ᠶᠡᠷᠦ ᠶᠢᠨ ᠦᠭᠡᠨ ᠳᠤ ᠴᠠᠭᠠᠨ ᠭᠡᠵᠢᠭᠡ ᠶᠢ ︽ᠨᠢᠭᠡ ᠰᠢᠷᠬᠡᠭ ᠦᠭᠲᠡᠭᠡᠪᠡᠯ ᠠᠷᠪᠠᠨ ᠰᠢᠷᠬᠡᠭ ᠤᠷᠭᠤᠨ᠎ᠠ︾ | ᠭᠡᠳᠡᠭ ᠬᠡᠯᠡᠯᠭᠡ ᠨᠢ ᠦᠨᠡᠨ ᠤᠤ︖ ᠬᠠᠷᠢᠭᠤᠯᠲᠠ ᠨᠢ ᠪᠢᠰᠢ᠃ | | ᠭᠡᠵᠢᠭᠡ ᠦᠭᠲᠡᠭᠡᠬᠦ ᠶᠠᠪᠤᠴᠠ ᠨᠢ ᠭᠡᠵᠢᠭᠡᠨ ᠤ ᠤᠭᠤᠲᠠ ᠶᠢ ᠭᠡᠮᠲᠦᠭᠡᠬᠦ ᠮᠠᠭᠠᠳ᠂ ᠭᠡᠪᠡᠴᠦ ᠴᠠᠭᠠᠨ ᠭᠡᠵᠢᠭᠡᠨ ᠤ | ᠤᠷᠭᠤᠯᠲᠠ ᠶᠢ ᠨᠥᠯᠥᠭᠡᠯᠡᠬᠦ ᠦᠭᠡᠢ᠃ ᠵᠠᠷᠢᠮ ᠬᠥᠮᠥᠨ ᠴᠠᠭᠠᠨ ᠭᠡᠵᠢᠭᠡ ᠶᠢ ᠦᠭᠲᠡᠭᠡᠬᠦ ᠲᠤᠰᠤᠮ ᠴᠠᠶᠢᠬᠤ ᠨᠢ | ᠬᠡᠴᠡᠭᠦᠦ ᠭᠡᠵᠦ ᠪᠤᠳᠣᠳᠠᠭ᠂ ᠦᠨᠡᠨ ᠳᠡᠭᠡᠨ ᠭᠡᠵᠢᠭᠡ ᠠᠶᠠᠨᠳᠠᠭᠠᠨ ᠴᠠᠶᠢᠬᠤ ᠶᠠᠪᠤᠴᠠ ᠳᠤᠮᠳᠠ ᠪᠠᠶᠢᠵᠤ᠂ ᠦᠭᠲᠡᠭᠡᠬᠦ | ᠪᠠ ᠴᠠᠶᠢᠬᠤ ᠬᠤᠶᠠᠷ ᠬᠠᠷᠢᠴᠠᠭ᠎ᠠ ᠦᠭᠡᠢ᠃ | | ᠵᠠᠷᠢᠮ ᠬᠥᠮᠥᠨ ᠤ ᠭᠡᠵᠢᠭᠡ ᠨᠢ ᠴᠠᠶᠢᠵᠤ ᠡᠬᠢᠯᠡᠪᠡᠯ ᠰᠡᠳᠬᠢᠯ ᠰᠠᠨᠠᠭ᠎ᠠ ᠨᠢ ᠪᠠᠴᠢᠮᠳᠠᠨ ᠰᠠᠨᠳᠤᠷᠴᠤ᠂ ᠴᠠᠭᠠᠨ | ᠭᠡᠵᠢᠭᠡ ᠪᠠᠨ ᠥᠭᠲᠡᠭᠡᠨ ᠠᠪᠴᠤ ᠲᠠᠭᠢᠨ ᠤᠷᠭᠤᠬᠤ ᠦᠭᠡᠢ ᠶᠢ ᠬᠦᠰᠡᠳᠡᠭ᠂ ᠭᠡᠪᠡᠴᠦ ᠠᠬᠢᠭᠠᠳ ᠤᠷᠭᠤᠵᠤ ᠭᠠᠷᠴᠤ | ᠢᠷᠡᠬᠦ ᠶᠢ ᠦᠵᠡᠭᠡᠳ ᠰᠡᠳᠬᠢᠯ ᠳᠡᠭᠡᠨ ᠭᠥᠯᠢᠶᠡᠨ ᠠᠪᠴᠤ ᠲᠡᠶᠢᠯᠭᠦ ᠦᠭᠡᠢ ᠪᠠᠴᠢᠮᠳᠠᠨ ᠵᠣᠪᠠᠨᠢᠬᠤ ᠰᠡᠳᠬᠢᠯᠭᠡ ᠨᠢ | ᠬᠦᠨᠳᠦᠷᠡᠳᠡᠭ ᠠᠴᠠ ᠭᠡᠵᠢᠭᠡ ᠴᠠᠶᠢᠬᠤ ᠶᠢ ᠤᠯᠠᠮ ᠢᠯᠡᠭᠦᠦ ᠨᠡᠮᠡᠭᠳᠡᠭᠦᠯᠵᠦ ᠮᠡᠳᠡᠨ᠎ᠡ᠃ | | ᠴᠥᠭᠡᠨ ᠬᠡᠳᠦᠨ ᠴᠠᠭᠠᠨ ᠭᠡᠵᠢᠭᠡ ᠶᠢ ᠰᠢᠭᠤᠳ ᠦᠭᠲᠡᠭᠡᠬᠦ ᠦᠭᠡᠢ ᠬᠠᠶᠢᠴᠢᠯᠠᠵᠤ ᠠᠪᠤᠪᠠᠯ ᠦᠰᠦᠨ ᠤ | ᠤᠭᠤᠲᠠ ᠶᠢ ᠭᠡᠮᠲᠦᠭᠡᠬᠦ ᠦᠭᠡᠢ ᠪᠠᠶᠢᠳᠠᠭ᠃ ᠬᠡᠷᠪᠡ ᠴᠠᠭᠠᠨ ᠭᠡᠵᠢᠭᠡ ᠠᠷᠪᠢᠳᠠᠪᠠᠯ᠂ ᠭᠡᠵᠢᠭᠡ ᠪᠠᠨ ᠪᠤᠳᠤᠵᠤ | ᠪᠣᠯᠣᠨ᠎ᠠ᠂ ᠭᠡᠬᠦ ᠳᠡᠭᠡᠨ ᠠᠮᠤᠷ ᠲᠦᠪᠰᠢᠨ ᠪᠤᠳᠤᠭ ᠰᠣᠩᠭᠤᠬᠤ ᠬᠡᠷᠡᠭᠲᠡᠢ᠃ ᠬᠡᠷᠪᠡ ᠵᠠᠯᠠᠭᠤᠴᠤᠳ ᠪᠠᠭᠠᠴᠤᠳ | ᠣᠬᠤᠷᠬᠠᠨ ᠬᠤᠭᠤᠴᠠᠭᠠᠨ ᠳᠤ ᠭᠡᠨᠡᠳᠲᠡ ᠴᠠᠭᠠᠨ ᠭᠡᠵᠢᠭᠡ ᠠᠷᠪᠢᠳᠠᠪᠠᠯ᠂ ᠡᠮᠨᠡᠯᠭᠡ ᠳᠤ ᠬᠦᠷᠴᠦ ᠰᠢᠮ᠎ᠡ ᠲᠡᠵᠢᠭᠡᠯ | ᠳᠤᠲᠠᠭᠳᠠᠬᠤ ᠪᠤᠶᠤ ᠰᠡᠳᠬᠢᠯ ᠤᠨ ᠳᠠᠷᠤᠭᠠᠰᠤ᠂ ᠴᠢᠨᠠᠭᠰᠢᠯᠠᠪᠠᠯ ᠶᠠᠮᠠᠷ ᠨᠢᠭᠡᠨ ᠡᠪᠡᠳᠴᠢᠨ ᠡᠮᠭᠡᠭ ᠠᠴᠠ ᠪᠣᠯᠤᠭᠰᠠᠨ | ᠡᠰᠡᠬᠦ ᠶᠢ ᠰᠢᠯᠭᠠᠨ ᠪᠠᠶᠢᠴᠠᠭᠠᠬᠤ ᠬᠡᠷᠡᠭᠲᠡᠢ᠃ |