ᠬᠤᠲᠠ ᠶᠢᠨ ᠤᠯᠠᠭᠠᠨᠮᠥ᠋ᠴᠢᠷ ᠠᠷᠪᠠᠨ ᠳᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠢ ᠪᠠᠶᠠᠷᠯᠠᠨ ᠤᠭᠲᠤᠬᠤ ︽ᠡᠪᠦᠯ ᠤᠨ ᠠᠶᠠᠯᠭᠤᠲᠤ ᠵᠠᠯᠠᠨ · ᠰᠢᠨ᠎ᠡ ᠵᠢᠯ ᠤᠨ ᠳ᠋ᠧᠩᠯᠦ ᠶᠢᠨ ᠴᠤᠭᠯᠠᠭᠠᠨ︾ ᠤ ᠤᠷᠠᠨ ᠰᠠᠶᠢᠬᠠᠨ ᠤ ᠦᠳᠡᠰᠢᠯᠡᠭᠡ ᠥᠷᠨᠢᠭᠦᠯᠪᠡ
ᠨᠡᠶᠢᠲᠡᠯᠡᠭᠰᠡᠨ ᠴᠠᠭ᠄
2024/1/3
    ᠳ᠋ᠧᠩ ᠤᠨ ᠭᠡᠷᠡᠯ ᠳᠤᠸᠠᠯᠠᠵᠤ᠂ ᠪᠠᠳᠠᠷᠠᠯᠲᠤ ᠴᠠᠭ ᠦᠶ᠎ᠡ ᠶᠢᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠢ ᠪᠠᠶᠠᠷᠯᠠᠨ ᠤᠭᠲᠤᠨ᠎ᠠ︔ ᠪᠦᠬᠦ ᠠᠷᠠᠳ ᠢᠶᠠᠷ ᠢᠶᠠᠨ ᠬᠠᠮᠲᠤ ᠪᠠᠷ ᠴᠡᠩᠭᠡᠯᠳᠦᠵᠦ᠂ ᠮᠥᠰᠥ ᠴᠠᠰᠤᠨ ᠤ ᠦᠪᠡᠳᠡᠭᠰᠢ ᠨᠠᠶᠢᠷ ᠢ ᠬᠠᠮᠲᠤᠪᠠᠷ ᠡᠳ᠋ᠯᠡᠶ᠎ᠡ᠃ 12 ᠰᠠᠷ᠎ᠠ ᠶᠢᠨ 30 ᠤ ᠡᠳᠦᠷ ᠤᠨ 17 ᠴᠠᠭ ᠲᠤ᠂ ᠵᠠᠯᠠᠨ ᠠᠶᠢᠯ ᠬᠤᠳᠠ ︽ᠠᠷᠪᠠᠨ ᠳᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ︾᠂ ︽ᠡᠪᠦᠯ ᠤᠨ ᠠᠶᠠᠯᠭᠤᠲᠤ ᠵᠠᠯᠠᠨ · ᠰᠢᠨ᠎ᠡ ᠵᠢᠯ ᠤᠨ ᠳ᠋ᠧᠩᠯᠦ ᠶᠢᠨ ᠴᠤᠭᠯᠠᠭᠠᠨ︾ ᠢ ᠤᠭᠲᠤᠬᠤ ᠳᠠᠭᠠᠨ ᠳᠡᠭᠦᠵᠢᠩ ᠬᠥᠭᠦᠷᠭᠡ ᠶᠢᠨ ᠴᠡᠴᠡᠷᠯᠢᠭ ᠲᠤ ᠦᠪᠡᠳᠡᠭᠰᠢ ᠶᠡᠬᠡᠪᠡᠷ ᠡᠬᠢᠯᠡᠵᠦ᠂ ᠲᠤᠰ ᠡᠳᠦᠷ ᠤᠨ ᠴᠡᠴᠡᠷᠯᠢᠭ ᠢᠶᠠᠷ ᠵᠤᠭᠠᠴᠠᠭᠰᠠᠨ ᠬᠥᠮᠦᠨ ᠤ ᠲᠤᠭ᠎ᠠ 10 ᠲᠦᠮᠡᠨ ᠬᠥᠮᠦᠨ ᠤᠳᠠᠭ᠎ᠠ ᠳᠤ ᠬᠦᠷᠴᠡᠢ᠃     ᠲᠤᠰ ᠤᠷᠤᠢ᠂ ᠵᠠᠯᠠᠨ ᠠᠶᠢᠯ ᠬᠤᠳᠠ ᠶᠢᠨ ᠤᠯᠠᠭᠠᠨᠮᠥ᠋ᠴᠢᠷ ᠤᠨ ᠬᠢᠨ ᠰᠣᠶᠣᠯ ᠪᠠ ᠵᠤᠭᠠᠴᠠᠯ ᠤᠨ ᠬᠦᠷᠢᠶᠡᠨ ᠳᠤ ᠭᠠᠷᠮᠠᠭᠠᠢ ᠠᠭᠤᠰᠤᠯᠴᠠᠯ ᠤᠨ ᠴᠢᠳᠠᠪᠤᠷᠢ ᠪᠠᠨ ᠢᠯᠡᠷᠡᠭᠦᠯᠵᠦ᠂ ᠭᠡᠰᠢᠭᠦᠳ ᠤᠯᠠᠮᠵᠢᠯᠠᠯᠲᠤ ᠦᠨᠳᠦᠰᠦᠲᠡᠨ ᠤ ᠬᠤᠪᠴᠠᠰᠤ ᠵᠠᠰᠠᠯ ᠢᠶᠠᠨ ᠡᠮᠦᠰᠴᠦ᠂ ᠰᠦᠷ ᠵᠢᠪᠬᠤᠯᠠᠩᠲᠠᠢ ᠪᠥᠭᠡᠳ ᠣᠷᠭᠢᠯᠤᠮ᠎ᠠ ᠬᠠᠯᠠᠭᠤᠨ ᠰᠡᠳᠬᠢᠯᠭᠡ ᠲᠠᠢ ᠲᠣᠭᠯᠠᠯᠲᠠ ᠶᠢᠨ ᠬᠡᠪ ᠨᠠᠮᠪᠠ ᠪᠠᠷ ᠢᠶᠠᠨ ᠳᠡᠭᠦᠵᠢᠩ ᠬᠥᠭᠦᠷᠭᠡ ᠶᠢᠨ ᠴᠡᠴᠡᠷᠯᠢᠭ ᠲᠤ ᠦᠵᠡᠭᠴᠢᠳ ᠲᠤ ᠠᠯᠢ ᠤᠯᠠᠨ ᠭᠤᠴᠣ ᠰᠠᠶᠢᠬᠠᠨ ᠲᠣᠭᠯᠠᠯᠲᠠ ᠦᠵᠡᠭᠦᠯᠪᠡ᠃ ᠡᠲᠡᠭᠡᠷ ᠫᠷᠤᠭ᠍ᠷᠠᠮ ᠳᠤ ︽ᠲᠠᠩᠰᠤᠭ ᠰᠠᠶᠢᠬᠠᠨ ᠵᠠᠯᠠᠨ ᠲᠠᠨ ᠢ ᠪᠠᠶᠠᠷᠯᠠᠨ ᠤᠭᠲᠤᠶ᠎ᠠ︾ ︽ᠵᠠᠯᠠᠨ ᠵᠢᠵᠢᠭ ᠬᠤᠲᠠ ᠳᠤ ᠵᠠᠯᠠᠶ᠎ᠠ︾ ︽ᠲᠠᠨ ᠤ ᠪᠤᠴᠠᠵᠤ ᠢᠷᠡᠬᠦ ᠶᠢ ᠬᠦᠯᠢᠶᠡᠶ᠎ᠡ︾ ︽ᠨᠢᠭᠡ ᠵᠠᠮ ᠤᠨ ᠨᠡᠷᠡᠨ ᠤ ᠬᠡᠷᠡᠯ︾ ︽ᠪᠠᠳᠠᠷᠠᠨ ᠳᠡᠯᠭᠡᠷᠡᠶ᠎ᠡ︾ ᠪᠠ ︽ᠠᠵᠠ ᠬᠡᠶᠢᠮᠣᠷᠢ ᠪᠠᠨ ᠪᠦᠬᠦᠨ ᠢ ᠢᠷᠡᠭᠦᠯᠦᠶ᠎ᠡ︾ ᠵᠡᠷᠭᠡ ᠶᠢ ᠪᠠᠭᠲᠠᠭᠠᠵᠤ᠂ ᠵᠠᠯᠠᠨ ᠠᠶᠢᠯ ᠬᠤᠲᠠ ᠶᠢᠨ ᠭᠦᠨ ᠵᠤᠵᠠᠭᠠᠨ ᠰᠣᠶᠣᠯ ᠤᠨ ᠠᠭᠤᠯᠬᠤᠨ ᠪᠠ ᠮᠥᠰᠥ ᠴᠠᠰᠤᠨ ᠤ ᠵᠠᠯᠠᠨ᠂ ᠳᠤᠯᠠᠭᠠᠨ ᠬᠤᠲᠠ ᠶᠢᠨ ᠵᠠᠯᠠᠨ ᠤ ᠬᠠᠯᠠᠭᠤᠮᠰᠤᠭ ᠵᠣᠴᠢᠨᠰᠠᠭ ᠳᠦᠷᠢ ᠲᠥᠷᠬᠦ ᠶᠢ ᠭᠦᠢᠴᠡᠳ ᠬᠠᠷᠠᠭᠤᠯᠤᠭᠰᠠᠨ ᠪᠠᠶᠢᠨ᠎ᠠ᠃    ᠡᠭᠦᠨ ᠠᠴᠠ ᠭᠠᠳᠠᠨ᠎ᠠ᠂ ᠡᠲᠡᠭᠡᠷ ᠲᠣᠭᠯᠠᠯᠲᠠ ᠶᠢᠨ ᠠᠵᠢᠯᠯᠠᠭ᠎ᠠ ᠨᠢ ᠲᠤᠬᠠᠶ ᠶᠢᠨ ᠭᠠᠵᠠᠷ ᠤᠨ ᠵᠢᠭᠤᠯᠴᠢᠯᠠᠯ ᠤᠨ ᠦᠢᠯᠡᠰ ᠲᠤ ᠲᠦᠢᠯ ᠤᠨ ᠶᠡᠭᠡ ᠲᠦᠯᠬᠢᠴᠡ  ᠦᠢᠯᠡᠳᠦᠯ ᠦᠵᠡᠭᠦᠯᠵᠦ᠂ ᠰᠣᠶᠣᠯ ᠪᠠ ᠵᠢᠭᠤᠯᠴᠢᠯᠠᠯ ᠤᠨ ᠰᠠᠶᠢᠨ ᠨᠥᠬᠦᠴᠡᠯᠳᠦᠯ ᠪᠠ ᠬᠠᠮᠲᠤ ᠶᠢᠨ ᠴᠡᠴᠡᠭᠯᠡᠯᠲᠡ ᠶᠢ ᠪᠡᠶᠡᠯᠡᠭᠦᠯᠵᠡᠶ᠃ ᠦᠵᠡᠭᠴᠢᠳ ᠪᠣᠭᠤᠮᠲᠠ ᠶᠢᠨ ᠭᠠᠳᠠᠨᠠᠬᠢ ᠰᠦᠵᠧᠦ ᠬᠠᠩᠵᠧᠦ᠂ ᠤᠮᠠᠷᠠᠲᠤ ᠣᠷᠣᠨ ᠤ ᠵᠢᠶᠠᠩᠨᠠᠨ ᠣᠷᠣᠨ ᠤ ᠥᠪᠡᠷᠮᠢᠴᠡ ᠰᠣᠶᠣᠯ ᠢᠷᠭᠡᠨᠰᠢᠯ ᠤᠨ ᠠᠭᠤᠷ ᠠᠮᠢᠰᠬᠤᠯ ᠢ ᠭᠦᠨᠵᠡᠭᠡᠢ ᠮᠡᠳᠡᠷᠡᠵᠦ᠂ ᠵᠠᠯᠠᠨ ᠠᠶᠢᠯ ᠬᠤᠳᠠ ᠶᠢᠨ ᠠᠯᠳᠠᠷᠰᠢᠯ ᠪᠠ ᠠᠯᠳᠠᠷᠰᠢᠯ ᠢ ᠤᠯᠠᠮ ᠴᠢᠨᠠᠭᠰᠢᠳᠠ ᠳᠡᠭᠡᠭᠰᠢᠯᠡᠭᠦᠯᠦᠭᠰᠡᠨ ᠪᠠᠶᠢᠨ᠎ᠠ᠃   ᠢᠷᠡᠭᠡᠳᠦᠢ ᠪᠠᠨ ᠪᠠᠷᠠᠯᠠᠬᠤᠶ᠎ᠠ᠂ ᠵᠠᠯᠠᠨ ᠠᠶᠢᠯ ᠬᠤᠳᠠ ᠶᠢᠨ ᠤᠯᠠᠭᠠᠨᠮᠥ᠋ᠴᠢᠷ ︽ᠠᠷᠪᠠᠨ ᠳᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ︾ ᠢᠶᠠᠷ ᠠᠵᠠ ᠲᠣᠬᠢᠶᠠᠯ ᠪᠣᠯᠭᠠᠵᠤ᠂ ᠨᠡᠩ ᠤᠯᠠᠨ ᠰᠣᠶᠣᠯ ᠤᠨ ᠲᠣᠭᠯᠠᠯᠲᠠ ᠶᠢᠨ ᠠᠵᠢᠯᠯᠠᠭ᠎ᠠ ᠥᠷᠨᠢᠭᠦᠯᠵᠦ᠂ ᠤᠷᠤᠯᠳᠤᠭᠠᠨ ᠳᠤ ᠣᠷᠣᠯᠴᠠᠭᠰᠠᠳ ᠪᠣᠯᠤᠨ ᠦᠵᠡᠭᠴᠢᠳ ᠲᠤ ᠥᠷᠢᠰᠥᠯᠳᠦᠭᠡᠨ ᠤ ᠣᠷᠭᠢᠯᠤᠮ᠎ᠠ ᠬᠠᠯᠠᠭᠤᠨ ᠰᠡᠳᠬᠢᠯᠭᠡ ᠶᠢᠨ ᠳᠤᠮᠳᠠ ᠠᠴᠠ ᠰᠣᠶᠣᠯ ᠤᠨ ᠷᠢᠳᠢ ᠰᠢᠳᠢ ᠶᠢ ᠲᠠᠨᠢᠭᠤᠯᠬᠤ ᠪᠣᠯᠤᠨ᠎ᠠ᠃ ᠡᠲᠡᠭᠡᠷ ᠠᠵᠢᠯᠯᠠᠭ᠎ᠠ ᠨᠢ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠦᠪᠡᠳᠡᠭᠰᠢ ᠴᠤᠭᠯᠠᠭᠠᠨ ᠳᠤ ᠭᠦᠨ ᠵᠤᠵᠠᠭᠠᠨ ᠰᠣᠶᠣᠯ ᠤᠨ ᠠᠭᠤᠷ ᠠᠮᠢᠰᠬᠤᠯ ᠢ ᠨᠡᠮᠡᠷᠢᠯᠡᠬᠦ ᠶᠢᠨ ᠬᠠᠮᠲᠤ ᠲᠤᠬᠠᠶ ᠶᠢᠨ ᠭᠠᠵᠠᠷ ᠤᠨ ᠰᠣᠶᠣᠯ ᠵᠢᠭᠤᠯᠴᠢᠯᠠᠯ ᠤᠨ ᠠᠵᠤ  ᠦᠢᠯᠡᠰ ᠲᠤ ᠰᠢᠨ᠎ᠡ ᠠᠮᠢᠵᠢᠷᠠᠯ ᠤᠨ ᠬᠦᠴᠦᠨ ᠢ ᠨᠡᠮᠡᠷᠢᠯᠡᠬᠦ ᠪᠣᠯᠤᠨ᠎ᠠ᠃
ᠢᠷᠡᠯᠲᠡ᠄ ᠵᠠᠯᠡᠨ ᠠᠶᠢᠯ ᠬᠤᠳᠠ ᠶᠢᠨ ᠵᠠᠰᠠᠭ ᠤᠨ ᠤᠷᠳᠤᠨ