ᠡᠪᠡᠰᠦ ᠤᠷᠭᠤᠮᠠᠯ᠂ ᠨᠤᠲᠤᠭ ᠪᠡᠯᠴᠢᠭᠡᠷ ᠲᠠᠢ ᠬᠤᠯᠪᠤᠭᠳᠠᠬᠤ ᠴᠡᠭᠡᠷ ᠶᠤᠰᠤᠨ
ᠨᠡᠶᠢᠲᠡᠯᠡᠭᠰᠡᠨ ᠴᠠᠭ᠄
2024/11/14
     ᠨᠤᠲᠤᠭ ᠪᠡᠯᠴᠢᠭᠡᠷ ᠢ ᠨᠦᠬᠡᠯᠡᠬᠦ᠂ ᠡᠪᠳᠡᠬᠦ ᠶᠢ ᠴᠡᠭᠡᠷᠯᠡᠨ᠎ᠡ᠃ ᠮᠤᠷᠢ ᠠᠷᠭᠠᠮᠵᠢᠬᠤ᠂ ᠵᠡᠯ᠎ᠡ ᠲᠠᠲᠠᠬᠤ ᠮᠡᠲᠦ ᠶᠢᠨ ᠠᠵᠢᠯ ᠦᠢᠯᠡ ᠶᠢᠨ ᠬᠡᠷᠡᠭᠴᠡᠭᠡ ᠪᠠᠷ ᠭᠠᠵᠠᠷ ᠳᠡᠭᠡᠷ᠎ᠡ ᠭᠠᠳᠠᠰᠤ ᠰᠢᠭᠠᠵᠤ ᠪᠣᠯᠳᠠᠭ ᠪᠣᠯᠪᠠᠴᠤ ᠬᠡᠷᠡᠭᠯᠡᠵᠦ ᠳᠠᠭᠤᠰᠪᠠᠯ ᠨᠦᠬᠡ ᠶᠢ ᠨᠢ ᠵᠠᠪᠠᠯ ᠪᠦᠭᠯᠡᠵᠦ ᠲᠠᠯᠪᠢᠨ᠎ᠠ᠃    △ ᠮᠠᠯ ᠤᠨ ᠪᠡᠯᠴᠢᠭᠡᠷ ᠲᠤ ᠮᠠᠯ ᠤᠨ ᠦᠬᠦᠳᠡᠯ ᠪᠣᠶᠣ ᠬᠦᠮᠦᠨ ᠤ ᠬᠡᠭᠦᠷ ᠢ ᠳᠤᠷ᠎ᠠ ᠪᠠᠷ ᠬᠠᠶᠠᠬᠤ ᠶᠢ ᠴᠡᠭᠡᠷᠯᠡᠨ᠎ᠡ᠃ ᠪᠡᠯᠴᠢᠭᠡᠷ ᠤᠰᠤᠨ ᠤ ᠳᠡᠷᠭᠡᠲᠡ ᠡᠯᠳᠡᠪ ᠮᠠᠭᠤᠬᠠᠢ ᠤᠷᠠᠩᠬᠠᠢ ᠪᠠ ᠭᠬᠢᠷ ᠴᠢᠰᠤ ᠲᠠᠢ ᠬᠤᠪᠴᠠᠰᠤ ᠬᠤᠨᠠᠷ ᠬᠠᠶᠠᠬᠤ ᠶᠢ ᠴᠡᠭᠡᠷᠯᠡᠨ᠎ᠡ᠃ ᠨᠤᠲᠤᠭ ᠪᠡᠯᠴᠢᠭᠡᠷ ᠢ ᠪᠤᠵᠠᠷᠯᠠᠨ᠎ᠠ ᠭᠡᠳᠡᠭ᠃    △ ᠡᠪᠡᠰᠦ ᠨᠤᠭᠤᠭ᠎ᠠ ᠲᠠᠰᠤᠯᠬᠤ ᠶᠢ ᠴᠡᠭᠡᠷᠯᠡᠨ᠎ᠡ᠃ ᠤᠬᠤᠷ ᠨᠠᠰᠤᠯᠠᠨ᠎ᠠ ᠭᠡᠳᠡᠭ᠃    △ ᠭᠠᠯ ᠠᠯᠳᠠᠵᠤ ᠪᠡᠯᠴᠢᠭᠡᠷ ᠲᠦᠢᠮᠡᠷᠳᠡᠬᠦ ᠶᠢ ᠡᠷᠡᠰ ᠴᠡᠭᠡᠷᠯᠡᠨ᠎ᠡ᠃    △ ᠡᠪᠡᠰᠦ ᠨᠤᠭᠤᠭ᠎ᠠ᠂ ᠴᠡᠴᠡᠭ ᠬᠤᠸᠠᠷ ᠢ ᠰᠠᠨᠠᠭᠠᠨ ᠤ ᠲᠠᠪᠠ ᠪᠠᠷ ᠦᠭᠲᠡᠭᠡᠨ ᠵᠤᠯᠭᠠᠭᠠᠬᠤ᠂ ᠬᠠᠭᠤᠷᠠᠢ ᠬᠠᠭᠳᠠ ᠶᠢ ᠬᠠᠮᠤᠨ ᠠᠪᠬᠤ᠂ ᠲᠦᠯᠡᠰᠢ ᠰᠢᠲᠠᠭᠠᠯᠭ᠎ᠠ ᠬᠢᠬᠦ ᠵᠡᠷᠭᠡ ᠶᠢ ᠴᠡᠭᠡᠷᠯᠡᠳᠡᠭ᠃    △ ᠠᠷᠴᠠ ᠽᠠᠨᠳᠠᠨ ᠢ ᠪᠣᠵᠠᠷᠯᠠᠬᠤ ᠶᠢ ᠴᠢᠩᠭ᠎ᠠ ᠴᠡᠭᠡᠷᠯᠡᠳᠡᠭ᠃ ᠠᠷᠴᠠ ᠽᠠᠨᠳᠠᠨ ᠢ ᠪᠣᠵᠠᠷ ᠮᠠᠭᠤᠬᠠᠢ ᠶᠢ ᠠᠷᠢᠭᠤᠯᠠᠬᠤ᠂ ᠴᠢᠳᠭᠦᠷ ᠰᠢᠮᠨᠤᠰ ᠢ ᠳᠠᠷᠤᠬᠤ ᠷᠢᠳᠢ ᠰᠢᠳᠢ ᠲᠠᠢ ᠠᠷᠢᠭᠤᠨ ᠤᠷᠭᠤᠮᠠᠯ ᠭᠡᠵᠦ ᠠᠯᠢᠪᠠ ᠶᠠᠭᠤᠮᠠᠰ ᠢ ᠠᠷᠢᠭᠤᠳᠬᠠᠬᠤ ᠳᠤ ᠬᠡᠷᠡᠭᠯᠡᠳᠡᠭ ᠤᠨ ᠤᠴᠢᠷ ᠪᠢᠯᠡ᠃    △ ᠨᠢᠯᠬ᠎ᠠ ᠨᠤᠭᠤᠭ᠎ᠠ᠂ ᠴᠡᠴᠡᠭ ᠨᠠᠪᠴᠢ ᠶᠢ ᠵᠤᠯᠭᠠᠭᠠᠬᠤ ᠶᠢ ᠴᠡᠭᠡᠷᠯᠡᠳᠡᠭ᠃
ᠢᠷᠡᠯᠲᠡ᠄ ᠦᠪᠦᠷ ᠮᠣᠩᠭᠤᠯ ᠤᠨ ᠣᠢ ᠰᠢᠭᠤᠢ ᠪᠠ ᠨᠣᠲᠤᠭ ᠪᠡᠯᠴᠢᠭᠡᠷ ᠤᠨ ᠲᠣᠪᠴᠢᠶ᠎ᠠ