ᠡᠭᠡ ᠣᠷᠣᠨᠴᠢ ᠡᠷᠡᠭᠦᠯ ᠬᠠᠮᠠᠭᠠᠯᠠᠯ ᠤᠨ ᠬᠥᠳᠡᠯᠭᠡᠭᠡᠨ ᠤ ᠦᠷ᠎ᠡ ᠪᠦᠲᠦᠭᠡᠯ ᠢ ᠤᠯᠠᠮ ᠨᠢᠭᠡ ᠠᠯᠬᠤᠮ ᠪᠠᠬᠢᠵᠢᠭᠦᠯᠵᠦ᠂ ᠡᠭᠡ ᠣᠷᠣᠨᠴᠢ ᠡᠷᠡᠭᠦᠯ ᠬᠠᠮᠠᠭᠠᠯᠠᠯ ᠤᠨ | ᠠᠵᠢᠯ ᠢ ᠰᠠᠶᠢᠲᠤᠷ ᠬᠢᠵᠦ᠂ ᠬᠠᠯᠳᠠᠪᠤᠷᠢᠲᠤ ᠡᠪᠡᠳᠴᠢᠨ ᠤ ᠡᠭᠦᠰᠬᠦ ᠪᠠ ᠳᠡᠯᠭᠡᠷᠡᠬᠦ ᠶᠢ ᠰᠡᠷᠭᠡᠶᠢᠯᠡᠬᠦ ᠶᠢᠨ ᠲᠥᠯᠥᠭᠡ᠂ ᠣᠶᠢᠷ᠎ᠠ ᠶᠢᠨ ᠡᠳᠦᠷ ᠤᠳ ᠲᠤ᠂ ᠵᠠᠯᠠᠨ | ᠠᠶᠢᠯ ᠬᠤᠲᠠ ᠶᠢᠨ ᠰᠢᠶᠠᠩ ᠶᠠᠩ ᠵᠡᠭᠡᠯᠢ ᠭᠤᠳᠤᠮᠵᠢ ᠶᠢᠨ ᠠᠵᠢᠯᠲᠠᠳ ᠪᠠ ᠰᠠᠶᠢᠨ ᠳᠤᠷ᠎ᠠ ᠶᠢᠨ ᠠᠵᠢᠯᠯᠠᠭᠴᠢᠳ ᠢ ᠵᠣᠬᠢᠶᠠᠨ ᠪᠠᠶᠢᠭᠤᠯᠤᠨ ︽ᠳᠥᠷᠪᠡᠨ | ᠬᠤᠤᠷᠲᠠᠨ ᠢ ᠠᠷᠢᠯᠭᠠᠬᠤ︾ ᠠᠵᠢᠯᠯᠠᠭ᠎ᠠ ᠥᠷᠨᠢᠭᠦᠯᠪᠡ᠃ | ᠠᠭᠤᠷ ᠠᠮᠢᠰᠬᠤᠯ ᠠᠭᠠᠵᠢᠮ ᠢᠶᠠᠷ ᠬᠦᠢᠲᠡᠷᠡᠬᠦ ᠶᠢ ᠳᠠᠭᠠᠯᠳᠤᠨ᠂ ᠪᠠᠶᠢᠰᠢᠩ ᠬᠡᠷ ᠤᠨ ᠲᠣᠭᠤᠷᠢᠭ ᠲᠠᠬᠢ ᠬᠤᠯᠤᠭᠠᠨ᠎ᠠ ᠤᠯᠠᠮ ᠢᠶᠠᠷ ᠣᠯᠠᠰᠢᠷᠠᠵᠤ᠂ ᠰᠠᠭᠤᠭᠠᠯᠢ | ᠠᠷᠠᠳ ᠤᠨ ᠡᠷᠡᠭᠦᠯ ᠮᠡᠨᠳᠦ ᠠᠮᠢᠳᠤᠷᠠᠯ ᠳᠤ ᠠᠰᠢᠭ ᠥᠬᠡᠶ ᠪᠣᠯᠵᠠᠶ᠃ ᠠᠵᠢᠯᠲᠠᠳ ᠪᠣᠯᠤᠨ ᠰᠠᠶᠢᠨ ᠳᠤᠷ᠎ᠠ ᠶᠢᠨ ᠠᠵᠢᠯᠯᠠᠭᠰᠠᠳ ᠬᠠᠷᠢᠶ᠎ᠠ ᠣᠷᠣᠨ ᠤ ᠪᠠᠨ ᠰᠠᠭᠤᠭᠠᠯᠢ | ᠠᠷᠠᠳ ᠲᠤ ᠬᠤᠯᠤᠭᠠᠨ᠎ᠠ ᠠᠯᠠᠬᠤ ᠡᠮ᠂ ᠵᠣᠤᠮ᠎ᠠ ᠬᠤᠷᠣᠬᠠᠶ ᠶᠢ ᠠᠷᠢᠯᠭᠠᠬᠤ ᠵᠡᠷᠭᠡ ᠬᠤᠷᠣᠬᠠᠶ ᠠᠯᠠᠬᠤ ᠥᠭᠶᠥᠭᠡ ᠶᠢᠨ ᠡᠮ ᠢ ᠦᠨ᠎ᠡ ᠲᠥᠯᠥᠪᠦᠷᠢ ᠦᠭᠡᠶ ᠪᠠᠷ | ᠲᠦᠭᠡᠭᠡᠵᠦ᠂ ᠡᠮ ᠤᠨ ᠨᠠᠶᠢᠷᠠᠯᠭ᠎ᠠ ᠶᠢ ᠵᠥᠪ ᠲᠠᠯᠪᠢᠬᠤ ᠪᠠ ᠠᠩᠬᠠᠷᠬᠤ ᠵᠦᠢᠯ ᠢ ᠰᠠᠭᠤᠭᠠᠯᠢ ᠠᠷᠠᠳ ᠲᠤ ᠮᠡᠳᠡᠭᠳᠡᠵᠡᠶ᠂ ᠨᠡᠶᠢᠭᠡᠮ ᠲᠣᠭᠤᠷᠢᠭ ᠤᠨ ᠬᠢᠨ ᠰᠠᠭᠤᠭᠠᠯᠢ | ᠠᠷᠠᠳ ᠤᠨ ᠸᠢᠴᠠᠲ ᠤᠨ ᠪᠦᠯᠦᠭ ᠢᠶᠠᠷ ᠳᠠᠮᠵᠢᠭᠤᠯᠤᠨ ᠬᠠᠯᠠᠭᠤᠨ ᠳᠣᠲᠣᠨᠣ ᠰᠠᠨᠠᠭᠤᠯᠤᠮᠵᠢ ᠥᠭᠴᠦ᠂ ᠬᠤᠯᠤᠭᠠᠨ᠎ᠠ ᠶᠢᠨ ᠡᠮ ᠲᠠᠯᠪᠢᠬᠤ ᠶᠢᠨ ᠵᠡᠷᠭᠡ ᠳᠤ | ᠬᠡᠦᠬᠡᠳ ᠢ ᠰᠠᠶᠢᠲᠤᠷ ᠬᠠᠷᠠᠵᠤ᠂ ᠡᠩᠬᠦᠷᠡᠶ ᠠᠮᠢᠲᠠᠨ ᠢ ᠰᠠᠶᠢᠲᠤᠷ ᠬᠠᠮᠢᠶᠠᠷᠴᠤ᠂ ᠠᠳᠡᠭᠦᠷᠡᠨ ᠢᠳᠡᠵᠦ ᠬᠤᠣᠷᠳᠠᠭᠳᠠᠬᠤ ᠠᠴᠠ ᠰᠡᠷᠭᠡᠶᠢᠯᠡᠬᠦ ᠬᠡᠷᠡᠭᠲᠡᠶ ᠭᠡᠵᠦ | ᠰᠠᠭᠤᠭᠠᠯᠢ ᠠᠷᠠᠳ ᠲᠤ ᠰᠠᠨᠠᠭᠤᠯᠵᠤ ᠪᠠᠶᠢᠨ᠎ᠠ᠃ ᠠᠵᠢᠯᠲᠠᠳ ᠪᠠᠰᠠ ᠰᠠᠭᠤᠭᠠᠯᠢ ᠠᠷᠠᠳ ᠲᠤ ︽ᠲᠦᠷᠪᠡᠨ ᠬᠤᠤᠷᠳᠠᠨ ᠢ ᠠᠷᠢᠯᠭᠠᠬᠤ︾ ᠤᠬᠠᠭᠤᠯᠭ᠎ᠠ ᠶᠢᠨ ᠠᠵᠢᠯ | ᠬᠢᠵᠦ᠂ ᠰᠠᠭᠤᠭᠠᠯᠢ ᠠᠷᠠᠳ ᠤᠨ ︽ᠲᠦᠷᠪᠡᠨ ᠬᠤᠤᠷᠳᠠᠨ︾ ᠤ ᠡᠪᠡᠳᠴᠢᠨ ᠡᠮᠭᠡᠭ ᠲᠠᠷᠬᠠᠭᠠᠬᠤ ᠬᠤᠣᠷ ᠬᠥᠨᠥᠭᠡᠯ ᠤᠨ ᠲᠤᠬᠠᠶ ᠲᠠᠨᠢᠯᠲᠠ ᠪᠠ ᠥᠪᠡᠷ ᠢ ᠪᠠᠨ | ᠰᠡᠷᠭᠡᠶᠢᠯᠡᠬᠦ ᠤᠬᠠᠮᠰᠠᠷ ᠢ ᠳᠡᠭᠡᠭᠰᠢᠯᠡᠭᠦᠯᠪᠡ᠃ | ᠲᠣᠰ ᠤᠳᠠᠭᠠᠨ ᠤ ᠠᠵᠢᠯᠯᠠᠭ᠎ᠠ ᠨᠢ ᠰᠠᠭᠤᠭᠠᠯᠢ ᠠᠷᠠᠳ ᠲᠤ ︽ᠳᠥᠷᠪᠡᠨ ᠬᠤᠤᠷ︾ ᠤᠨ ᠡᠪᠡᠳᠴᠢᠨ ᠡᠮᠭᠡᠭ ᠢ ᠤᠷᠢᠳᠴᠢᠯᠠᠨ ᠰᠡᠷᠭᠡᠶᠢᠯᠡᠬᠦ ᠮᠡᠳᠡᠯᠭᠡ ᠶᠢ | ᠡᠵᠡᠮᠰᠢᠭᠦᠯᠵᠦ᠂ ᠰᠠᠭᠤᠭᠠᠯᠢ ᠠᠷᠠᠳ ᠢ ᠰᠠᠨᠠᠭᠠᠴᠢᠯᠠᠭ᠎ᠠ ᠠᠴᠠ ᠪᠠᠨ ᠡᠷᠡᠭᠦᠯ ᠡᠩᠬᠡ ᠣᠷᠴᠢᠨ ᠲᠣᠭᠤᠷᠢᠨ ᠢ ᠡᠭᠦᠳᠦᠨ ᠪᠠᠶᠢᠭᠤᠯᠬᠤ ᠠᠵᠢᠯ ᠳᠤ ᠣᠷᠣᠯᠴᠠᠭᠤᠯᠵᠤ᠂ | ᠠᠷᠢᠭᠤᠨ ᠴᠡᠪᠡᠷ ᠭᠤᠶᠢᠳᠠ ᠰᠠᠶᠢᠬᠠᠨ ᠠᠮᠢᠳᠤᠷᠠᠯ ᠤᠨ ᠣᠷᠴᠢᠨ ᠲᠣᠭᠤᠷᠢᠨ ᠢ ᠬᠠᠮᠲᠤ ᠪᠠᠷ ᠪᠣᠶ ᠪᠣᠯᠭᠠᠵᠠᠶ᠃ |