ᠵᠸᠡᠭ ᠾᠧ ᠪᠠ ᠲᠠᠯᠠᠢ ᠶᠢᠨ ᠲᠣᠷᠭᠠᠨ ᠤ ᠵᠠᠮ ︵ᠬᠤᠶᠠᠷ︶ | ᠳ᠋ᠠᠨᠽᠠᠨ ᠵᠣᠬᠢᠶᠠᠪᠠ | | ᠪᠣᠯᠪᠠᠰᠣᠨ ᠤ ᠠᠶᠠᠯᠠᠯ | ᠵᠸᠡᠭ ᠾᠧ ᠪᠣᠯ ᠲᠡᠯᠡᠬᠡᠢ ᠶᠢᠨ ᠲᠠᠯᠠᠢ ᠶᠢᠨ ᠠᠶᠠᠯᠠᠯ ᠤᠨ ᠲᠡᠣᠬᠡᠨ ᠳᠠᠬᠢ ᠲᠣᠮᠣ ᠬᠦᠰᠢᠶ᠎ᠡ᠂ ᠲᠡᠯᠡᠬᠡᠢ ᠪᠠᠷ ᠢᠶᠠᠨ ᠮᠡᠳᠡᠷᠡᠬᠦ ᠲᠠᠯᠠᠢ ᠶᠢᠨ ᠠᠪᠣᠷᠭᠤ ᠬᠦᠮᠦᠨ᠂ | ᠬᠦᠮᠦᠨ ᠲᠦᠷᠣᠯᠬᠢᠳᠡᠨ ᠤ ᠨᠦᠬᠦᠷᠯᠡᠯ ᠳᠤ ᠨᠠᠰᠣ᠂ ᠪᠡᠶ᠎ᠡ ᠪᠠᠨ ᠵᠣᠷᠢᠭᠤᠯᠣᠬᠰᠠᠨ ᠠᠭᠤᠣ ᠬᠦᠮᠦᠨ ᠪᠦᠯᠦᠬᠡ᠃ ᠡᠸᠦ᠋ᠷᠣᠫᠠ ᠶᠢᠨ ᠭᠤᠷᠪᠠᠨ ᠲᠠᠯᠠᠢ ᠶᠢᠨ | ᠠᠶᠠᠯᠠᠯᠴᠢᠨ ᠲᠠᠢ ᠬᠠᠷᠢᠴᠠᠭᠤᠯᠬᠤ ᠦᠭᠡᠢ ᠪᠣᠯ ᠮᠡᠳᠡᠬᠦ ᠦᠭᠡᠢ᠂ ᠬᠠᠷᠢᠴᠠᠭᠤᠯᠪᠠᠯ ᠨᠢᠳᠣ ᠪᠦᠯᠳᠣ ᠰᠣᠴᠢᠬᠤ ᠠᠵᠣᠭᠤ᠃ ᠴᠠᠭ ᠤᠨ ᠬᠤᠪᠢ ᠳᠤ ᠵᠸᠡᠭ ᠾᠧ | 1405 ᠣᠨ ᠳᠤ ᠠᠩᠬ᠎ᠠ ᠣᠳᠠᠭ᠎ᠠ ᠠᠳ᠋ᠯᠠᠨᠲ ᠲᠠᠯᠠᠢ ᠪᠠᠷ ᠠᠹᠧᠷᠢᠺᠠ ᠳᠤ ᠬᠦᠷᠦᠭᠰᠡᠨ ᠨᠢ ᠢᠲ᠋ᠠᠯᠢ ᠶᠢᠨ ᠺᠣᠯᠣᠮᠪᠦ ᠠᠳ᠋ᠯᠠᠨᠲ ᠲᠠᠯᠠᠢ ᠶᠢ ᠬᠦᠨᠳᠡᠯᠡᠨ ᠲᠣᠭᠤᠯᠵᠣ᠂ | ᠠᠮᠧᠷᠢᠺᠠ ᠲᠢᠪ ᠢ ᠢᠯᠡᠷᠡᠬᠦᠯᠦᠭᠰᠡᠨ ᠠᠴᠠ 87 ᠵᠢᠯ ᠡᠷᠳᠡ᠂ ᠫᠣᠷᠲ᠋ᠣᠭᠠᠯ ᠤᠨ ᠳ᠋᠊ · ᠭᠠᠮᠨ ᠰᠠᠶᠢᠨ ᠢᠳᠡᠬᠡᠯᠳᠣ ᠬᠤᠰᠢᠭᠤ ᠶᠢ ᠣᠷᠢᠶᠠᠵᠣ ᠡᠨᠡᠳᠭᠡᠭ ᠲᠤ | ᠬᠦᠷᠦᠭᠰᠡᠨ ᠠᠴᠠ 92 ᠵᠢᠯ ᠡᠷᠳᠡ᠂ ᠫᠣᠷᠲ᠋ᠣᠭᠠᠯ ᠤᠨ ᠮᠠᠵᠧᠯᠧᠨ ᠪᠦᠮᠪᠦᠷᠴᠡᠭ ᠢ ᠲᠣᠭᠤᠷᠢᠵᠣ ᠠᠶᠠᠯᠠᠬᠰᠠᠨ ᠠᠴᠠ 116 ᠵᠢᠯ ᠡᠷᠳᠡ ᠠᠪᠠᠢ᠃ ᠬᠡᠪᠴᠢᠶ᠎ᠡ ᠶᠢᠨ | ᠬᠤᠪᠢ ᠳᠤ ᠵᠸᠡᠭ ᠾᠧ ᠣᠳᠠᠭ᠎ᠠ ᠪᠣᠯᠭᠠᠨ ᠠᠳ᠋ᠯᠠᠨᠲ ᠲᠠᠯᠠᠢ ᠪᠠᠷ ᠠᠶᠠᠯᠠᠬᠤ ᠳᠤ 260 ᠭᠠᠷᠣᠢ ᠣᠡᠭᠭᠤᠴᠨ᠂ 27000 ᠰᠢᠬᠠᠮ ᠬᠦᠮᠦᠨ ᠲᠠᠢ᠂ ᠺᠣᠯᠣᠮᠪᠦ ᠠᠩᠬ᠎ᠠ | ᠠᠶᠠᠯᠠᠬᠤ ᠳᠤ 3 ᠣᠡᠭᠭᠤᠴᠨ᠂ 90 ᠬᠦᠮᠦᠨ ᠲᠠᠢ᠂ ᠳ᠋᠊ · ᠭᠠᠮᠨ ᠠᠩᠬ᠎ᠠ ᠠᠶᠠᠯᠠᠬᠤ ᠳᠤ 4 ᠣᠡᠭᠭᠤᠴᠨ᠂ 170 ᠬᠦᠮᠦᠨ ᠲᠠᠢ᠂ ᠮᠠᠵᠧᠯᠧᠨ ᠲᠡᠯᠡᠬᠡᠢ ᠶᠢᠨ | ᠪᠦᠮᠪᠦᠷᠴᠡᠭ ᠢ ᠲᠣᠭᠤᠷᠢᠵᠣ ᠠᠶᠠᠯᠠᠬᠤ ᠳᠤ 5 ᠤᠩᠭᠤᠴᠨ᠂ 265 ᠬᠦᠮᠦᠨ ᠲᠠᠢ ᠪᠦᠯᠣᠬᠡ᠃ ᠵᠠᠮᠨᠠᠬᠰᠠᠨ ᠵᠠᠮ ᠤᠨ ᠬᠤᠪᠢ ᠳᠤ ᠵᠸᠡᠭ ᠾᠧ ᠵᠡᠬᠦᠨ ᠡᠮᠦᠨᠡᠳᠣ | ᠠᠽᠢᠶ᠎ᠠ᠂ ᠪᠠᠷᠠᠭᠤᠨ ᠠᠽᠢᠶ᠎ᠠ ᠪᠠᠷ ᠵᠡᠬᠦᠨ ᠠᠹᠧᠷᠢᠺᠠ ᠳᠤ ᠬᠦᠷᠴᠡᠢ᠂ ᠺᠣᠯᠣᠮᠪᠤ ᠠᠳ᠋ᠯᠠᠨᠲ ᠲᠠᠯᠠᠢ ᠶᠢ ᠲᠣᠭᠤᠯᠣᠨ ᠲᠣᠮᠳᠠᠳᠣ ᠠᠮᠧᠷᠢᠺᠠ ᠲᠢᠪ ᠲᠤ ᠯᠨ ᠬᠦᠷᠪᠡ᠂ ᠳ᠋᠊ | · ᠭᠠᠮᠨ ᠠᠹᠧᠷᠢᠺᠠ ᠪᠠᠷ ᠡᠨᠡᠳᠭᠡᠭ ᠲᠤ ᠬᠦᠷᠴᠡᠢ᠂ ᠮᠠᠵᠧᠯᠧᠨ ᠨᠢᠬᠡ ᠯᠨ ᠣᠳᠠᠭ᠎ᠠ ᠲᠠᠯᠡᠬᠡᠢ ᠶᠢᠨ ᠪᠦᠮᠪᠦᠷᠴᠡᠭ ᠢ ᠲᠣᠭᠤᠷᠢᠵᠣ ᠠᠶᠠᠯᠠᠭᠠᠳ ᠹᠢᠯᠢᠫᠢᠨ ᠣᠯᠣᠰ ᠲᠤ | ᠬᠦᠷᠴᠣ᠂ ᠲᠣᠬᠠᠢ ᠶᠢᠨ ᠨᠣᠳᠤᠭ ᠤᠨ ᠪᠣᠯᠢᠶᠠᠯᠳᠣᠭᠠᠨ ᠳᠤ ᠣᠷᠣᠯᠴᠠᠬᠰᠠᠨ ᠤ ᠡᠷᠬᠡ ᠪᠠᠷ ᠠᠷᠠᠯ ᠤᠨ ᠰᠠᠭᠤᠭᠠᠯᠢ ᠳᠤ ᠠᠯᠠᠬᠳᠠᠯᠤᠭᠠ᠃ ᠵᠸᠡᠭ ᠾᠧ 28 ᠵᠢᠯ ᠳᠤ | 7 ᠣᠳᠠᠭ᠎ᠠ᠂ 10 ᠲᠦᠮᠡᠨ ᠺᠢᠯᠣᠮᠧᠳ᠋ᠷ ᠪᠠᠶᠢᠵᠣ᠂ ᠲᠡᠯᠡᠬᠡᠢ ᠶᠢᠨ ᠪᠦᠮᠪᠦᠷᠴᠡᠭ ᠢ ᠭᠤᠷᠪᠠ ᠣᠷᠢᠶᠠᠬᠰᠠᠨ ᠠᠴᠠ ᠪᠠᠰᠨ ᠢᠯᠡᠬᠦᠣ᠃ ᠵᠸᠡᠭ ᠾᠧ ᠶᠢᠨ ᠲᠠᠯᠠᠢ ᠶᠢᠨ | ᠠᠶᠠᠯᠠᠯ ᠡᠮᠦᠨᠡᠳᠣ ᠲᠠᠯᠠᠢ ᠶᠢᠨ ᠠᠷᠠᠯ ᠣᠯᠳᠣᠷᠢᠭ ᠤᠨ ᠭᠤᠣᠯ ᠣᠯᠣᠰ ᠲᠡᠳᠦᠢ ᠦᠭᠡᠢ᠂ ᠠᠹᠧᠷᠢᠺᠠ ᠲᠢᠪ ᠤᠨ ᠵᠡᠬᠦᠨ ᠡᠷᠬᠢ ᠬᠦᠷᠴᠣ᠂ 30 ᠢᠯᠡᠬᠦᠣ ᠣᠯᠣᠰ ᠢᠶᠠᠷ | ᠶᠠᠪᠣᠪᠠᠢ᠃ ᠵᠸᠡᠭ ᠾᠧ ᠶᠢᠨ ᠴᠠᠭ ᠦᠶ᠎ᠡ ᠳᠤ ᠺᠣᠫᠧᠷᠨᠢᠺ ᠤᠨ ︽ᠨᠠᠷᠨ ᠪᠠᠷ ᠲᠦᠪ ᠪᠣᠯᠭᠠᠬᠤ ᠰᠣᠷᠭᠠᠯ︾ ᠠᠯᠠᠭ᠎ᠠ᠂ ᠲᠡᠯᠡᠬᠡᠢ ᠶᠢᠨ ᠪᠦᠮᠪᠦᠷᠴᠡᠭ ᠤᠨ ᠵᠠᠬᠪᠣᠷ ᠴᠦ | ᠠᠯᠠᠭ᠎ᠠ᠂ ᠣᠷᠳᠣᠷᠢᠭ ᠦᠷᠬᠡᠷᠢᠭ ᠢ ᠬᠡᠮᠵᠢᠬᠦ ᠠᠷᠭ᠎ᠠ ᠶᠢ ᠨᠡᠩ ᠬᠡᠯᠡᠬᠦ ᠶᠠᠭᠤᠨ︖ ᠵᠸᠡᠭ ᠾᠧ ᠶᠢᠨ ᠣᠡᠭᠭᠤᠴᠠᠳᠣ ᠠᠩᠭᠢ ᠭᠠᠵᠠᠷ ᠵᠦᠢ ᠶᠢᠨ ᠲᠠᠯᠠᠢ ᠶᠢᠨ ᠠᠶᠠᠯᠠᠯ᠂ | ᠣᠳᠣᠨ ᠣᠷᠣᠨ ᠤ ᠲᠠᠯᠠᠢ ᠶᠢᠨ ᠠᠶᠠᠯᠠᠯ᠂ ᠵᠦᠭᠯᠡᠬᠦᠷ᠂ ᠠᠶᠠᠯᠠᠯ ᠤᠨ ᠵᠠᠮ ᠢᠶᠠᠨ ᠬᠡᠮᠵᠢᠬᠦ ᠵᠡᠷᠬᠡ ᠮᠡᠷᠬᠡᠵᠢᠯ ᠢ ᠣᠶᠠᠯᠳᠣᠭᠤᠯᠣᠨ ᠬᠦᠮᠦᠨ ᠲᠦᠷᠣᠯᠬᠢᠳᠡᠨ ᠤ | ᠲᠠᠯᠠᠢ ᠶᠢᠨ ᠠᠶᠠᠯᠠᠯ ᠤᠨ ᠮᠡᠷᠬᠡᠵᠢᠯ ᠢ ᠰᠢᠨ᠎ᠡ ᠣᠷᠬᠢᠯ ᠳᠤ ᠬᠦᠷᠭᠡᠭᠰᠡᠨ ᠲᠡᠳᠣᠢ ᠦᠭᠡᠢ ᠲᠡᠯᠡᠬᠡᠢ ᠲᠡᠬᠡᠷᠡᠬᠢ ᠬᠠᠮᠤᠭ ᠡᠷᠳᠡᠨ ᠤ ᠲᠠᠯᠠᠢ ᠶᠢᠨ ᠠᠶᠠᠯᠠᠯ ᠤᠨ ᠵᠢᠷᠤᠭ | ᠪᠣᠯᠬᠤ ︽ᠵᠸᠡᠭ ᠾᠧ ᠶᠢᠨ ᠲᠠᠯᠠᠢ ᠶᠢᠨ ᠠᠶᠠᠯᠠᠯ ᠤᠨ ᠵᠢᠷᠤᠭ︾ ᠢ ᠵᠢᠷᠣᠪᠠᠢ᠃ ᠡᠨᠡ ᠪᠣᠯ ᠮᠠᠨ ᠤ ᠣᠯᠣᠰ ᠤᠨ ᠬᠠᠮᠤᠭ ᠡᠷᠳᠡᠨ ᠤ ᠲᠠᠯᠠᠢ ᠶᠢᠨ ᠵᠢᠷᠤᠭ᠂ ᠲᠡᠯᠡᠬᠡᠢ | ᠶᠢᠨ ᠬᠡᠪᠴᠢᠶ᠎ᠡ ᠠᠴᠠ ᠶᠠᠷᠢᠬᠤ ᠳᠤ ᠴᠦ ᠲᠡᠯᠡᠬᠡᠢ ᠶᠢᠨ ᠠᠩᠬᠠᠳᠠᠬᠴᠢ ᠲᠠᠯᠠᠢ ᠶᠢᠨ ᠵᠢᠷᠤᠭ ᠤᠨ ᠴᠣᠬᠯᠠᠷᠠᠯ ᠬᠡᠭᠳᠡᠬᠦ ᠬᠤᠯᠯᠠᠨᠳ᠋ ᠣᠯᠣᠰ ᠤᠨ ᠸᠡᠭᠨᠧᠷ ᠤᠨ ︽ | ᠲᠠᠯᠠᠢ ᠶᠢᠨ ᠠᠶᠠᠯᠠᠯ ᠤᠨ ᠬᠡᠬᠡᠨ ᠲᠣᠯᠢ︾ ᠠᠴᠠ ᠬᠡᠴᠢᠨᠡᠨ ᠵᠢᠯ ᠡᠷᠳᠡ ᠪᠠᠶᠢᠵᠣ᠂ ᠲᠡᠯᠡᠬᠡᠢ ᠶᠢᠨ ᠭᠠᠵᠠᠷ ᠤᠨ ᠵᠢᠷᠤᠭ ᠤᠨ ᠬᠦᠭᠵᠢᠯᠳᠡ ᠳᠤ ᠬᠡᠷᠡᠯ ᠰᠠᠴᠣᠷᠠᠩᠭᠤᠢ | ᠪᠠᠶᠢᠷᠢ ᠶᠢ ᠡᠵᠡᠯᠡᠬᠦ ᠪᠦᠯᠦᠬᠡ᠃ | ᠡᠮᠦᠨ᠎ᠡ ᠲᠣᠷᠠᠳᠣᠬᠰᠠᠨ ᠡᠸᠦ᠋ᠷᠣᠫᠠ ᠶᠢᠨ ᠭᠤᠷᠪᠠᠨ ᠲᠠᠯᠠᠢ ᠶᠢᠨ ᠠᠶᠠᠯᠠᠯᠴᠢᠨ ᠤ ᠠᠵᠢᠯᠯᠠᠭ᠎ᠠ ᠶᠢ ᠬᠠᠮᠳᠣ ᠳᠤᠨᠢ ︽ᠭᠠᠵᠠᠷ ᠵᠦᠢ ᠶᠢᠨ ᠲᠣᠮᠣ ᠢᠯᠡᠷᠡᠬᠦᠯᠣᠯ︾ | ᠭᠡᠵᠤ ᠬᠡᠯᠡᠳᠡᠭ᠃ ᠭᠠᠵᠠᠷ ᠵᠦᠢ ᠶᠢᠨ ᠢᠯᠡᠷᠡᠬᠦᠯᠦᠯᠳᠡ ᠪᠠᠷ ᠲᠠᠮᠵᠢᠨ ᠪᠠᠷᠠᠭᠤᠨ ᠡᠸᠦ᠋ᠷᠣᠫᠠ ᠶᠢᠨ ᠣᠯᠣᠰ ᠤᠳ ᠭᠠᠳᠠᠭᠠᠳᠣ ᠠᠴᠠ ᠶᠡᠭᠡ ᠬᠡᠮᠵᠢᠶᠡᠨ ᠤ ᠡᠳ᠋ ᠪᠠᠶᠠᠯᠢᠭ | ᠪᠠ ᠬᠠᠷ᠎ᠠ ᠠᠰᠢᠭ ᠣᠯᠪᠠ᠃ ᠢᠰᠫᠠᠨᠢ ᠶᠢᠨ ᠺᠣᠯᠣᠨᠢᠴᠢᠯᠠᠬᠴᠢᠳ ᠯᠠᠲ᠋ᠢᠨ ᠠᠮᠧᠷᠢᠺᠠ ᠲᠢᠪ ᠢ 3 ᠵᠠᠭᠤᠨ ᠡᠵᠡᠷᠬᠡᠵᠣ᠂ ᠣᠣᠭᠠᠯ ᠢᠷᠬᠡᠳ ᠢ ᠬᠠᠷᠬᠢᠰ ᠬᠡᠷᠴᠡᠬᠡᠢ᠂ | ᠬᠠᠷ᠎ᠠ ᠬᠤᠣᠷᠠᠳᠠᠢ ᠪᠠᠷ ᠬᠦᠨᠦᠬᠡᠬᠦ ᠪᠠ ᠪᠣᠭᠤᠯᠴᠢᠯᠠᠵᠣ᠂ 2500 ᠲᠦᠮᠡᠨ ᠢᠨᠳᠢᠶᠠᠨᠴᠣᠳ ᠢ ᠬᠤᠷᠣᠭᠠᠵᠣ᠂ 250 ᠲᠦᠮᠡᠨ ᠺᠢᠯᠦᠭᠷᠠᠮ ᠰᠢᠵᠢᠷ ᠠᠯᠳᠠ ᠪᠠ | ᠳ᠋ᠦᠡᠭᠰᠢᠭᠤᠷ ᠲᠣᠨ ᠮᠦᠡᠭᠭᠦ ᠲᠣᠨᠣᠪᠠᠢ᠃ ᠫᠣᠷᠲ᠋ᠦ᠋ᠭᠠᠯ ᠤᠨ ᠺᠣᠯᠣᠨᠢᠴᠢᠠᠯᠬᠴᠢᠳ ᠪᠷᠠᠽᠢᠯ ᠠᠴᠠ 6 ᠳ᠋ᠦᠡᠭᠰᠢᠭᠤᠷ ᠳ᠋ᠣᠯᠯᠠᠷ ᠤᠨ ᠰᠢᠵᠢᠷ ᠠᠯᠳᠠ ᠪᠠ 3 ᠳ᠋ᠦᠡᠭᠰᠢᠭᠤᠷ | ᠳ᠋ᠣᠯᠯᠠᠷ ᠤᠨ ᠠᠯᠠᠮᠠᠰ ᠠᠪᠠᠴᠢᠵᠠᠢ᠃ 15 ᠳ᠋ᠣᠭᠠᠷ ᠵᠠᠭᠤᠨ ᠤ ᠲᠣᠮᠳᠠᠴᠢ ᠳᠤ ᠫᠣᠷᠲ᠋ᠦ᠋ᠭᠠᠯᠴᠣᠳ ᠠᠹᠧᠷᠢᠺᠠ ᠲᠢᠪ ᠤᠨ ᠪᠠᠷᠠᠭᠤᠨ ᠲᠠᠯᠠᠢ ᠶᠢᠨ ᠡᠷᠬᠢ ᠠᠴᠠ | ᠪᠣᠭᠤᠯᠴᠣᠳ ᠢ ᠪᠣᠯᠢᠶᠠᠬᠤ ᠪᠠ ᠬᠤᠳᠠᠯᠳᠣᠨ ᠠᠪᠴᠣ ᠣᠯᠣᠰ ᠲᠠᠭᠠᠨ ᠠᠪᠠᠴᠢᠵᠣ ᠠᠷᠠᠯᠵᠢᠶᠠᠯᠠᠨ᠂ ᠴᠦᠬᠡᠨᠭᠭᠢ ᠨᠢ ᠪᠠᠶᠠᠨ ᠠᠶᠢᠯ ᠳᠤ ᠵᠠᠷᠣᠴᠠᠯᠠᠬᠳᠠᠨ᠂ ᠣᠯᠠᠩᠭᠢ ᠨᠢ | ᠠᠳ᠋ᠯᠠᠨᠲ ᠲᠠᠯᠠᠢ ᠶᠢᠨ ᠡᠵᠡᠯᠡᠭᠳᠡᠭᠰᠡᠨ ᠠᠷᠠᠯ ᠬᠤᠶᠢᠭ ᠢᠶᠠᠷ ᠠᠭᠤᠷᠬᠠᠢ ᠨᠡᠬᠡᠬᠡᠬᠦ᠂ ᠲᠠᠷᠢᠵᠣ ᠠᠷᠠᠴᠢᠯᠠᠬᠤ ᠵᠡᠷᠬᠡ ᠬᠠᠷ᠎ᠠ ᠠᠵᠢᠯ ᠳᠤ ᠪᠠᠷᠢᠬᠳᠠᠪᠠ᠃ ᠠᠹᠧᠷᠢᠺᠠ᠂ | ᠯᠠᠲ᠋ᠢᠨ ᠠᠮᠧᠷᠢᠺᠠ ᠲᠢᠪ ᠲᠤ ᠪᠠᠷᠠᠭᠤᠨ ᠡᠸᠦ᠋ᠷᠣᠫᠠᠴᠣᠳ ᠰᠣᠬᠤᠷ ᠵᠣᠭᠤᠰᠣᠨ ᠤ ᠦᠨ᠎ᠡ ᠦᠭᠡᠢ ᠰᠢᠯ ᠪᠦᠮᠪᠦᠭᠡ᠂ ᠲᠣᠯᠢ᠂ ᠬᠦᠨᠵᠢᠬᠦᠷ᠂ ᠲᠣᠪᠴᠢ ᠵᠡᠷᠬᠡ ᠪᠠᠷ | ᠲᠡᠨᠳᠡᠬᠢ ᠦᠨ᠎ᠡ ᠪᠡᠨ᠎ᠡ ᠲᠠᠢ ᠬᠢᠷᠢᠰ ᠤᠨ ᠡᠪᠡᠷ᠂ ᠵᠠᠭᠠᠨ ᠤ ᠰᠣᠶᠤᠭ᠎ᠠ᠂ ᠰᠢᠵᠢᠷ ᠠᠯᠳᠠ᠂ ᠮᠦᠡᠭᠭᠦ᠂ ᠪᠣᠭᠤᠯᠴᠣᠳ ᠢ ᠰᠣᠯᠢᠳᠠᠭ᠂ ᠢᠡᠭᠭᠢᠵᠣ ᠠᠳᠠᠯᠢ ᠪᠣᠰᠣ | ᠦᠨ᠎ᠡ ᠲᠠᠢ ᠪᠣᠳᠠᠰ ᠤᠨ ᠰᠣᠯᠢᠯᠴᠠᠭ᠎ᠠ ᠲᠣᠮᠳᠠ ᠠᠴᠠ ᠬᠠᠷ᠎ᠠ ᠠᠰᠢᠭ ᠣᠯᠬᠤ ᠨᠢ ᠣᠳᠣ ᠶᠢᠨ ᠦᠬᠡ ᠪᠠᠷ ᠬᠡᠯᠡᠪᠡᠯ ᠬᠦᠮᠦᠨ ᠴᠢᠨᠠᠷ ᠢᠶᠠᠨ ᠠᠯᠳᠠᠬᠰᠠᠨ | ᠬᠤᠳᠠᠯᠳᠣᠭᠠᠨ ᠤ ᠮᠡᠬᠡᠯᠡᠯ ᠪᠠᠶᠢᠯᠤᠭ᠎ᠠ᠃ | ᠲᠡᠯᠡᠬᠡᠢ ᠲᠡᠬᠡᠷ᠎ᠡ ᠲᠠᠯᠠᠢ ᠶᠢᠨ ᠠᠶᠠᠯᠠᠯ ᠢ ᠶᠡᠷᠣ ᠨᠢ ᠪᠠᠷᠳᠠᠭ᠎ᠠ ᠰᠢᠨᠵᠢᠯᠡᠬᠦ᠂ ᠡᠷᠬᠡᠰᠢᠶᠡᠬᠦ᠂ ᠪᠣᠯᠢᠶᠠᠨ ᠲᠡᠬᠡᠷᠡᠮᠳᠡᠬᠦ ᠲᠠᠢ ᠬᠤᠯᠪᠣᠵᠣ ᠶᠠᠷᠢᠳᠠᠭ᠂ ᠬᠡᠳᠡᠯ᠎ᠡ ᠵᠸᠡᠭ | ᠾᠧ ᠶᠢᠨ ᠲᠠᠯᠠᠢ ᠶᠢᠨ ᠠᠶᠠᠯᠠᠯ ᠨᠢ ᠪᠠᠯᠠᠮᠠᠳ ᠡᠷᠭᠡᠰᠢᠶᠡᠯ᠂ ᠪᠣᠯᠢᠶᠠᠨ ᠲᠡᠬᠡᠷᠡᠮᠳᠡᠯᠬᠡ ᠪᠢᠰᠢ ᠮᠦᠷᠳᠡᠬᠡᠨ ᠴᠢᠰᠣᠳᠣ ᠲᠠᠮᠣᠯᠠᠯ ᠪᠠ ᠠᠯᠠᠯᠭ᠎ᠠ ᠬᠢᠳᠣᠯᠭ᠎ᠠ ᠴᠦ ᠠᠯᠠᠭ᠎ᠠ | ᠶᠤᠮ᠃ ᠪᠣᠰᠣᠳ ᠤᠨ ᠡᠳ᠋ ᠬᠦᠷᠣᠩᠭᠡ ᠶᠢ ᠶᠡᠷᠣ ᠠᠴᠠ ᠲᠡᠬᠡᠷᠡᠮᠳᠡᠭᠡ ᠦᠭᠡᠢ᠂ ᠪᠣᠰᠣᠳ ᠣᠯᠣᠰ ᠤᠨ ᠨᠣᠳᠤᠭ ᠲᠡᠪᠢᠰᠬᠡᠷ ᠢ ᠰᠦᠬᠦᠮ ᠲᠡᠳᠣᠢ ᠡᠵᠡᠯᠡᠭᠡ ᠦᠭᠡᠢ᠂ | ᠬᠡᠮ ᠦᠭᠡᠢ ᠢᠷᠬᠡᠳ ᠢ ᠦᠰᠣᠨ ᠲᠡᠳᠣᠢ ᠬᠦᠨᠦᠬᠡᠬᠡ ᠦᠭᠡᠢ ᠶᠤᠮ᠃ 15 ᠳ᠋ᠣᠭᠠᠷ ᠵᠠᠭᠤᠨ ᠤ ᠲᠣᠮᠳᠠᠳᠣ ᠣᠯᠣᠰ ᠨᠣᠳᠤᠭ ᠲᠡᠪᠢᠰᠬᠡᠷ ᠦᠷᠬᠡᠨ ᠠᠭᠤᠳᠠᠮ᠂ | ᠬᠦᠮᠦᠨ ᠪᠦᠯᠢ ᠣᠯᠠᠨ᠂ ᠣᠯᠣᠰ ᠬᠦᠴᠦᠷᠭᠡᠭ᠂ ᠠᠽᠢᠶ᠎ᠠ ᠲᠢᠪ ᠢ ᠪᠠᠶᠢᠴᠢᠬ᠎ᠠ᠂ ᠪᠦᠬᠦ ᠲᠡᠯᠡᠬᠡᠢ ᠳᠤ ᠴᠦ ᠭᠠᠷ ᠤᠨ ᠲᠠᠪᠣᠨ ᠬᠤᠷᠣᠭᠤᠨ ᠳᠤ ᠪᠠᠭᠳᠠᠬᠤ ᠣᠯᠣᠰ | ᠪᠠᠶᠢᠯ᠎ᠠ᠃ ᠭᠠᠳᠠᠭᠠᠳᠣ ᠠᠴᠠ ᠰᠢᠨ᠎ᠡ ᠭᠠᠵᠠᠷ ᠰᠢᠷᠣᠢ ᠣᠯᠬᠤ᠂ ᠬᠢᠯᠢ ᠬᠢᠵᠠᠭᠠᠷ ᠢᠶᠠᠨ ᠦᠷᠬᠡᠳᠬᠡᠬᠦ ᠱᠠᠭᠠᠷᠳᠠᠯᠭ᠎ᠠ ᠠᠯᠠᠭ᠎ᠠ᠂ ᠨᠡᠩ ᠴᠦ ᠠᠯᠣᠰ ᠬᠤᠯᠨ ᠲᠠᠯᠠᠢ | ᠲᠠᠮᠵᠢᠨ ᠰᠢᠵᠢᠷ ᠠᠯᠳᠠ᠂ ᠴᠠᠭᠠᠨ ᠮᠦᠡᠭᠭᠦ ᠡᠷᠢᠬᠦ ᠱᠠᠭᠠᠷᠳᠠᠯᠭ᠎ᠠ ᠦᠭᠡᠢ᠃ ᠮᠢᠩ ᠣᠯᠣᠰ ᠵᠸᠡᠭ ᠾᠧ ᠶᠢ ᠠᠳ᠋ᠯᠠᠨᠲ ᠲᠠᠯᠠᠢ ᠳᠤ ᠲᠣᠮᠢᠯᠠᠬᠰᠠᠨ ᠤ ᠣᠭ ᠵᠣᠷᠢᠯᠭ᠎ᠠ | ᠪᠣᠯ ᠲᠡᠯᠡᠬᠡᠢ ᠶᠢᠨ ᠡᠯ᠎ᠡ ᠣᠯᠣᠰ ᠯᠤᠭ᠎ᠠ ᠡᠩᠭᠡ ᠲᠠᠶᠢᠪᠤᠡᠭ᠂ ᠨᠦᠬᠦᠷᠰᠡᠭ ᠢᠶᠠᠷ ᠨᠦᠬᠦᠷᠯᠡᠯ ᠢᠶᠠᠨ ᠪᠠᠳᠣᠳᠬᠠᠵᠣ᠂ ᠨᠡᠭᠡᠬᠡᠭᠳᠡᠭᠡ ᠦᠭᠡᠢ ᠭᠠᠳᠠᠭᠠᠳᠣ ᠠᠷᠠᠯᠵᠢᠶ᠎ᠠ ᠶᠢ | ᠨᠡᠪᠳᠡᠷᠡᠬᠦᠯᠵᠣ᠂ ᠰᠣᠶᠣᠯ ᠢᠶᠠᠨ ᠰᠣᠯᠢᠯᠴᠠᠬᠤ᠂ ᠲᠡᠭᠷᠢ ᠶᠢ ᠰᠢᠨᠵᠢᠵᠣ ᠭᠠᠵᠠᠷ ᠢ ᠬᠡᠮᠵᠢᠨ ᠲᠠᠯᠠᠢ ᠶᠢᠨ ᠵᠢᠷᠤᠭ ᠵᠢᠷᠣᠬᠤ᠂ ᠣᠡᠭᠭᠤᠴᠨ ᠦᠢᠯᠡᠳᠣᠨ ᠲᠠᠯᠠᠢ ᠪᠠᠷ | ᠠᠶᠠᠯᠠᠵᠣ ᠰᠢᠨᠵᠢᠯᠡᠬᠦ ᠮᠡᠷᠬᠡᠵᠢᠯ ᠢ ᠣᠯᠠᠮᠵᠢᠯᠠᠬᠤ ᠶᠢᠨ ᠲᠠᠭᠠᠣ ᠬᠠᠷᠢᠯᠴᠠᠨ ᠰᠣᠷᠣᠯᠴᠠᠬᠤ ᠶᠠᠪᠣᠳᠠᠯ ᠪᠣᠯᠣᠨ᠎ᠠ᠃ | ᠮᠢᠩ ᠣᠯᠣᠰ ᠤᠨ ᠡᠬᠢᠨ ᠤ ᠦᠶ᠎ᠡ ᠳᠤ ᠭᠤᠷᠪᠠᠨ ᠬᠠᠭᠠᠨ ᠰᠣᠯᠢᠬᠳᠠᠬᠠᠰᠠᠨ ᠶᠤᠮ᠂ ᠵᠣ᠋ ᠶᠣᠸᠠᠨ ᠵᠠᠩ ᠤᠨ ᠲᠣᠬᠳᠠᠭᠠᠬᠰᠠᠨ ᠡᠩᠭᠡ ᠲᠠᠶᠢᠪᠤᠡᠭ ᠭᠠᠳᠠᠭᠠᠳᠣ | ᠬᠠᠷᠢᠯᠴᠠᠭᠠᠨ ᠤ ᠪᠣᠳᠣᠯᠭ᠎ᠠ ᠨᠢ ᠦᠨᠢᠳᠡ ᠪᠠᠶᠠᠰᠬᠤᠯᠠᠩᠳᠣ ᠪᠠ ᠡᠷᠳᠡᠮ ᠢ ᠲᠡᠯᠬᠡᠷᠡᠬᠦᠯᠬᠦᠢ ᠬᠠᠭᠠᠨ ᠤ ᠦᠶ᠎ᠡ ᠳᠤ ᠣᠯᠠᠮᠵᠢᠯᠠᠬᠳᠠᠨ ᠬᠦᠭᠵᠢᠪᠡ᠃ ᠶᠡᠭᠡ ᠰᠦᠷᠳᠣ ᠶᠢᠨ | ᠬᠤᠶᠠᠳᠣᠭᠠᠷ ᠣᠨ ︵1369︶ ᠣᠨ ᠳᠤ ᠵᠣ᠋ ᠶᠣᠸᠠᠨ ᠵᠠᠩ ︽ ᠬᠠᠭᠠᠨ ᠣᠷᠢᠳᠠᠰ ᠤᠨ ᠰᠣᠷᠭᠠᠯ︾ ᠳᠠᠭᠠᠨ ᠡᠯ᠎ᠡ ᠣᠯᠣᠰ ᠤᠨ ᠠᠷᠠᠳ ᠲᠦᠮᠡᠨ ᠲᠠᠢ ᠡᠩᠭᠡ | ᠲᠠᠶᠢᠪᠤᠡᠭ ᠣᠷᠣᠰᠢᠬᠤ ᠪᠣᠳᠣᠯᠭ᠎ᠠ ᠶᠢ ᠭᠠᠳᠠᠭᠠᠳᠣ ᠬᠠᠷᠢᠯᠴᠠᠭᠠᠨ ᠤ ᠰᠠᠭᠤᠷᠢ ᠲᠦᠷᠣ ᠶᠢᠨ ᠪᠣᠳᠣᠯᠭ᠎ᠠ ᠪᠣᠯᠭᠠᠨ ︽ᠮᠡᠬᠦᠰ ᠪᠢ ᠪᠠᠷ ᠬᠤᠶᠢᠴᠢ ᠦᠶ᠎ᠡ ᠶᠢᠨ ᠬᠦᠪᠡᠬᠦᠨ | ᠠᠴᠢᠨᠠᠷ ᠲᠣᠮᠳᠠᠳᠣ ᠣᠯᠣᠰ ᠤᠨ ᠪᠠᠶᠠᠨ ᠬᠦᠴᠦᠷᠭᠡᠭ ᠲᠤᠷ ᠡᠷᠳᠣᠨ᠂ ᠲᠦᠷ ᠵᠠᠭᠤᠷ᠎ᠠ ᠶᠢᠨ ᠴᠡᠷᠢᠭ ᠲᠠᠶᠢᠨ ᠤ ᠭᠠᠪᠢᠶ᠎ᠠ ᠠᠯᠳᠠᠷ ᠲᠤᠷ ᠰᠢᠨᠣᠬᠠᠶᠢᠷᠠᠵᠣ᠂ ᠲᠠᠶᠢᠰᠣᠨ | ᠠᠯᠠᠭ᠎ᠠ ᠠᠳᠠᠯ᠎ᠠ ᠴᠡᠷᠢᠭ ᠬᠦᠳᠡᠯᠬᠡᠨ᠂ ᠣᠯᠣᠰ ᠢᠷᠬᠡᠨ ᠢ ᠵᠣᠪᠠᠯᠠᠩ ᠬᠦᠨᠦᠬᠡᠯ ᠳᠤᠷ ᠲᠣᠯᠭᠠᠷᠠᠭᠤᠯᠬᠤ ᠪᠣᠯᠣᠭᠤᠵᠠᠢ ᠬᠡᠮᠡᠨ ᠡᠬᠡᠨᠡᠭᠳᠡ ᠡᠮᠢᠶᠡᠵᠣ ᠪᠠᠶᠢᠯᠤᠭ᠎ᠠ᠃ ᠡᠶᠢᠨ | ᠮᠡᠳᠣ ᠬᠡᠷᠡᠭ ᠦᠢᠯᠨ ᠶᠢ ᠬᠡᠷᠬᠢᠪᠡᠴᠣ ᠦᠯᠣ ᠵᠦᠪᠰᠢᠶᠡᠮᠣᠢ ᠬᠡᠮᠡᠬᠦᠨ ᠢ ᠪᠠᠳᠣ ᠴᠡᠬᠡᠵᠢᠯᠡᠭᠳᠣᠨ︾ ᠬᠡᠮᠡᠪᠡᠢ᠃ ᠡᠬᠦᠨ ᠤ ᠬᠠᠮᠳᠣ ᠲᠣᠮᠳᠠᠳᠣ ᠣᠯᠣᠰ ᠪᠠ ᠬᠠᠵᠠᠭᠤ | ᠬᠠᠪᠢ ᠶᠢᠨ 15 ᠣᠯᠣᠰ ᠢ ᠨᠦᠬᠦᠷᠰᠡᠭ ᠬᠦᠷᠰᠢ ᠪᠣᠯᠭᠠᠵᠣ᠂ ᠦᠯᠣ ᠲᠠᠶᠢᠯᠠᠬᠤ ᠣᠯᠣᠰ ᠬᠡᠮᠡᠯᠣᠬᠡ᠃ ᠵᠣ᠋ ᠳ᠋ᠢ ︽ᠵᠢᠩ ᠨᠠᠨ ᠤ ᠪᠠᠶᠢᠯᠳᠣᠭᠠᠨ︾ ᠢᠶᠠᠷ ᠲᠠᠮᠵᠢᠨ | ᠣᠳᠬ᠎ᠠ ᠬᠦᠭᠵᠢᠩᠭᠦᠢ ᠶᠢᠨ ᠲᠦᠷᠪᠡᠳᠣᠬᠡᠷ ᠣᠨ ︵1402︶ ᠳᠤ ᠬᠠᠭᠠᠨ ᠰᠠᠭᠤᠷᠢᠨ ᠳᠤ ᠰᠠᠭᠤᠵᠣ᠂ ᠲᠠᠷᠠᠭ᠎ᠠ ᠵᠢᠯ ᠨᠢ ᠣᠨ ᠤ ᠴᠣᠯᠨ ᠪᠠᠨ ᠦᠨᠢᠳᠡ | ᠪᠠᠶᠠᠰᠬᠤᠯᠠᠩᠳᠣ ᠬᠡᠮᠡᠵᠣ᠂ ︽ᠲᠦᠷᠪᠡᠨ ᠵᠦᠭ ᠤᠨ ᠬᠠᠷᠢᠴᠣᠳ ᠡᠶᠡᠳᠡᠪᠡᠰᠣ᠂ ᠲᠣᠮᠳᠠᠳᠣ ᠣᠯᠣᠰ ᠠᠮᠣᠭᠤᠯᠠᠩ ᠪᠣᠯᠣᠮᠣᠢ︾᠂ ︽ᠡᠶᠢᠨ ᠬᠦ ᠲᠣᠳᠣᠭᠠᠳᠣ ᠳᠤᠷ | ᠲᠣᠳᠣᠷᠠᠳᠣ ᠣᠷᠣᠨ ᠢᠶᠠᠨ ᠲᠣᠬᠳᠠᠭᠠᠵᠣ ᠠᠮᠣᠷᠵᠢᠭᠤᠯᠣᠨ᠂ ᠭᠠᠳᠠᠭᠠᠳᠣ ᠳᠤᠷ ᠲᠦᠷᠪᠡᠨ ᠵᠦᠭ ᠤᠨ ᠬᠠᠷᠢᠴᠣᠳ ᠢ ᠢᠯᠪᠢᠨ ᠲᠣᠬᠤᠨᠢᠭᠤᠯᠵᠣ᠂ ᠢᠵᠢᠯᠢᠰᠢᠨ | ᠣᠷᠣᠰᠢᠵᠣ ᠲᠡᠭᠰᠢ ᠪᠠᠷ ᠬᠠᠨᠳᠣᠨ᠂ ᠬᠤᠳᠠᠯᠨ ᠪᠦᠬᠦᠳᠡᠬᠡᠷ ᠴᠡᠴᠡᠭᠯᠡᠨ ᠬᠦᠭᠵᠢᠰᠣᠬᠡᠢ︾ ᠬᠡᠮᠡᠬᠦᠢ ᠭᠠᠳᠠᠭᠠᠳᠣ ᠲᠠᠢ ᠶᠠᠪᠣᠯᠴᠠᠬᠤ ᠨᠦᠬᠦᠷᠰᠡᠭ ᠪᠣᠳᠣᠯᠭ᠎ᠠ ᠲᠣᠷᠠᠳᠪᠠᠢ᠃ | ᠵᠸᠡᠭ ᠾᠧ ᠠᠳ᠋ᠯᠠᠨᠲ ᠲᠠᠯᠠᠢ ᠪᠠᠷ ᠠᠶᠠᠯᠠᠬᠰᠠᠨ ᠨᠢ ︽ᠡᠵᠡᠨ ᠬᠦᠮᠦᠨ ᠪᠠᠷ ᠲᠡᠭᠷᠢ ᠶᠢᠨ ᠲᠣᠣᠷᠠᠬᠢᠨ ᠢ ᠡᠵᠡᠮᠳᠡᠬᠦᠢ ᠠᠨᠣ ᠡᠨᠡᠷᠢᠯ ᠢᠪᠡᠬᠡᠬᠦ ᠦᠷᠣᠰᠢᠶᠡᠯ | ᠦᠭᠯᠢᠬᠡᠬᠦᠢ ᠳᠤᠷ ᠠᠮᠣᠢ︾᠂ ︽ᠦᠨᠣᠴᠢᠨ ᠭᠠᠭᠴᠨ ᠶᠢ ᠲᠠᠷᠣᠯᠠᠬᠤ ᠶᠢ ᠴᠡᠬᠡᠷᠯᠡᠨ᠂ ᠦᠬᠡᠶᠢᠬᠦᠣ ᠪᠠᠭᠤᠷᠠᠢ ᠶᠢ ᠲᠣᠷᠣᠮᠵᠢᠯᠠᠬᠤ ᠶᠢ ᠲᠡᠪᠴᠢᠵᠣ᠂ ᠲᠠᠶᠢᠪᠤᠡᠭ | ᠴᠠᠭ ᠤᠨ ᠪᠣᠶᠠᠨ ᠢ ᠬᠠᠮᠳᠣᠳᠠ ᠡᠳ᠋ᠯᠡᠰᠣᠬᠡᠢ︾ ᠬᠡᠮᠡᠬᠦ ᠲᠡᠭᠷᠢ ᠶᠢᠨ ᠵᠠᠷᠯᠢᠭ ᠢ ᠵᠢᠷᠣᠮᠯᠠᠪᠠ᠂ ᠡᠨᠡ ᠲᠡᠭᠷᠢ ᠶᠢᠨ ᠵᠠᠷᠯᠢᠭ ᠤᠨ ᠰᠡᠷᠡᠮᠵᠢ ᠶᠢᠨ ᠵᠠᠭᠠᠭ ᠲᠠᠯᠠᠢ ᠶᠢᠨ | ᠠᠶᠠᠯᠠᠯ ᠤᠨ ᠪᠦᠬᠦ ᠶᠠᠪᠣᠴᠨ ᠳᠤ ᠲᠣᠣᠱᠯᠠᠬᠳᠠᠬᠰᠠᠨ ᠪᠣᠯᠬᠤ ᠠᠴᠠ ᠣᠡᠭᠭᠤᠴᠠᠳᠣ ᠠᠩᠭᠢ ᠬᠦᠷᠦᠭᠰᠡᠨ ᠭᠠᠵᠠᠷ ᠪᠣᠯᠭᠠᠨ ᠳᠤ ᠲᠣᠬᠠᠢ ᠶᠢᠨ ᠨᠣᠳᠤᠭ ᠤᠨ ᠬᠢᠨ ᠤ ᠴᠢᠩ | ᠰᠡᠳᠬᠢᠯ ᠤᠨ ᠬᠠᠮᠤᠭ ᠡᠷᠬᠢᠮ ᠬᠦᠨᠳᠣᠳᠬᠡᠯ ᠢ ᠣᠯᠪᠠᠢ᠃ | 1409 ᠣᠨ ᠤ 12 ᠰᠠᠷ᠎ᠠ ᠳᠤ ᠵᠸᠡᠭ ᠾᠧ ᠠᠳ᠋ᠯᠠᠨᠲ ᠲᠠᠯᠠᠢ ᠪᠠᠷ ᠲᠣᠯᠣᠭᠠᠨᠳᠠ ᠠᠶᠠᠯᠠᠬᠤ ᠳᠤ ᠵᠠᠪᠠᠯ ᠬᠦᠷᠬᠦ ᠶᠣᠰᠣᠳᠠᠢ ᠸᠧᠶᠧᠳ᠋ᠨᠠᠮ ᠤᠨ ᠬᠦᠢ ᠷᠧᠨ | ᠭᠠᠷᠠᠮ ᠤᠨ ᠬᠢᠨ ᠵᠸᠡᠭ ᠾᠧ ᠶᠢᠨ ᠣᠡᠭᠭᠤᠴᠠᠳᠣ ᠠᠩᠭᠢ ᠲᠠᠬᠢᠨ ᠬᠦᠷᠴᠣ ᠢᠷᠡᠭᠰᠡᠨ ᠳᠤ ᠠᠬᠠᠯᠠᠬᠴᠢ ᠨᠢ ᠭᠤᠷᠪᠠᠨ ᠰᠠᠭᠤᠳᠠᠯᠳᠣ ᠠᠯᠳᠠᠨ ᠴᠡᠴᠡᠭ ᠤᠨ ᠲᠢᠳᠢᠮ | ᠵᠡᠬᠦᠵᠣ᠂ ᠣᠯᠠᠭᠠᠨ ᠨᠣᠭᠤᠭᠠᠨ ᠲᠣᠷᠭ᠎ᠠ ᠲᠣᠷᠳᠣᠩ ᠲᠣᠬᠤᠬᠰᠠᠨ ᠵᠠᠭᠠᠨ ᠣᠨᠣᠵᠣ᠂ ᠠᠷᠣ ᠦᠪᠣᠷ ᠠᠴᠠ ᠪᠠᠨ ᠬᠦᠷᠢᠶᠡᠯᠡᠬᠦᠯᠵᠣ ᠲᠡᠬᠦᠷᠬᠡ ᠶᠢᠨ ᠭᠠᠳᠠᠨ᠎ᠠ ᠠᠴᠠ | ᠲᠣᠰᠴᠣ ᠠᠪᠣᠬᠰᠠᠨ ᠪᠦᠬᠡᠳ ᠫᠠᠨ ᠭᠠᠵᠠᠷ ᠤᠨ 500 ᠰᠢᠬᠠᠮ ᠴᠡᠷᠢᠭ ᠬᠤᠷᠴᠨ ᠬᠢᠳᠤᠭ᠎ᠠ᠂ ᠭᠠᠯ ᠫᠣᠣ ᠡᠷᠬᠦᠯᠴᠡᠨ᠂ ᠨᠣᠳᠤᠭ ᠤᠨ ᠪᠦᠵᠢᠭ ᠪᠦᠵᠢᠭᠯᠡᠨ᠂ ᠮᠣᠳᠣᠨ | ᠬᠡᠨᠭᠭᠡᠷᠬᠡ ᠲᠡᠯᠡᠳᠴᠣ᠂ ᠨᠠᠷᠬᠢᠯ ᠤᠨ ᠪᠢᠰᠬᠢᠬᠦᠷ ᠦᠯᠢᠶᠡᠨ᠂ ᠪᠠᠶᠠᠷ ᠤᠨ ᠲᠠᠯᠠᠢ ᠴᠠᠯᠬᠢᠯᠠᠪᠠᠢ᠃ ᠵᠸᠡᠭ ᠾᠧ ᠶᠢ ᠦᠵᠡᠬᠡᠳ ᠠᠬᠠᠯᠠᠬᠴᠢ ᠨᠢ ᠵᠠᠭᠠᠨ ᠠᠴᠠ ᠪᠠᠨ | ᠪᠠᠭᠤᠵᠣ ᠡᠪᠦᠳᠦᠭ ᠨᠣᠭᠤᠯᠣᠨ ᠠᠮᠣᠷ ᠠᠰᠠᠭᠤᠵᠣ᠂ ᠬᠦᠰᠡᠷ ᠡᠯᠢᠬᠡᠳᠡᠨ ᠲᠡᠭᠷᠢ ᠶᠢᠨ ᠢᠪᠡᠬᠡᠯ ᠳᠤᠷ ᠲᠠᠯᠠᠷᠬᠠᠪᠠᠢ᠃ | 1412 ᠣᠨ᠂ ᠦᠨᠢᠳᠡ ᠪᠠᠶᠠᠰᠬᠤᠯᠠᠩᠳᠣ ᠶᠢᠨ ᠠᠷᠪᠠᠳᠣᠭᠠᠷ ᠣᠨ ᠳᠤ ᠵᠸᠡᠭ ᠾᠧ ᠶᠢᠨ ᠣᠡᠭᠭᠤᠴᠠᠳᠣ ᠠᠩᠭᠢ ᠡᠨᠡᠳᠭᠡᠭ ᠲᠠᠯᠠᠢ ᠶᠢᠨ ᠪᠠᠷᠠᠭᠤᠨ ᠡᠷᠬᠢ ᠶᠢᠨ | ᠪᠠᠶᠠᠨ ᠲᠠᠩᠰᠤᠭ ᠨᠦᠬᠦᠷᠰᠡᠭ ᠣᠯᠣᠰ ᠭᠧᠯᠨ ᠳᠤ ᠬᠦᠷᠪᠡᠯ ᠣᠯᠣᠰ ᠤᠨ ᠸᠠᠩ ᠨᠢ ᠡᠳ᠋ ᠡᠷᠳᠡᠨᠢᠰ ᠤᠨ ᠣᠡᠭᠭᠤᠴᠨ ᠣᠳᠠᠬᠤ ᠦᠭᠡᠢ ᠢᠷᠡᠬᠦ ᠶᠢ ᠰᠣᠨᠣᠰᠣᠭᠠᠳ | ᠣᠪᠣᠭ ᠤᠨ ᠲᠦᠷᠣᠬᠦᠣ ᠪᠠᠨ ᠲᠣᠮᠢᠯᠠᠵᠣ᠂ ᠬᠡᠬᠡᠨᠴᠢᠷ ᠵᠠᠰᠠᠵᠣ ᠴᠢᠮᠡᠵᠠᠭᠠᠨ᠂ ᠮᠣᠷᠢᠳᠣ ᠡᠩᠨᠡᠭᠡ ᠪᠠᠷ ᠲᠠᠯᠠᠢ ᠶᠢᠨ ᠭᠠᠷᠠᠮ ᠳᠤ ᠢᠷᠡᠵᠣ ᠲᠣᠮᠳᠠᠳᠣ ᠣᠯᠣᠰ ᠤᠨ ᠡᠷᠬᠢᠮ | ᠵᠣᠴᠢᠳ ᠢ ᠣᠬᠳᠣᠬᠰᠠᠨ ᠠᠵᠣᠭᠤ᠃ ᠨᠡᠶᠢᠰᠯᠡᠯ ᠬᠤᠳᠠᠨ ᠤ ᠸᠠᠩ ᠤᠨ ᠣᠷᠳᠣᠨ ᠳᠤ ᠬᠦᠷᠪᠡᠯ᠂ ᠣᠯᠣᠰ ᠤᠨ ᠸᠠᠩ ᠪᠠᠷ ᠬᠢᠴᠢᠶᠡᠩᠭᠦ᠋ᠢᠯᠡᠨ ᠬᠦᠨᠳᠣᠯᠡᠵᠣ ᠮᠦᠷᠬᠦᠨ᠂ | ᠵᠠᠷᠯᠢᠭ ᠤᠨ ᠪᠢᠴᠢᠭ ᠢ ᠲᠣᠰᠣᠭᠠᠳ᠂ ᠭᠠᠵᠠᠷ ᠲᠡᠪᠡᠷᠢᠨ ᠰᠦᠬᠦᠳᠴᠣ᠂ ᠭᠠᠯ ᠮᠠᠩᠨᠠᠢ ᠪᠠᠨ ᠭᠠᠵᠠᠷ ᠨᠠᠭᠠᠨ᠂ ᠲᠠᠬᠢᠨᠳᠠ ᠮᠦᠷᠬᠦᠵᠣ ᠬᠠᠭᠠᠨ ᠳᠤᠷ ᠲᠠᠯᠠᠷᠬᠠᠵᠣ | ᠪᠠᠶᠢᠯᠤᠭ᠎ᠠ᠃ ᠵᠸᠡᠭ ᠾᠧ ᠬᠠᠭᠠᠨ ᠤ ᠬᠡᠰᠢᠭ ᠢ ᠤᠡᠭᠰᠢᠵᠣ ᠲᠠᠭᠤᠰᠣᠬᠰᠠᠨ ᠤ ᠲᠠᠷᠠᠭ᠎ᠠ᠂ ᠲᠣᠬᠠᠢ ᠶᠢᠨ ᠨᠣᠳᠤᠭ ᠤᠨ ᠵᠠᠩᠰᠢᠯ ᠢᠶᠠᠷ ᠣᠷᠳᠣᠨ ᠤ ᠭᠠᠵᠠᠷ᠎ᠠ ᠬᠡᠪᠢᠰ | ᠲᠡᠪᠢᠰᠴᠣ᠂ ᠮᠠᠨ ᠤ ᠲᠡᠭᠷᠢ ᠶᠢᠨ ᠡᠯᠴᠢ ᠶᠢ ᠬᠦᠨᠳᠣᠯᠡᠨ ᠬᠦᠯᠢᠶᠡᠨ ᠠᠪᠴᠣ᠂ ᠮᠠᠨ ᠤ ᠵᠠᠩᠵᠣᠨ ᠴᠡᠷᠢᠭ ᠢ ᠬᠤᠷᠢᠮᠯᠠᠨ ᠵᠣᠴᠢᠯᠠᠵᠣ᠂ ᠶᠣᠰᠣᠯᠠᠯ ᠠᠨᠣ ᠲᠣᠩ ᠬᠦᠨᠳᠣ | ᠪᠠᠶᠢᠯᠤᠭ᠎ᠠ᠃ | ᠵᠸᠡᠭ ᠾᠧ ᠶᠢᠨ ᠲᠠᠯᠠᠢ ᠶᠢᠨ ᠠᠶᠠᠯᠠᠯ ᠤᠨ ᠣᠷᠢᠶᠠᠯᠠᠭ᠎ᠠ ᠲᠣᠣᠷ᠎ᠠ ᠲᠣᠮᠳᠠᠳᠣ ᠣᠯᠣᠰ ᠤᠨ ᠭᠠᠳᠠᠭᠠᠳᠣ ᠳᠠᠬᠢ ᠨᠡᠷ᠎ᠡ ᠬᠦᠨᠳᠣ ᠲᠠᠰᠣᠷᠠᠯ ᠦᠭᠡᠢ ᠮᠠᠨᠳᠣᠨ᠂ | ᠲᠡᠯᠡᠬᠡᠢ ᠳ᠋ᠠᠬᠢᠨ ᠳᠤ ︽ᠲᠣᠮᠳᠠᠳᠣ ᠣᠯᠣᠰ ᠤᠨ ᠬᠠᠯᠠᠭᠤᠷᠠᠯ︾ ᠤᠨ ᠲᠠᠪᠠᠯᠭᠠᠨ ᠪᠣᠰᠴᠣ᠂ ᠣᠡᠭᠭᠤᠴᠠᠳᠣ ᠠᠩᠭᠢ ᠬᠦᠷᠦᠭᠰᠡᠨ ᠣᠯᠣᠰ ᠪᠠ ᠭᠠᠵᠠᠷ ᠣᠷᠣᠨ ᠪᠣᠯᠭᠠᠨ | ᠪᠠᠷᠤᠭ ᠯᠨ ᠪᠦᠷ ᠡᠯᠴᠢ ᠲᠣᠮᠢᠯᠠᠵᠣ ᠲᠣᠮᠳᠠᠳᠣ ᠣᠯᠣᠰ ᠲᠤ ᠠᠯᠪᠠ ᠪᠠᠷᠢᠵᠠᠢ᠃ ᠪᠦᠷᠢᠨ ᠪᠣᠰᠣ ᠪᠦᠷᠢᠳᠬᠡᠯ ᠢ ᠦᠨᠳᠣᠰᠣᠯᠡᠪᠡᠯ ᠦᠨᠢᠳᠡ ᠪᠠᠶᠠᠰᠬᠤᠯᠠᠩᠳᠣ᠂ | ᠡᠷᠳᠡᠮ ᠢ ᠲᠡᠯᠬᠡᠷᠡᠬᠦᠯᠬᠦᠢ ᠣᠨ ᠤ ᠦᠶ᠎ᠡ ᠳᠤ ᠠᠽᠢᠶ᠎ᠠ᠂ ᠠᠹᠧᠷᠢᠺᠠ ᠶᠢᠨ 60 ᠢᠯᠡᠬᠦᠣ ᠣᠯᠣᠰ ᠲᠣᠮᠳᠠᠳᠣ ᠣᠯᠣᠰ ᠲᠤ ᠠᠯᠪᠠ ᠪᠠᠷᠢᠬᠰᠠᠨ ᠪᠣᠶᠣ ᠠᠶᠢᠯᠴᠢᠯᠠᠵᠠᠢ᠂ | ᠡᠬᠦᠨ ᠳᠤ 20 ᠰᠢᠬᠠᠮ ᠣᠯᠣᠰ ᠤᠨ ᠸᠠᠩ ᠪᠠᠭᠳᠠᠵᠣ ᠪᠣᠢ᠂ 1411 ᠣᠨ ᠳᠤ ᠮᠠᠯᠠᠺᠠ ᠣᠯᠣᠰ ᠸᠠᠩ ᠪᠠᠶᠢᠮᠢᠰᠣᠷᠨ 540 ᠭᠠᠷᠣᠢ ᠬᠦᠮᠦᠨ ᠲᠠᠢ ᠮᠣᠨᠳᠠᠭ | ᠪᠦᠯᠬᠦᠮ ᠲᠠᠭᠠᠭᠤᠯᠵᠣ ᠲᠣᠮᠳᠠᠳᠣ ᠣᠯᠣᠰ ᠲᠤ ᠠᠶᠢᠯᠴᠢᠯᠠᠷ᠎ᠠ ᠢᠷᠡᠪᠡ᠃ 1417 ᠣᠨ ᠳᠤ ᠰᠦᠯᠦᠯᠰ ᠣᠯᠣᠰ ᠳ᠋ᠦᠡᠭ ᠸᠠᠩ᠂ ᠱᠢ ᠸᠠᠩ᠂ ᠲᠦᠡᠭ ᠸᠠᠩ 340 | ᠢᠯᠡᠬᠦᠣ ᠬᠦᠮᠦᠨ ᠲᠠᠢ ᠲᠣᠮᠣ ᠪᠦᠯᠬᠦᠮ ᠲᠠᠭᠠᠭᠤᠯᠵᠣ ᠲᠠᠯᠠᠢ ᠶᠢᠨ ᠵᠠᠮ ᠢᠶᠠᠷ ᠠᠶᠢᠯᠴᠢᠯᠠᠵᠣ ᠢᠷᠡᠪᠡ᠃ 1423 ᠣᠨ ᠳᠤ ᠵᠸᠡᠭ ᠾᠧ ᠰᠡᠬᠦᠯᠴᠢ ᠶᠢᠨ ᠣᠳᠠᠭ᠎ᠠ | ᠠᠳ᠋ᠯᠠᠨᠲ ᠲᠠᠯᠠᠢ ᠳᠤ ᠠᠶᠠᠯᠠᠭᠠᠳ ᠪᠤᠴᠠᠵᠣ ᠢᠷᠡᠬᠦ ᠦᠶ᠎ᠡ ᠳᠤ ᠵᠡᠬᠦᠨ ᠡᠮᠦᠨᠡᠳᠣ ᠠᠽᠢᠶ᠎ᠠ᠂ ᠡᠮᠦᠨᠡᠳᠣ ᠠᠽᠢᠶ᠎ᠠ᠂ ᠵᠡᠬᠦᠨ ᠠᠹᠧᠷᠢᠺᠠ ᠶᠢᠨ ᠡᠷᠬᠢ ᠲᠠᠭᠠᠣ ᠳᠠᠬᠢ 16 | ᠣᠯᠣᠰ 1200 ᠢᠯᠡᠬᠦᠣ ᠬᠦᠮᠦᠨ ᠲᠠᠢ ᠡᠯᠴᠢ ᠲᠣᠮᠢᠯᠠᠵᠣ᠂ ᠲᠣᠮᠳᠠᠳᠣ ᠣᠯᠣᠰ ᠲᠤ ᠠᠯᠪᠠ ᠪᠠᠷᠢᠨ᠂ ︽ᠲᠦᠷᠪᠡᠨ ᠲᠠᠯ᠎ᠠ ᠶᠢᠨ ᠣᠯᠠᠨ ᠣᠯᠣᠰ᠂ ᠶᠢᠰᠣᠨ ᠬᠠᠷᠢ | ᠨᠠᠢᠮᠠᠨ ᠨᠠᠩᠭᠢᠶᠠᠳ︾ ᠬᠠᠭᠠᠨ ᠳᠤ ᠢᠷᠡᠵᠣ ᠪᠠᠷᠠᠭᠠᠯᠬᠠᠨ᠂ ᠡᠩᠭᠡ ᠲᠠᠶᠢᠪᠤᠡᠭ ᠭᠠᠳᠠᠭᠠᠳᠣ ᠬᠠᠷᠢᠯᠴᠠᠭᠠᠨ ᠤ ᠬᠠᠯᠠᠭᠤᠨ ᠦᠷᠨᠢᠯᠳᠡ ᠶᠢ ᠣᠷᠬᠢᠯ ᠳᠤᠨᠢ ᠬᠦᠷᠬᠡᠪᠡᠢ᠃ | ᠡᠨᠡ ᠪᠠᠶᠢᠳᠠᠯ ᠨᠢ ᠲᠣᠬᠠᠢ ᠶᠢᠨ ᠦᠶ᠎ᠡ ᠶᠢᠨ ᠲᠡᠯᠡᠬᠡᠢ ᠳ᠋ᠠᠬᠢᠨ ᠳᠤ ᠬᠤᠶᠠᠷ ᠦᠭᠡᠢ ᠪᠦᠬᠡᠳ ᠲᠡᠯᠡᠬᠡᠢ ᠶᠢᠨ ᠡᠷᠳᠡᠨ ᠤ ᠲᠡᠣᠬᠡᠨ ᠳᠤ ᠴᠦ ᠬᠤᠪᠣᠷ ᠲᠣᠬᠢᠶᠠᠯᠳᠣᠬᠤ | ᠠᠵᠢ᠃ | ᠵᠸᠡᠭ ᠾᠧ ᠲᠣᠯᠤᠭ᠎ᠠ ᠣᠳᠠᠭ᠎ᠠ ᠠᠳ᠋ᠯᠠᠨᠲ ᠶᠢᠨ ᠲᠠᠯᠠᠢ ᠪᠠᠷ ᠠᠶᠠᠯᠠᠵᠣ᠂ ᠠᠽᠢᠶ᠎ᠠ᠂ ᠠᠹᠧᠷᠢᠺᠠ ᠶᠢᠨ 30 ᠢᠯᠡᠬᠦᠣ ᠣᠯᠣᠰ ᠲᠤ ᠬᠦᠷᠦᠭᠰᠡᠨ ᠭᠤᠣᠯ | ᠠᠶᠠᠯᠠᠯ ᠤᠨ ᠱᠣᠭᠤᠮ ᠨᠢ 40 ᠢᠯᠡᠬᠦᠣ ᠪᠣᠢ ᠶᠤᠮ᠂ ᠡᠳᠡᠬᠡᠷ ᠠᠶᠠᠯᠠᠯ ᠤᠨ ᠱᠣᠭᠤᠮ ᠨᠢ ᠬᠦᠨᠳᠡᠯᠡᠨ ᠭᠤᠯᠳᠣ ᠰᠦᠯᠵᠢᠯᠳᠦᠭᠰᠡᠨ ᠵᠠᠮ ᠬᠠᠷᠢᠯᠴᠠᠭᠠᠨ ᠤ ᠭᠠᠷᠠᠮ᠂ | ᠭᠠᠳᠠᠭᠠᠳᠣ ᠠᠷᠠᠯᠵᠢᠶᠠᠨ ᠤ ᠲᠦᠪ ᠢ ᠪᠦᠷᠢᠯᠳᠣᠬᠦᠯᠵᠡᠢ᠃ ᠵᠸᠡᠭ ᠾᠧ ᠶᠢᠨ ᠣᠡᠭᠭᠤᠴᠠᠳᠣ ᠠᠩᠭᠢ ᠲᠣᠬᠠᠢ ᠶᠢᠨ ᠦᠶ᠎ᠡ ᠶᠢᠨ ᠰᠢᠨᠵᠢᠯᠡᠬᠦ ᠣᠬᠠᠭᠠᠨ ᠤ ᠠᠭᠤᠯᠬᠤᠨ | ᠬᠠᠮᠤᠭ ᠦᠨᠳᠣᠷ᠂ ᠬᠠᠮᠤᠭ ᠲᠠᠪᠰᠢᠬᠰᠠᠨ ᠲᠠᠷᠢᠶᠠᠯᠠᠩ ᠤᠨ ᠪᠦᠳᠦᠭᠡᠭᠳᠡᠬᠦᠨ ᠪᠠ ᠭᠠᠷ ᠦᠢᠯᠡᠳᠬᠡᠯ ᠤᠨ ᠪᠦᠳᠦᠭᠡᠭᠳᠡᠬᠦᠨ ᠢ ᠠᠪᠴᠣ ᠶᠠᠪᠣᠬᠰᠠᠨ ᠶᠤᠮ᠃ ᠭᠠᠳᠠᠭᠠᠳᠣ | ᠠᠷᠠᠯᠵᠢᠶᠠᠨ ᠤ ᠬᠡᠯᠪᠡᠷᠢ ᠨᠢ ᠪᠣᠳᠠᠰ ᠢ ᠪᠣᠳᠠᠰ ᠢᠶᠠᠷ ᠰᠣᠯᠢᠬᠤ ᠪᠣᠳᠠᠰ ᠤᠨ ᠰᠣᠯᠢᠯᠴᠠᠭ᠎ᠠ᠂ ᠬᠡᠨ ᠠᠯᠢᠨ ᠳᠠᠭᠠᠨ ᠪᠡᠯᠡᠭᠯᠡᠬᠦ ᠠᠯᠪᠠᠨ ᠤ ᠲᠠᠯ᠎ᠠ ᠶᠢᠨ ᠠᠷᠠᠯᠵᠢᠶ᠎ᠠ ᠠᠴᠠ | ᠭᠠᠳᠠᠨ᠎ᠠ ᠣᠯᠣᠰ ᠬᠤᠭᠤᠷᠣᠨᠳᠣ ᠶᠢᠨ ᠠᠯᠪᠠ ᠪᠠᠷᠢᠴᠠ ᠶᠢᠨ ᠠᠷᠠᠯᠵᠢᠶ᠎ᠠ ᠪᠠᠭᠳᠠᠬᠤ ᠪᠦᠯᠦᠬᠡ᠃ ᠵᠸᠡᠭ ᠾᠧ ᠠᠯᠣᠰ ᠲᠠᠯᠠᠢ ᠪᠠᠷ ᠠᠶᠠᠯᠠᠬᠤ ᠳᠠᠭᠠᠨ ᠨᠣᠶᠠᠷᠬᠠᠬᠴᠢ | ᠠᠩᠬᠢ ᠶᠢᠨ ᠬᠡᠷᠡᠭᠯᠡᠳᠡᠭ ᠬᠡᠬᠡᠨᠴᠢᠷ ᠡᠳ᠋ ᠶᠢ ᠯᠨ ᠠᠪᠴᠢᠷᠠᠭ᠎ᠠ ᠦᠭᠡᠢ᠂ ᠪᠠᠰᠨ ᠣᠯᠠᠨ ᠨᠡᠶᠢᠳᠡ ᠶᠢᠨ ᠡᠳᠣᠷ ᠲᠣᠳᠣᠮ ᠤᠨ ᠬᠡᠷᠡᠭᠯᠡᠬᠡᠨ ᠤ ᠪᠠᠷᠠᠭ᠎ᠠ ᠲᠠᠸᠠᠷ ᠢ | ᠣᠷᠣᠭᠤᠯᠵᠣ ᠢᠷᠡᠬᠦ ᠶᠢᠨ ᠬᠠᠮᠳᠣ ᠲᠠᠯᠠᠢ ᠲᠡᠬᠡᠷᠡᠬᠢ ᠡᠯ᠎ᠡ ᠣᠯᠣᠰ ᠲᠤ ᠲᠣᠮᠳᠠᠳᠣ ᠣᠯᠣᠰ ᠤᠨ ᠪᠠᠷᠠᠭ᠎ᠠ ᠶᠢ ᠶᠡᠭᠡ ᠪᠠᠷ ᠬᠠᠨᠭ᠍ᠭᠠᠬᠰᠠᠨ ᠶᠤᠮ᠃ ᠮᠢᠩ ᠣᠯᠣᠰ ᠤᠨ | ᠦᠶ᠎ᠡ ᠳᠤ ᠲᠣᠮᠳᠠᠳᠣ ᠣᠯᠣᠰ ᠨᠢ ᠵᠡᠬᠦᠨ ᠡᠮᠦᠨᠡᠳᠣ ᠠᠽᠢᠶ᠎ᠠ ᠶᠢᠨ ᠬᠠᠮᠤᠭ ᠲᠣᠮᠣ ᠠᠷᠠᠯᠵᠢᠶᠠᠨ ᠤ ᠬᠠᠨᠢ ᠪᠣᠯᠵᠣ᠂ ᠭᠠᠳᠠᠭᠠᠳᠣ ᠠᠷᠠᠯᠵᠢᠶᠠᠨ ᠤ ᠨᠣᠷᠮ᠎ᠠ ᠨᠢ ᠵᠢᠯ ᠳᠤ | 100 ᠲᠦᠮᠡᠨ ᠯᠠᠩ ᠮᠦᠡᠭᠭᠦ ᠬᠦᠷᠴᠣ ᠪᠠᠶᠢᠯ᠎ᠠ᠂ ᠡᠨᠡ ᠲᠤᠭ᠎ᠠ ᠪᠣᠯ ᠵᠡᠬᠦᠨ ᠡᠮᠦᠨᠡᠳᠣ ᠠᠽᠢᠶ᠎ᠠ ᠶᠢᠨ ᠭᠠᠳᠠᠭᠠᠳᠣ ᠠᠷᠠᠯᠵᠢᠶᠠᠨ ᠤ ᠶᠡᠷᠣᠩᠭᠡᠢ ᠲᠤᠭ᠎ᠠ ᠲᠠᠢ ᠲᠡᠩᠴᠡᠬᠦ | ᠶᠤᠮ᠃ | ᠵᠸᠡᠭ ᠾᠧ ᠠᠳ᠋ᠯᠠᠨᠲ ᠲᠠᠯᠠᠢ ᠪᠠᠷ ᠲᠣᠯᠣᠭᠠᠨᠳᠠ ᠠᠶᠠᠯᠠᠬᠤ ᠳᠠᠭᠠᠨ ᠲᠣᠮᠳᠠᠳᠣ ᠣᠯᠣᠰ ᠪᠠ ᠲᠡᠯᠡᠬᠡᠢ ᠶᠢᠨ 30 ᠢᠯᠡᠬᠦᠣ ᠣᠯᠣᠰ ᠲᠠᠢ ᠪᠣᠯᠪᠠᠰᠣᠨ ᠢ | ᠣᠯᠠᠮᠵᠢᠯᠠᠬᠤ ᠪᠠ ᠰᠣᠶᠣᠯ ᠤᠨ ᠰᠣᠯᠢᠯᠴᠠᠭᠠᠨ ᠤ ᠬᠦᠬᠦᠷᠬᠡ ᠶᠢ ᠪᠠᠶᠢᠭᠤᠯᠵᠣ᠂ ᠲᠣᠮᠳᠠᠳᠣ ᠣᠯᠣᠰ ᠤᠨ ᠦᠷᠬᠡᠨ ᠲᠡᠯᠬᠡᠷ ᠬᠦᠨ ᠬᠦᠨᠵᠡᠬᠡᠢ ᠰᠣᠶᠣᠯ ᠢ ᠵᠡᠬᠦᠨ | ᠡᠮᠦᠨᠡᠳᠣ ᠠᠽᠢᠶ᠎ᠠ᠂ ᠡᠮᠦᠨᠡᠳᠣ ᠠᠽᠢᠶ᠎ᠠ᠂ ᠴᠢᠨᠠᠬᠰᠢᠯᠠᠭᠠᠳ ᠠᠹᠧᠷᠢᠺᠡ ᠲᠢᠪ ᠤᠨ ᠲᠡᠳᠡᠭᠡᠷ ᠠᠯᠣᠰ ᠭᠠᠵᠠᠷ ᠢᠶᠠᠷ ᠣᠯᠠᠮᠵᠢᠯᠠᠪᠠ᠃ ᠱᠠᠭᠠᠵᠠᠩ ᠬᠡᠷᠡᠭᠰᠡᠯ ᠪᠣᠯ | ᠲᠣᠮᠳᠠᠳᠣ ᠶᠢᠨ ᠰᠣᠶᠣᠯ ᠤᠨ ᠦᠡᠭᠭᠡ ᠬᠢᠯᠪᠠᠭ᠎ᠠ ᠶᠢ ᠶᠡᠷᠣᠩᠭᠡᠶᠢᠯᠡᠨ ᠢᠯᠡᠷᠡᠬᠦᠯᠦᠭᠰᠡᠨ ᠪᠣᠳᠠᠰ ᠤᠨ ᠠᠴᠢᠶᠠᠯᠠᠪᠣᠷᠢ ᠪᠣᠯᠬᠤ ᠶᠤᠮ᠂ ᠱᠠᠭᠠᠵᠠᠩ ᠬᠡᠷᠡᠭᠰᠡᠯ ᠵᠡᠬᠦᠨ | ᠡᠮᠦᠨᠡᠳᠣ ᠠᠽᠢᠶ᠎ᠠ᠂ ᠵᠡᠬᠦᠨ ᠠᠽᠢᠶ᠎ᠠ ᠳᠤ ᠬᠦᠷᠦᠭᠰᠡᠨ ᠨᠢ ᠰᠣᠶᠣᠯ ᠤᠨ ᠢᠯᠡᠷᠡᠬᠦᠯᠬᠦ ᠬᠡᠯᠪᠡᠷᠢ ᠪᠠ ᠣᠷᠠᠯᠢᠭ ᠤᠨ ᠰᠡᠳᠬᠢᠮᠵᠢ ᠶᠢ ᠣᠯᠠᠮᠵᠢᠯᠠᠬᠰᠠᠨ ᠬᠡᠷᠡᠭ ᠪᠦᠯᠦᠬᠡ᠃ | ᠬᠦᠬᠡ ᠱᠠᠭᠠᠵᠠᠩ ᠠᠶᠠᠭ᠎ᠠ ᠫᠢᠯᠨ ᠠᠷᠠᠳ ᠤᠨ ᠲᠣᠮᠳᠠ ᠬᠠᠷᠢᠯᠴᠠᠨ ᠬᠦᠷᠬᠡᠬᠦ ᠪᠡᠯᠡᠭ ᠪᠣᠯᠵᠣ᠂ ᠨᠦᠬᠦᠷᠯᠡᠯ ᠢ ᠢᠯᠡᠳᠬᠡᠳᠡᠭ᠃ ᠬᠦᠬᠡ ᠱᠠᠭᠠᠵᠡᠩ ᠯᠣᠩᠬᠤ | ᠬᠤᠨᠳᠠᠭ᠎ᠠ ᠨᠢ ᠪᠠᠶᠠᠨ ᠠᠶᠢᠯ ᠤᠨ ᠣᠷᠠᠯᠢᠭ ᠤᠨ ᠲᠠᠪᠢᠯᠭ᠎ᠠ ᠪᠣᠯᠵᠣ ᠪᠠᠶᠠᠨ ᠡᠷᠬᠢᠮ ᠤᠨ ᠪᠡᠯᠬᠡᠳᠡᠯ ᠪᠣᠯᠪᠠᠢ᠃ ᠬᠦᠬᠡ ᠱᠠᠭᠠᠵᠠᠩ ᠲᠣᠮᠣ ᠪᠣᠳᠣᠩ᠂ ᠲᠣᠮᠣ ᠫᠢᠯᠨ ᠨᠢ | ᠸᠠᠩ ᠨᠣᠶᠠᠳ ᠤᠨ ᠬᠡᠬᠡᠨᠴᠢᠷ ᠣᠷᠳᠣ ᠬᠠᠷᠰᠢ ᠶᠢᠨ ᠵᠠᠰᠠᠯ ᠪᠣᠯᠵᠣ᠂ ᠨᠡᠷ᠎ᠡ ᠬᠦᠨᠳᠣ ᠪᠠ ᠰᠦᠷ ᠬᠡᠷᠡᠯ ᠤᠨ ᠪᠡᠯᠬᠡᠳᠡᠯ ᠪᠣᠯᠣᠯᠤᠭ᠎ᠠ᠃ ᠱᠠᠭᠠᠵᠠᠩ ᠬᠡᠷᠡᠭᠰᠡᠯ ᠤᠨ | ᠣᠷᠠᠯᠢᠭ ᠤᠨ ᠬᠡᠪ ᠨᠠᠮᠪᠠ ᠨᠢ ᠲᠣᠮᠳᠠᠳᠣ ᠣᠯᠣᠰ ᠤᠨ ᠱᠠᠭᠠᠵᠠᠩ ᠬᠡᠷᠡᠭᠰᠡᠯ ᠢ ᠪᠣᠷᠬᠠᠨ ᠱᠠᠰᠢᠨ ᠤ ᠣᠯᠣᠰ ᠤᠳ ᠤᠨ ᠰᠦᠮ᠎ᠡ ᠬᠡᠶᠢᠳ ᠢᠶᠠᠨ ᠲᠠᠬᠢᠬᠤ᠂ ᠬᠠᠭᠠᠨ ᠤᠨ | ᠲᠦᠷᠣᠯ ᠰᠠᠳᠣᠨ ᠣᠯᠣᠰ ᠤᠨ ᠣᠬᠰᠠᠭ᠎ᠠ ᠲᠦᠷᠣᠯ ᠤᠨ ᠲᠠᠭᠠᠭᠤᠯᠵᠣ ᠣᠷᠣᠰᠢᠭᠤᠯᠬᠤ ᠪᠣᠳᠠᠰ᠂ ᠬᠠᠷ᠎ᠠ ᠪᠣᠷᠣᠴᠣᠣᠯ ᠤᠨ ᠡᠳᠣᠷ ᠲᠣᠳᠣᠮ ᠵᠠᠷᠣᠬᠤ ᠠᠮᠢᠨᠳᠠᠢ | ᠪᠣᠯᠵᠠᠢ᠃ ᠲᠣᠷᠭ᠎ᠠ ᠪᠣᠯ ᠲᠣᠮᠳᠠᠳᠣ ᠣᠯᠣᠰ ᠤᠨ ᠪᠣᠯᠪᠠᠰᠣᠨ ᠤ ᠪᠡᠯᠬᠡ ᠲᠡᠮᠳᠡᠭ ᠶᠤᠮ᠂ ᠬᠤᠷᠴᠨ ᠰᠠᠶᠢᠬᠠᠨ ᠦᠡᠭᠭᠡ ᠪᠣᠳᠤᠭ᠂ ᠡᠷᠢᠶᠠᠨ ᠮᠠᠷᠢᠶᠠᠨ ᠵᠢᠷᠤᠭ | ᠲᠦᠷᠰᠣ ᠨᠢ ᠵᠡᠬᠦᠨ ᠡᠮᠦᠨᠡᠳᠣ ᠠᠽᠢᠶ᠎ᠠ᠂ ᠡᠮᠦᠨᠡᠳᠣ ᠠᠽᠢᠶ᠎ᠠ ᠶᠢᠨ ᠲᠣᠯᠠᠭᠠᠨ ᠠᠭᠤᠷ ᠠᠮᠢᠰᠬᠤᠯ ᠳᠤ ᠶᠠᠭ ᠦᠭᠡᠢ ᠵᠣᠬᠢᠷᠠᠨ᠎ᠠ᠃ ᠵᠸᠡᠭ ᠾᠧ ᠶᠢᠨ ᠣᠡᠭᠭᠤᠴᠠᠳᠣ | ᠠᠩᠭᠢ ᠨᠢ ᠪᠠᠰᠨ ᠡᠨᠡᠷᠢᠨ ᠲᠦᠬᠡᠬᠡᠬᠦ᠂ ᠡᠷᠬᠢᠮᠯᠡᠨ ᠪᠡᠯᠡᠭᠯᠡᠬᠦ ᠠᠷᠠᠯᠵᠢᠶ᠎ᠠ ᠵᠡᠷᠬᠡ ᠬᠡᠯᠪᠡᠷᠢ ᠪᠠᠷ ᠲᠣᠮᠳᠠᠳᠣ ᠣᠯᠣᠰ ᠤᠨ ᠶᠡᠭᠡ ᠬᠡᠮᠵᠢᠶᠡᠨ ᠤ ᠭᠠᠣᠯᠢᠨ ᠵᠣᠭᠤᠰ ᠢ ᠵᠡᠬᠦᠨ | ᠡᠮᠦᠨᠡᠳᠣ ᠠᠽᠢᠶ᠎ᠠ ᠶᠢᠨ ᠡᠯ᠎ᠡ ᠣᠯᠣᠰ ᠲᠤ ᠭᠠᠷᠭᠠᠵᠣ᠂ ᠡᠳᠡᠬᠡᠷ ᠭᠠᠵᠠᠷ ᠣᠷᠣᠨ ᠤ ᠲᠠᠷᠢᠶᠠᠯᠠᠩ᠂ ᠭᠠᠷ ᠦᠢᠯᠡᠳᠬᠡᠯ ᠪᠠ ᠬᠤᠳᠠᠯᠳᠣᠭᠠᠨ ᠤ ᠬᠦᠭᠵᠢᠯᠳᠡ ᠶᠢ | ᠠᠬᠢᠭᠤᠯᠪᠠ᠃ ᠲᠣᠮᠳᠠᠳᠣ ᠣᠯᠣᠰ ᠤᠨ ᠭᠠᠷᠭᠠᠬᠰᠠᠨ ᠮᠦᠡᠭᠭᠦᠨ ᠬᠦᠢᠯᠬᠡᠬᠡᠨ ᠤ ᠲᠦᠷᠢᠮ ᠨᠢ ᠵᠡᠬᠦᠨ ᠡᠮᠦᠨᠡᠳᠣ ᠠᠽᠢᠶ᠎ᠠ ᠳᠤ ᠬᠡᠳᠣᠨ ᠵᠠᠭᠤᠨ ᠲᠠᠮᠵᠢᠨ | ᠬᠡᠷᠡᠭᠯᠡᠭᠳᠡᠭᠰᠡᠭᠡᠷ ᠢᠷᠡᠯᠦᠬᠡ᠃ | ᠲᠣᠮᠳᠠᠳᠣ ᠣᠯᠣᠰ ᠤᠨ ᠨᠡᠬᠡᠭᠡᠭᠰᠡᠨ ᠲᠠᠯᠠᠢ ᠶᠢᠨ ᠲᠣᠷᠭᠠᠨ ᠤ ᠵᠠᠮ ᠬᠠᠭᠤᠷᠠᠢ ᠶᠢᠨ ᠲᠣᠷᠭᠠᠨ ᠤ ᠵᠠᠮ ᠠᠴᠠ 81 ᠵᠢᠯ ᠡᠷᠳᠡ᠂ ᠠᠯᠢ ᠡᠷᠳᠡ 2200 ᠵᠢᠯ ᠤᠨ | ᠡᠮᠦᠨ᠎ᠡ ᠲᠠᠯᠠᠢ ᠲᠠᠩᠭᠢᠰ ᠪᠣᠯ ᠲᠡᠯᠡᠬᠡᠢ ᠳ᠋ᠠᠬᠢᠨ ᠲᠠᠢ ᠬᠠᠷᠢᠯᠴᠠᠬᠤ ᠬᠠᠮᠤᠭ ᠲᠦᠬᠦᠮ ᠵᠠᠮ ᠬᠡᠳᠡᠭ ᠢ ᠲᠡᠭᠡᠳᠦᠰ ᠮᠢᠨᠢ ᠮᠡᠳᠡᠴᠢᠬᠡᠭᠰᠡᠨ ᠶᠤᠮ᠃ ᠵᠸᠡᠭ ᠾᠧ ᠠᠳ᠋ᠯᠠᠨᠲ | ᠲᠠᠯᠠᠢ ᠪᠠᠷ ᠲᠣᠯᠣᠭᠠᠨᠳᠠ ᠠᠶᠠᠯᠠᠬᠰᠠᠨ ᠠᠭᠤᠣ ᠦᠢᠯᠡᠰ ᠪᠠ ᠰᠦᠷ ᠦᠵᠡᠬᠦᠯᠦᠭᠰᠡᠨ ᠶᠠᠪᠣᠳᠠᠯ ᠨᠢ ᠲᠣᠮᠳᠠᠳᠣ ᠣᠯᠣᠰ ᠢ ᠲᠠᠯᠠᠢ ᠲᠠᠩᠬᠢᠰ ᠤᠨ ᠲᠣᠮᠣ ᠣᠯᠣᠰ ᠪᠣᠯᠭᠠᠨ | ᠂ ᠶᠠᠫᠣᠨ ᠠᠴᠠ ᠠᠹᠧᠷᠢᠺᠠ ᠲᠢᠪ ᠤᠨ ᠵᠡᠬᠦᠨ ᠡᠷᠬᠢ ᠬᠦᠷᠬᠦ ᠲᠠᠯᠠᠢ ᠶᠢᠨ ᠡᠷᠬᠡ ᠶᠢ ᠣᠯᠵᠣ᠂ ᠲᠣᠮᠳᠠᠳᠣ ᠣᠯᠣᠰ ᠤᠨ ᠲᠠᠯᠠᠢ ᠶᠢᠨ ᠠᠶᠠᠯᠠᠯ ᠤᠨ ᠦᠢᠯᠡᠰ ᠢ | ᠣᠷᠬᠢᠯ ᠳᠤᠨᠢ ᠬᠦᠷᠬᠡᠪᠡᠢ᠃ ᠵᠸᠡᠭ ᠾᠧ ᠲᠡᠷᠨ ᠦᠶ᠎ᠡ ᠳᠤ ᠲᠠᠯᠠᠢ ᠲᠠᠩᠭᠢᠰ ᠪᠣᠯ ᠮᠣᠨᠳᠠᠭ ᠲᠣᠮᠣ ᠪᠠᠶᠢᠭᠠᠯᠢᠯᠢᠭ ᠡᠷᠳᠡᠨᠢᠰ ᠤᠨ ᠬᠦᠮᠦᠷᠬᠡ᠂ ᠬᠦᠮᠦᠨ | ᠲᠦᠷᠣᠯᠬᠢᠳᠡᠨ ᠤ ᠪᠣᠯᠪᠠᠰᠣᠨ ᠤ ᠦᠯᠦᠬᠡᠢ᠂ ᠲᠠᠯᠠᠢ ᠲᠠᠩᠭᠢᠰ ᠢ ᠡᠵᠡᠮᠰᠢᠴᠢᠬᠡᠪᠡᠯ ᠠᠷᠠᠳ ᠢᠶᠠᠨ ᠠᠮᠣᠭᠤᠯᠵᠣ᠂ ᠣᠯᠣᠰ ᠢᠶᠠᠨ ᠲᠣᠬᠳᠠᠪᠣᠷᠢᠵᠢᠭᠤᠯᠵᠣ᠂ ᠬᠠᠨᠳᠣᠬᠰᠠᠨ | ᠵᠦᠭ ᠲᠤ ᠲᠠᠶᠢᠰᠣᠨ ᠦᠭᠡᠢ ᠲᠠᠯᠠᠢ ᠶᠢᠨ ᠴᠡᠷᠢᠭ ᠤᠨ ᠣᠡᠭᠭᠤᠴᠠᠳᠣ ᠴᠡᠷᠢᠭ ᠪᠣᠯ ᠲᠠᠯᠠᠢ ᠲᠠᠩᠭᠢᠰ ᠢ ᠡᠵᠡᠮᠰᠢᠬᠦ ᠰᠠᠭᠤᠷᠢ ᠬᠡᠳᠡᠭ ᠢ ᠮᠡᠳᠡᠵᠣ ᠪᠠᠶᠢᠪᠠ᠃ ᠵᠸᠡᠭ | ᠾᠧ ᠶᠢᠨ ᠲᠠᠯᠠᠢ ᠶᠢᠨ ᠡᠷᠬᠡ ᠶᠢᠨ ᠦᠵᠡᠯᠳᠡ ᠲᠣᠬᠠᠢ ᠶᠢᠨ ᠦᠶ᠎ᠡ ᠶᠢᠨ ᠨᠣᠶᠠᠷᠬᠠᠬᠴᠢᠳ ᠲᠤ ᠬᠦᠯᠢᠶᠡᠨ ᠵᠦᠪᠰᠢᠶᠡᠷᠡᠭᠳᠡᠭᠰᠡᠨ ᠰᠠᠨ ᠪᠣᠯ ᠲᠡᠯᠡᠬᠡᠢ ᠶᠢᠨ ᠪᠣᠯᠪᠠᠰᠣᠨ ᠤ | ᠲᠡᠣᠬᠡ ᠦᠬᠡᠷ᠎ᠡ ᠪᠠᠷ ᠪᠢᠴᠢᠭᠳᠡᠬᠦ ᠪᠦᠯᠦᠬᠡ᠃ ᠬᠠᠷᠠᠮᠰᠠᠯᠳᠠᠢ ᠨᠢ ᠲᠣᠬᠠᠢ ᠶᠢᠨ ᠦᠶ᠎ᠡ ᠶᠢᠨ ᠨᠣᠶᠠᠷᠬᠠᠬᠴᠢ ᠠᠩᠭᠢ ᠮᠢᠩᠭᠠᠨ ᠵᠢᠯ ᠣᠯᠠᠮᠵᠢᠯᠠᠬᠰᠠᠨ ᠲᠠᠷᠢᠶᠠᠯᠠᠩ ᠢᠶᠠᠷ | ᠣᠯᠣᠰ ᠢᠶᠠᠨ ᠪᠠᠶᠢᠭᠤᠯᠬᠤ᠂ ᠲᠠᠷᠢᠶᠠᠯᠠᠩ ᠨᠡᠬᠡᠮᠡᠯ ᠢᠶᠠᠷ ᠠᠮᠢᠵᠢᠷᠠᠭᠠᠨ ᠤ ᠦᠨᠳᠣᠰᠣ ᠪᠣᠯᠭᠠᠬᠤ᠂ ᠦᠪᠡᠷ ᠢᠶᠠᠨ ᠦᠪᠡᠷ ᠢ ᠪᠠᠨ ᠬᠠᠨᠭ᠍ᠭᠠᠬᠤ᠂ ᠡᠬᠡ ᠭᠠᠵᠠᠷ ᠢᠶᠠᠨ | ᠪᠢᠳᠡᠬᠦᠮᠵᠢᠯᠡᠬᠦ ᠡᠬᠡ ᠬᠠᠭᠤᠷᠠᠢ ᠶᠢᠨ ᠦᠵᠡᠯᠳᠡ ᠶᠢ ᠮᠦᠷᠳᠡᠭᠰᠡᠨ ᠢᠶᠠᠷ ᠣᠯᠳᠠᠰᠢ ᠦᠭᠡᠢ ᠵᠠᠪᠰᠢᠶᠠᠨ ᠢ ᠠᠯᠳᠠᠵᠣ ᠣᠷᠬᠢᠯᠤᠭ᠎ᠠ᠃ ᠲᠣᠮᠳᠠᠳᠣ ᠣᠯᠣᠰ ᠰᠠᠶ᠋ᠢᠬᠠᠨ ᠲᠠᠯᠠᠢ | ᠲᠠᠩᠭᠢᠰ ᠲᠤ ᠬᠢᠰᠬᠢᠭᠰᠡᠨ ᠬᠦᠯ ᠢᠶᠠᠨ ᠡᠬᠡ ᠬᠠᠭᠤᠷᠠᠢ ᠳᠠᠭᠠᠨ ᠲᠠᠳᠠᠨ ᠠᠪᠠᠴᠢᠵᠣ ᠲᠠᠯᠠᠢ ᠠᠴᠠ ᠨᠢᠭᠤᠷ ᠪᠣᠷᠣᠭᠤᠯᠠᠵᠣ᠂ ᠬᠠᠭᠠᠯᠭ᠎ᠠ ᠪᠠᠨ ᠲᠦᠭᠵᠢᠨ ᠬᠠᠪᠳᠠᠰᠣ | ᠲᠠᠪᠠᠭ᠋ᠣ ᠦᠭᠡᠢ᠂ ᠲᠠᠯᠠᠢ ᠶᠢ ᠪᠢᠳᠡᠬᠦᠮᠵᠢᠯᠡᠬᠦ ᠲᠦᠷᠢᠮ ᠬᠡᠷᠡᠭᠵᠢᠬᠦᠯᠵᠣ᠂ ᠵᠸᠡᠭ ᠾᠧ ᠶᠢᠨ ᠠᠳ᠋ᠯᠠᠨᠲ ᠲᠠᠯᠠᠢ ᠪᠠᠷ ᠲᠣᠯᠣᠭᠠᠨᠳᠠ ᠠᠶᠠᠯᠠᠬᠰᠠᠨ ᠨᠠᠨᠳᠢᠨ ᠮᠠᠲ᠋ᠧᠷᠢᠶᠠᠯ ᠢ | ᠬᠦᠷᠳᠡᠯ᠎ᠡ ᠬᠠᠶᠠᠬᠳᠠᠮᠠᠯ ᠴᠠᠭᠠᠰᠣ ᠪᠣᠯᠭᠠᠵᠣ᠂ ᠭᠠᠯᠳᠠᠵᠣ ᠣᠷᠬᠢᠭᠰᠠᠨ ᠠᠵᠣᠭᠤ᠃ |