ᠤᠯᠠᠭᠠᠨ ᠰᠤᠬᠠᠢ — ᠬᠥᠷᠥᠰᠥ ᠰᠢᠷᠣᠢ ᠶᠢ ᠬᠠᠮᠠᠭᠠᠯᠠᠬᠤ ᠰᠠᠶᠢᠨ ᠮᠣᠳᠣ | ᠠᠮᠠᠷᠬᠠᠨ ᠡᠳᠡᠭᠡᠷᠡᠵᠦ ᠲᠦᠷᠭᠡᠨ ᠤᠷᠭᠤᠬᠤ ᠤᠯᠠᠭᠠᠨ ᠰᠤᠬᠠᠢ ᠪᠣᠯ ᠨᠢᠭᠡ ᠵᠦᠢᠯ ᠤᠨ ᠪᠤᠲᠠᠯᠢᠭ ᠪᠤᠶᠤ ᠪᠣᠭᠤᠨᠢ ᠲᠤᠷᠤᠭ ᠮᠣᠳᠣ ᠪᠣᠯᠣᠨ᠎ᠠ᠃ ᠲᠡᠷᠡ ᠨᠢ ᠬᠠᠬᠢᠷ | ᠬᠦᠢᠲᠡᠨ ᠭᠠᠩ ᠬᠠᠭᠤᠷᠠᠢ ᠠᠭᠤᠷ ᠠᠮᠢᠰᠬᠤᠯ ᠳᠤ ᠲᠣᠬᠢᠷᠠᠵᠤ ᠲᠠᠴᠢᠷ ᠨᠢᠮᠭᠡᠨ ᠭᠠᠵᠠᠷ᠂ ᠴᠢᠬᠢᠭᠯᠢᠭ ᠭᠠᠵᠠᠷ᠂ ᠬᠤᠵᠢᠷᠯᠢᠭ ᠭᠠᠵᠠᠷ ᠲᠤ ᠪᠦᠷ ᠰᠠᠶᠢᠨ ᠤᠷᠭᠤᠳᠠᠭ᠃ | ᠭᠠᠩ ᠬᠠᠭᠰᠠᠷᠠᠭᠠᠨ ᠲᠠᠢ ᠵᠢᠯ ᠳᠤ ᠣᠯᠠᠩᠬᠢ ᠲᠥᠷᠥᠯ ᠤᠨ ᠮᠣᠳᠣ ᠤᠷᠭᠤᠯᠲᠠ ᠤᠳᠠᠭᠠᠨ ᠪᠣᠯᠵᠤ ᠨᠠᠪᠴᠢ ᠨᠠᠬᠢᠶ᠎ᠠ ᠨᠢ ᠰᠢᠷᠠᠯᠠᠵᠤ ᠬᠠᠳᠠᠬᠤ ᠳᠤ ᠤᠯᠠᠭᠠᠨ ᠰᠤᠬᠠᠢ | ᠬᠠᠷᠢᠨ ᠵᠢᠯ ᠳᠤ 20 — 40 ᠰᠠᠨᠲ᠋ᠢᠮᠧᠳ᠋ᠷ ᠥᠨᠳᠥᠷ ᠤᠷᠭᠤᠵᠤ᠂ ᠤᠷᠭᠤᠵᠤ ᠭᠦᠢᠴᠡᠭᠰᠡᠨ ᠮᠣᠳᠣ ᠶᠢᠨ ᠬᠠᠮᠤᠭ ᠥᠨᠳᠥᠷ ᠨᠢ 5 ᠮᠧᠳ᠋ᠷ ᠪᠣᠯᠳᠠᠭ᠃ ᠤᠯᠠᠭᠠᠨ | ᠰᠤᠬᠠᠢ ᠶᠢᠨ ᠨᠠᠪᠴᠢ ᠨᠢ ᠰᠠᠯᠠᠭ᠎ᠠ ᠠᠷᠪᠢᠨ ᠪᠣᠯᠬᠤᠷ ᠪᠡᠶ᠎ᠡ ᠰᠡᠭᠦᠳᠡᠷ ᠶᠡᠬᠡᠲᠡᠢ ᠪᠥᠭᠡᠳ ᠤᠰᠤ ᠬᠠᠳᠠᠭᠠᠯᠠᠨ ᠬᠥᠷᠥᠰᠥ ᠰᠢᠷᠣᠢ ᠶᠢ ᠬᠠᠮᠠᠭᠠᠯᠠᠬᠤ ᠣᠨᠴᠠ | ᠦᠢᠯᠡᠳᠦᠯ ᠲᠠᠢ ᠪᠠᠶᠢᠳᠠᠭ᠃ ᠡᠶᠢᠮᠦ ᠠᠴᠠ ᠬᠤᠪᠠᠭ᠋ᠠᠢ ᠬᠤᠭᠤᠰᠤᠨ ᠬᠥᠲᠥᠯ ᠭᠠᠵᠠᠷ ᠢ ᠨᠣᠭᠤᠭᠠᠷᠠᠭᠤᠯᠬᠤ ᠰᠠᠶᠢᠨ ᠮᠣᠳᠣ ᠪᠣᠯᠬᠤ ᠶᠤᠮ᠃ ᠤᠯᠠᠭᠠᠨ ᠰᠤᠬᠠᠢ ᠨᠢ | ᠬᠠᠲᠠᠭᠤ᠂ ᠥᠷᠭᠡᠰᠦ ᠦᠭᠡᠢ᠂ ᠲᠣᠰᠣᠯᠢᠭ ᠪᠠᠶᠢᠳᠠᠭ ᠢᠶᠠᠷ ᠢᠶᠠᠨ ᠲᠦᠯᠡᠰᠢ ᠪᠣᠯᠭᠠᠪᠠᠯ ᠭᠠᠯ ᠨᠢ ᠬᠦᠴᠦᠲᠡᠢ ᠪᠠᠶᠢᠳᠠᠭ᠃ ᠨᠠᠮᠠᠭ᠎ᠠ ᠰᠠᠯᠠᠭ᠎ᠠ ᠪᠠᠷ ᠨᠢ ᠰᠠᠭᠰᠤ ᠰᠠᠷᠠᠯᠵᠢ | ᠬᠦᠷᠦᠵᠦ ᠪᠣᠯᠬᠤ ᠪᠥᠭᠡᠳ ᠵᠥᠭᠡᠯᠡᠨ ᠨᠠᠮᠠᠭ᠎ᠠ ᠨᠢ ᠪᠠᠰᠠ ᠡᠮ ᠳᠤ ᠣᠷᠣᠵᠤ ᠪᠣᠯᠣᠨ᠎ᠠ᠃ ᠤᠯᠠᠭᠠᠨ ᠰᠤᠬᠠᠢ ᠶᠢ ᠰᠠᠭᠤᠯᠭᠠᠵᠤ ᠲᠠᠷᠢᠳᠠᠭ᠃ ᠲᠠᠷᠢᠭᠠᠳ 3 ᠵᠢᠯ | ᠳᠡᠭᠡᠷ᠎ᠡ ᠨᠢ ᠨᠠᠮᠠᠭ᠎ᠠ ᠰᠠᠯᠠᠭ᠎ᠠ ᠶᠢ ᠨᠢ ᠵᠠᠰᠠᠪᠠᠯ ᠤᠯᠠᠮ ᠲᠦᠷᠭᠡᠨ ᠤᠷᠭᠤᠳᠠᠭ᠃ | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ᠃ |