ᠠᠨᠳᠠᠢ ᠭᠡᠬᠦ ᠲᠠᠭᠤᠤ ᠪᠦᠵᠢᠭ ᠪᠤᠯ ᠮᠤᠩᠭᠤᠯᠴᠤᠳ ᠤᠨ ᠤᠯᠠᠮᠵᠢᠯᠠᠯᠲᠦ ᠲᠠᠭᠤᠤ ᠪᠦᠵᠢᠭ ᠤᠨ ᠤᠷᠠᠯᠢᠬ ᠤᠨ ᠬᠦᠭᠵᠢᠯ ᠳᠠᠬᠢ ᠴᠢᠬᠤᠯᠠ ᠨᠢᠭᠡ ᠰᠠᠯᠪᠤᠷᠢ | ᠰᠤᠳᠠᠰᠤᠨ ᠮᠦᠨ ᠪᠦᠭᠡᠳ ᠨᠤᠳᠤᠬ ᠤᠷᠤᠨ ᠤ ᠰᠢᠨᠵᠢ ᠪᠦᠬᠦᠢ ᠰᠤᠶᠤᠯ ᠤᠨ ᠤᠨᠴᠠᠭᠠᠢ ᠨᠢᠭᠡᠨ ᠦᠵᠡᠭᠳᠡᠯ ᠭᠡᠯᠲᠡᠢ ᠶᠤᠮ᠃ ᠠᠨᠳᠠᠢ ᠶᠢ ᠰᠤᠶᠤᠯ ᠤᠨ | ᠬᠠᠷᠠᠭᠠᠰᠦ ᠠᠴᠠ ᠰᠤᠳᠤᠯᠬᠤ ᠭᠡᠪᠡᠯ᠂ ᠠᠷᠠᠳ ᠤᠨ ᠳᠤᠮᠳᠠ ᠤᠷᠲᠦ ᠬᠤᠭᠤᠴᠠᠭ᠎ᠠ ᠪᠠᠷ ᠤᠯᠠᠮᠵᠢᠯᠠᠬᠳᠠᠨ᠂ ᠮᠤᠩᠭᠤᠯ ᠤᠨ ᠦᠢ ᠲᠦᠮᠡᠨ ᠬᠦᠳᠡᠯᠮᠦᠷᠢᠴᠢᠨ ᠠᠷᠠᠳ | ᠲᠦᠮᠡᠨ ᠤ ᠵᠤᠭ᠎ᠠ ᠰᠤᠨᠢᠷᠬᠠᠯ ᠪᠤᠯᠭᠠᠨ ᠦᠪᠯᠡᠵᠦ ᠪᠠᠶᠢᠭ᠎ᠠ ᠠᠮᠢᠳᠤ ᠪᠠᠶᠠᠯᠢᠬ ᠲᠠᠭᠤᠤ ᠪᠦᠵᠢᠭ ᠤᠨ ᠤᠷᠠᠯᠢᠬ ᠲᠤ ᠬᠡᠭᠡᠷ᠎ᠡ ᠶᠢᠨ ᠪᠠᠶᠢᠴᠠᠭᠠᠯᠲᠠ ᠬᠢᠬᠦ ᠨᠢ ᠳᠤᠲᠠᠬᠳᠠᠵᠦ | ᠦᠯᠦ ᠪᠤᠯᠬᠤ ᠰᠠᠭᠤᠷᠢ ᠨᠦᠭᠦᠴᠡᠯ ᠪᠤᠯᠳᠠᠬ ᠭᠡᠳᠡᠭ ᠢ ᠮᠡᠳᠡᠷᠡᠭᠦᠰᠢᠲᠡᠢ ᠶᠤᠮ᠃ | ᠤᠨᠴᠠᠭᠠᠢ ᠰᠤᠶᠤᠯ ᠨᠢ ᠤᠨᠴᠠᠭᠠᠢ ᠠᠮᠢ ᠠᠬᠤᠢ ᠶᠢᠨ ᠤᠷᠴᠢᠨ ᠠᠴᠠ ᠤᠯᠪᠠᠭᠠᠯᠠᠵᠦ᠂ ᠤᠨᠴᠠᠭᠠᠢ ᠰᠤᠶᠤᠯ ᠰᠡᠳᠭᠢᠴᠡ ᠨᠢ ᠤᠨᠴᠠᠭᠠᠢ ᠠᠵᠦ ᠠᠬᠤᠢ ᠶᠢᠨ | ᠬᠡᠯᠪᠡᠷᠢ ᠠᠴᠠ ᠤᠯᠪᠠᠭᠠᠯᠠᠵᠦ᠂ ᠠᠳᠠᠯᠢ ᠪᠤᠰᠤ ᠪᠦᠵᠢᠭ ᠤᠨ ᠬᠡᠪ ᠨᠠᠮᠪᠠ ᠶᠢ ᠤᠨᠴᠠᠭᠠᠢ ᠰᠤᠶᠤᠯ ᠤᠨ ᠡᠬᠢ ᠰᠤᠷᠪᠤᠯᠵᠢ ᠲᠦᠯᠦᠪᠰᠢᠷᠡᠳᠡᠭ᠃ ᠡᠨᠡ ᠪᠤᠯ ᠠᠨᠳᠠᠢ ᠶᠢᠨ | ᠡᠭᠦᠰᠦᠯᠳᠡ ᠶᠢᠨ ᠤᠷᠢᠳᠠᠯ ᠤᠨ ᠰᠢᠨᠵᠢ ᠲᠠᠢ ᠬᠦᠮᠦᠨ ᠵᠦᠢᠯ ᠪᠤᠯᠤᠨ᠎ᠠ᠃ | ᠠᠨᠳᠠᠢ ᠶᠢᠨ ᠡᠭᠦᠰᠦᠯ ᠤᠨ ᠳᠤᠮᠤᠬ᠄ | ᠡᠨᠡ ᠲᠤᠬᠠᠢ ᠬᠦᠷᠢᠶ᠎ᠡ ᠬᠤᠰᠢᠭᠤ᠂ ᠮᠤᠩᠭᠤᠯᠵᠢᠨ ᠬᠤᠰᠢᠭᠤ᠂ ᠭᠤᠷᠯᠤᠰ ᠬᠤᠰᠢᠭᠤ᠂ ᠲᠠᠷᠬᠠᠨ ᠬᠤᠰᠢᠭᠤ᠂ ᠠᠷᠤ ᠬᠠᠯᠬ᠎ᠠ ᠵᠡᠷᠭᠡ ᠠᠴᠠ ᠡᠭᠦᠰᠦᠯ᠎ᠡ ᠭᠡᠳᠡᠭ | ᠳᠤᠮᠤᠬ ᠪᠦᠷ ᠪᠤᠢ᠃ ᠭᠡᠪᠡᠴᠦ ᠬᠦᠷᠢᠶ᠎ᠡ ᠬᠤᠰᠢᠭᠤ ᠠᠴᠠ ᠡᠭᠦᠰᠦᠯ᠎ᠡ ᠭᠡᠳᠡᠭ ᠲᠤᠮᠤ ᠭᠤᠤᠯ ᠪᠠᠶᠢᠷᠢ ᠶᠢ ᠡᠵᠡᠯᠡᠨ᠎ᠡ᠃ ᠳᠤᠮᠤᠬ ᠤᠳ ᠲᠤ ᠠᠨᠳᠠᠢ ᠲᠡᠭᠡᠭᠡᠭᠰᠡᠨ | ᠲᠡᠷᠭᠡ ᠨᠢ ᠴᠦᠮ ᠢᠶᠠᠷ ᠢᠶᠠᠨ ᠬᠦᠷᠢᠶ᠎ᠡ ᠬᠤᠰᠢᠭᠤᠨ ᠳᠤ ᠤᠡᠭᠬᠤᠯᠢᠳᠠᠬ ᠤᠨᠴᠠᠯᠢᠬ ᠲᠠᠢ᠃ ᠪᠠᠷᠤᠬ ︽ᠠᠨᠳᠠᠢ︾ ᠭᠡᠳᠡᠭ ᠨᠡᠷᠡᠶᠢᠳᠦᠯ ᠡᠨᠡ ᠦᠶᠡᠰ ᠠᠴᠠ ᠡᠬᠢᠯᠡᠵᠦ | ᠪᠤᠢ ᠪᠤᠯᠵᠠᠢ ᠭᠡᠳᠡᠭ᠃ | ᠠᠨᠳᠠᠢ ᠭᠡᠳᠡᠭ ᠦᠭᠡ ᠶᠢᠨ ᠤᠳᠬ᠎ᠠ᠄ | ᠤᠯᠠᠩᠬᠢ ᠡᠷᠳᠡᠮᠳᠡᠳ ︽ᠡᠪᠡᠳᠴᠢᠨ ᠤ ᠨᠡᠷ᠎ᠡ︾ ᠭᠡᠳᠡᠭ᠃ ᠭᠡᠬᠦ ᠳᠡᠭᠡᠨ ᠵᠠᠯᠠᠭᠤ ᠦᠬᠢᠨ᠂ ᠵᠠᠯᠠᠭᠤ ᠪᠡᠷᠢᠶᠡᠳ ᠲᠤ ᠬᠠᠶᠠ ᠳᠤᠬᠢᠶᠠᠯᠳᠤᠳᠠᠬ ᠬᠦᠢᠳᠡᠨ | ᠡᠪᠡᠳᠴᠢᠨ ᠪᠤᠶᠤ ᠰᠡᠳᠭᠢᠯ ᠤᠨ ᠡᠪᠡᠳᠴᠢᠨ ᠭᠡᠨ᠎ᠡ᠃ ᠮᠦᠨ ᠬᠡᠯᠡ ᠪᠢᠴᠢᠭ ᠵᠦᠢ ᠠᠴᠠ ᠬᠠᠷᠠᠭᠠᠯᠠᠵᠦ᠄ ᠠᠨᠳᠠ - ᠠᠨᠳᠠᠢ ᠶᠢᠨ ᠤᠯᠠᠷᠢᠯ ᠢᠶᠠᠷ ᠦᠵᠡᠵᠦ᠂ ᠠᠨᠳᠠ | ᠨᠠᠶᠢᠵᠠ ᠶᠢᠨ ᠤᠴᠢᠷ ᠲᠠᠢ ᠬᠤᠯᠪᠤᠬᠳᠠᠬᠤ ᠡᠪᠡᠳᠴᠢᠨ ᠭᠡᠪᠡ᠃ ᠦᠨᠡᠨ ᠳᠡᠭᠡᠨ ᠪᠡᠷᠭᠡᠨ - ᠪᠡᠷᠭᠡᠢ︔ ᠠᠯᠳᠠ - ᠠᠯᠲᠠᠢ︔ ᠠᠭ᠎ᠠ - ᠠᠭᠠᠢ ᠁ ᠮᠡᠳᠦ ᠶᠢᠨ | ᠬᠡᠯᠡᠨ ᠤ ᠦᠵᠡᠭᠳᠡᠯ ᠢᠶᠠᠷ ᠮᠦᠷᠳᠡᠪᠡᠯ ︽ᠠᠨᠳᠠᠢ︾ ᠨᠢ ᠠᠨᠳᠠ ᠶᠢᠨ ᠤᠯᠪᠠᠷᠢᠯ ᠪᠠᠶᠢᠳᠠᠬ ᠨᠢ ᠵᠦᠢ ᠳᠤ ᠨᠡᠶᠢᠴᠡᠨ᠎ᠡ᠃ ᠤᠶᠢᠷᠠᠳ ᠮᠤᠩᠭᠤᠯ ᠳᠤ᠂ ᠬᠤᠷᠠᠭ᠎ᠠ ᠢᠰᠢᠭᠡ | ᠭᠠᠵᠠᠷ ᠬᠦᠯᠪᠡᠷᠢᠵᠦ ᠲᠦᠷᠪᠡᠨ ᠮᠦᠴᠢ ᠨᠢ ᠲᠠᠳᠠᠯᠳᠤᠨ ᠲᠡᠶᠢᠴᠢᠯᠡᠬᠦ ᠭᠡᠮ ᠢ ︽ᠠᠨᠳᠠᠢ ᠲᠤᠰᠤᠯ᠎ᠠ︾ ᠭᠡᠳᠡᠭ᠃ ᠵᠡᠭᠦᠨ ᠮᠤᠩᠭᠤᠯ ᠳᠤ ᠪᠤᠯ ︽ᠭᠠᠵᠠᠷ ᠤᠨ ᠬᠦᠷᠦᠰᠦ | ᠲᠠᠭᠠᠷᠢᠯᠠ︾ ᠭᠡᠵᠦ ᠬᠡᠯᠡᠬᠦ ᠪᠦᠭᠡᠳ ᠭᠠᠯ ᠲᠠᠯᠪᠢᠵᠦ ᠤᠳᠤᠭ᠎ᠠ ᠦᠨᠦᠷᠳᠦᠭᠦᠯᠵᠦ ᠵᠠᠰᠠᠳᠠᠬ᠃ ᠢᠡᠭᠭᠢᠭᠡᠳ ᠦᠵᠡᠬᠦ ᠳᠤ ᠠᠨᠳᠠᠢ ᠪᠤᠯ ᠡᠪᠡᠳᠴᠢᠨ ᠤ ᠨᠡᠷ᠎ᠡ ᠪᠠᠶᠢᠵᠦ | ᠲᠠᠭᠠᠷᠠᠨ᠎ᠠ᠃ | ᠠᠨᠳᠠᠢ ᠶᠢᠨ ᠲᠡᠤᠬᠡᠨ ᠬᠦᠭᠵᠢᠯ᠄ | ᠠᠨᠳᠠᠢ ᠪᠤᠯ ᠮᠤᠩᠭᠤᠯᠴᠤᠳ ᠪᠤᠯᠤᠨ ᠤᠮᠠᠷᠠᠳᠦ ᠶᠢᠨ ᠦᠨᠳᠦᠰᠦᠲᠡᠨ ᠤ ᠤᠵᠠᠭᠤᠷ ᠰᠤᠶᠤᠯ ᠤᠬᠠᠮᠰᠠᠷ ᠤᠨ ᠬᠦᠷᠦᠰᠦᠨ ᠲᠡᠭᠡᠷ᠎ᠡ ᠠᠶᠠᠨᠳᠠᠭᠠᠨ ᠨᠠᠬᠢᠶᠠᠯᠠᠨ | ᠤᠷᠭᠤᠵᠦ ᠭᠠᠷᠤᠬᠰᠠᠨ ᠰᠤᠶᠤᠯ ᠤᠨ ᠦᠵᠡᠭᠳᠡᠯ ᠮᠦᠨ᠃ ᠲᠡᠷᠡ ᠤᠵᠠᠭᠤᠷ ᠢᠷᠭᠡᠳ ᠤᠨ ᠰᠢᠳᠦᠯᠭᠡ ᠪᠢᠰᠢᠷᠡᠯ ᠤᠨ ᠤᠬᠠᠮᠰᠠᠷ᠂ ᠲᠠᠭᠤᠯᠠᠵᠦ ᠲᠡᠪᠰᠡᠬᠦ ᠤᠷᠠᠯᠢᠬ ᠤᠨ | ᠰᠠᠭᠤᠷᠢᠨ ᠳᠤ ᠦᠨᠳᠦᠰᠦᠯᠡᠵᠦ᠂ ᠠᠯᠭᠤᠷ ᠢᠶᠠᠷ ᠪᠡᠶ᠎ᠡ ᠪᠠᠨ ᠲᠠᠭᠠᠭᠠᠬᠰᠠᠨ ᠠᠨᠳᠠᠢ ᠭᠡᠬᠦ ᠬᠡᠯᠪᠡᠷᠢ ᠪᠠᠷ ᠰᠢᠨ᠎ᠡ ᠬᠦᠭᠵᠢᠯ ᠤᠨ ᠵᠠᠮ ᠢᠶᠠᠨ ᠨᠡᠭᠡᠭᠡᠵᠡᠢ᠃ ᠪᠠᠷᠤᠬ 17 | ᠳ᠋ᠤᠭᠠᠷ ᠵᠠᠭᠤᠨ ᠠᠴᠠ ᠢᠨᠠᠬᠰᠢ ᠬᠤᠶᠠᠳᠤᠭᠠᠷ ᠬᠦᠭᠵᠢᠯ ᠤᠨ ᠱᠠᠳᠤᠨ ᠳᠠᠭᠠᠨ ᠳᠠᠪᠰᠢᠨ ᠤᠷᠤᠵᠦ᠂ ᠠᠨᠳᠠᠢ ᠭᠡᠬᠦ ᠲᠤᠰᠬᠠᠢ ᠨᠡᠷ᠎ᠡ ᠪᠤᠶᠤ ᠬᠡᠯᠪᠡᠷᠢ ᠪᠠᠷ ᠤᠷᠤᠰᠢᠨ | ᠲᠤᠬᠳᠠᠨᠢᠵᠦ᠂ ᠭᠤᠤᠯᠳᠠᠭᠤ ᠵᠠᠯᠠᠭᠤ ᠡᠮᠡᠭᠲᠡᠢ ︽ᠦᠬᠢᠳ ᠪᠡᠷᠢᠶᠡᠳ︾ ᠡᠪᠡᠳᠴᠢᠲᠡᠨ ᠤ ᠬᠦᠢᠳᠡᠨ ᠡᠪᠡᠳᠴᠢᠨ ᠪᠤᠶᠤ ᠰᠡᠳᠭᠢᠯ ᠤᠨ ᠡᠪᠡᠳᠴᠢᠨ ᠢ ᠵᠠᠰᠠᠬᠤ ᠪᠠᠷ | ᠤᠨᠴᠠᠯᠢᠬ ᠢᠶᠠᠨ ᠪᠤᠯᠭᠠᠬᠰᠠᠨ ᠤᠯᠠᠨ ᠲᠦᠮᠡᠨᠴᠢ ᠴᠢᠨᠠᠷᠲᠠᠢ ᠲᠠᠭᠤᠤ ᠪᠦᠵᠢᠭ᠂ ᠰᠤᠶᠤᠯ ᠤᠷᠠᠯᠢᠬ ᠪᠤᠯᠵᠦ ᠬᠦᠭᠵᠢᠵᠡᠢ᠃ 1956 ᠤᠨ ᠠᠴᠠ ᠡᠬᠢᠯᠡᠵᠦ ︽ | ᠡᠷᠳᠡᠨ ᠤ ᠬᠢ ᠶᠢ ᠡᠳᠦᠭᠡ ᠳᠤ ᠦᠢᠯᠡᠴᠢᠯᠡᠭᠦᠯᠬᠦ︾ ᠵᠤᠷᠢᠯᠳᠠ ᠠᠴᠠ ᠡᠭᠦᠰᠴᠦ᠂ ᠬᠠᠭᠤᠴᠢᠨ ᠬᠡᠯᠪᠡᠷᠢ ᠪᠤᠯᠤᠨ ᠠᠭᠤᠯᠭ᠎ᠠ ᠳᠤᠨᠢ ᠰᠢᠨ᠎ᠡ ᠵᠠᠰᠠᠯᠲᠠ ᠤᠷᠤᠭᠤᠯᠵᠦ | ᠠᠷᠠᠳ ᠤᠨ ᠲᠠᠭᠤᠤ ᠪᠦᠵᠢᠭ ᠤᠨ ᠤᠷᠠᠯᠢᠬ ᠲᠡᠶᠢᠰᠢ ᠵᠢᠯᠤᠭᠤ ᠶᠢ ᠨᠢ ᠵᠠᠯᠠᠪᠠ᠃ ᠡᠭᠦᠨ ᠢ ᠬᠦᠮᠦᠰ ︽ᠰᠢᠨ᠎ᠡ ᠠᠨᠳᠠᠢ︾ ᠭᠡᠳᠡᠭ᠃ ᠤᠳᠤ ᠰᠢᠨ᠎ᠡ ᠠᠨᠳᠠᠢ | ᠬᠦᠭᠵᠢᠭᠡᠳ ᠲᠠᠭᠤᠤ᠂ ᠪᠦᠵᠢᠭ᠂ ᠰᠢᠯᠦᠭ᠂ ᠲᠤᠭᠤᠵᠢᠰ᠂ ᠵᠦᠴᠦᠭᠡ ᠁ ᠭᠡᠬᠦ ᠮᠡᠳᠦ ᠪᠠᠷ ᠤᠷᠠᠯᠢᠬ ᠤᠨ ᠤᠠᠯᠨ ᠲᠦᠷᠦᠯ ᠵᠦᠢᠯ ᠵᠦᠭ ᠤᠯᠠᠷᠢᠨ ᠬᠦᠭᠵᠢᠵᠦ | ᠪᠠᠶᠢᠨ᠎ᠠ᠃ ᠬᠦᠭᠰᠢᠨ ᠮᠤᠳᠤᠨ ᠠᠴᠠ ᠬᠦᠬᠡ ᠮᠦᠴᠢᠷ ᠰᠢᠭᠦᠷᠯᠡᠭᠰᠡᠨ ᠰᠢᠭ᠂ ᠬᠠᠭᠤᠴᠢᠨ ᠦᠪ ᠰᠤᠶᠤᠯ ᠠᠴᠠ ᠬᠦᠭᠵᠢᠯ ᠤᠨ ᠰᠢᠨ᠎ᠡ ᠠᠮᠢ ᠲᠦᠯᠵᠢᠵᠦ ᠮᠤᠩᠭᠤᠯ | ᠰᠤᠶᠤᠯ ᠤᠨ ᠮᠦᠡᠭᠬᠡ ᠱᠠᠩᠰᠢ ᠪᠤᠯᠤᠯ᠎ᠠ᠃ |