ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠠᠵᠢᠯ ᠤᠨ ᠴᠢᠯᠥᠭᠡᠨ ᠤ ᠰᠣᠶᠣᠯ ᠤᠨ ᠠᠮᠢᠳᠤᠷᠠᠯ ᠢ | ᠪᠠᠶᠠᠯᠢᠭᠵᠢᠭᠤᠯᠵᠤ᠂ ᠠᠳᠠᠯᠢ ᠪᠤᠰᠤ ᠬᠥᠮᠦᠰ ᠤᠨ ᠤᠩᠰᠢᠯᠭ᠎ᠠ ᠶᠢᠨ ᠬᠡᠷᠡᠭᠴᠡᠭᠡ ᠶᠢ ᠬᠠᠩᠭᠠᠵᠤ᠂ ᠨᠡᠶᠢᠭᠡᠮ | ᠲᠣᠭᠤᠷᠢᠭ ᠤᠨ ᠤᠩᠰᠢᠯᠭ᠎ᠠ ᠶᠢᠨ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠬᠤ ᠶᠢᠨ ᠲᠥᠯᠥᠭᠡ᠂ 6 | ᠰᠠᠷ᠎ᠠ ᠶᠢᠨ 1 ᠤ ᠡᠳᠦᠷ᠂ ᠵᠠᠯᠠᠨ ᠠᠶᠢᠯ ᠬᠤᠲᠠ ᠶᠢᠨ ᠨᠣᠮ ᠤᠨ ᠰᠠᠩ ᠵᠧᠩ ᠶᠠᠩ ᠵᠡᠭᠡᠯᠢ ᠭᠤᠳᠤᠮᠵᠢ ᠶᠢᠨ | ᠬᠤᠩ ᠴᠢ ᠨᠡᠶᠢᠭᠡᠮ ᠲᠣᠭᠤᠷᠢᠭ ᠤᠨ ᠨᠣᠮ ᠤᠨ ᠰᠠᠩ ᠤᠨ ᠬᠤᠪᠢᠶᠠᠷᠢ ᠣᠷᠳᠣᠨ ᠳᠤ ᠬᠦᠷᠴᠦ ︽ᠶᠡᠭᠡ ᠨᠣᠮ ᠤᠨ | ᠰᠠᠩ ᠢ ᠨᠡᠶᠢᠭᠡᠮ ᠲᠣᠭᠤᠷᠢᠭ ᠲᠤ ᠭᠦᠨᠵᠡᠭᠡᠶᠢᠷᠡᠨ ᠬᠤᠪᠢᠶᠠᠷᠢ ᠨᠣᠮ ᠤᠨ ᠰᠠᠩ ᠦᠢᠯᠡᠴᠢᠯᠡᠭᠡ ᠬᠦᠷᠭᠡᠬᠦ︾ | ᠤᠩᠰᠢᠯᠭ᠎ᠠ ᠶᠢ ᠳᠡᠯᠭᠡᠷᠡᠭᠦᠯᠬᠦ ᠠᠵᠢᠯᠯᠠᠭ᠎ᠠ ᠥᠷᠨᠢᠭᠦᠯᠪᠡ᠃ | | ᠠᠵᠢᠯᠯᠠᠭ᠎ᠠ ᠶᠢᠨ ᠳᠤᠮᠳᠠ᠂ ᠬᠤᠲᠠ ᠶᠢᠨ ᠨᠣᠮ ᠤᠨ ᠰᠠᠩ ᠤᠨ ᠠᠵᠢᠯᠲᠠᠳ ᠤᠯᠠᠭᠠᠨ ᠲᠤᠭ ᠨᠡᠶᠢᠭᠡᠮ | ᠲᠣᠭᠤᠷᠢᠭ ᠤᠨ ᠣᠯᠠᠨ ᠲᠦᠮᠡᠨ ᠤ ᠪᠠᠶᠢᠳᠠᠯ ᠪᠠ ᠬᠡᠷᠡᠭᠴᠡᠭᠡ ᠱᠠᠭᠠᠷᠳᠠᠯᠭ᠎ᠠ ᠶᠢ ᠦᠨᠳᠦᠰᠦᠯᠡᠨ᠂ ᠰᠦᠯᠵᠢᠶᠡᠨ ᠳᠡᠭᠡᠷ᠎ᠡ | ᠪᠠ ᠰᠦᠯᠵᠢᠶᠡᠨ ᠭᠠᠳᠠᠨᠠᠬᠢ ᠶᠢ ᠤᠶᠠᠯᠳᠤᠭᠤᠯᠬᠤ ᠬᠡᠯᠪᠡᠷᠢ ᠪᠠᠷ ᠨᠡᠶᠢᠭᠡᠮ ᠲᠣᠭᠤᠷᠢᠭ ᠤᠨ ᠣᠯᠠᠨ ᠲᠦᠮᠡᠨ ᠳᠤ | ᠦᠢᠯᠡᠴᠢᠯᠡᠭᠡ ᠬᠠᠩᠭᠠᠵᠤ ᠪᠠᠶᠢᠨ᠎ᠠ᠃ ᠰᠦᠯᠵᠢᠶᠡᠨ ᠳᠡᠭᠡᠷᠡᠬᠢ ᠨᠡᠶᠢᠭᠡᠮ ᠲᠣᠭᠤᠷᠢᠭ ᠤᠨ ᠨᠣᠮ ᠤᠨ | ᠬᠠᠮᠢᠶᠠᠷᠤᠯᠲᠠ ᠶᠢᠨ ᠠᠵᠢᠯᠲᠠᠨ ᠨᠡᠶᠢᠭᠡᠮ ᠲᠣᠭᠤᠷᠢᠭ ᠤᠨ ᠸᠢᠴᠠᠲ ᠤᠨ ᠪᠦᠯᠦᠭ ᠲᠤ ᠤᠯᠤᠰ ᠤᠨ ᠨᠣᠮ ᠤᠨ | ᠰᠠᠩ ᠤᠨ ᠦᠢᠯᠡᠳᠦᠭᠰᠡᠨ ︽ᠠᠯᠠᠭᠠᠨ ᠳᠡᠭᠡᠷᠡᠬᠢ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ᠂ ᠰᠢᠨᠵᠢᠯᠡᠬᠦ ᠤᠬᠠᠭᠠᠨ | ᠮᠡᠷᠭᠡᠵᠢᠯ ᠢ ᠴᠢᠮ᠎ᠠ ᠲᠠᠢ ᠬᠠᠮᠲᠤ ᠪᠠᠶᠢᠯᠭᠠᠬᠤ︾ ᠰᠦᠯᠵᠢᠶᠡᠨ ᠳᠡᠭᠡᠷᠡᠬᠢ ᠰᠦᠢᠳᠭᠡᠯ ᠬᠤᠷᠢᠶᠠᠬᠤ ᠦᠭᠡᠢ ᠪᠠᠷ | ᠡᠯᠧᠺᠲᠷᠣᠨ ᠨᠣᠮ ᠢ ᠳᠠᠮᠵᠢᠭᠤᠯᠤᠨ ᠲᠠᠷᠬᠠᠭᠠᠬᠤ ᠠᠷᠭ᠎ᠠ ᠮᠠᠶ᠋ᠢᠭ ᠢᠶᠠᠷ ᠳᠠᠮᠵᠢᠭᠤᠯᠤᠨ᠂ ᠰᠦᠯᠵᠢᠶᠡᠨ ᠳᠡᠭᠡᠷᠡᠬᠢ | ᠵᠢᠩᠬᠢᠨᠢ ᠬᠡᠪᠯᠡᠯ ᠤᠨ ᠡᠯᠧᠺᠲᠷᠣᠨ ᠨᠣᠮ ᠤᠨ ᠬᠡᠷᠡᠭᠴᠡᠭᠡ ᠪᠥᠬᠦᠶ ᠤᠩᠰᠢᠭᠴᠢᠳ ᠲᠤ ᠬᠠᠨᠳᠤᠭᠤᠯᠤᠨ ᠠᠯᠠᠭᠠᠨ | ᠳᠡᠭᠡᠷᠡᠬᠢ ᠤᠩᠰᠢᠯᠭ᠎ᠠ ᠶᠢᠨ ᠠᠵᠢᠯᠯᠠᠭ᠎ᠠ ᠥᠷᠨᠢᠭᠦᠯᠪᠡ᠃ ᠰᠦᠯᠵᠢᠶᠡᠨ ᠠᠴᠠ ᠭᠠᠳᠠᠭᠤᠷᠬᠢ ᠬᠤᠲᠠ ᠶᠢᠨ ᠨᠣᠮ ᠤᠨ | ᠰᠠᠩ ᠨᠢ ᠨᠡᠶᠢᠭᠡᠮ ᠲᠣᠭᠤᠷᠢᠭ ᠤᠨ ᠬᠤᠪᠢᠶᠠᠷᠢ ᠨᠣᠮ ᠤᠨ ᠰᠠᠩ ᠳᠤ 100 ᠳᠡᠪᠲᠡᠷ ᠰᠢᠯᠢᠳᠡᠭ ᠨᠣᠮ ᠪᠢᠴᠢᠭ ᠢ | ᠡᠭᠡᠯᠵᠢᠯᠡᠨ ᠰᠢᠨᠡᠳᠬᠡᠨ ᠥᠭᠴᠦ᠂ ᠠᠭᠤᠯᠭ᠎ᠠ ᠪᠠᠷ ᠪᠠᠶᠠᠯᠢᠭ᠂ ᠬᠡᠷᠡᠭᠯᠡᠭᠡᠨ ᠤ ᠴᠢᠨᠠᠷ ᠢᠶᠠᠷ ᠴᠢᠩᠭ᠎ᠠ ᠪᠠᠶᠢᠵᠤ᠂ | ᠴᠠᠭ ᠤᠨ ᠪᠠᠶᠢᠳᠠᠯ ᠤᠯᠤᠰ ᠲᠥᠷᠥ᠂ ᠪᠠᠶᠢᠭᠠᠯᠢ ᠶᠢᠨ ᠰᠢᠨᠵᠢᠯᠡᠬᠦ ᠤᠬᠠᠭᠠᠨ᠂ ᠪᠠᠭᠠᠴᠤᠳ ᠬᠡᠤᠬᠡᠳ ᠤᠨ ᠤᠩᠰᠢᠬᠤ | ᠨᠣᠮ ᠪᠠ ᠪᠡᠶ᠎ᠡ ᠰᠤᠪᠢᠯᠠᠯᠲᠠ ᠶᠢᠨ ᠠᠮᠲᠠᠲᠤ ᠢᠳᠡᠭᠡᠨ ᠵᠡᠷᠭᠡ ᠳᠤ ᠬᠤᠯᠪᠣᠭᠳᠠᠨ᠂ ᠨᠡᠶᠢᠭᠡᠮ ᠲᠣᠭᠤᠷᠢᠭ ᠤᠨ ᠠᠳᠠᠯᠢ | ᠪᠤᠰᠤ ᠠᠵᠢᠯ ᠲᠥᠷᠥᠯ᠂ ᠬᠠᠮᠲᠤᠯᠢᠭ ᠤᠨ ᠤᠩᠰᠢᠯᠭ᠎ᠠ ᠶᠢᠨ ᠬᠡᠷᠡᠭᠴᠡᠭᠡ ᠶᠢ ᠬᠠᠩᠭᠠᠵᠤ ᠪᠠᠶᠢᠨ᠎ᠠ᠃ | | ᠲᠣᠰ ᠤᠳᠠᠭᠠᠨ ᠤ ᠠᠵᠢᠯᠯᠠᠭ᠎ᠠ ᠨᠢ ᠬᠤᠲᠠ ᠶᠢᠨ ᠨᠣᠮ ᠤᠨ ᠰᠠᠩ ᠪᠠ ᠨᠡᠶᠢᠭᠡᠮ ᠲᠣᠭᠤᠷᠢᠭ ᠤᠨ ᠬᠤᠪᠢᠶᠠᠷᠢ | ᠨᠣᠮ ᠤᠨ ᠰᠠᠩ ᠤᠨ ᠪᠥᠬᠦ ᠠᠷᠠᠳ ᠤᠨ ᠤᠩᠰᠢᠯᠭ᠎ᠠ ᠶᠢᠨ ᠭᠤᠤᠯ ᠵᠢᠭᠰᠠᠭᠠᠯ ᠤᠨ ᠭᠠᠵᠠᠷ ᠤᠨ ᠦᠢᠯᠡᠳᠦᠯ ᠢ | ᠭᠦᠢᠴᠡᠳ ᠪᠠᠳᠠᠷᠠᠭᠤᠯᠵᠤ᠂ ᠲᠣᠰ ᠪᠡᠶ᠎ᠡ ᠶᠢᠨ ᠡᠬᠢ ᠪᠠᠶᠠᠯᠢᠭ ᠤᠨ ᠳᠠᠪᠠᠭᠤᠯᠢᠭ ᠢᠶᠠᠨ ᠠᠰᠢᠭᠯᠠᠨ᠂ ᠦᠷᠭᠦᠯᠵᠢᠯᠡᠨ | ᠦᠢᠯᠡᠴᠢᠯᠡᠬᠦ ᠶᠢ ᠲᠠᠰᠤᠷᠠᠯᠲᠠ ᠥᠬᠡᠶ ᠥᠷᠨᠢᠭᠦᠯᠵᠦ᠂ ᠬᠤᠲᠠ ᠶᠢᠨ ᠠᠷᠠᠳ ᠤᠨ ᠨᠣᠮ ᠤᠩᠰᠢᠬᠤ ᠬᠠᠯᠠᠭᠤᠨ | ᠰᠡᠳᠬᠢᠯᠭᠡ ᠶᠢ ᠲᠠᠰᠤᠷᠠᠯᠲᠠ ᠥᠬᠡᠶ ᠬᠥᠭᠵᠢᠭᠡᠨ᠂ ᠰᠠᠭᠤᠭᠠᠯᠢ ᠠᠷᠠᠳ ᠢ ᠨᠡᠶᠢᠭᠡᠮ ᠲᠣᠭᠤᠷᠢᠭ ᠵᠢᠴᠢ ᠰᠦᠯᠵᠢᠶᠡᠨ | ᠳᠡᠭᠡᠷ᠎ᠡ ᠨᠣᠮ ᠤᠨ ᠲᠡᠯᠡᠶ ᠪᠠᠷ ᠵᠤᠭᠠᠴᠠᠭᠤᠯᠵᠤ᠂ ᠤᠩᠰᠢᠯᠭ᠎ᠠ ᠶᠢᠨ ᠬᠠᠪᠤ ᠴᠡᠩᠭᠡᠯ ᠪᠠ ᠮᠡᠳᠡᠯᠭᠡ ᠶᠢᠨ ᠲᠠᠲᠠᠬᠤ | ᠬᠦᠴᠦᠨ ᠢ ᠡᠳ᠋ᠯᠡᠭᠦᠯᠦᠨ᠎ᠡ᠃ |