠰ ᠬᠤᠲᠠ ᠳᠤ ᠦᠯᠡᠳᠡᠬᠦ ᠭᠡᠳᠡᠭ ᠨᠢ ᠶᠠᠮᠠᠷ ᠤᠴᠢᠷ ᠢ ᠰᠠᠶᠢᠬᠠᠨ ᠮᠡᠳᠡᠬᠦ ᠦᠭᠡᠢ ᠪᠠᠶᠢᠯ᠎ᠠ᠃ | ᠦᠨᠡᠨ ᠳᠡᠭᠡᠨ ᠪᠢ ᠤᠯᠤᠰ ᠤᠨ ᠬᠡᠤᠬᠡᠳ ᠤᠴᠢᠷ ᠠᠴᠠ ᠬᠤᠳᠠ ᠳᠤ ᠦᠯᠡᠳᠡᠵᠦ ᠴᠢᠳᠠᠵᠠᠢ᠃ ᠡᠨᠡ ᠨᠢ ᠮᠦᠨ ᠴᠦ | ᠤᠯᠤᠰ ᠤᠨ ᠲᠦᠷᠦ ᠶᠢᠨ ᠪᠤᠳᠤᠯᠭ᠎ᠠ ᠶᠢᠨ ᠤᠨᠴᠠ ᠬᠠᠷᠠᠭᠠᠯᠵᠠᠯ ᠢ ᠬᠦᠷᠳᠡᠭᠰᠡᠨ ᠶᠠᠪᠤᠳᠠᠯ ᠪᠤᠯᠤᠨ᠎ᠠ︾ ᠭᠡᠨ᠎ᠠ᠃ | ᠲᠡᠭᠡᠭᠡᠳ 1980 ᠣᠨ ᠤ 1 ᠰᠠᠷ᠎ᠠ ᠳᠤ ᠱᠠᠨ ᠢᠥᠢ ᡁᠢ ᠡᠸᠡᠩᠬᠢ ᠬᠤᠰᠢᠭᠤᠨ ᠤ ᠬᠤᠯᠤᠰᠤᠨ | ᠺᠣᠮᠫᠠᠨᠢ ᠳᠤ ᠠᠵᠢᠯᠯᠠᠪᠠ᠃ 1985 ᠣᠨ ᠳᠤ ᠢᠮᠢᠨ ᠭᠤᠣᠯ ᠪᠠᠯᠭᠠᠰᠤᠨ ᠤ ᠵᠠᠰᠠᠭ ᠤᠨ ᠣᠷᠳᠣᠨ ᠳᠤ ᠠᠵᠢᠯ | ᠰᠢᠯᠵᠢᠪᠠ᠃ | 1987 ᠣᠨ ᠳᠤ ᠲᠡᠬᠦᠰ ᠭᠡᠬᠦ ᠲᠠᠭᠤᠷ ᠵᠠᠯᠠᠭᠤ ᠲᠠᠢ ᠬᠤᠷᠢᠮᠯᠠᠵᠦ᠂ 1989 ᠤᠨ ᠳᠤ ᠬᠦᠭᠡᠷᠦᠬᠦᠨ | ᠬᠦᠦ ᠲᠠᠢ ᠪᠤᠯᠤᠭᠰᠠᠨ ᠪᠠᠶᠢᠨ᠎ᠠ᠃ ᠨᠦᠬᠦᠷ ᠨᠢ ᠤᠳᠤ ᠡᠧᠡᠩᠬᠢ ᠬᠤᠰᠢᠭᠤᠨ ᠤ ᠭᠠᠶᠢᠯᠢ ᠶᠢᠨ ᠲᠤᠪᠴᠢᠶᠠᠨ ᠠᠴᠠ | ᠠᠵᠢᠯ ᠤᠨ ᠠᠮᠠᠷᠠᠯᠳᠠ ᠪᠠᠨ ᠠᠪᠤᠭᠰᠠᠨ ᠭᠡᠨ᠎ᠠ᠃ | ᠱᠠᠨ ᠢᠥᠢ ᡁᠢ ᠲᠡᠵᠢᠭᠡᠭᠰᠡᠨ ᠠᠪᠤ ᠡᠵᠢ ᠶᠢᠨ ᠢᠶᠠᠨ ᠨᠠᠨᠳᠢᠨ ᠰᠤᠷᠭᠠᠯ ᠢᠶᠠᠷ ᠰᠤᠷᠭᠠᠭᠤᠯᠢ ᠰᠤᠶᠤᠯ ᠤᠨ | ᠮᠦᠷ ᠢ ᠬᠦᠭᠡᠭᠡᠵᠦ᠂ ᠲᠤᠮᠤ ᠪᠤᠯᠤᠭᠠᠳ ᠤᠯᠤᠰ ᠤᠷᠤᠨ ᠤ ᠪᠠᠨ ᠰᠢᠯᠢᠳᠡᠭ ᠺᠠᠳ᠋ᠷ ᠪᠤᠯᠤᠭᠰᠠᠨ ᠢᠶᠠᠷ ᠪᠠᠷᠠᠬᠤ ᠦᠭᠡᠢ᠂ | ᠬᠤᠶᠢᠴᠢ ᠦᠶ᠎ᠠ ᠪᠠᠨ ᠴᠦ ᠰᠠᠶᠢᠳᠤᠷ ᠬᠦᠮᠦᠵᠢᠬᠦᠯᠪᠡ᠃ ᠲᠡᠬᠦᠨ ᠤ ᠬᠦᠦ ᠨᠢ ᠶᠡᠭᠡ ᠰᠤᠷᠭᠠᠭᠤᠯᠢ ᠪᠠᠨ ᠲᠡᠬᠦᠰᠭᠡᠭᠡᠳ | 2010 ᠣᠨ ᠳᠤ ᠠᠭᠠᠷ ᠤᠨ ᠠᠶᠠᠯᠠᠯ ᠤᠨ ᠺᠣᠮᠫᠠᠨᠢ ᠳᠤ ᠠᠵᠢᠯᠯᠠᠵᠦ᠂ ᠲᠢᠶᠠᠨᠵᠢᠨ ᠬᠤᠳᠠ ᠳᠤ ᠦᠯᠡᠳᠡᠪᠡ᠃ 2 | ᠵᠢᠯ ᠤᠨ ᠲᠠᠷᠠᠭ᠎ᠠ ᠲᠠᠬᠢᠨ ᠪᠡᠭᠡᠵᠢᠩ ᠳᠤ ᠠᠵᠢᠯ ᠰᠢᠯᠵᠢᠨ ᠤᠳᠦ ᠨᠢᠭᠡᠨᠲᠡ 8 ᠵᠢᠯ ᠪᠤᠯᠴᠢᠬᠠᠵᠠᠢ ᠭᠡᠨ᠎ᠠ᠃ | ᠰᠡᠬᠦᠯᠡᠷ ᠨᠢ ᠪᠠᠰᠠ ᠲᠢᠶᠠᠨᠵᠢᠨ ᠶᠡᠭᠡ ᠰᠤᠷᠭᠠᠭᠤᠯᠢ ᠶᠢᠨ ᠠᠰᠫᠢᠷᠠᠨᠲ ᠲᠡᠬᠦᠰᠴᠠᠢ᠃ ︽ᠬᠦᠦ ᠮᠢᠨᠢ ᠴᠢᠷᠮᠠᠶᠢᠯᠲᠠ ᠲᠠᠢ | ᠪᠦᠭᠡᠳ ᠲᠤᠩ ᠪᠣᠷᠣᠭᠵᠢᠭᠤᠨ ᠴᠠᠶᠢᠯᠭᠠᠨ ᠵᠠᠩ ᠲᠠᠢ᠃ ᠪᠡᠶ᠎ᠠ ᠶᠢᠨ ᠭᠠᠷᠤᠯ ᠢ ᠮᠡᠳᠡᠭᠡᠳ ᠲᠡᠷᠡ ᠨᠠᠮᠠᠢᠢ ᠶᠡᠭᠡ | ᠲᠡᠮᠵᠢᠵᠦ᠂ ᠮᠢᠨᠦ ᠬᠦᠰᠡᠨ ᠰᠠᠨᠠᠭᠰᠠᠨ ᠵᠦᠢᠯ ᠢ ᠮᠢᠨᠢ ᠪᠡᠶᠡᠯᠡᠬᠦᠯᠬᠦ ᠶᠢ ᠵᠤᠷᠢᠳᠠᠭ᠃ ᠲᠡᠭᠡᠭᠡᠳ ᠮᠡᠨ ᠤ ᠭᠤᠷᠪᠠᠨ | ᠠᠮᠠ ᠪᠠᠷ ᠢᠶᠠᠨ 2015 ᠤᠨ ᠳᠤ ᠱᠠᠩᠬᠠᠢ ᠬᠤᠳᠠ ᠳᠤ ᠤᠴᠢᠵᠦ ᠦᠵᠡᠯ᠎ᠠ︾ ᠭᠡᠨ᠎ᠠ᠃ ᠲᠡᠷᠡ ᠤᠳᠠᠭ᠎ᠠ ᠲᠡᠳᠡ | ᠲᠥᠷᠥᠯ ᠰᠠᠳᠤᠨ ᠢᠶᠠᠨ ᠡᠷᠢᠬᠦ ᠰᠠᠨᠠᠭ᠎ᠠ ᠤᠷᠤᠭᠰᠠᠨ ᠦᠭᠡᠢ ᠵᠦᠪᠬᠡᠨ ᠱᠠᠩᠬᠠᠢ ᠪᠠᠷ ᠲᠤᠭᠤᠷᠢᠨ ᠦᠵᠠᠵᠠᠢ᠃ | ᠤᠴᠢᠷ ᠨᠢ ᠲᠡᠬᠦᠨ ᠠᠴᠠ ᠡᠮᠤᠨ᠎ᠠ ᠪᠤᠰᠤᠳ ᠱᠠᠩᠬᠠᠢ ᠶᠢᠨ ᠦᠨᠦᠴᠢᠨ ᠬᠡᠤᠬᠡᠳ ᠤᠳ ᠴᠦ ᠱᠠᠩᠬᠠᠢ ᠳᠠᠭᠠᠨ ᠬᠠᠷᠢᠵᠦ | ᠲᠦᠷᠦᠯ ᠰᠠᠳᠤᠨ ᠢᠶᠠᠨ ᠡᠷᠢᠬᠦ ᠶᠢ ᠬᠦᠰᠡᠭᠰᠡᠨ ᠪᠤᠯᠪᠠᠴᠦ ᠨᠢᠭᠡ ᠴᠦ ᠰᠤᠷᠠᠭ ᠤᠯᠳᠠᠭᠰᠠᠨ ᠦᠭᠡᠢ ᠭᠡᠨ᠎ᠡ᠃ | ᠠᠭᠤᠤ ᠬᠠᠶᠢᠷ᠎ᠠ ᠶᠢᠨ ︽ᠭᠧᠨ︾ | ᠱᠠᠨ ᠢᠥᠢ ᡁᠢ᠄ ︽ᠪᠢ ᠱᠠᠩᠬᠠᠢ ᠳᠤ ᠣᠴᠢᠭᠠᠳ ᠪᠠᠰᠠ ᠨᠡᠯᠢᠶᠡᠳ ᠰᠡᠳᠬᠢᠯ ᠲᠤᠭᠳᠤᠯᠵᠦ ᠤᠬᠢᠯᠠᠵᠦ | ᠦᠩᠭᠡᠷᠡᠪᠡ᠂ ᠲᠡᠨᠳᠡ ᠲᠥᠷᠥᠭᠰᠡᠨ ᠶᠤᠮ ᠴᠢᠨᠢ ᠤᠯᠠᠨ ᠵᠦᠢᠯ ᠪᠤᠳᠤᠭᠳᠠᠬᠤ ᠨᠢ ᠦᠨᠠᠨ᠃ ᠭᠡᠳᠡᠯ᠎ᠠ ᠤᠯᠤᠰ ᠤᠷᠤᠨ | ᠨᠠᠳᠠ ᠳᠤ ᠲᠠᠬᠢᠨᠳᠠ ᠠᠮᠢ ᠨᠠᠰᠦ ᠤᠯᠭᠤᠵᠦ᠂ ᠬᠦᠯᠦᠨ ᠪᠤᠶᠢᠷ ᠤᠨ ᠠᠪᠤ ᠡᠵᠢ ᠨᠠᠮᠠᠢᠢ ᠦᠰᠭᠡᠨ | ᠪᠤᠶᠢᠵᠢᠭᠤᠯᠤᠭᠰᠠᠨ ᠠᠴᠠ ᠬᠦᠯᠦᠨ ᠪᠤᠶᠢᠷ ᠮᠢᠨᠦ ᠨᠤᠳᠤᠭ ᠶᠤᠮ᠃ ᠪᠢ ᠨᠠᠰᠤ ᠪᠠᠷᠠᠭᠰᠠᠨ ᠤ ᠰᠡᠬᠦᠯᠡᠷ ᠴᠢᠨᠳᠠᠷ ᠢᠶᠠᠨ | ᠬᠠᠨᠳᠢᠪᠯᠠᠵᠦ ᠪᠤᠯᠳᠠᠭ ᠪᠤᠯ ᠤᠤ⁈ ᠪᠤᠰᠤᠳ ᠢ ᠠᠪᠤᠷᠠᠵᠦ ᠴᠢᠳᠠᠬᠤ ᠯᠡ ᠶᠤᠮ ᠪᠤᠯ ᠴᠢᠨᠳᠠᠷ ᠢᠶᠠᠨ ᠬᠠᠨᠳᠢᠪᠯᠠᠬᠤ | ᠬᠦᠰᠡᠯ ᠲᠠᠢ︾ ᠭᠡᠨ᠎ᠠ᠃ | ᠲᠡᠷᠡ ᠦᠶ᠎ᠠ ᠳᠤ ᠪᠢᠴᠢᠬᠠᠨ ᠳ᠋ᠠᠷᠢᠮ᠎ᠠ ᠨᠠᠮ ᠪᠤᠯᠤᠨ ᠡᠬᠡ ᠤᠯᠤᠰ ᠤᠨ ᠠᠭᠤᠤ ᠬᠠᠶᠢᠷ᠎ᠠ ᠶᠢᠨ ᠢᠪᠡᠭᠡᠯ ᠢᠶᠠᠷ | ᠨᠠᠰᠤᠨ ᠬᠤᠳᠤᠭ ᠤᠷᠳᠤᠰᠴᠦ᠂ ᠲᠡᠯ᠎ᠠ ᠨᠤᠳᠤᠭ ᠤᠨ ᠠᠪᠤ ᠡᠵᠢ ᠶᠢᠨ ᠢᠶᠠᠨ ᠡᠨᠡᠷᠢᠯ ᠬᠠᠶᠢᠷ᠎ᠠ ᠪᠠᠷ ᠦᠰᠦᠨ | ᠪᠤᠶᠢᠵᠢᠯᠠ᠃ ᠡᠶᠢᠮᠦ ᠠᠴᠠ ᠲᠡᠬᠦᠨ ᠳᠤ ᠮᠠᠰᠢ ᠴᠢᠩᠭ᠎ᠠ ᠪᠤᠰᠤᠳ ᠢ ᠬᠠᠶᠢᠷᠠᠯᠠᠵᠦ ᠬᠠᠮᠠᠭᠠᠯᠠᠶ᠎ᠠ ᠭᠡᠰᠡᠨ | ᠰᠡᠳᠬᠢᠯᠭᠡ ᠲᠠᠢ ᠪᠠᠶᠢᠵᠦ᠂ ᠨᠠᠰᠤ ᠪᠠᠷᠠᠭᠰᠠᠨ ᠤ ᠪᠠᠨ ᠲᠠᠷᠠᠭ᠎ᠠ ᠴᠢᠨᠳᠠᠷ ᠢᠶᠠᠨ ᠬᠠᠨᠳᠢᠪᠯᠠᠬᠤ ᠭᠡᠰᠡᠨ ᠰᠠᠨᠠᠭ᠎ᠠ ᠶᠢ ᠨᠢ | ᠬᠠᠨᠢ ᠨᠦᠬᠦᠷ ᠪᠤᠯᠤᠨ ᠬᠦᠦ ᠨᠢ ᠮᠠᠰᠢ ᠤᠢᠢᠯᠠᠭᠠᠵᠤ ᠳᠡᠮᠵᠢᠵᠤ ᠪᠤᠢ ᠭᠡᠨ᠎ᠡ᠃ | ᠱᠠᠨ ᠢᠥᠢ ᡁᠢ ︵ᠳ᠋ᠠᠷᠢᠮᠡ︶ ᠮᠡᠳᠦ ᠶᠢᠨ ᠮᠠᠰᠢ ᠤᠯᠠᠨ ᠤᠯᠤᠰ ᠤᠨ ᠬᠡᠤᠬᠡᠳ ᠤᠳ ᠨᠠᠮ ᠵᠠᠰᠠᠭ ᠤᠨ ᠠᠴᠢ | ᠪᠤᠯᠤᠨ ᠠᠷᠠᠳ ᠲᠦᠮᠡᠨ ᠤ ᠪᠠᠨ ᠬᠠᠶᠢᠷ᠎ᠠ ᠶᠢ ᠬᠦᠷᠳᠡᠨ ᠬᠦᠮᠦᠨ ᠤ ᠵᠡᠷᠭᠡ ᠳᠤ ᠬᠦᠷᠴᠦ᠂ ᠤᠳᠤ ᠨᠢᠭᠡᠨᠳᠡ | ᠬᠡᠤᠬᠡᠳ ᠤᠨ ᠠᠪᠤ ᠡᠵᠢ᠂ ᠡᠪᠦᠭᠡ ᠡᠮᠡᠭᠡ ᠪᠤᠯᠤᠭᠰᠠᠨ ᠪᠠᠶᠢᠨ᠎ᠠ᠃ ᠲᠡᠳᠡᠨ ᠤ ᠬᠦᠮᠦᠨ ᠮᠦᠰᠦ ᠳᠤ ᠲᠤᠮᠳᠠᠳᠤ ᠶᠢᠨ | ᠦᠨᠳᠦᠰᠦᠳᠠᠨ ᠤ ᠠᠭᠤᠤ ᠶᠡᠭᠡ ᠬᠠᠶᠢᠷ᠎ᠠ ᠶᠢᠨ ︽ᠭᠧᠨ︾ ᠪᠠᠶᠢᠵᠦ᠂ ᠡᠨᠡ ᠬᠦ ᠬᠠᠶᠢᠷ᠎ᠠ ᠶᠢᠨ ︽ᠭᠧᠨ︾ ᠢ ᠲᠡᠳᠡ | ᠬᠤᠶᠢᠴᠢ ᠦᠶ᠎ᠠ ᠳᠡᠭᠡᠨ ᠤᠳᠤᠮᠯᠠᠨ ᠵᠠᠯᠭᠠᠮᠵᠢᠯᠠᠬᠤ ᠨᠢ ᠯᠠᠪᠲᠠᠢ᠃ | | ᠵᠣᠬᠢᠶᠠᠭᠴᠢ᠄ ᠤᠷᠭᠤᠮᠠᠯ | |