ᠮᠤᠩᠭᠤᠯ ᠰᠢᠳᠠᠷ᠎ᠠ ᠪᠤᠯ ᠮᠤᠩᠭᠤᠯᠴᠤᠳ ᠤᠨ ᠲᠡᠤᠬᠡᠨ ᠤᠯᠠᠮᠵᠢᠯᠠᠯᠲᠦ ᠨᠠᠭᠠᠳᠤᠮ ᠪᠤᠯᠤᠨ᠎ᠠ᠃ ᠮᠤᠩᠭᠤᠯ ᠰᠢᠳᠠᠷ᠎ᠠ ᠳᠤ ᠮᠤᠷᠢ᠂ ᠲᠡᠮᠡᠭᠡ ᠵᠡᠷᠭᠡ ᠤᠨᠤᠭ᠎ᠠ | ᠬᠦᠯᠦᠰᠢ ᠪᠠᠶᠢᠨ᠎ᠠ︔ ᠠᠶᠠᠨ ᠵᠠᠮ ᠤᠨ ᠲᠡᠭᠡᠭᠡᠪᠦᠷᠢ ᠶᠢᠨ ᠪᠠᠭᠠᠵᠢ ᠲᠡᠷᠭᠡ ᠪᠠᠶᠢᠨ᠎ᠠ︔ ᠪᠠᠷᠰ ᠠᠷᠰᠯᠠᠨ ᠵᠡᠷᠭᠡ ᠬᠦᠴᠦᠲᠦ ᠠᠮᠢᠳᠠᠳ ᠪᠤᠢ︔ ᠨᠤᠶᠠᠨ ᠬᠠᠳᠤᠨ᠂ ᠬᠦᠦ | ᠵᠡᠷᠭᠡ ᠭᠡᠷ ᠪᠦᠯᠢ ᠶᠢᠨ ᠬᠤᠯᠪᠤᠭ᠎ᠠ ᠪᠠᠶᠢᠨ᠎ᠠ᠃ ᠬᠦᠯᠭᠡ ᠨᠢ ᠮᠤᠩᠭᠤᠯᠴᠤᠳ ᠤᠨ ᠨᠠᠭᠠᠳᠳᠠᠬ ᠪᠤᠭᠤ ᠶᠢᠨ ᠵᠢᠷᠭᠢᠭᠡ ᠲᠠᠢ ᠤᠶᠢᠷᠠᠯᠴᠠᠭ᠎ᠠ ᠶᠤᠮ᠃ ᠡᠳᠡᠭᠡᠷ ᠠᠴᠠ | ᠦᠵᠡᠪᠡᠯ ᠮᠤᠩᠭᠤᠯ ᠰᠢᠳᠠᠷ᠎ᠠ ᠨᠢ ᠮᠤᠩᠭᠤᠯᠴᠤᠳ ᠤᠨ ᠨᠡᠭᠦᠳᠡᠯ ᠠᠮᠢᠳᠤᠷᠠᠯ ᠲᠠᠢ ᠬᠠᠷᠢᠴᠠᠭ᠎ᠠ ᠲᠠᠢ ᠨᠢ ᠢᠯᠡᠬᠡᠨ ᠪᠠᠶᠢᠳᠠᠬ᠃ | ᠮᠤᠩᠭᠤᠯ ᠰᠢᠳᠠᠷ᠎ᠠ ᠶᠢᠨ ᠨᠠᠭᠠᠳᠬᠤ ᠤᠨᠴᠠᠯᠢᠬ ᠠᠴᠠ ᠨᠢ ᠠᠪᠴᠦ ᠦᠵᠡᠪᠡᠯ ᠲᠠᠶᠢᠨ ᠪᠠᠶᠢᠯᠳᠤᠭᠠᠨ ᠤ ᠡᠰᠡᠷᠭᠦᠴᠡᠯᠳᠦᠭᠰᠡᠨ ᠠᠬᠤᠢ ᠰᠢᠨᠵᠢ ᠢᠯᠡᠳᠳᠡ | ᠤᠷᠤᠰᠢᠵᠦ᠂ ᠴᠡᠷᠢᠭ ᠮᠤᠷᠢ ᠠᠳᠠᠯᠢ ᠲᠡᠭᠰᠢ ᠪᠠᠶᠢᠬᠤ ᠰᠠᠭᠤᠷᠢᠨ ᠠᠴᠠ ᠡᠬᠢᠯᠡᠨ ᠤᠶᠤᠨ ᠰᠠᠨᠠᠭ᠎ᠠ᠂ ᠠᠷᠭ᠎ᠠ ᠪᠤᠳᠤᠯᠭ᠎ᠠ ᠶᠢᠨ ᠦᠵᠡᠯᠴᠡᠭᠡᠨ ᠡᠭᠦᠰᠳᠡᠭ ᠪᠠᠶᠢᠨ᠎ᠠ᠃ | ᠡᠶᠢᠮᠦ ᠠᠴᠠ ᠮᠤᠩᠭᠤᠯ ᠰᠢᠳᠠᠷ᠎ᠠ ᠶᠢ ᠲᠠᠩ ᠭᠠᠭᠴᠠ ᠨᠠᠭᠠᠳᠤᠮ ᠲᠤᠬᠯᠠᠭᠠᠮ ᠤᠨ ᠵᠦᠢᠯ ᠭᠡᠵᠦ ᠦᠵᠡᠬᠦ ᠶᠢᠨ ᠠᠷᠭ᠎ᠠ ᠦᠭᠡᠢ᠂ ᠰᠢᠭᠤᠳ ᠲᠤ ᠪᠠᠨ ᠲᠡᠮᠡᠴᠡᠯ ᠤᠨ | ᠠᠷᠭ᠎ᠠ ᠪᠤᠳᠤᠯᠭ᠎ᠠ ᠲᠤᠭᠤᠰᠢᠯᠠᠬᠳᠠᠵᠦ ᠪᠠᠶᠢᠳᠠᠬ ᠠᠴᠠ ᠮᠤᠩᠭᠤᠯᠴᠤᠳ ᠲᠡᠭᠦᠨ ᠢ ᠤᠢ ᠪᠢᠯᠢᠭ ᠢ ᠰᠤᠷᠢᠬᠤ᠂ ᠤᠬᠠᠭᠠᠨ ᠪᠤᠳᠤᠯᠭ᠎ᠠ ᠶᠢ ᠰᠢᠯᠭᠠᠬᠤ ᠴᠢᠬᠤᠯᠠ ᠬᠡᠯᠪᠡᠷᠢ | ᠪᠤᠯᠭᠠᠳᠠᠬ ᠪᠦᠭᠡᠳ ᠨᠡᠶᠢᠭᠡᠮ ᠤᠨ ᠤᠬᠠᠭᠠᠨ ᠢ ᠰᠢᠳᠠᠷ᠎ᠡ ᠠᠴᠠ ᠰᠤᠷᠬᠤ ᠵᠢᠭᠠᠬᠤ ᠪᠠᠭᠠᠵᠢ ᠭᠡᠵᠦ ᠦᠵᠡᠳᠡᠭ᠃ | | ᠮᠤᠩᠭᠤᠯ ᠰᠢᠳᠠᠷ᠎ᠠ ᠪᠤᠯᠤᠨ ᠲᠡᠯᠡᠬᠡᠢ ᠶᠢᠨ ᠰᠢᠳᠠᠷ᠎ᠠ ᠶᠢᠨ ᠬᠦᠯᠭᠡ ᠨᠢ ᠪᠦᠷ ᠲᠦᠷᠪᠡᠯᠵᠢᠨ ᠬᠡᠯᠪᠡᠷᠢ ᠲᠠᠢ᠂ ᠬᠠᠷ᠎ᠠ ᠴᠠᠭᠠᠨ ᠦᠡᠭᠭᠡ ᠪᠠᠷ ᠵᠢᠷᠤᠬᠳᠠᠬᠰᠠᠨ ᠪᠠᠶᠢᠳᠠᠬ | ᠃ ᠰᠢᠳᠠᠷ᠎ᠠ ᠶᠢᠨ ᠪᠤᠳᠠ ᠬᠦᠦ ᠨᠦᠭᠦᠳ ᠨᠢ ᠨᠡᠶᠢᠳᠡ 32 ᠪᠠᠶᠢᠨ᠎ᠠ᠂ ᠴᠠᠭᠠᠨ ᠬᠠᠷ᠎ᠠ ᠦᠡᠭᠭᠡ ᠪᠦᠷᠢ ᠳᠤ ᠨᠢᠭᠡ ᠨᠤᠶᠠᠨ᠂ ᠬᠤᠶᠠᠷ ᠬᠠᠰᠠᠬ᠂ ᠬᠤᠶᠠᠷ ᠮᠤᠷᠢ᠂ | ᠬᠤᠶᠠᠷ ᠲᠡᠮᠡᠭᠡ᠂ ᠨᠢᠭᠡ ᠪᠠᠷᠰ᠂ ᠨᠠᠢᠮᠠᠨ ᠬᠦᠦ ᠲᠠᠢ᠂ ᠨᠡᠶᠢᠳᠡ 64 ᠰᠠᠭᠤᠳᠠᠯ ᠲᠠᠢ᠃ | ᠮᠤᠩᠭᠤᠯ ᠰᠢᠳᠠᠷ᠎ᠠ ᠳᠤ ᠨᠡᠭᠦᠳᠡᠯ ᠮᠠᠯᠵᠢᠯ ᠤᠨ ᠰᠤᠶᠤᠯ ᠤᠨ ᠤᠨᠴᠠᠯᠢᠬ ᠰᠢᠨᠵᠢ ᠪᠦᠷᠢᠨ ᠬᠠᠳᠠᠭᠠᠯᠠᠬᠳᠠᠵᠦ ᠪᠠᠶᠢᠳᠠᠬ᠃ ᠵᠢᠱᠢᠶᠡᠯᠡᠪᠡᠯ ᠨᠤᠶᠠᠨ ᠨᠢ ᠬᠤᠶᠠᠬ | ᠲᠤᠭᠤᠯᠠᠭ᠎ᠠ ᠲᠠᠢ ᠮᠤᠷᠢᠳᠦ ᠵᠠᠩᠵᠤᠨ ᠪᠠᠶᠢᠳᠠᠬ᠃ ᠬᠢᠳᠠᠳ ᠰᠢᠳᠠᠷ᠎ᠠ ᠶᠢᠨ ᠨᠤᠶᠠᠨ ᠨᠢ ᠤᠷᠳᠤᠨ ᠠᠴᠠ ᠪᠠᠨ ᠭᠠᠷᠴᠦ ᠴᠢᠳᠠᠬᠤ ᠦᠭᠡᠢ ᠪᠠᠶᠢᠬᠤ ᠳᠤ ᠮᠤᠩᠭᠤᠯ | ᠨᠤᠶᠠᠨ ᠨᠢ ᠬᠠᠮᠢᠭ᠎ᠠ ᠴᠦ ᠪᠦᠷ ᠶᠠᠪᠤᠵᠦ ᠪᠤᠯᠳᠠᠬ᠃ ᠬᠢᠳᠠᠳ ᠰᠢᠳᠠᠷ᠎ᠠ ᠶᠢᠨ ᠮᠤᠷᠢ ᠨᠢ ᠴᠢᠳᠦᠷᠯᠡᠭᠳᠡᠳᠡᠭ ᠪᠠᠶᠢᠬᠤ ᠳᠤ ᠮᠤᠩᠭᠤᠯ ᠰᠢᠳᠠᠷ᠎ᠠ ᠶᠢᠨ ᠮᠤᠷᠢ ᠨᠢ | ᠴᠢᠳᠦᠷ ᠲᠤ ᠬᠢᠵᠠᠭᠠᠷᠯᠠᠬᠳᠠᠳᠠᠬ ᠦᠭᠡᠢ᠃ ᠲᠡᠮᠡᠭᠡ ᠨᠢ ᠬᠢᠳᠠᠳ ᠰᠢᠳᠠᠷ᠎ᠠ ᠶᠢᠨ ᠵᠠᠭᠠᠨ ᠲᠠᠢ ᠠᠳᠠᠯᠢ ᠪᠠᠶᠢᠳᠠᠬ ᠴᠦ ᠬᠢᠳᠠᠳ ᠰᠢᠳᠠᠷ᠎ᠠ ᠶᠢᠨ ᠵᠠᠭᠠᠨ ᠠᠳᠠᠯᠢ | ᠬᠢᠵᠠᠭᠠᠷ ᠲᠤ ᠪᠠᠨ ᠬᠢᠵᠠᠭᠠᠷᠯᠠᠬᠳᠠᠳᠠᠬ ᠦᠭᠡᠢ᠂ ᠬᠦᠦ ᠨᠢ ᠬᠢᠳᠠᠳ ᠰᠢᠳᠠᠷ᠎ᠠ ᠶᠢᠨ ᠬᠦᠦ ᠠᠳᠠᠯᠢ ᠤᠷᠤᠬᠰᠢᠯᠠᠬᠤ ᠵᠠᠮ ᠦᠭᠡᠢ ᠮᠤᠬᠤᠷᠳᠠᠳᠠᠬ ᠪᠢᠰᠢ ᠶᠤᠮ᠃ ᠬᠠᠷᠢᠨ | ᠵᠢᠱᠢᠭᠦᠦ ᠱᠤᠭᠤᠮ ᠢᠶᠠᠷ ᠨᠢᠳᠦ ᠲᠠᠢ ᠬᠠᠨᠭ᠍ᠭᠠᠢ ᠪᠤᠶᠤ ᠪᠠᠷᠰ ᠪᠤᠯᠭᠠᠨ ᠬᠤᠪᠢᠷᠠᠭᠤᠯᠳᠠᠬ᠃ | ᠮᠤᠩᠭᠤᠯ ᠰᠢᠳᠠᠷ᠎ᠠ ᠶᠢᠨ ᠤᠯᠠᠷᠢᠨ ᠬᠤᠪᠢᠰᠬᠤ ᠨᠢ ᠲᠤᠩ ᠤᠷᠠᠨ ᠨᠠᠷᠢᠨ ᠪᠦᠭᠡᠳ ᠪᠤᠳᠤᠯᠢᠶᠠᠨᠳᠠᠢ ᠪᠠᠶᠢᠳᠠᠬ᠃ ᠤᠷᠤᠬᠰᠢᠯᠠᠬᠤ᠂ ᠤᠬᠤᠷᠢᠬᠤ᠂ ᠳᠤᠪᠲᠤᠯᠬᠤ᠂ | ᠬᠤᠷᠢᠬᠯᠠᠬᠤ᠂ ᠭᠡᠳᠡᠷᠬᠦ ᠲᠠᠭᠠᠷᠢᠬᠤ᠂ ᠭᠡᠨᠡᠳᠲᠡ ᠴᠦᠮᠦᠷᠢᠨ ᠤᠷᠤᠬᠤ᠂ ᠬᠠᠯᠬᠠᠯᠠᠬᠤ᠂ ᠵᠠᠶᠢᠯᠠᠭᠤᠯᠬᠤ᠂ ᠬᠠᠭᠤᠷᠤᠨ ᠮᠡᠬᠡᠯᠡᠵᠦ ᠪᠤᠴᠠᠨ ᠪᠤᠷᠤᠭᠤᠯᠠᠬᠤ᠂ ᠪᠠᠬᠢᠯᠡᠵᠦ | ᠰᠠᠬᠢᠬᠤ᠂ ᠬᠠᠷᠰᠢ ᠰᠠᠭᠠᠳ ᠲᠠᠯᠪᠢᠬᠤ᠂ ᠪᠤᠭᠤᠬᠳᠠᠭᠤᠯᠬᠤ᠂ ᠪᠤᠳᠠ ᠬᠠᠶᠠᠵᠦ ᠦᠳᠦᠭᠡᠬᠦ᠂ ᠵᠡᠭᠦᠨᠰᠢ ᠲᠠᠯᠠᠶᠢᠵᠦ ᠪᠠᠷᠠᠭᠤᠨᠰᠢ ᠲᠠᠭᠠᠷᠢᠬᠤ᠂ ᠪᠡᠯᠡᠳᠭᠡᠯ ᠦᠭᠡᠢ ᠳᠤ ᠨᠢ | ᠲᠠᠭᠠᠷᠢᠨ ᠰᠠᠨᠠᠮᠰᠠᠷ ᠦᠭᠡᠢ ᠶᠢ ᠵᠠᠪᠰᠢᠬᠤ᠂ ᠲᠠᠪᠠᠭᠤ ᠬᠦᠴᠦᠨ ᠢ ᠲᠠᠶᠢᠴᠢᠯᠠᠨ ᠪᠠᠭᠤᠷᠢ ᠶᠢ ᠴᠤᠬᠢᠬᠤ᠂ ᠤᠷᠤᠨ ᠰᠤᠯᠠᠯᠠᠵᠦ ᠵᠠᠮ ᠨᠡᠭᠡᠭᠡᠬᠦ ᠵᠡᠷᠭᠡ ᠤᠯᠠᠨ ᠠᠷᠪᠢᠨ | ᠠᠷᠭ᠎ᠠ ᠪᠤᠳᠤᠯᠭ᠎ᠠ ᠬᠡᠷᠡᠭᠯᠡᠵᠦ ᠨᠦᠭᠦᠭᠡ ᠡᠳᠡᠭᠡᠳ ᠤᠨ ᠢᠶᠠᠨ ᠪᠤᠳᠠ ᠬᠦᠦ ᠶᠢ ᠤᠰᠠᠳᠬᠠᠨ᠂ ᠪᠠᠬᠢᠯᠡᠯᠲᠡ ᠶᠢ ᠡᠪᠳᠡᠵᠦ᠂ ᠪᠤᠭᠤᠮᠳᠠ ᠶᠢ ᠡᠵᠡᠯᠡᠨ ᠢᠯᠠᠯᠲᠠ | ᠤᠯᠬᠤ ᠳᠤ ᠬᠦᠷᠳᠡᠭ᠃ | ᠮᠤᠩᠭᠤᠯ ᠰᠢᠳᠠᠷ᠎ᠠ ᠶᠢᠨ ᠱᠦᠭᠦᠯᠴᠡᠭᠡᠨ ᠢ ᠮᠠᠳ᠂ ᠲᠡᠤᠬᠡᠢ ᠭᠡᠵᠦ ᠬᠤᠶᠠᠷ ᠢᠯᠭᠠᠳᠠᠬ᠃ ᠮᠠᠳ ᠪᠤᠯ ᠰᠢᠭᠤᠳ ᠱᠠᠬᠯᠠᠵᠦ ᠠᠯᠠᠬᠤ ᠶᠢ ᠬᠡᠯᠡᠳᠡᠭ᠃ ᠲᠡᠤᠬᠡᠢ ᠪᠤᠢ | ᠤᠷᠠᠨ ᠦᠷᠦᠯᠭᠡ ᠪᠠ ᠪᠤᠳᠤᠯᠢᠶᠠᠨᠲᠠᠢ ᠶᠠᠪᠤᠴᠠ ᠪᠠᠷ ᠲᠠᠮᠵᠢᠨ ᠱᠠᠬᠯᠠᠵᠦ ᠮᠠᠳᠯᠠᠬᠤ ᠶᠢ ᠬᠡᠯᠡᠳᠡᠭ ᠤᠴᠢᠷ ᠠᠴᠠ ᠮᠤᠩᠭᠤᠯᠴᠤᠳ ᠵᠠᠩᠰᠢᠯ ᠢᠶᠠᠷ ᠢᠶᠠᠨ ᠲᠡᠤᠬᠡᠢ ᠪᠠᠷ | ᠱᠦᠭᠦᠯᠴᠡᠭᠡᠨ ᠤ ᠪᠠᠷᠢᠮᠵᠢᠶ᠎ᠠ ᠪᠤᠯᠭᠠᠳᠠᠬ᠃ ᠲᠡᠭᠡᠬᠦ ᠳᠤ ᠲᠡᠤᠬᠡᠢ ᠶᠢ ᠴᠦᠮ ᠬᠦᠦ ᠶᠢᠨ ᠴᠦᠳ ᠢᠶᠠᠷ ᠲᠤᠭᠠᠯᠠᠬᠤ ᠲᠤᠯᠠ᠂ ᠪᠠᠷᠰᠠ ᠶᠢᠨ ᠲᠡᠤᠬᠡᠢ᠂ ᠬᠠᠨᠭ᠍ᠭᠠᠢ ᠶᠢᠨ | ᠲᠡᠤᠬᠡᠢ᠂ ᠲᠡᠮᠡᠭᠡᠨ ᠤ ᠲᠡᠤᠬᠡᠢ᠂ ᠮᠤᠷᠢᠨ ᠤ ᠲᠡᠤᠬᠡᠢ᠂ ᠨᠡᠶᠢᠯᠡᠮᠡᠯ ᠲᠡᠤᠬᠡᠢ ᠬᠢᠭᠡᠳ ᠱᠤᠬ ᠱᠦᠭᠦᠯᠴᠡᠭᠡᠨ ᠭᠡᠵᠦ ᠲᠦᠷᠦᠯ ᠢᠯᠭᠠᠵᠦ᠂ ᠲᠦᠷᠦᠯ ᠪᠦᠷᠢ ᠳᠤ ᠨᠢ ᠪᠠᠰᠠ | ᠤᠯᠠᠨ ᠵᠦᠢᠯ ᠤᠨ ᠲᠡᠤᠬᠡᠢ ᠪᠠᠷ ᠲᠡᠮᠳᠡᠭᠯᠡᠳᠡᠭ᠃ ᠮᠤᠩᠭᠤᠯ ᠰᠢᠳᠠᠷ᠎ᠠ ᠶᠢᠨ ᠱᠦᠭᠦᠯᠴᠡᠭᠡᠨ ᠳᠤᠮᠳᠠ ᠮᠠᠰᠢ ᠤᠯᠠᠨ ᠨᠡᠶᠢᠭᠡᠮ ᠤᠨ ᠤᠴᠢᠷ ᠶᠤᠰᠤ ᠲᠠᠢ ᠨᠡᠶᠢᠴᠡᠭᠰᠡᠨ | ᠬᠦᠮᠦᠨᠴᠢ ᠶᠤᠰᠤ ᠶᠢ ᠬᠠᠳᠠᠭᠠᠯᠠᠵᠦ ᠪᠠᠶᠢᠳᠠᠬ᠃ ᠵᠢᠱᠢᠶᠡᠯᠡᠪᠡᠯ ᠲᠡᠯᠡᠬᠡᠢ ᠶᠢᠨ ᠰᠢᠳᠠᠷ᠎ᠠ ᠳᠤ ᠮᠤᠷᠢ ᠪᠤᠶᠤ ᠲᠡᠮᠡᠭᠡ ᠲᠤᠬᠢᠶᠠᠯ ᠲᠠᠢ ᠪᠤᠯ ᠰᠢᠭᠤᠳ ᠨᠤᠶᠠᠨ ᠢ ᠱᠠᠯᠠᠵᠦ | ᠲᠡᠭᠦᠰᠭᠡᠨ᠎ᠡ᠃ ᠮᠤᠩᠭᠤᠯ ᠰᠢᠳᠠᠷ᠎ᠠ ᠶᠢᠨ ᠮᠤᠷᠢ ᠲᠡᠮᠡᠭᠡ ᠵᠦᠪᠬᠡᠨ ᠱᠠᠯᠠᠵᠦ ᠦᠡᠭᠭᠡᠷᠡᠭᠦᠯᠬᠦ ᠠᠴᠠ ᠪᠢᠰᠢ ᠰᠢᠭᠤᠳ ᠱᠠᠯᠠᠵᠦ ᠦᠬᠦᠭᠦᠯᠵᠦ ᠪᠤᠯᠬᠤ ᠦᠭᠡᠢ᠃ ᠡᠨᠡ ᠨᠢ | ᠠᠮᠢᠳᠠᠨ ᠬᠦᠮᠦᠨ ᠢ ᠠᠯᠠᠵᠦ ᠪᠤᠯᠬᠤ ᠦᠭᠡᠢ ᠭᠡᠰᠡᠨ ᠵᠠᠩ ᠦᠢᠯᠡ ᠶᠢᠨ ᠶᠤᠰᠤ ᠲᠠᠢ ᠨᠡᠶᠢᠴᠡᠵᠦ ᠪᠠᠶᠢᠬᠤ ᠶᠤᠮ᠂ ᠲᠡᠯᠡᠬᠡᠢ ᠶᠢᠨ ᠰᠢᠳᠠᠷ᠎ᠠ ᠳᠤ ᠵᠠᠪᠰᠢᠶᠠᠨ ᠲᠠᠢ ᠪᠤᠯ | ᠪᠤᠳᠠ ᠪᠠ ᠬᠦᠦ ᠶᠢ ᠪᠦᠷ ᠢᠳᠡᠬᠦ ᠶᠢ ᠬᠢᠵᠠᠭᠠᠷᠯᠠᠬᠤ ᠦᠭᠡᠢ᠂ ᠮᠤᠩᠭᠤᠯ ᠰᠢᠳᠠᠷ᠎ᠠ ᠳᠤ ᠵᠠᠪᠠᠯ ᠨᠢᠭᠡ ᠪᠤᠳᠠ ᠪᠤᠶᠤ ᠨᠢᠭᠡ ᠬᠦᠦ ᠦᠯᠡᠳᠡᠭᠡᠬᠦ ᠶᠤᠰᠤᠲᠠᠢ᠃ ᠨᠢᠭᠡ | ᠪᠤᠳᠠ ᠦᠯᠡᠳᠡᠭᠡᠬᠦ ᠨᠢ ᠬᠦᠮᠦᠨ ᠤ ᠠᠮᠢᠳᠤᠷᠠᠯ ᠢ ᠬᠤᠭᠤᠰᠤᠷᠠᠲᠠᠯ᠎ᠠ ᠦᠭᠡᠢ ᠪᠤᠯᠭᠠᠬᠤ ᠴᠢᠨᠠᠷ ᠦᠭᠡᠢ ᠦᠢᠯᠡ ᠶᠢ ᠴᠡᠭᠡᠷᠯᠡᠭᠰᠡᠨ ᠮᠤᠩᠭᠤᠯ ᠵᠠᠩᠰᠢᠯ ᠠᠴᠠ ᠢᠷᠡᠯᠲᠡᠢ᠃ | ᠵᠠᠪᠠᠯ ᠨᠢᠭᠡ ᠬᠦᠦ ᠦᠯᠡᠳᠡᠭᠡᠬᠦ ᠨᠢ ᠬᠦᠮᠦᠨ ᠢ ᠦᠷ᠎ᠡ ᠠᠴᠢᠨᠠᠷ ᠦᠭᠡᠢ ᠪᠤᠯᠳᠠᠯ᠎ᠠ ᠦᠨᠳᠦᠰᠦ ᠶᠢ ᠨᠢ ᠲᠠᠰᠤᠯᠬᠤ ᠶᠢ ᠤᠨᠴᠠ ᠴᠡᠭᠡᠷᠯᠡᠳᠡᠭ ᠶᠤᠰᠤ ᠵᠠᠩ ᠠᠴᠠ | ᠢᠷᠡᠭᠰᠡᠨ ᠲᠦᠷᠢᠮ ᠪᠤᠯᠤᠨ᠎ᠠ᠃ | |