ᠵᠠᠯᠠᠨ ᠠᠶᠢᠯ ᠬᠤᠲᠠ ᠶᠢᠨ ᠰᠢᠨ᠎ᠡ ᠬᠤᠲᠠ‌‍ᠶᠢᠨ ᠲᠥᠪᠯᠡᠷᠡᠭᠦᠯᠦᠨ ᠢᠯᠴᠢ ᠬᠠᠩᠭᠠᠬᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠡᠵᠡᠩᠨᠡᠯᠲᠡ ᠶᠢᠨ ᠥᠪᠡᠷ ᠤᠨ ᠥᠷᠲᠡᠭ
ᠨᠡᠶᠢᠲᠡᠯᠡᠭᠰᠡᠨ ᠴᠠᠭ᠄
2023/9/1
ᠨᠢᠭᠡ᠂ ᠠᠵᠤ ᠠᠬᠤᠶᠢᠯᠠᠯ ᠤᠨ ᠲᠦᠢᠮᠣ ᠪᠠᠶᠢᠳᠠᠯ      ᠵᠠᠯᠠᠨ ᠠᠶᠢᠯ ᠬᠤᠲᠠ ᠶᠢᠨ ᠰᠢᠨ ᠴᠧᠩ ᠲᠥᠪᠯᠡᠷᠡᠭᠦᠯᠦᠨ ᠢᠯᠴᠢ ᠬᠠᠩᠭᠠᠬᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢ 2010 ᠣᠨ ᠤ 12 ᠰᠠᠷ᠎ᠠ ᠶᠢᠨ 03      ᠤ ᠡᠳᠦᠷ ᠳᠠᠩᠰᠠᠯᠠᠭᠤᠯᠤᠨ ᠪᠠᠶᠢᠭᠤᠯᠵᠤ᠂ ᠭᠤᠤᠯ ᠡᠵᠡᠩᠨᠡᠯᠲᠡ ᠶᠢᠨ ᠬᠦᠷᠢᠶ᠎ᠡ ᠬᠡᠪᠴᠢᠶ᠎ᠡ᠄ ᠢᠯᠴᠢ ᠶᠢᠨ ᠬᠦᠴᠦᠨ ᠤ ᠦᠢᠯᠡᠳᠪᠦᠷᠢᠯᠡᠯ ᠪᠣᠷᠣᠯᠠᠭᠤᠯᠤᠯᠲᠠ ᠂ ᠡᠵᠡᠩᠨᠡᠯᠲᠡ ᠶᠢᠨ ᠲᠥᠷᠥᠯ ᠬᠡᠯᠪᠡᠷᠢ᠄ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ ᠡᠵᠡᠩᠨᠡᠯᠲᠡ ᠶᠢᠨ ᠣᠷᠣᠨ ᠰᠠᠭᠤᠴᠠ᠄ ᠵᠠᠯᠠᠨ ᠠᠶᠢᠯ ᠬᠤᠲᠠ ᠶᠢᠨ ᠰᠢᠨ ᠴᠢᠶᠣᠤ ᠪᠠᠷᠠᠭᠤᠨ ᠵᠡᠭᠡᠯᠢ ᠶᠢᠨ ᠡᠮᠦᠨ᠎ᠡ ᠶᠠᠯᠦ ᠭᠤᠤᠯ ᠤᠨ ᠡᠯ ᠳ᠋ᠤᠤ ᠪᠠ ᠰᠢ᠃      ᠣᠳᠣᠬᠠᠨ ᠳᠤ 58MW ᠲᠣᠭᠤᠭ᠎ᠠ 3᠂ 116MW ᠲᠣᠭᠤᠭ᠎ᠠ 1 ᠪᠣᠶ︔ ᠢᠯᠴᠢ ᠰᠣᠯᠢᠯᠴᠠᠬᠤ ᠦᠷᠳᠡᠭᠡ 78᠂ 116 ᠢᠵᠢ ᠮᠠᠰᠢᠨ ᠴᠣᠭᠴᠠᠯᠠᠪᠤᠷᠢ︔ ᠬᠤᠭᠤᠯᠠᠶ ᠶᠢᠨ ᠲᠣᠣᠷ ᠳᠡᠪᠢᠰᠦᠭᠰᠡᠨ ᠤᠷᠳᠦ ᠶᠢᠨ ᠬᠡᠮᠵᠢᠶ᠎ᠡ ᠨᠢ 86.15 K.M ᠪᠣᠯᠤᠨ᠎ᠠ︔ 10 ᠭᠠᠷᠤᠶ ᠲᠦᠮᠡᠨ ᠲᠡᠭᠰᠢ ᠳᠥᠷᠪᠡᠯᠵᠢᠨ ᠮᠧᠲᠷ ᠲᠠᠯᠠᠪᠠᠶ ᠲᠠᠢ᠂ 450 ᠲᠦᠮᠡᠨ ᠲᠡᠭᠰᠢ ᠳᠥᠷᠪᠡᠯᠵᠢᠨ ᠮᠧᠲᠷ ᠢᠯᠴᠢ ᠬᠠᠩᠭᠠᠬᠤ ᠲᠠᠯᠠᠪᠠᠶ ᠲᠠᠢ᠃ ᠵᠢᠯ ᠤᠨ ᠳᠤᠯᠠᠭᠠᠯᠭ᠎ᠠ ᠶᠢᠨ ᠬᠤᠭᠤᠴᠠᠭ᠎ᠠ ᠨᠢ 7 ᠰᠠᠷ᠎ᠠ ᠪᠣᠯᠤᠨ᠎ᠠ᠃      2022 ᠣᠨ ᠤ ᠡᠴᠦᠰ ᠪᠣᠯᠲᠠᠯ᠎ᠠ ᠠᠵᠤ ᠠᠬᠤᠶᠢᠯᠠᠯ ᠤᠨ ᠠᠵᠢᠯᠲᠠᠨ ᠠᠵᠢᠯᠴᠢᠨ ᠤ ᠲᠤᠭ᠎ᠠ 231 ᠬᠥᠮᠦᠨ ᠪᠠᠶᠢᠵᠤ᠂ ᠺᠣᠮᠫᠠᠨᠢ ᠶᠢᠨ ᠳᠠᠩᠰᠠᠯᠠᠭᠤᠯᠤᠭᠰᠠᠨ ᠬᠥᠷᠥᠩᠭᠡ᠄ ᠠᠷᠠᠳ ᠤᠨ ᠵᠣᠭᠤᠰ ᠢᠶᠠᠷ ᠨᠢᠭᠡ ᠳ᠋ᠦᠩᠰᠢᠭᠤᠷ ᠬᠤᠶᠠᠷ ᠮᠢᠩᠭ᠎ᠠ ᠬᠤᠶᠠᠷ  ᠵᠠᠭᠤ ᠵᠢᠷᠠᠨ ᠵᠢᠷᠭᠤᠭᠠᠨ ᠲᠦᠮᠡ︔ ᠠᠵᠤ ᠠᠬᠤᠶᠢᠯᠠᠯ ᠤᠨ ᠪᠠᠯᠠ ᠬᠥᠷᠥᠩᠭᠡ ᠶᠢᠨ ᠪᠥᠬᠦ ᠲᠤᠭ᠎ᠠ 55941 ᠲᠦᠮᠡᠨ ᠲᠥᠭᠦᠷᠢᠭ ᠲᠤ ᠬᠦᠷᠴᠦ᠂ ᠢᠯᠴᠢ ᠬᠠᠩᠭᠠᠭᠰᠠᠨ ᠨᠡᠶᠢᠲᠡ 2714 ᠲᠦᠮᠡᠨ ᠲᠥᠭᠦᠷᠢᠭ ᠤᠨ ᠠᠯᠳᠠᠭᠳᠠᠯ ᠲᠠᠢ ᠪᠣᠯᠪᠠ᠃ᠬᠤᠶᠠᠷ᠂ ᠠᠵᠤ ᠠᠬᠤᠶᠢᠯᠠᠯ ᠤᠨ ᠦᠢᠯᠡᠳᠪᠦᠷᠢᠯᠡᠯ ᠡᠵᠡᠩᠨᠡᠯᠲᠡ ᠶᠢᠨ ᠪᠠᠶᠢᠳᠠᠯ     1.ᠦᠢᠯᠡᠳᠪᠦᠷᠢᠯᠡᠯ ᠤᠨ ᠭᠦᠢᠴᠡᠳᠬᠡᠬᠦ ᠲᠤᠭ᠎ᠠ ᠶᠢ ᠪᠡᠶᠡᠯᠡᠭᠦᠯᠦᠭᠰᠡᠨ ᠪᠠᠶᠢᠳᠠᠯ     2020 ᠣᠨ ᠤ ᠵᠢᠯ ᠤᠨ ᠳᠤᠮᠳᠠᠴᠢ ᠢᠯᠴᠢ ᠬᠠᠩᠭᠠᠬᠤ ᠲᠠᠯᠠᠪᠠᠢ 394 ᠲᠦᠮᠡᠨ ᠲᠡᠭᠰᠢ  ᠲᠦᠷᠪᠡᠯᠵᠢᠨ ᠮᠧᠲᠷ ᠲᠤ ᠬᠦᠷᠴᠦ᠂ 275.8 ᠲᠦᠮᠡᠨ ᠵᠢᠢ ᠵᠢᠶᠤᠤ ᠢᠯᠴᠢ ᠶᠢᠨ ᠬᠡᠮᠵᠢ᠊ ᠡᠶ᠎ᠡ ᠬᠤᠳᠠᠯᠳᠤᠨ᠎ᠠ᠃     2021 ᠣᠨ ᠤ ᠳᠤᠮᠳᠠᠴᠢ ᠢᠯᠴᠢ ᠬᠠᠩᠭᠠᠬᠤ ᠲᠠᠯᠠᠪᠠᠶ ᠨᠢ 404 ᠲᠦᠮᠡᠨ ᠲᠡᠭᠰᠢ ᠳᠥᠷᠪᠡᠯᠵᠢᠨ ᠮᠧᠲᠷ ᠲᠤ ᠬᠦᠷᠴᠦ᠂ 280.09 ᠲᠦᠮᠡᠨ ᠵᠢᠶ ᠵᠢᠶᠤᠤ ᠢᠯᠴᠢ ᠶᠢᠨ ᠬᠡᠮᠵᠢᠶ᠎ᠡ ᠬᠤᠳᠠᠯᠳᠤᠭᠰᠠᠨ ᠪᠠᠶᠢᠨ᠎ᠠ᠃     2022 ᠣᠨ ᠤ ᠵᠢᠯ ᠤᠨ ᠳᠤᠮᠳᠠᠴᠢ ᠢᠯᠴᠢ ᠬᠠᠩᠭᠠᠬᠤ ᠲᠠᠯᠠᠪᠠᠶ 422 ᠲᠦᠮᠡᠨ ᠲᠡᠭᠰᠢ ᠳᠥᠷᠪᠡᠯᠵᠢᠨ ᠮᠧᠲᠷ ᠲᠤ ᠬᠦᠷᠴᠦ᠂ 290.75 ᠲᠦᠮᠡᠨ ᠵᠢᠶ ᠵᠢᠶᠤᠤ ᠢᠯᠴᠢ ᠶᠢᠨ ᠬᠡᠮᠵᠢᠶ᠎ᠡ ᠬᠤᠳᠠᠯᠳᠤᠪᠠ᠃     2. ᠪᠡᠯᠡ ᠮᠥᠩᠭᠦ ᠶᠢᠨ ᠣᠷᠣᠭᠤᠯᠤᠯᠲᠠ ᠶᠢᠨ ᠪᠠᠶᠢᠳᠠᠯ     ᠢᠯᠴᠢ ᠶᠢᠨ ᠡᠬᠢ ᠰᠤᠷᠪᠤᠯᠵᠢ ᠶᠢᠨ ᠨᠢᠭᠡᠳᠦᠭᠡᠷ ᠬᠤᠭᠤᠴᠠᠭᠠᠨ ᠤ ᠢᠨᠵᠧᠨᠧᠷᠢᠩ ᠢ 2011 ᠣᠨ ᠳᠤ ᠪᠠᠯᠠ ᠣᠷᠣᠭᠤᠯᠤᠨ ᠪᠥᠲᠥᠭᠡᠨ ᠪᠠᠶᠢᠭᠤᠯᠵᠤ᠂ ᠲᠣᠰ ᠵᠢᠯ ᠳᠤ ᠠᠰᠢᠭᠯᠠᠯᠲᠠ ᠳᠤ ᠣᠷᠣᠭᠤᠯᠤᠨ᠂ ᠨᠢᠭᠡᠨᠲᠡ 12 ᠵᠢᠯ ᠳᠠᠷᠠᠭᠠᠯᠠᠨ ᠠᠮᠤᠷ ᠲᠦᠪᠰᠢᠨ ᠢᠶᠠᠷ ᠠᠵᠢᠯᠯᠠᠵᠠᠶ᠃ ᠠᠶᠤᠯᠭᠦᠶ ᠪᠥᠭᠡᠳ ᠴᠢᠨᠠᠷ ᠰᠠᠶᠢᠲᠠᠶ ᠳᠤᠯᠠᠭᠠᠯᠭ᠎ᠠ ᠶᠢ ᠪᠠᠲᠤᠯᠠᠬᠤ ᠶᠢᠨ ᠲᠥᠯᠥᠭᠡ᠂ ᠺᠣᠮᠫᠠᠨᠢ ᠠᠴᠠ ᠬᠠᠭᠤᠴᠢᠨ ᠢᠯᠴᠢ ᠶᠢᠨ ᠲᠣᠤᠷ ᠢ ᠰᠢᠨᠡᠳᠬᠡᠨ ᠥᠭᠡᠷᠡᠴᠢᠯᠡᠵᠦ ᠪᠠᠶᠢᠨ᠎ᠠ᠃ ᠢᠯᠴᠢ ᠶᠢᠨ ᠰᠤᠷᠪᠤᠯᠵᠢ ᠶᠢᠨ ᠢᠨᠵᠧᠨᠧᠷᠢᠩ ᠵᠢᠴᠢ ᠢᠯᠴᠢ ᠬᠠᠩᠭᠠᠬᠤ ᠬᠤᠭᠤᠯᠠᠶ ᠶᠢᠨ ᠲᠣᠣᠷ ᠢ ᠬᠠᠮᠠᠭᠠᠯᠠᠨ ᠥᠭᠡᠷᠡᠴᠢᠯᠡᠬᠦ ᠣᠷᠣᠭᠤᠯᠤᠯᠲᠠ ᠶᠢ ᠵᠢᠯ ᠳᠠᠷᠠᠭᠠᠯᠠᠨ ᠨᠡᠮᠡᠭᠳᠡᠭᠦᠯᠪᠡ᠃ ᠬᠤᠳᠠ ᠶᠢᠨ ᠬᠥᠭᠵᠢᠯᠲᠡ ᠶᠢᠨ ᠬᠡᠷᠡᠭᠴᠡᠭᠡ ᠶᠢ ᠬᠠᠩᠭᠠᠬᠤ ᠶᠢᠨ ᠲᠥᠯᠥᠭᠡ᠂ ᠺᠣᠮᠫᠠᠨᠢ ᠠᠴᠠ ᠨᠡᠶᠢᠳᠡ 6 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠪᠠ᠃     3. ᠢᠯᠴᠢ ᠬᠠᠩᠭᠠᠬᠤ ᠥᠪᠡᠷ ᠤᠨ ᠥᠷᠲᠡᠭ ᠤᠨ ᠨᠡᠮᠡᠭᠳᠡᠯ ᠤᠨ ᠭᠤᠤᠯ ᠬᠦᠴᠦᠨ ᠵᠦᠢᠯ     ᠨᠢᠭᠡ ᠳᠤ ᠦᠢᠯᠡᠳᠪᠦᠷᠢᠯᠡᠯ ᠤᠨ ᠥᠪᠡᠷ ᠤᠨ ᠦᠷᠳᠡᠭ ᠵᠢᠯ ᠳᠠᠷᠠᠭᠠᠯᠠᠨ ᠨᠡᠮᠡᠭᠳᠡᠵᠦ᠂ ᠦᠢᠯᠡᠳᠪᠦᠷᠢᠯᠡᠯ ᠤᠨ ᠥᠪᠡᠷ ᠤᠨ ᠦᠷᠳᠡᠭ ᠢ ᠲᠣᠩᠭᠤᠷᠤᠭᠤᠯᠤᠨ ᠡᠵᠡᠩᠨᠡᠭᠦᠯᠪᠡ︔ ᠬᠤᠶᠠᠷ ᠲᠤ 2018 ᠣᠨ ᠳᠤ ᠪᠣᠬᠢᠷᠲᠤᠯ ᠪᠣᠳᠠᠰ ᠭᠠᠳᠠᠭᠰᠢᠯᠠᠭᠤᠯᠬᠤ ᠵᠠᠷᠤᠳᠠᠯ ᠢ ᠭᠠᠶᠢᠯᠢ ᠪᠣᠯᠭᠠᠨ ᠥᠭᠡᠷᠡᠴᠢᠯᠡᠭᠰᠡᠨ ᠤ ᠳᠠᠷᠠᠭ᠎ᠠ ᠥᠪᠡᠷ ᠤᠨ ᠥᠷᠲᠡᠭ ᠢ 150 ᠭᠠᠷᠤᠶ ᠲᠦᠮᠡᠨ ᠲᠥᠭᠦᠷᠢᠭ ᠨᠡᠮᠡᠭᠳᠡᠭᠦᠯᠵᠦ᠂ ᠠᠵᠤ ᠠᠬᠤᠶᠢᠯᠠᠯ ᠤᠨ ᠠᠯᠳᠠᠭᠳᠠᠯ ᠤᠨ ᠬᠡᠮᠵᠢᠶ᠎ᠡ ᠶᠢ ᠬᠦᠨᠳᠦᠷᠡᠭᠦᠯᠪᠡ᠃     4. ᠠᠵᠤ ᠠᠬᠤᠶᠢᠯᠠᠯ ᠤᠨ ᠡᠵᠡᠩᠨᠡᠯᠲᠡ ᠶᠢᠨ ᠪᠠᠶᠢᠳᠠᠯ     2020 ᠣᠨ ᠤ ᠡᠵᠡᠩᠨᠡᠯᠲᠡ ᠶᠢᠨ ᠥᠪᠡᠷ ᠤᠨ ᠥᠷᠲᠡᠭ 11208 ᠲᠦᠮᠡᠨ ᠲᠥᠭᠦᠷᠢᠭ᠂ ᠡᠭᠦᠨ ᠳᠤ ᠡᠯᠡᠭᠳᠡᠯ ᠤᠨ ᠵᠠᠷᠤᠳᠠᠯ 3703 ᠲᠦᠮᠡᠨ ᠲᠥᠭᠦᠷᠢᠭ ︔ ᠭᠠᠶᠢᠯᠢ ᠶᠢᠨ ᠮᠥᠩᠭᠦ ᠵᠢᠴᠢ ᠨᠡᠮᠡᠯᠲᠡ ᠮᠥᠩᠭᠦ 146 ᠲᠦᠮᠡᠨ ᠲᠥᠭᠦᠷᠢᠭ︔ ᠡᠳ᠋ ᠤᠨ ᠶᠠᠪᠤᠳᠠᠯ ᠤᠨ ᠵᠠᠷᠤᠳᠠᠯ 330 ᠲᠦᠮᠡᠨ ᠲᠥᠭᠦᠷᠢᠭ ᠭᠡᠬᠦ ᠮᠡᠲᠦ᠃ 2020 ᠣᠨ ᠳᠤ ᠳᠤᠮᠳᠠᠴᠢ ᠢᠯᠴᠢ ᠶᠢᠨ ᠦᠨ᠎ᠡ ᠨᠢ 4.12 ᠲᠥᠭᠦᠷᠢᠭ / ᠲᠡᠭᠰᠢ ᠳᠥᠷᠪᠡᠯᠵᠢᠨ ᠮᠧᠲᠷ · ᠰᠠᠷ᠎ᠠ ᠳᠤ ᠬᠦᠷᠴᠦ᠂ ᠨᠢᠭᠡᠴᠢ ᠢᠯᠴᠢ ᠬᠠᠩᠭᠠᠬᠤ ᠥᠪᠡᠷ ᠤᠨ ᠥᠷᠲᠡᠭ ᠨᠢ 5.48 ᠲᠥᠭᠦᠷᠢᠭ / ᠲᠡᠭᠰᠢ ᠳᠥᠷᠪᠡᠯᠵᠢᠨ ᠮᠧᠲᠷ · ᠰᠠᠷ᠎ᠠ ᠳᠤ ᠬᠦᠷᠴᠦ᠂ 2020 ᠣᠨ ᠳᠤ ᠢᠯᠴᠢ ᠬᠠᠩᠭᠠᠬᠤ ᠥᠪᠡᠷ ᠤᠨ ᠥᠷᠲᠡᠭ ᠨᠢ 1.36 ᠲᠥᠭᠦᠷᠢᠭ / ᠲᠡᠭᠰᠢ ᠳᠥᠷᠪᠡᠯᠵᠢᠨ ᠮᠧᠲᠷ · ᠰᠠᠷ᠎ᠠ ᠳᠤ ᠲᠣᠩᠭᠤᠷᠠᠨ᠎ᠠ᠃     2021 ᠣᠨ ᠤ ᠡᠵᠡᠩᠨᠡᠯᠲᠡ ᠶᠢᠨ ᠥᠪᠡᠷ ᠤᠨ ᠥᠷᠲᠡᠭ 12878 ᠲᠦᠮᠡᠨ ᠲᠥᠭᠦᠷᠢᠭ ᠲᠤ ᠬᠦᠷᠴᠦ᠂ ᠡᠭᠦᠨ ᠳᠤ ᠡᠯᠡᠭᠳᠡᠯ ᠤᠨ ᠵᠠᠷᠤᠳᠠᠯ 3870 ᠲᠦᠮᠡᠨ ᠲᠥᠭᠦᠷᠢᠭ ᠲᠤ ᠬᠦᠷᠴᠡᠶ︔ ᠭᠠᠶᠢᠯᠢ ᠶᠢᠨ ᠮᠥᠩᠭᠦ ᠵᠢᠴᠢ ᠨᠡᠮᠡᠯᠲᠡ ᠮᠥᠩᠭᠦ 145 ᠲᠦᠮᠡᠨ ᠲᠥᠭᠦᠷᠢᠭ︔ ᠡᠳ᠋ ᠤᠨ ᠶᠠᠪᠤᠳᠠᠯ ᠤᠨ ᠵᠠᠷᠤᠳᠠᠯ 116 ᠲᠦᠮᠡᠨ ᠲᠥᠭᠦᠷᠢᠭ ᠵᠡᠷᠭᠡ᠃ 2021 ᠣᠨ ᠤ ᠳᠤᠮᠳᠠᠴᠢ ᠢᠯᠴᠢ ᠶᠢᠨ ᠦᠨ᠎ᠡ ᠨᠢ 4.32 ᠲᠥᠭᠦᠷᠢᠭ / ᠲᠡᠭᠰᠢ ᠳᠥᠷᠪᠡᠯᠵᠢᠨ ᠮᠧᠲᠷ · ᠰᠠᠷ᠎ᠠ ᠳᠤ ᠬᠦᠷᠴᠦ᠂ ᠨᠢᠭᠡᠴᠢ ᠢᠯᠴᠢ ᠬᠠᠩᠭᠠᠬᠤ ᠥᠪᠡᠷ ᠤᠨ ᠥᠷᠲᠡᠭ ᠨᠢ 6.15 ᠲᠥᠭᠦᠷᠢᠭ / ᠲᠡᠭᠰᠢ ᠳᠥᠷᠪᠡᠯᠵᠢᠨ ᠮᠧᠲᠷ · ᠰᠠᠷ᠎ᠠ ᠳᠤ ᠬᠦᠷᠴᠦ᠂ 2021 ᠣᠨ ᠤ ᠢᠯᠴᠢ ᠬᠠᠩᠭᠠᠬᠤ ᠥᠪᠡᠷ ᠤᠨ ᠥᠷᠲᠡᠭ ᠨᠢ 1.83 ᠲᠥᠭᠦᠷᠢᠭ / ᠲᠡᠭᠰᠢ ᠳᠥᠷᠪᠡᠯᠵᠢᠨ ᠮᠧᠲᠷ · ᠰᠠᠷ᠎ᠠ ᠳᠤ ᠲᠣᠩᠭᠤᠷᠤᠤ ᠡᠯᠭᠦᠭᠳᠡᠪᠡ᠃     2022 ᠣᠨ ᠤ ᠡᠵᠡᠩᠨᠡᠯᠲᠡ ᠶᠢᠨ ᠥᠪᠡᠷ ᠤᠨ ᠥᠷᠲᠡᠭ 14576 ᠲᠦᠮᠡᠨ ᠲᠥᠭᠦᠷᠢᠭ ᠲᠤ ᠬᠦᠷᠴᠦ᠂ ᠡᠭᠦᠨ ᠳᠤ ᠡᠯᠡᠭᠳᠡᠯ ᠤᠨ ᠵᠠᠷᠤᠳᠠᠯ 4280 ᠲᠦᠮᠡᠨ ᠲᠥᠭᠦᠷᠢᠭ ᠲᠤ ᠬᠦᠷᠴᠡᠶ︔ ᠭᠠᠶᠢᠯᠢ ᠶᠢᠨ ᠮᠥᠩᠭᠦ ᠵᠢᠴᠢ ᠨᠡᠮᠡᠯᠲᠡ ᠨᠢ 128 ᠲᠦᠮᠡᠨ ᠲᠥᠭᠦᠷᠢᠭ ᠪᠣᠯᠤᠨ᠎ᠠ᠃ 2022 ᠣᠨ ᠤ ᠳᠤᠮᠳᠠᠴᠢ ᠢᠯᠴᠢ ᠶᠢᠨ ᠦᠨ᠎ᠡ ᠨᠢ ᠲᠡᠭᠰᠢ ᠳᠥᠷᠪᠡᠯᠵᠢᠨ ᠮᠧᠲᠷ \ ᠰᠠᠷ᠎ᠠ ᠳᠤ 4.45 ᠲᠥᠭᠦᠷᠢᠭ ᠬᠦᠷᠴᠦ᠂ ᠨᠢᠭᠡᠴᠢ ᠢᠯᠴᠢ ᠬᠠᠩᠭᠠᠬᠤ ᠥᠪᠡᠷ ᠤᠨ ᠥᠷᠲᠡᠭ ᠨᠢ ᠲᠡᠭᠰᠢ ᠳᠥᠷᠪᠡᠯᠵᠢᠨ ᠮᠧᠲᠷ \ ᠰᠠᠷ᠎ᠠ ᠳᠤ 6.26 ᠲᠥᠭᠦᠷᠢᠭ ᠬᠦᠷᠴᠦ᠂ 2022 ᠣᠨ ᠤ ᠢᠯᠴᠢ ᠬᠠᠩᠭᠠᠬᠤ ᠥᠪᠡᠷ ᠤᠨ ᠥᠷᠲᠡᠭ ᠨᠢ ᠲᠡᠭᠰᠢ ᠳᠥᠷᠪᠡᠯᠵᠢᠨ ᠮᠧᠲᠷ \ ᠰᠠᠷ᠎ᠠ ᠳᠤ 1.81 ᠲᠥᠭᠦᠷᠢᠭ ᠲᠣᠩᠭᠤᠷᠤᠤ ᠡᠯᠭᠦᠭᠳᠡᠵᠡᠶ᠃                   ᠯᠠᠪᠯᠠᠬᠤ ᠤᠲᠠᠰᠤ᠄ 0470 — 2803666 ᠶᠢ 8304 ᠳ᠋ᠦᠭᠡᠷ ᠲᠤ ᠰᠢᠯᠵᠢᠭᠦᠯᠦᠨ᠎ᠡ                   ᠢᠮᠧᠯ᠄ 284599959@qq.com                   ᠬᠠᠷᠢᠯᠴᠠᠬᠤ ᠬᠥᠮᠦᠨ᠄ ᠽᠠᠩ ᡁᠢ ᠶᠤᠸᠠᠢ   
ᠢᠷᠡᠯᠲᠡ᠄ ᠵᠠᠯᠡᠨ ᠠᠶᠢᠯ ᠬᠤᠳᠠ ᠶᠢᠨ ᠵᠠᠰᠠᠭ ᠤᠨ ᠤᠷᠳᠤᠨ