ᠣᠶᠢᠷ᠎ᠠ ᠳᠤ᠂ ᠴᠢᠩᠭᠢᠰ ᠬᠠᠭᠠᠨ ᠪᠠᠯᠭᠠᠰᠤᠨ ᠤ ᠪᠠᠶᠢᠭᠤᠯᠤᠯᠭ᠎ᠠ ᠶᠢᠨ ᠨᠠᠮ ᠤᠨ ᠡᠭᠦᠷ ᠨᠠᠮ ᠤᠨ | ᠲᠡᠤᠬᠡ ᠶᠢᠨ ᠰᠤᠷᠤᠯᠴᠠᠯᠭ᠎ᠠ ᠬᠥᠮᠦᠵᠢᠯ ᠤᠨ ᠲᠤᠰᠬᠠᠶ ᠰᠡᠳᠦᠪᠲᠦ ᠵᠣᠬᠢᠶᠠᠨ ᠪᠠᠶᠢᠭᠤᠯᠤᠯᠲᠠ ᠶᠢᠨ ᠠᠮᠢᠳᠤᠷᠠᠯ ᠤᠨ | ᠬᠤᠷᠠᠯ ᠬᠢᠵᠦ᠂ ᠪᠠᠯᠭᠠᠰᠤᠨ ᠤ ᠨᠠᠮ ᠵᠠᠰᠠᠭ ᠤᠨ ᠪᠠᠭ ᠤᠨ ᠪᠦᠷᠢᠯᠳᠦᠬᠦᠨ᠂ ᠪᠠᠶᠢᠭᠤᠯᠤᠯᠭ᠎ᠠ ᠶᠢᠨ ᠨᠠᠮ ᠤᠨ ᠡᠭᠦᠷ ᠤᠨ | ᠨᠠᠮ ᠤᠨ ᠭᠡᠰᠢᠭᠦᠳ ᠬᠠᠮᠲᠤ ᠪᠠᠷ ᠬᠤᠷᠠᠯ ᠳᠤ ᠣᠷᠣᠯᠴᠠᠵᠠᠶ᠃ ᠬᠤᠷᠠᠯ ᠢ ᠪᠠᠯᠭᠠᠰᠤᠨ ᠤ ᠨᠠᠮ ᠤᠨ ᠬᠤᠷᠢᠶᠠᠨ ᠤ | ᠤᠬᠠᠭᠤᠯᠬᠤ ᠭᠡᠰᠢᠭᠦᠨ᠂ ᠪᠠᠶᠢᠭᠤᠯᠤᠯᠭ᠎ᠠ ᠶᠢᠨ ᠨᠠᠮ ᠤᠨ ᠡᠭᠦᠷ ᠤᠨ ᠳᠡᠳ᠋ ᠱᠦᠵᠢ ᠵᠠᠩ ᠵᠢᠩ ᠶᠢᠨ ᠡᠷᠭᠢᠯᠡᠵᠡᠶ᠃ | | ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠤᠨ ᠲᠤᠰᠬᠠᠢ ᠰᠡᠳᠦᠪᠲᠦ ᠵᠣᠬᠢᠶᠠᠨ ᠪᠠᠶᠢᠭᠤᠯᠤᠯᠲᠠ ᠶᠢᠨ | ᠠᠮᠢᠳᠤᠷᠠᠯ ᠤᠨ ᠬᠤᠷᠠᠯ ᠤᠨ ᠴᠢᠨᠠᠷ ᠴᠢᠨᠰᠠᠭ᠎ᠠ ᠪᠠ ᠦᠷ᠎ᠡ ᠪᠦᠲᠦᠮᠵᠢ ᠶᠢ ᠪᠠᠲᠤᠯᠠᠬᠤ ᠶᠢᠨ ᠲᠥᠯᠥᠭᠡ᠂ ᠨᠠᠮ ᠤᠨ | ᠡᠭᠦᠷ ᠠᠴᠠ ᠬᠠᠮᠲᠣ ᠰᠤᠷᠤᠯᠴᠠᠬᠤ ᠪᠠ ᠬᠤᠪᠢ ᠬᠥᠮᠦᠨ ᠥᠪᠡᠷ ᠢᠶᠠᠨ ᠰᠤᠷᠤᠯᠴᠠᠬᠤ ᠶᠢ ᠤᠶᠠᠯᠳᠤᠭᠤᠯᠬᠤ ᠠᠷᠭ᠎ᠠ | ᠬᠡᠯᠪᠡᠷᠢ ᠶᠢ ᠠᠪᠴᠤ᠂ ᠲᠣᠭᠲᠠᠭᠠᠭᠰᠠᠨ ᠠᠭᠤᠯᠭ᠎ᠠ ᠶᠢ ᠨᠠᠷᠢᠨ ᠬᠢᠨᠠᠮᠠᠭᠠᠢ ᠰᠤᠷᠤᠯᠴᠠᠵᠤ᠂ ᠥᠷᠭᠡᠨ ᠢᠶᠠᠷ ᠰᠠᠨᠠᠯ | ᠬᠤᠷᠢᠶᠠᠵᠤ᠂ ᠰᠡᠳᠬᠢᠯ ᠤᠨ ᠦᠭᠡ ᠪᠠᠨ ᠬᠡᠯᠡᠬᠦ ᠪᠠ ᠠᠰᠠᠭᠤᠳᠠᠯ ᠢ ᠪᠠᠶᠢᠴᠠᠭᠠᠨ ᠳᠡᠯᠭᠡᠬᠦ ᠶᠢ ᠨᠠᠷᠢᠨ ᠬᠢᠨᠠᠮᠠᠭᠠᠢ | ᠥᠷᠨᠢᠭᠦᠯᠵᠦ᠂ ᠬᠠᠷᠢᠴᠠᠭᠤᠯᠤᠨ ᠪᠠᠶᠢᠴᠠᠭᠠᠬᠤ ᠮᠠᠲ᠋ᠧᠷᠢᠶᠠᠯ ᠪᠢᠴᠢᠵᠦ᠂ ᠲᠤᠰᠬᠠᠢ ᠰᠡᠳᠦᠪᠲᠦ ᠵᠣᠬᠢᠶᠠᠨ | ᠪᠠᠶᠢᠭᠤᠯᠤᠯᠲᠠ ᠶᠢᠨ ᠠᠮᠢᠳᠤᠷᠠᠯ ᠤᠨ ᠬᠤᠷᠠᠯ ᠢ ᠬᠤᠷᠠᠯᠳᠤᠭᠤᠯᠬᠤ ᠳᠤ ᠭᠦᠢᠴᠡᠳ ᠪᠡᠯᠡᠳᠬᠡᠯ ᠬᠢᠵᠡᠢ᠃ ᠲᠤᠰ | ᠡᠳᠦᠷ ᠤᠨ ᠦᠳᠡ ᠶᠢᠨ ᠡᠮᠦᠨ᠎ᠡ᠂ ᠨᠠᠮ ᠤᠨ ᠡᠭᠦᠷ ᠤᠨ ᠳᠡᠳ᠋ ᠱᠦᠵᠢ ᠵᠠᠩ ᠵᠢᠩ ᠶᠢᠨ ᠨᠠᠮ ᠤᠨ ᠡᠭᠦᠷ ᠤᠨ | ᠭᠡᠰᠢᠭᠦᠳ ᠤᠨ ᠬᠤᠷᠠᠯ ᠢ ᠲᠥᠯᠥᠭᠡᠯᠡᠨ ᠠᠵᠢᠯ ᠤᠨ ᠮᠡᠳᠡᠭᠦᠯᠦᠯᠲᠡ ᠬᠢᠬᠦ ᠪᠠ ᠬᠠᠷᠢᠴᠠᠭᠤᠯᠤᠨ ᠪᠠᠶᠢᠴᠠᠭᠠᠵᠤ᠂ | ᠬᠤᠷᠠᠯ ᠳᠤ ᠣᠷᠣᠯᠴᠠᠭᠰᠠᠨ ᠨᠠᠮ ᠤᠨ ᠡᠭᠦᠷ ᠤᠨ ᠭᠡᠰᠢᠭᠦᠳ ᠤᠨ ᠰᠢᠭᠦᠮᠵᠢᠯᠡᠯ ᠪᠠ ᠥᠪᠡᠷ ᠤᠨ ᠰᠢᠭᠦᠮᠵᠢᠯᠡᠯ ᠢ ᠨᠠᠷᠢᠨ | ᠬᠢᠨᠠᠮᠠᠭᠠᠢ ᠥᠷᠨᠢᠭᠦᠯᠵᠡᠢ᠃ ᠦᠳᠡ ᠶᠢᠨ ᠬᠤᠶᠢᠨ᠎ᠠ᠂ ᠲᠤᠰᠬᠠᠢ ᠰᠡᠳᠦᠪᠲᠦ ᠵᠣᠬᠢᠶᠠᠨ ᠪᠠᠶᠢᠭᠤᠯᠤᠯᠲᠠ ᠶᠢᠨ | ᠠᠮᠢᠳᠤᠷᠠᠯ ᠤᠨ ᠬᠤᠷᠠᠯ ᠢ ᠬᠤᠷᠠᠯᠳᠤᠭᠤᠯᠵᠤ᠂ ᠵᠠᠩ ᠵᠢᠩ ᠶᠢᠨ ᠨᠠᠮ ᠤᠨ ᠡᠭᠦᠷ ᠤᠨ ᠤᠳᠤᠷᠢᠳᠬᠤ ᠪᠠᠭ ᠢ | ᠲᠥᠯᠥᠭᠡᠯᠡᠨ ᠨᠠᠮ ᠤᠨ ᠡᠭᠦᠷ ᠤᠨ ᠵᠥᠪᠯᠡᠯ ᠤᠨ ᠬᠠᠷᠢᠴᠠᠭᠤᠯᠤᠨ ᠪᠠᠶᠢᠴᠠᠭᠠᠭᠰᠠᠨ ᠪᠠᠶᠢᠳᠠᠯ ᠢ ᠮᠡᠳᠡᠭᠳᠡᠪᠡ᠃ | ᠬᠤᠷᠠᠯ ᠳᠤ ᠣᠷᠣᠯᠴᠠᠭᠰᠠᠨ ᠨᠠᠮ ᠤᠨ ᠭᠡᠰᠢᠭᠦᠳ ᠬᠦᠰᠡᠯᠡᠩ ᠢᠲᠡᠭᠡᠯ ᠪᠢᠰᠢᠷᠡᠯ ᠢᠶᠠᠨ ᠪᠠᠲᠤᠳᠬᠠᠬᠤ᠂ ᠲᠡᠦᠬᠡ ᠶᠢᠨ | ᠤᠬᠠᠮᠰᠠᠷ ᠢᠶᠠᠨ ᠴᠢᠩᠭᠠᠳᠬᠠᠬᠤ᠂ ᠰᠢᠯᠢᠳᠡᠭ ᠤᠯᠠᠮᠵᠢᠯᠠᠯ ᠢᠶᠠᠨ ᠪᠠᠳᠠᠷᠠᠭᠤᠯᠬᠤ᠂ ᠨᠠᠮᠴᠢ ᠴᠢᠨᠠᠷ ᠤᠨ ᠳᠠᠪᠲᠠᠯᠲᠠ ᠶᠢ | ᠴᠢᠩᠭᠠᠳᠬᠠᠬᠤ᠂ ᠨᠠᠮ ᠤᠨ ᠭᠡᠰᠢᠭᠦᠨ ᠤ ᠦᠢᠯᠡᠳᠦᠯ ᠢᠶᠠᠨ ᠪᠠᠳᠠᠷᠠᠭᠤᠯᠬᠤ ᠵᠡᠷᠭᠡ ᠲᠠᠯ᠎ᠠ ᠪᠠᠷ ᠬᠢ ᠣᠷᠣᠰᠢᠵᠤ ᠪᠠᠶᠢᠭ᠎ᠠ | ᠠᠰᠠᠭᠤᠳᠠᠯ ᠤᠨ ᠲᠣᠭᠤᠷᠢᠨ ᠳᠤ ᠭᠦᠨᠵᠡᠭᠡᠢ ᠪᠠᠶᠢᠴᠠᠭᠠᠨ ᠳᠡᠯᠭᠡᠵᠦ᠂ ᠰᠢᠭᠦᠮᠵᠢᠯᠡᠯ ᠪᠠ ᠥᠪᠡᠷ ᠤᠨ ᠰᠢᠭᠦᠮᠵᠢᠯᠡᠯ ᠢ | ᠥᠷᠨᠢᠭᠦᠯᠬᠦ ᠶᠢᠨ ᠬᠠᠮᠲᠤ ᠠᠰᠠᠭᠤᠳᠠᠯ ᠤᠨ ᠰᠢᠯᠲᠠᠭᠠᠨ ᠳᠤ ᠭᠦᠨᠵᠡᠭᠡᠢ ᠵᠠᠳᠠᠯᠤᠯᠲᠠ ᠬᠢᠵᠦ᠂ ᠬᠤᠶᠢᠰᠢᠳᠠ ᠶᠢᠨ | ᠴᠢᠷᠮᠠᠶᠢᠬᠤ ᠴᠢᠭᠯᠡᠯ ᠪᠠ ᠴᠡᠭᠴᠡᠯᠡᠨ ᠰᠠᠶᠢᠵᠢᠷᠠᠭᠤᠯᠬᠤ ᠠᠷᠭ᠎ᠠ ᠬᠡᠮᠵᠢᠶ᠎ᠡ ᠶᠢ ᠲᠣᠭᠲᠠᠭᠠᠪᠠ᠃ | | ᠬᠤᠷᠠᠯ ᠠᠴᠠ ᠴᠢᠬᠤᠯᠠᠴᠢᠯᠠᠭᠰᠠᠨ ᠨᠢ᠂ ᠪᠣᠭᠤᠮᠲᠠ ᠶᠢ ᠲᠤᠭᠤᠯᠵᠤ ᠡᠷᠴᠢ ᠵᠣᠷᠢᠭ ᠰᠤᠯᠠᠷᠠᠬᠤ ᠦᠵᠡᠯ | ᠰᠠᠨᠠᠭ᠎ᠠ ᠶᠢ ᠡᠷᠡᠰ ᠲᠡᠪᠴᠢᠵᠦ᠂ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠢ ᠲᠠᠰᠤᠷᠠᠯᠲᠠ ᠦᠭᠡᠢ | ᠭᠦᠨᠵᠡᠭᠡᠶᠢᠷᠡᠭᠦᠯᠬᠦ ᠬᠡᠷᠡᠭᠲᠡᠶ᠃ ᠴᠡᠭᠴᠡᠯᠡᠨ ᠥᠭᠡᠷᠡᠴᠢᠯᠡᠬᠦ ᠲᠥᠰᠦᠯ ᠢ ᠱᠠᠯᠠᠪᠳᠠᠨ ᠲᠣᠭᠲᠠᠭᠠᠵᠤ᠂ ᠬᠦᠴᠦᠨ ᠢᠶᠠᠨ | ᠲᠥᠪᠯᠡᠷᠡᠭᠦᠯᠦᠨ ᠴᠡᠭᠴᠡᠯᠡᠨ ᠥᠭᠡᠷᠡᠴᠢᠯᠡᠵᠦ ᠨᠠᠶᠢᠳᠠᠪᠤᠷᠢᠵᠢᠭᠤᠯᠬᠤ ᠬᠡᠷᠡᠭᠲᠡᠶ᠃ ᠨᠠᠮ ᠤᠨ ᠲᠡᠦᠬᠡ ᠶᠢᠨ | ᠰᠤᠷᠤᠯᠴᠠᠯᠭ᠎ᠠ ᠬᠥᠮᠦᠵᠢᠯ ᠪᠠ ᠪᠦᠬᠦ ᠪᠠᠯᠭᠠᠰᠤᠨ ᠤ ᠪᠤᠰᠤᠳ ᠠᠵᠢᠯ ᠢ ᠰᠠᠶᠢᠲᠤᠷ ᠠᠳᠬᠤᠬᠤ ᠶᠢ ᠢᠮᠠᠭᠲᠠ | ᠪᠠᠷᠢᠮᠲᠠᠯᠠᠵᠤ᠂ ᠬᠤᠶᠠᠷ ᠲᠠᠯ᠎ᠠ ᠶᠢ ᠠᠳᠬᠤᠬᠤ᠂ ᠬᠤᠶᠠᠷ ᠢ ᠰᠠᠭᠠᠲᠠᠭᠠᠬᠤ ᠦᠭᠡᠢ᠂ ᠬᠤᠶᠠᠷ ᠢ ᠠᠬᠢᠭᠤᠯᠬᠤ ᠶᠢ | ᠦᠨᠡᠨ ᠬᠦ ᠪᠡᠶᠡᠯᠡᠭᠦᠯᠬᠦ ᠬᠡᠷᠡᠭᠲᠡᠢ ᠭᠡᠵᠡᠢ᠃ | | |