ᠪᠦᠬᠦ ᠬᠤᠲᠠ ᠶᠢᠨ ᠰᠤᠷᠭᠠᠨ ᠬᠥᠮᠦᠵᠢᠯ ᠤᠨ ᠶᠠᠰᠤ ᠴᠢᠨᠠᠷ ᠢ ᠳᠡᠭᠡᠭᠰᠢᠯᠡᠭᠦᠯᠵᠦ᠂ ︽ᠰᠤᠷᠭᠠᠨ ᠬᠥᠮᠦᠵᠢᠯ ᠤᠨ | ᠶᠠᠰᠤ ᠴᠢᠨᠠᠷ ᠢ ᠦᠨᠳᠦᠷᠰᠢᠭᠦᠯᠵᠦ᠂ ᠠᠷᠠᠳ ᠲᠦᠮᠡᠨ ᠤ ᠰᠠᠨᠠᠭᠠᠨ ᠳᠤ ᠨᠡᠶᠢᠴᠡᠭᠰᠡᠨ ᠰᠤᠷᠭᠠᠨ ᠬᠥᠮᠦᠵᠢᠯ ᠢ ᠡᠷᠬᠢᠯᠡᠬᠦ | ︾ ᠶᠡᠭᠡ ᠶᠠᠷᠢᠯᠴᠠᠭᠠᠨ ᠤ ᠠᠵᠢᠯᠯᠠᠭ᠎ᠠ ᠶᠢ ᠭᠦᠨᠵᠡᠭᠡᠶ ᠥᠷᠨᠢᠭᠦᠯᠵᠦ᠂ ᠰᠤᠷᠭᠠᠭᠤᠯᠢ ᠶᠢᠨ ᠰᠤᠷᠭᠠᠨ ᠬᠥᠮᠦᠵᠢᠯ ᠤᠨ | ᠬᠥᠭᠵᠢᠯᠲᠡ ᠶᠢ ᠬᠢᠵᠠᠭᠠᠷᠯᠠᠵᠤ ᠪᠠᠶᠢᠭ᠎ᠠ ᠠᠰᠠᠭᠤᠳᠠᠯ ᠤᠨ ᠳᠤᠲᠠᠭᠤᠳᠠᠯ ᠢ ᠣᠨᠣᠪᠴᠢᠲᠠᠶ ᠡᠷᠢᠬᠦ ᠶᠢᠨ ᠲᠦᠯᠦᠭᠡ᠂ | 2022 ᠣᠨ ᠤ 7 ᠰᠠᠷ᠎ᠠ ᠶᠢᠨ 4 ᠤ ᠡᠳᠦᠷ ᠠᠴᠠ 7 ᠰᠠᠷ᠎ᠠ ᠶᠢᠨ 8 ᠤ ᠡᠳᠦᠷ ᠪᠣᠯᠲᠠᠯ᠎ᠠ᠂ ᠵᠠᠯᠠᠨ | ᠠᠶᠢᠯ ᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ 4 ᠪᠠᠶᠢᠴᠠᠭᠠᠨ ᠰᠤᠳᠤᠯᠬᠤ ᠠᠵᠢᠯ ᠤᠨ ᠳᠤᠭᠤᠶᠢᠯᠠᠩ | ᠪᠠᠶᠢᠭᠤᠯᠵᠤ ᠪᠥᠬᠦ ᠬᠤᠲᠠ ᠶᠢᠨ 36 ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠱᠠᠲᠤᠨ ᠤ ᠰᠤᠷᠭᠠᠭᠤᠯᠢ ᠳᠤ | ᠭᠦᠨᠵᠡᠭᠡᠶᠢᠷᠡᠨ᠂ ᠲᠤᠰᠬᠠᠶ ᠰᠡᠳᠦᠪ ᠢᠶᠠᠷ ᠬᠠᠷᠢᠭᠤ ᠮᠡᠳᠡᠭᠦᠯᠬᠦ᠂ ᠶᠠᠷᠢᠯᠴᠠᠬᠤ ᠪᠠ ᠰᠣᠯᠢᠯᠴᠠᠬᠤ ᠠᠷᠭ᠎ᠠ ᠮᠠᠶ᠋ᠢᠭ ᠢᠶᠠᠷ | ᠳᠠᠮᠵᠢᠭᠤᠯᠤᠨ᠂ ᠠᠰᠠᠭᠤᠳᠠᠯ ᠢᠶᠠᠷ ᠤᠳᠤᠷᠢᠳᠤᠮᠵᠢ ᠪᠣᠯᠭᠠᠵᠤ᠂ ᠪᠠᠶᠢᠴᠠᠭᠠᠨ ᠰᠤᠳᠤᠯᠤᠯᠲᠠ ᠬᠢᠬᠦ ᠪᠠᠷ ᠰᠡᠳᠦᠪ ᠢᠶᠠᠨ | ᠰᠢᠢᠳᠪᠦᠷᠢᠯᠡᠬᠦ ᠶᠢ ᠪᠠᠷᠢᠮᠲᠠᠯᠠᠵᠤ᠂ ᠰᠤᠷᠭᠠᠭᠤᠯᠢ ᠶᠢᠨ ᠬᠥᠭᠵᠢᠯᠲᠡ ᠳᠤ ︽ᠠᠮᠢᠨ ᠰᠤᠳᠠᠰᠤ ᠶᠢ ᠨᠢ ᠠᠳᠬᠤᠵᠤ︾᠂ | ︽ᠰᠠᠶᠢᠨ ᠠᠷᠭ᠎ᠠ ᠤᠬᠠᠭᠠᠨ ᠭᠠᠷᠭᠠᠵᠤ︾ ᠥᠭᠪᠡ᠃ ᠲᠣᠰ ᠤᠳᠠᠭᠠᠨ ᠤ ᠪᠠᠶᠢᠴᠠᠭᠠᠨ ᠰᠤᠳᠤᠯᠤᠯᠲᠠ ᠶᠢᠨ | ᠠᠵᠢᠯᠯᠠᠭ᠎ᠠ ᠳᠤ ᠰᠤᠷᠭᠠᠨ ᠬᠥᠮᠦᠵᠢᠯ ᠤᠨ ᠲᠣᠪᠴᠢᠶ᠎ᠠ ᠶᠢᠨ ᠬᠠᠮᠢᠶ᠎ᠠ ᠪᠥᠬᠦᠶ ᠲᠠᠰᠤᠭ ᠤᠨ ᠪᠦᠷᠢᠯᠳᠦᠬᠦᠨ᠂ ᠵᠢᠭᠠᠨ | ᠰᠤᠳᠤᠯᠤᠭᠴᠢ᠂ ᠰᠤᠷᠭᠠᠭᠤᠯᠢ ᠶᠢᠨ ᠪᠠᠭ ᠵᠢᠴᠢ ᠡᠩ ᠤᠨ ᠪᠠᠭᠰᠢ ᠨᠠᠷ ᠬᠠᠮᠲᠤ ᠪᠠᠷ ᠣᠷᠣᠯᠴᠠᠵᠤ᠂ 21 ᠤᠳᠠᠭ᠎ᠠ | ᠶᠠᠷᠢᠯᠴᠠᠬᠤ ᠬᠤᠷᠠᠯ ᠬᠤᠷᠠᠯᠳᠤᠭᠤᠯᠵᠤ᠂ 700 ᠭᠠᠷᠤᠶ ᠪᠠᠭᠰᠢ ᠣᠷᠣᠯᠴᠠᠵᠠᠶ᠃ | | ᠪᠠᠶᠢᠴᠠᠭᠠᠨ ᠰᠤᠳᠤᠯᠬᠤ ᠳᠤᠭᠤᠶᠢᠯᠠᠩ ᠤᠨ ᠬᠢᠨ ᠰᠤᠷᠭᠠᠭᠤᠯᠢ ᠶᠢᠨ ︽ᠰᠤᠷᠭᠠᠨ ᠬᠥᠮᠦᠵᠢᠯ ᠤᠨ ᠶᠠᠰᠤ ᠴᠢᠨᠠᠷ ᠢ | ᠳᠡᠭᠡᠭᠰᠢᠯᠡᠭᠦᠯᠵᠦ᠂ ᠠᠷᠠᠳ ᠲᠦᠮᠡᠨ ᠤ ᠰᠠᠨᠠᠭᠠᠨ ᠳᠤ ᠨᠡᠶᠢᠴᠡᠭᠰᠡᠨ ᠰᠤᠷᠭᠠᠨ ᠬᠥᠮᠦᠵᠢᠯ ᠢ ᠡᠷᠭᠢᠯᠡᠬᠦ︾ ᠲᠤᠬᠠᠶ ᠶᠡᠭᠡ | ᠶᠠᠷᠢᠯᠴᠠᠭᠠᠨ ᠤ ᠠᠵᠢᠯᠯᠠᠭ᠎ᠠ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠵᠢᠴᠢ ᠰᠤᠷᠭᠠᠭᠤᠯᠢ ᠶᠢᠨ ᠵᠢᠭᠠᠨ | ᠰᠤᠷᠭᠠᠯᠲᠠ ᠶᠢᠨ ᠠᠵᠢᠯ ᠤᠨ ᠬᠠᠷᠢᠭᠤ ᠮᠡᠳᠡᠭᠦᠯᠦᠯᠲᠡ ᠶᠢ ᠲᠣᠰ ᠲᠣᠰ ᠰᠣᠨᠣᠰᠪᠠ᠃ ᠬᠠᠷᠢᠭᠤ ᠮᠡᠳᠡᠭᠦᠯᠦᠯᠲᠡ ᠶᠢᠨ | ᠳᠤᠮᠳᠠ ᠡᠯ᠎ᠡ ᠰᠤᠷᠭᠠᠭᠤᠯᠢ ᠶᠢᠨ ᠬᠢᠨ ᠪᠣᠳᠠᠲᠠᠶ ᠪᠠᠷ ᠪᠣᠳᠠᠲᠠᠶ ᠪᠣᠯᠭᠠᠵᠤ᠂ ᠪᠣᠳᠠᠲᠤ ᠵᠢᠱᠢᠶ᠎ᠡ ᠪᠠ ᠲᠤᠭ᠎ᠠ ᠪᠠᠷᠢᠮᠲᠠ | ᠪᠠᠷ ᠰᠤᠷᠭᠠᠭᠤᠯᠢ ᠶᠢᠨ ᠣᠳᠣᠬᠢ ᠪᠠᠶᠢᠳᠠᠯ ᠪᠠ ᠴᠡᠭᠴᠡᠯᠡᠨ ᠰᠠᠶᠢᠵᠢᠷᠠᠭᠤᠯᠬᠤ ᠴᠢᠬᠤᠯᠠᠲᠠᠶ ᠠᠰᠠᠭᠤᠳᠠᠯ ᠢ ᠵᠠᠳᠠᠯᠤᠨ | ᠰᠢᠨᠵᠢᠯᠡᠵᠦ ᠪᠣᠯᠤᠨ᠎ᠠ᠃ ᠪᠠᠶᠢᠴᠠᠭᠠᠨ ᠰᠤᠳᠤᠯᠬᠤ ᠳᠤᠭᠤᠶᠢᠯᠠᠩ ᠤᠨ ᠬᠢᠨ ᠰᠤᠷᠤᠯᠭ᠎ᠠ ᠶᠢᠨ ᠬᠦᠴᠢᠷᠳᠡᠯ ᠲᠠᠢ | ᠰᠣᠷᠣᠭᠴᠢ ᠶᠢ ᠬᠤᠪᠢᠷᠠᠭᠤᠯᠬᠤ᠂ ᠰᠤᠷᠭᠠᠭᠤᠯᠢ ᠶᠢᠨ ᠥᠪᠡᠷ ᠤᠨ ᠬᠢᠴᠢᠶᠡᠯ ᠬᠥᠮᠦᠵᠢᠯ ᠤᠨ ᠰᠤᠳᠤᠯᠭᠠᠨ᠂ ᠵᠠᠯᠠᠭᠤ | ᠪᠠᠭᠰᠢ ᠶᠢ ᠬᠥᠮᠦᠵᠢᠭᠦᠯᠬᠦ᠂ ᠠᠮᠠᠷᠠᠯᠲᠠ ᠶᠢᠨ ᠬᠤᠭᠤᠴᠠᠭᠠᠨ ᠤ ᠠᠵᠢᠯ ᠤᠨ ᠲᠣᠬᠢᠷᠠᠭᠤᠯᠤᠯᠲᠠ ᠵᠡᠷᠭᠡ ᠭᠤᠤᠯᠳᠠᠯᠭ᠎ᠠ | ᠲᠠᠢ ᠠᠰᠠᠭᠤᠳᠠᠯ ᠳᠤ ᠴᠢᠭᠯᠡᠭᠦᠯᠦᠨ ᠰᠤᠷᠭᠠᠭᠤᠯᠢ ᠲᠠᠢ ᠶᠠᠷᠢᠯᠴᠠᠵᠤ᠂ ᠰᠤᠷᠭᠠᠭᠤᠯᠢ ᠶᠢ ᠬᠠᠪᠰᠤᠷᠤᠨ ᠰᠡᠳᠬᠢᠮᠵᠢ | ᠶᠢ ᠨᠢ ᠲᠣᠳᠣᠷᠬᠠᠶ ᠪᠣᠯᠭᠠᠵᠤ᠂ ᠠᠰᠠᠭᠤᠳᠠᠯ ᠢ ᠨᠢ ᠡᠮᠬᠢᠯᠡᠨ ᠳᠢᠭᠯᠡᠵᠦ᠂ ᠡᠯ᠎ᠡ ᠰᠤᠷᠭᠠᠭᠤᠯᠢ ᠶᠢᠨ ᠰᠤᠷᠭᠠᠨ | ᠬᠥᠮᠦᠵᠢᠯ ᠤᠨ ᠶᠠᠰᠤ ᠴᠢᠨᠠᠷ ᠢ ᠳᠡᠭᠡᠭᠰᠢᠯᠡᠭᠦᠯᠬᠦ ᠳᠤ ᠰᠢᠨ᠎ᠡ ᠠᠷᠭ᠎ᠠ ᠰᠦᠪᠡᠭᠴᠢᠯᠡᠨ ᠥᠭᠴᠡᠶ᠃ | | ᠲᠣᠰ ᠤᠳᠠᠭᠠᠨ ᠤ ᠪᠠᠶᠢᠴᠠᠭᠠᠨ ᠰᠤᠳᠤᠯᠤᠯᠲᠠ ᠨᠢ ᠪᠥᠬᠦ ᠬᠤᠲᠠ ᠶᠢᠨ ᠰᠤᠷᠭᠠᠨ ᠬᠥᠮᠦᠵᠢᠯ ᠤᠨ ᠰᠢᠰᠲ᠋ᠧᠮ ᠤᠨ | ᠥᠷᠭᠡᠨ ᠣᠯᠠᠨ ᠨᠠᠮ ᠤᠨ ᠭᠡᠰᠢᠭᠦᠨ ᠺᠠᠳ᠋ᠷ᠂ ᠤᠳᠤᠷᠢᠳᠬᠤ ᠪᠠᠭᠰᠢ ᠶᠢᠨ ︽ᠶᠠᠰᠤ ᠴᠢᠨᠠᠷ ᠢᠶᠠᠷ ᠰᠤᠷᠭᠠᠭᠤᠯᠢ | ᠪᠠᠶᠢᠭᠤᠯᠬᠤ︾ ᠬᠠᠷᠢᠭᠤᠴᠠᠯᠭᠠᠲᠤ ᠤᠬᠠᠮᠰᠠᠷ ᠢ ᠤᠯᠠᠮ ᠨᠢᠭᠡ ᠠᠯᠬᠤᠮ ᠴᠢᠩᠭᠠᠳᠬᠠᠵᠤ᠂ ᠦᠨᠳᠦᠰᠦᠨ ᠱᠠᠲᠤᠨ ᠤ | ᠪᠠᠭᠰᠢ ᠰᠤᠷᠤᠭᠴᠢᠳ ᠤᠨ ᠬᠦᠰᠡᠯ ᠱᠠᠭᠠᠷᠳᠠᠯᠭ᠎ᠠ ᠶᠢ ᠰᠣᠨᠣᠰᠴᠤ᠂ ᠣᠳᠣᠬᠠᠨ ᠳᠤ ᠣᠷᠣᠰᠢᠵᠤ ᠪᠠᠶᠢᠭ᠎ᠠ ᠠᠰᠠᠭᠤᠳᠠᠯ | ᠢ ᠣᠨᠣᠪᠴᠢᠲᠠᠶ ᠡᠷᠢᠨ ᠣᠯᠵᠤ᠂ ᠰᠤᠷᠭᠠᠨ ᠬᠥᠮᠦᠵᠢᠯ ᠤᠨ ᠰᠢᠢᠳᠪᠦᠷᠢᠲᠤ ᠪᠣᠳᠣᠯᠭ᠎ᠠ ᠲᠣᠭᠲᠠᠭᠠᠬᠤ ᠳᠤ | ᠯᠠᠪᠳᠠᠭᠤᠨ ᠪᠠᠲᠤᠲᠠᠶ ᠯᠠᠪᠯᠠᠯᠲᠠ ᠶᠢᠨ ᠦᠨᠳᠦᠰᠦᠯᠡᠯ ᠬᠠᠩᠭᠠᠵᠤ᠂ ᠶᠡᠭᠡ ᠬᠡᠮᠵᠢᠶᠡᠨ ᠤ ᠠᠩᠬᠠᠨ ᠤ ᠮᠠᠲ᠋ᠧᠷᠢᠶᠠᠯ ᠢ | ᠬᠤᠷᠠᠮᠳᠤᠭᠤᠯᠵᠠᠶ᠃ ᠰᠤᠷᠭᠠᠨ ᠬᠥᠮᠦᠵᠢᠯ ᠤᠨ ᠲᠣᠪᠴᠢᠶ᠎ᠠ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ | ᠪᠠᠷᠢᠮᠲᠠᠯᠠᠨ᠂ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠬᠦ ᠰᠢᠢᠳᠪᠦᠷᠢᠯᠡᠬᠦ ᠲᠥᠰᠦᠯ ᠢ ᠲᠣᠭᠲᠠᠭᠠᠵᠤ᠂ | ᠰᠤᠷᠭᠠᠭᠤᠯᠢ ᠶᠢᠨ ᠬᠥᠭᠵᠢᠯᠲᠡ ᠳᠤ ︽ᠴᠢᠭᠯᠡᠯ ᠢ ᠣᠨᠣᠪᠴᠢᠲᠠᠶ ᠡᠷᠢᠨ ᠥᠭᠴᠦ᠂ ᠠᠷᠭ᠎ᠠ ᠬᠡᠮᠵᠢᠶ᠎ᠡ ᠶᠢ ᠣᠨᠣᠪᠴᠢᠲᠠᠶ | ᠡᠷᠢᠨ ᠥᠭᠴᠦ᠂ ᠲᠥᠯᠥᠪᠵᠢᠭᠦᠯᠭᠡ ᠶᠢ ᠣᠨᠣᠪᠴᠢᠲᠠᠶ ᠡᠷᠢᠨ ᠥᠭᠴᠦ︾᠂ ᠪᠠᠭᠰᠢ ᠨᠠᠷ ᠲᠤ ︽ᠠᠷᠭ᠎ᠠ ᠶᠢ | ᠣᠨᠣᠪᠴᠢᠲᠠᠶ ᠡᠷᠢᠨ ᠥᠭᠴᠦ᠂ ᠠᠷᠭ᠎ᠠ ᠵᠠᠮ ᠢ ᠣᠨᠣᠪᠴᠢᠲᠠᠶ ᠡᠷᠢᠨ ᠥᠭᠴᠦ᠂ ᠠᠷᠭ᠎ᠠ ᠵᠠᠮ ᠢ ᠣᠨᠣᠪᠴᠢᠲᠠᠶ ᠡᠷᠢᠨ | ᠥᠭᠴᠦ︾ ᠥᠭᠭᠦᠨ᠎ᠡ᠃ |