ᠰᠤᠷᠭᠠᠭᠤᠯᠢ ᠡᠬᠢᠯᠡᠭᠡᠳ ᠳᠦᠩᠭᠡᠵᠦ ᠨᠢᠭᠡ ᠰᠠᠷ᠎ᠠ ᠪᠣᠯᠬᠤ ᠳᠤ ᠠᠩᠬ᠎ᠠ ᠳᠣᠮᠳᠠᠳᠤ ᠳᠤ ᠳᠠᠪᠰᠢᠬᠤ ᠰᠢᠯᠭᠠᠯᠲᠠ ᠶᠢᠨ ᠣᠷᠣᠰᠢᠯ ᠳᠠᠭᠤᠤ ᠨᠢ ᠦᠨᠳᠦᠷ | ᠲᠦᠷᠢᠯᠭᠡ ᠲᠠᠢ ᠬᠠᠩᠬᠢᠨᠠᠨ ᠳᠠᠭᠤᠷᠢᠰᠣᠯᠠ᠃ ᠰᠣᠷᠭᠠᠭᠤᠯᠢ ᠶᠢᠨ ᠵᠠᠬᠢᠷᠤᠯ ᠲᠢᠶᠠᠨ ᠠᠨ ᠮᠧᠨ ᠲᠠᠯᠠᠪᠠᠢ ᠳᠡᠭᠡᠷᠡᠬᠢ ︽ᠰᠢᠶᠠᠩᠭᠠᠩ ᠤᠨ ᠡᠬᠡ ᠣᠯᠣᠰ ᠲᠤ ᠪᠠᠨ | ᠪᠤᠴᠠᠬᠤ ᠳᠤ ᠦᠯᠡᠳᠡᠵᠦ ᠪᠠᠶᠢᠭ᠎ᠠ ᠴᠠᠭ︾ ᠢ ᠳᠠᠭᠤᠷᠢᠶᠠᠵᠤ᠂ ᠵᠢᠭᠠᠨ ᠰᠤᠷᠭᠠᠬᠤ ᠠᠰᠠᠷ ᠤᠨ ᠨᠢᠭᠡᠳᠦᠭᠡᠷ ᠳᠠᠪᠬᠤᠷᠯᠢᠭ ᠤᠨ ᠠᠰᠠᠷ ᠤᠨ ᠱᠠᠲᠤ ᠶᠢᠨ ᠠᠮᠠᠨ ᠳᠤ ᠨᠢᠭᠡᠨ | ᠬᠦᠳᠡᠯᠦᠩᠭᠦᠢ ᠭᠠᠯᠢᠨᠳᠠᠷ ᠤᠨ ᠫᠠᠶᠢᠰᠠ ᠵᠣᠬᠢᠶᠠᠨ ᠂ ᠳᠡᠭᠡᠷ᠎ᠡ ᠨᠢ ᠬᠡᠳᠦᠨ ᠲᠣᠮᠣ ᠦᠰᠦᠭ ᠪᠢᠴᠢᠭᠰᠡᠨ ᠨᠢ᠄ ︽ᠪᠠᠭ᠎ᠠ ᠰᠣᠷᠭᠠᠭᠤᠯᠢ ᠠᠴᠠ ᠠᠩᠬ᠎ᠠ ᠳᠣᠮᠳᠠᠳᠣ ᠳᠤ | ᠳᠠᠪᠰᠢᠬᠤ ᠰᠢᠯᠭᠠᠯᠲᠠ ᠪᠠᠰᠠ ᠡᠳᠦᠷ ᠪᠣᠢ᠃︾ | ᠬᠡᠯᠨ ᠪᠢᠴᠢᠭ ᠤᠨ ᠪᠠᠭᠰᠢ ᠵᠢᠭᠠᠬᠤ ᠲᠠᠶᠢᠰᠠᠨ ᠳᠤ ᠭᠠᠷᠣᠮᠠᠭᠴᠠ ᠬᠡᠯᠡᠳᠡᠭ ᠲᠦᠷᠦᠭᠦᠨ ᠤ ᠦᠭᠡ ᠨᠢ ᠳᠠᠷᠤᠢ᠄ ︽ᠪᠠᠰᠠ 3 ᠰᠠᠷ᠎ᠠ ᠶᠢᠨ ᠭᠠᠳᠠᠨ᠎ᠠ ᠠᠷᠪᠠᠨ | ᠡᠳᠦᠷ ᠪᠣᠢ᠃︾ | ᠲᠣᠭᠠᠨ ᠤ ᠤᠬᠠᠭᠠᠨ ᠤ ᠪᠠᠭᠰᠢ ᠲᠠᠶᠢᠰᠠᠨ ᠳᠤ ᠭᠠᠷᠣᠭᠠᠳ ᠠᠮᠠ ᠨᠡᠬᠡᠬᠡᠮᠡᠭᠴᠡ ᠬᠡᠯᠡᠬᠦ ᠨᠢ ᠄ ︽ᠪᠠᠰᠠ 94 ᠡᠳᠦᠷ ᠤᠨ ᠭᠠᠳᠠᠨ᠎ᠠ 16 ᠴᠠᠭ 35 ᠮᠢᠨᠦ᠋ᠲ | ᠪᠣᠢ᠃︾ | ᠠᠩᠭ᠍ᠯᠢ ᠬᠡᠯᠡᠨ ᠤ ᠪᠠᠭᠰᠢ ᠠᠩᠭᠢ ᠶᠢᠨ ᠭᠡᠷ ᠲᠤ ᠣᠷᠣᠵᠣ ᠢᠷᠡᠮᠡᠭᠴᠡ ᠠᠩᠭ᠍ᠯᠢ ᠬᠡᠯᠨ ᠪᠠᠷ ᠠᠰᠠᠭᠤᠬᠤ ᠨᠢ᠄ ︽6 ᠰᠠᠷ᠎ᠠ ᠶᠢᠨ 28 ᠤ ᠡᠳᠦᠷ ᠶᠠᠮᠠᠷ ᠡᠳᠦᠷ ᠪᠣᠢ | ︖︾ | ᠨᠢᠭᠡ ᠤᠳᠠᠭ᠎ᠠ ᠱᠠᠩ ᠬᠠᠢ ᠦᠨᠡᠬᠡᠷ ᠲᠡᠰᠪᠦᠷᠢᠯᠡᠬᠦᠶ᠎ᠡ ᠪᠡᠷᠬᠡ ᠪᠣᠯᠵᠤ ᠳᠣᠣᠷ᠎ᠠ ᠠᠴᠠ ᠨᠢ ᠠᠩᠭ᠍ᠯᠢ ᠬᠡᠯᠡᠨ ᠤ ᠪᠠᠭᠰᠢ ᠶᠢᠨ ᠦᠭᠡ ᠶᠢ ᠵᠠᠯᠭᠠᠨ ᠨᠠᠮ ᠳᠠᠭᠤᠨ ᠢᠶᠠᠷ᠄ | ︽ ᠰᠢᠭᠦᠨ ᠲᠠᠰᠣᠯᠬᠤ ᠡᠳᠦᠷ︾ ᠭᠡᠵᠦ ᠳᠦᠳᠦᠨᠡᠪᠡ᠃ | ᠬᠡᠨ ᠮᠡᠳᠡᠵᠡᠮ᠂ ᠠᠩᠭ᠍ᠯᠢ ᠬᠡᠯᠡᠨ ᠤ ᠪᠠᠭᠰᠢ ᠨᠠᠰᠤ ᠵᠠᠯᠠᠭᠤ ᠪᠠᠶᠢᠵᠤ ᠰᠣᠨᠣᠰᠬᠤ ᠴᠢᠳᠠᠪᠤᠷᠢ ᠨᠢ ᠮᠠᠰᠢ ᠰᠠᠶᠢᠨ ᠲᠤᠯᠠ ᠮᠠᠰᠢ ᠵᠦᠪ ᠣᠨᠣᠪᠴᠢᠳᠠᠢ ᠪᠠᠷ ᠲᠡᠭᠦᠨ ᠤ | ᠡᠨᠡ ᠳᠤᠷ᠎ᠠ ᠦᠭᠡᠶᠢᠴᠡᠯ ᠤᠨ ᠰᠢᠨᠵᠢᠲᠡᠢ ᠲᠦᠳᠦᠨᠡᠯ ᠢ ᠨᠢ ᠣᠯᠵᠣ ᠰᠣᠨᠣᠰᠪᠠ ᠃ ᠲᠡᠭᠦᠨ ᠤ ᠦᠨᠳᠦᠷ ᠦᠰᠦᠭᠡᠶᠢᠲᠦ ᠱᠠᠬᠠᠢ ᠨᠢ ︽ᠲᠠᠭ ᠲᠠᠭ︾ ᠲᠣᠪᠰᠢᠯᠠᠭᠰᠠᠭᠠᠷ | ᠢᠷᠡᠵᠦ᠂ ᠨᠢᠭᠤᠷ ᠴᠢᠷᠠᠢ ᠳᠤ ᠪᠠᠨ ᠶᠠᠮᠠᠷ ᠴᠦ ᠢᠯᠡᠷᠡᠯ ᠦᠬᠡᠢ ᠪᠠᠷ ᠱᠠᠩ ᠬᠠᠢ ᠤᠨ ᠡᠮᠦᠨ᠎ᠡ ᠵᠣᠭᠰᠤᠨ ᠲᠡᠭᠦᠨ ᠠᠴᠠ᠄ ︽ᠴᠢ ᠰᠠᠶ᠋ᠢ ᠶᠠᠭᠤ ᠶᠠᠷᠢᠪᠠ ︖︾ ᠭᠡᠵᠦ | ᠠᠰᠠᠭᠤᠬᠤ ᠶᠤᠮ᠃ ᠱᠠᠩ ᠬᠠᠢ ᠠᠩᠭᠢ ᠳᠤ ᠪᠠᠨ ᠶᠡᠷᠦ ᠠᠴᠠ ᠵᠣᠷᠢᠭ ᠰᠥᠰᠥ ᠪᠠᠭᠠᠲᠠᠢ ᠪᠠᠷ ᠢᠶᠠᠨ ᠠᠯᠳᠠᠷᠰᠢᠭᠰᠠᠨ ᠲᠤᠯᠠ ᠤᠷᠤᠭᠤᠯ ᠠᠮᠠ ᠨᠢ ᠴᠣᠩᠬᠢᠢᠨ ᠴᠠᠶᠢᠵᠤ | ᠪᠣᠰᠴᠣ ᠵᠣᠭᠰᠣᠭᠠᠳ ᠲᠣᠷᠴᠣ ᠲᠡᠭᠡᠭᠯᠡᠭᠰᠡᠭᠡᠷ᠄ ︽ ᠦᠬᠡᠢ ᠁ ᠶᠠᠭᠤ ᠴᠤ ᠶᠠᠷᠢᠭ᠎ᠠ ᠦᠬᠡᠢ ᠁︾ ᠭᠡᠪᠡ᠃ | ᠠᠩᠭ᠍ᠯᠢ ᠬᠡᠯᠡᠨ ᠤ ᠪᠠᠭᠰᠢ ᠬᠠᠷᠠᠴᠠ ᠪᠠᠨ ᠶᠢᠨ ᠯᠢᠩ ᠤᠨ ᠳᠡᠭᠡᠷ᠎ᠡ ᠰᠢᠯᠵᠢᠭᠦᠯᠵᠦ᠄ ︽ᠴᠢ ᠲᠡᠭᠦᠨ ᠢ ᠣᠷᠣᠯᠠᠨ ᠬᠠᠷᠢᠭᠤᠯ︕ ᠲᠡᠷᠡ ᠰᠠᠶ᠋ᠢ ᠶᠠᠭᠤ ᠶᠠᠷᠢᠪᠠ︖ | ︾ ᠭᠡᠵᠦ ᠠᠰᠠᠭᠤᠯ᠎ᠠ᠃ ᠶᠢᠨ ᠯᠢᠩ ᠠᠭᠠᠵᠢᠮᠬᠠᠨ ᠢᠶᠠᠷ ᠪᠣᠰᠴᠣ ᠵᠣᠭᠰᠤᠯ᠎ᠠ᠃ ᠲᠡᠷᠡ ᠡᠨᠡ ᠬᠦ ᠠᠭᠱᠠᠨ ᠳᠤ ᠦᠨᠡᠬᠡᠷ ᠠᠷᠭ᠎ᠠ ᠪᠠᠷᠠᠭᠳᠠᠯ᠎ᠠ᠄ ᠬᠡᠯᠡᠬᠦ ᠦᠬᠡᠢ ᠪᠣᠯ | ᠬᠤᠳᠠᠯ ᠬᠡᠯᠡᠭᠰᠡᠨ ᠳᠤ ᠪᠠᠨ ᠲᠣᠭᠠᠴᠠᠭᠳᠠᠨ᠎ᠠ ᠂ ᠲᠡᠭᠡᠬᠦ ᠮᠦᠷᠲᠡᠭᠡᠨ ᠪᠠᠭᠰᠢ ᠪᠦᠷ ᠣᠯᠣᠭᠠᠳ ᠰᠣᠨᠣᠰᠴᠢᠬᠠᠯᠠ ᠃ ᠬᠡᠯᠡᠶ᠎ᠡ ᠭᠡᠬᠦ ᠳᠤ ᠨᠠᠶᠢᠵᠠ ᠪᠠᠨ ᠬᠤᠳᠠᠯᠳᠤᠭᠰᠠᠨ | ᠰᠢᠭ᠋ ᠰᠠᠨᠠᠭᠳᠠᠨ᠎ᠠ ᠃ ᠲᠡᠭᠡᠪᠡᠯ ᠬᠠᠮᠲᠤ ᠰᠣᠷᠣᠭᠴᠢᠳ ᠲᠤ ᠪᠠᠨ ᠤᠷᠪᠠᠭᠴᠢ ᠪᠠᠷ ᠬᠠᠷᠠᠭᠳᠠᠬᠤ ᠶᠤᠮ ᠂ ᠲᠡᠷᠡ ᠨᠢᠭᠡ ᠬᠠᠨᠢᠶᠠᠭᠰᠠᠨ ᠢᠶᠠᠨ ᠵᠣᠷᠢᠭᠤᠳᠠ ᠬᠦᠮᠦᠰᠭᠡ ᠪᠠᠨ | ᠠᠲᠤᠷᠢᠭᠤᠯᠤᠨ᠄ ︽ ᠰᠠᠶ᠋ᠢ ᠁ ᠰᠠᠶ᠋ᠢ ᠁ ᠨᠢᠭᠡ ᠬᠤᠷᠤᠬᠠᠢ ᠮᠢᠨᠦ ᠴᠢᠬᠢᠨ ᠳᠤ ᠨᠢᠰᠴᠣ ᠣᠷᠣᠯ᠎ᠠ︾ ᠭᠡᠪᠡ᠃ | ᠠᠩᠭ᠍ᠯᠢ ᠬᠡᠯᠡᠨ ᠤ ᠪᠠᠭᠰᠢ ᠠᠭᠤᠷᠯᠠᠭᠠᠳ ᠴᠢᠷᠠᠢ ᠨᠢ ᠴᠠᠶᠢᠵᠤ᠄ ︽ᠰᠠᠶᠢᠨ᠂ ᠲᠠᠨᠣᠰ ᠪᠦᠷ ᠬᠠᠷᠢᠯᠴᠠᠨ ᠥᠮᠥᠭᠯᠡᠬᠦ ᠶᠢ ᠰᠣᠷᠣᠴᠢᠬᠠᠯᠠ᠃ ᠪᠢ ᠲᠠᠨᠣᠰ ᠤᠨ | ᠠᠩᠭᠢ ᠶᠢᠨ ᠡᠷᠬᠢᠯᠡᠭᠴᠢ ᠶᠢ ᠣᠴᠢᠵᠤ ᠡᠷᠢᠶ᠎ᠡ︕︾ ᠭᠡᠪᠡ᠃ | ᠲᠡᠷᠡ ᠬᠢᠴᠢᠶᠡᠯ ᠢᠶᠠᠨ ᠣᠷᠣᠬᠤ ᠪᠠᠨ ᠴᠤ ᠪᠣᠯᠢᠵᠤ᠂ ᠪᠡᠶ᠎ᠡ ᠡᠷᠭᠢᠮᠡᠭᠴᠡ ᠭᠠᠷᠴᠣ ᠶᠠᠪᠤᠪᠠ᠃ ᠢᠦᠢ ᠲᠠᠷᠭᠤᠨ ᠰᠠᠭᠤᠳᠠᠯ ᠠᠴᠠ ᠪᠠᠨ ᠰᠠᠯᠵᠤ ᠬᠤᠶᠠᠷ ᠠᠯᠬᠤᠮ | ᠨᠡᠬᠡᠨ ᠳᠠᠭᠠᠭᠠᠳ᠂ ᠠᠩᠭᠢ ᠶᠢᠨ ᠭᠡᠷ ᠤᠨ ᠡᠭᠦᠳᠡ ᠪᠠᠷ ᠠᠵᠢᠨ ᠬᠠᠷᠠᠭᠰᠠᠨ ᠢᠶᠠᠨ ᠨᠢᠳᠦ ᠬᠦᠮᠦᠰᠭᠡ ᠨᠢ ᠪᠦᠷ ᠣᠷᠣᠨ ᠲᠣᠷᠣᠨ ᠦᠬᠡᠢ ᠪᠣᠯᠵᠤ ᠱᠠᠩ ᠬᠠᠢ ᠳᠤ᠄ ︽ | ᠦᠨᠡᠬᠡᠷ ᠠᠯᠪᠠᠨ ᠭᠡᠷ ᠥᠭᠡᠳᠡ ᠶᠠᠪᠤᠯ᠎ᠠ︾ ᠭᠡᠵᠦ ᠬᠡᠯᠡᠵᠦ ᠦᠭᠭᠦᠯ᠎ᠡ᠃ | ᠱᠠᠩ ᠬᠠᠢ ᠰᠠᠶ᠋ᠢᠬᠠᠨ ᠰᠠᠭᠤᠭᠠᠳ ᠡᠭᠦᠨ ᠢ ᠰᠣᠨᠣᠰᠣᠮᠠᠭᠴᠠ ᠪᠣᠰᠣᠨ ᠵᠣᠭᠰᠣᠵᠣ᠂ ᠬᠤᠶᠠᠷ ᠭᠠᠷ ᠢᠶᠠᠷ ᠢᠶᠠᠨ ᠠᠯᠠ ᠪᠠᠨ ᠦᠬᠦᠨ ᠪᠦᠲᠡᠭᠡᠵᠦ ᠠᠷᠭ᠎ᠠ | ᠪᠠᠷᠠᠭᠳᠠᠭᠰᠠᠨ ᠴᠢᠷᠠᠶᠢᠯᠠᠨ᠄ ︽ ᠪᠢ ᠵᠣᠷᠯᠣᠩ ᠳᠤ ᠣᠴᠢᠨ᠎ᠠ᠂ ᠪᠢ ᠳᠡᠰᠪᠦᠷᠢᠯᠡᠵᠦ ᠳᠡᠶᠢᠯᠬᠦ ᠦᠬᠡᠢ ᠪᠣᠯᠪᠠ︾ ᠭᠡᠳ ᠰᠡᠩᠳᠡ ᠮᠡᠩᠲᠡ ᠡᠭᠦᠳᠡ ᠪᠠᠷ ᠱᠣᠩᠬᠤᠯᠠᠨ | ᠭᠠᠷᠤᠯ᠎ᠠ᠃ ᠪᠦᠬᠦ ᠠᠩᠭᠢ ᠪᠠᠷ ᠢᠶᠠᠨ ᠬᠦᠷᠴᠢᠬᠢᠨᠡᠲᠡᠯᠡ ᠢᠨᠢᠶᠡᠯᠳᠦᠪᠡ᠃ ᠶᠢᠨ ᠯᠢᠩ ᠳᠣᠷᠣᠮᠰᠢᠶᠠᠭᠰᠠᠨ ᠶᠠᠩᠵᠤᠳᠠᠢ ᠤᠷᠤᠭᠤᠯ ᠢᠶᠠᠨ ᠢᠷᠪᠠᠶᠢᠯᠭᠠᠨ᠄ ︽ᠦᠨᠡᠬᠡᠷ | ᠨᠢᠭᠤᠷ ᠪᠠᠷᠠᠵᠤ ᠪᠠᠶᠢᠨ᠎ᠠ ᠠᠶᠣᠭᠠᠳ ᠪᠦᠷ ᠰᠢᠭᠡᠰᠦ ᠠᠯᠳᠠᠴᠢᠬᠠᠯ᠎ᠠ ᠭᠡᠪᠡ ᠡᠴᠤᠰ ᠤᠨ ᠳ᠋ᠦᠩ ᠳᠤ ᠨᠢ ᠰᠢᠩ ᠪᠠᠭᠰᠢ ᠤᠲᠠᠰᠤ ᠪᠠᠷ ᠱᠠᠩ ᠬᠠᠢ ᠶᠢᠨ ᠡᠵᠢ ᠶᠢ ᠨᠢ | ᠳᠠᠭᠤᠳᠠᠵᠤ᠂ ᠪᠠᠭᠰᠢ ᠬᠢᠭᠡᠳ ᠭᠡᠷ ᠤᠨ ᠠᠬᠠᠮᠠᠳ ᠬᠠᠮᠲᠤᠷᠠᠨ ᠱᠠᠩ ᠬᠠᠢ ᠶᠢ ᠣᠯᠠᠶᠢᠵᠤ ᠴᠠᠶᠢᠲᠠᠯ᠎ᠠ ᠰᠢᠭᠦᠮᠵᠢᠯᠡᠨ ᠲᠡᠭᠦᠨ ᠢ ᠰᠢᠬᠠᠮᠳᠠᠭᠤᠯᠣᠨ ᠳᠠᠷᠤᠢ ᠣᠷᠴᠢᠭᠤᠯᠵᠣ | ᠠᠩᠭ᠍ᠯᠢ ᠬᠡᠯᠡᠨ ᠤ ᠪᠠᠭᠰᠢ ᠳᠤ ᠪᠣᠷᠣᠭᠤ ᠮᠡᠳᠡᠭᠦᠯᠦᠭᠡᠳ ᠡᠨᠡ ᠬᠦ ᠪᠠᠭ᠎ᠠ ᠦᠢᠮᠡᠭᠡᠨ ᠰᠠᠶ᠋ᠢ ᠳᠠᠷᠣᠭᠳᠠᠵᠠᠢ᠃ | ᠬᠤᠵᠢᠮ ᠨᠢ ᠪᠠᠭᠰᠢ ᠲᠠᠶᠢᠰᠠᠨ ᠳᠤ ᠭᠠᠷᠴᠣ ᠪᠠᠰᠠ᠄ ︽※※※ ᠡᠳᠦᠷ ᠪᠣᠢ︾ ᠭᠡᠵᠦ ᠶᠠᠷᠢᠬᠤ ᠦᠶᠡᠰ ᠪᠦᠬᠦ ᠠᠩᠭᠢ ᠶᠢᠨ ᠬᠠᠮᠲᠤ ᠰᠣᠷᠣᠭᠴᠢᠳ | ᠵᠡᠷᠭᠡ ᠪᠠᠷ ᠳᠡᠷᠢ ᠲᠡᠭᠰᠢ ᠰᠠᠭᠤᠵᠠᠭᠠᠵᠤ ᠂ ᠬᠤᠶᠠᠷ ᠭᠠᠷ ᠢᠶᠠᠨ ᠨᠢᠷᠣᠭᠤᠨ ᠳᠤ ᠪᠠᠨ ᠡᠭᠦᠷᠴᠦ ᠴᠢᠷᠠᠢ ᠪᠠᠨ ᠲᠥᠪ ᠴᠢᠩᠭ᠎ᠠ ᠪᠣᠯᠭᠠᠨ ᠠᠰ ᠰᠢᠷᠲᠡᠭᠡᠳ ᠰᠢᠭᠦᠨ | ᠲᠠᠰᠣᠯᠬᠤ ᠶᠢ ᠬᠦᠯᠢᠶᠡᠵᠦ ᠪᠠᠶᠢᠭ᠎ᠠ ᠳᠦᠷᠢ ᠦᠵᠡᠭᠦᠯᠬᠦ ᠪᠣᠯᠵᠠᠢ᠃ ᠪᠦᠬᠦ᠋ᠢᠯᠡ ᠪᠠᠭᠰᠢ ᠨᠠᠷ ᠡᠨᠡ ᠨᠢ ᠲᠡᠳᠡᠨ ᠤ ᠳᠠᠯᠳᠠᠭᠤᠷ ᠰᠠᠶᠢᠲᠤᠷ ᠵᠦᠪᠳᠡᠯᠴᠡᠭᠰᠡᠨ ᠨᠢᠭᠤᠴᠠ | ᠳᠣᠬᠢᠶ᠎ᠠ ᠪᠣᠯᠬᠤ ᠶᠢ ᠮᠡᠳᠡᠭᠡ ᠦᠬᠡᠢ᠂ ᠬᠠᠷᠢᠨ ᠳᠡᠷᠢ ᠲᠡᠭᠰᠢ ᠰᠠᠭᠤᠵᠠᠭᠠᠵᠤ ᠪᠠᠶᠢᠭ᠎ᠠ ᠨᠢ ᠣᠯᠠᠨ ᠢᠶᠠᠷ ᠢᠶᠠᠨ ᠰᠢᠯᠭᠠᠯᠲᠠ ᠶᠢ ᠬᠦᠨᠳᠦᠳᠭᠡᠵᠦ ᠪᠠᠶᠢᠨ᠎ᠠ ᠭᠡᠵᠦ | ᠪᠣᠳᠣᠳᠠᠭ᠃ | ᠭᠤᠷᠪᠠᠨ ᠡᠳᠦᠷ ᠲᠤ ᠨᠢᠭᠡ ᠪᠠᠭ᠎ᠠ ᠰᠢᠯᠭᠠᠯᠲᠠ ᠲᠠᠪᠤᠨ ᠡᠳᠦᠷ ᠲᠤ ᠨᠢᠭᠡ ᠶᠡᠭᠡ ᠰᠢᠯᠭᠠᠯᠲᠠ ᠪᠠᠶᠢᠵᠤ ᠡᠳᠦᠷ ᠪᠣᠯᠭᠠᠨ ᠪᠠᠰᠠ ᠨᠡᠯᠢᠶᠡᠳ ᠰᠢᠯᠭᠠᠯᠲᠠ ᠶᠢᠨ | ᠬᠠᠭᠤᠳᠠᠰᠤ ᠶᠢ ᠣᠯᠠᠨ ᠳᠤ ᠲᠠᠷᠬᠠᠭᠠᠨ ᠥᠭᠴᠦ ᠭᠡᠷ ᠲᠤ ᠨᠢ ᠠᠪᠠᠴᠢᠭᠤᠯᠵᠣ ᠭᠦᠢᠴᠡᠳᠭᠡᠯᠭᠡᠳᠡᠭ᠃ ᠰᠤᠷᠭᠠᠭᠤᠯᠢ ᠶᠢᠨ ᠳᠠᠷᠤᠮᠠᠯᠯᠠᠬᠤ ᠲᠠᠰᠤᠭ ᠤᠨ ᠪᠠᠭᠰᠢ ᠪᠦᠷ | ᠶᠠᠭᠠᠷᠠᠵᠤ ᠮᠣᠩᠭᠠᠨᠢᠭᠠᠳ ᠪᠣᠷᠪᠢ ᠪᠤᠬᠢᠰᠬᠢᠯ ᠦᠬᠡᠢ ᠪᠣᠯᠵᠤ᠂ ᠴᠢᠪᠠᠭ᠎ᠠ ᠰᠢᠭ᠋ ᠣᠯᠠᠶᠢᠭᠰᠠᠨ ᠨᠢᠳᠦ ᠪᠠᠨ ᠨᠤᠬᠤᠯᠠᠭᠰᠠᠭᠠᠷ ᠵᠠᠬᠢᠷᠤᠯ ᠢ ᠡᠷᠢᠵᠦ ᠣᠴᠢᠭᠠᠳ | ᠠᠵᠢᠯ ᠢᠶᠠᠨ ᠵᠣᠭᠰᠣᠬᠤ ᠭᠡᠪᠡ᠃ ᠵᠠᠬᠢᠷᠤᠯ ᠬᠠᠷᠢᠨ ᠣᠨᠳᠣᠣ ᠨᠢᠭᠡᠨ ᠠᠷᠭ᠎ᠠ ᠪᠣᠳᠣᠵᠣ ᠣᠯᠣᠨ ᠡᠯ᠎ᠡ ᠠᠩᠭᠢ ᠶᠢᠨ ᠡᠷᠬᠢᠯᠡᠭᠴᠢ ᠶᠢ ᠱᠠᠭᠠᠷᠳᠠᠵᠤ ᠂ ᠰᠣᠷᠣᠭᠴᠢ ᠶᠢᠨ | ᠭᠡᠷ ᠤᠨ ᠠᠬᠠᠮᠠᠳ ᠢ ᠳᠠᠶᠢᠴᠢᠯᠠᠨ ᠬᠠᠪᠰᠣᠷᠣᠭᠤᠯᠬᠤ ᠪᠠᠷ ᠪᠣᠯᠵᠤ᠂ ᠪᠠᠶᠢᠭᠤᠯᠭ᠎ᠠ ᠳᠤ ᠨᠢ ᠳᠠᠷᠤᠮᠠᠯᠯᠠᠨ ᠪᠠᠭᠤᠯᠭᠠᠬᠤ ᠮᠠᠰᠢᠨ ᠲᠠᠢ ᠪᠤᠯᠠᠭᠠᠨ ᠴᠢᠳᠠᠯ ᠤᠨ ᠢᠶᠠᠨ | ᠬᠢᠷᠢ ᠪᠠᠷ ᠠᠩᠭᠢ ᠶᠢᠨ ᠬᠢᠨ ᠢ ᠬᠠᠪᠰᠣᠷᠴᠣ᠂ ᠰᠢᠯᠭᠠᠯᠲᠠ ᠶᠢᠨ ᠬᠠᠭᠤᠳᠠᠰᠤ ᠳᠠᠷᠤᠮᠠᠯᠯᠠᠨ ᠪᠠᠭᠤᠯᠭᠠᠵᠤ ᠨᠢᠭᠡ ᠰᠠᠷ᠎ᠠ ᠨᠢᠭᠡ ᠤᠳᠠᠭ᠎ᠠ ᠴᠤ ᠭᠡᠰᠡᠨ ᠪᠣᠯᠣᠨ᠎ᠠ᠂ ᠨᠢᠭᠡ | ᠭᠠᠷᠠᠭ ᠲᠤ ᠨᠢᠭᠡ ᠤᠳᠠᠭ᠎ᠠ ᠪᠣᠯ ᠨᠡᠩ ᠰᠠᠶᠢᠨ ᠭᠡᠵᠡᠢ ᠃ ᠠᠩᠭᠢ ᠪᠤᠯᠠᠭᠠᠨ 50 ᠭᠠᠷᠤᠢ ᠰᠣᠷᠣᠭᠴᠢ ᠲᠠᠢ ᠪᠠᠶᠢᠵᠤ 100 ᠭᠠᠷᠤᠢ ᠭᠡᠷ ᠤᠨ ᠠᠬᠠᠮᠠᠳ ᠲᠠᠢ ᠲᠤᠯᠠ | ᠳᠠᠷᠠᠭᠠᠯᠠᠨ ᠡᠭᠡᠯᠵᠢᠯᠡᠪᠡᠯ ᠪᠠᠷᠲᠠᠭ᠎ᠠ ᠪᠠᠷ ᠭᠦᠢᠴᠡᠨ᠎ᠡ᠃ | ᠰᠢᠩ ᠪᠠᠭᠰᠢ ᠠᠩᠭᠢ ᠳᠤ ᠪᠠᠨ ᠬᠠᠪᠰᠣᠷᠣᠨ ᠰᠢᠯᠭᠠᠯᠲᠠ ᠶᠢᠨ ᠬᠠᠭᠤᠳᠠᠰᠣ ᠶᠢ ᠳᠠᠷᠣᠮᠠᠯᠯᠠᠨ ᠪᠠᠭᠤᠯᠭᠠᠵᠤ ᠳᠡᠶᠢᠯᠬᠦ ᠭᠡᠷ ᠤᠨ ᠠᠬᠠᠮᠠᠳ ᠢ ᠪᠦᠷᠢᠳᠭᠡᠬᠦ | ᠦᠶᠡᠰ ᠶᠢᠨ ᠯᠢᠩ ᠪᠠᠰᠠ ᠬᠤᠵᠢᠮᠳᠠᠯ ᠦᠬᠡᠢ ᠭᠠᠷ ᠢᠶᠠᠨ ᠡᠷᠭᠦᠯ᠎ᠡ᠃ ᠲᠡᠭᠡᠭᠡᠳ ᠭᠡᠷ ᠲᠤ ᠪᠠᠨ ᠬᠠᠷᠢᠨ ᠠᠪᠤ ᠡᠵᠢ ᠳᠤ ᠪᠠᠨ ᠬᠡᠯᠡᠭᠰᠡᠨ ᠴᠢᠨᠢ ᠂ ᠬᠤᠢ ᠽᠢ | ᠤᠷᠢᠳ ᠢᠶᠠᠷ᠄ ︽ ᠡᠨᠡ ᠤᠴᠢᠷ ᠲᠤ ᠨᠠᠮ᠎ᠠ ᠶᠢ ᠪᠢᠲᠡᠭᠡᠢ ᠡᠷᠢ︕ ᠮᠠᠨ ᠤ ᠪᠠᠶᠢᠭᠤᠯᠭ᠎ᠠ ᠵᠢᠵᠢᠭᠬᠡᠨ᠂ ᠳᠠᠷᠤᠮᠠᠯᠯᠠᠨ ᠪᠠᠭᠤᠯᠭᠠᠬᠤ ᠮᠠᠰᠢᠨ ᠦᠬᠡᠢ︾ ᠭᠡᠵᠦ | ᠣᠪᠤᠷ ᠢᠶᠠᠨ ᠢᠯᠡᠳᠭᠡᠨ ᠬᠡᠯᠡᠪᠡ᠃ | ᠶᠢᠨ ᠢ ᠮᠢᠩ᠄ ︽ᠮᠠᠨ ᠤ ᠰᠠᠯᠪᠤᠷᠢ ᠳᠤ ᠬᠠᠷᠢᠨ ᠪᠠᠶᠢᠨ᠎ᠠ᠂ ᠭᠡᠲᠡᠯ᠎ᠡ ᠮᠠᠲ᠋ᠧᠷᠢᠶᠠᠯ ᠳᠠᠷᠣᠮᠠᠯᠯᠠᠨ ᠪᠠᠭᠤᠯᠭᠠᠬᠤ ᠳᠤ ᠵᠣᠭᠤᠰ ᠥᠭᠬᠦ ᠬᠡᠷᠡᠭᠳᠡᠢ᠃ ᠲᠣᠰ | ᠰᠠᠯᠪᠤᠷᠢ ᠶᠢᠨ ᠪᠠᠭᠰᠢ ᠰᠣᠷᠣᠭᠴᠢ ᠳᠤ ᠬᠠᠨᠳᠣᠭᠤᠯᠣᠭᠰᠠᠨ ᠬᠢᠮᠳᠠᠷᠠᠯ ᠤᠨ ᠮᠦᠩᠭᠦ ᠨᠢ ᠨᠢᠭᠡ ᠬᠠᠭᠤᠳᠠᠰᠤ ᠭᠤᠷᠪᠠᠨ ᠮᠤᠤ︕︾ ᠭᠡᠪᠡ᠃ | ᠶᠢᠨ ᠯᠢᠩ ᠰᠠᠨᠳᠣᠷᠣᠨ ᠦᠭᠡ ᠶᠢ ᠨᠢ ᠡᠯᠭᠦᠨ ᠠᠪᠴᠣ᠄ ︽ ᠭᠤᠷᠪᠠᠨ ᠮᠤᠤ ᠬᠡᠳᠦᠢ ᠬᠢᠮᠳᠠ ᠪᠣᠢ ︕ ᠭᠠᠳᠠᠨ᠎ᠠ ᠳᠠᠷᠣᠮᠠᠯᠯᠠᠨ ᠪᠠᠭᠤᠯᠭᠠᠬᠤ ᠳᠤ ᠲᠠᠪᠤᠨ ᠮᠤᠤ | ᠰᠢᠦ︕︾ ᠭᠡᠪᠡ᠃ | ᠶᠢᠨ ᠮᠢᠩ᠂ ᠬᠤᠢ ᠽᠢ ᠶᠢᠨ ᠵᠦᠭ ᠭᠠᠷ ᠢᠶᠠᠨ ᠠᠯᠳᠠᠯᠠᠨ ᠪᠠᠶᠢᠵᠤ᠄ ︽ ᠡᠨᠡ ᠴᠢᠨᠢ ᠶᠠᠮᠠᠷ ᠤᠴᠢᠷ ᠪᠢᠯᠡ︖ ᠪᠦᠬᠦ ᠠᠩᠭᠢ ᠶᠢᠨ ᠰᠣᠷᠣᠭᠴᠢᠳ ᠤᠨ | ᠰᠢᠯᠭᠠᠯᠲᠠ ᠶᠢᠨ ᠬᠠᠭᠤᠳᠠᠰᠤ ᠶᠢ ᠮᠢᠨᠦ ᠭᠠᠭᠴᠠ ᠬᠦᠮᠦᠨ ᠢᠶᠠᠷ ᠳᠠᠷᠣᠮᠠᠯᠯᠠᠨ ᠪᠠᠭᠤᠯᠭᠠᠬᠤ ᠠᠵᠢᠯ ᠢ ᠳᠠᠭᠠᠭᠠᠯᠭᠠᠬᠤ ᠶᠤᠮ ᠭᠡᠨ᠎ᠡ︕ ᠶᠣᠰᠣᠳᠠᠢ ᠡᠪ ᠳᠦᠢ ᠦᠬᠡᠢ | ᠶᠠᠪᠣᠳᠠᠯ︕︾ ᠭᠡᠨ᠎ᠡ᠃ ︽ᠲᠡᠭᠡᠪᠡᠯ ᠲᠠᠨᠣᠰ ᠮᠢᠨᠦ ᠰᠠᠶᠢᠨ ᠰᠣᠷᠭᠠᠭᠤᠯᠢ ᠳᠤ ᠶᠢ ᠪᠣᠳᠣᠬᠤ ᠦᠬᠡᠢ ᠦᠦ ᠭᠡᠵᠦ ᠦᠦ︖︾ ᠭᠡᠮᠡᠨ ᠶᠢᠨ ᠯᠢᠩ ᠳᠠᠷᠦ᠋ᠢᠬᠠᠨ | ᠲᠤᠯᠭᠠᠨ ᠠᠰᠠᠭᠤᠨ᠎ᠠ᠃ | ᠶᠢᠨ ᠢ ᠮᠢᠩ ᠶᠠᠷᠢᠬᠤ ᠦᠭᠡ ᠦᠬᠡᠢ ᠪᠣᠯᠣᠭᠠᠳ ᠂ ᠲᠦᠷ ᠪᠣᠳᠣᠯᠬᠢᠯᠭ᠍ᠰᠠᠨ ᠢᠶᠠᠨ᠄ ︽ ᠪᠦᠬᠦ ᠠᠩᠭᠢ ᠪᠠᠷ ᠢᠶᠠᠨ 50 ᠭᠠᠷᠣᠢ ᠰᠣᠷᠣᠭᠴᠢ ᠲᠠᠢ ᠂ ᠨᠢᠭᠡ | ᠤᠳᠠᠭ᠎ᠠ ᠰᠢᠯᠭᠠᠯᠲᠠ ᠶᠢᠨ ᠬᠠᠭᠤᠳᠠᠰᠤ ᠳᠠᠷᠣᠮᠠᠯᠯᠠᠪᠠᠯ ᠮᠢᠨᠦ ᠨᠢᠭᠡ ᠡᠳᠦᠷ ᠤᠨ ᠴᠠᠯᠢᠩ ᠤᠨ ᠣᠷᠣᠯᠭ᠎ᠠ ᠶᠢ ᠵᠠᠷᠣᠭᠠᠳ ᠳᠠᠭᠤᠰᠬᠠᠴᠢᠬᠠᠨ᠎ᠠ︾ ᠭᠡᠵᠦ | ᠲᠦᠳᠦᠨᠡᠭᠰᠡᠨ ᠢᠶᠠᠨ ᠲᠣᠯᠣᠭᠠᠢ ᠰᠠᠵᠢᠵᠤ᠂ ᠰᠣᠷᠭᠠᠭᠤᠯᠢ ᠶᠢᠨ ᠠᠷᠭ᠎ᠠ ᠠᠪᠴᠠᠯ ᠢ ᠱᠠᠯ ᠲᠣᠭᠤᠬᠤ ᠦᠬᠡᠢ ᠪᠠᠶᠢᠭ᠎ᠠ ᠪᠠᠨ ᠢᠯᠡᠷᠬᠡᠶᠢᠯᠡᠪᠡ᠃ | ᠭᠤᠷᠪᠠᠨ ᠰᠠᠷ᠎ᠠ ᠶᠢᠨ ᠠᠳᠠᠭ ᠢᠶᠠᠷ ᠰᠣᠷᠭᠠᠭᠤᠯᠢ ᠠᠴᠠ ᠵᠢᠷᠭᠤᠳᠣᠭᠠᠷ ᠣᠨ ᠤ ᠲᠡᠭᠦᠰᠬᠦ ᠰᠣᠷᠣᠭᠴᠢᠳ ᠲᠤ ᠨᠢᠭᠡᠨ ᠤᠳᠠᠭᠠᠨ ᠤ ᠰᠣᠷᠭᠠᠭᠤᠯᠢ ᠳᠠᠪᠰᠢᠬᠤ | ᠰᠣᠷᠢᠭᠠᠨ ᠤ ᠰᠢᠯᠭᠠᠯᠲᠠ ᠶᠠᠪᠣᠭᠤᠯᠪᠠ ᠃ ᠰᠢᠯᠭᠠᠭᠰᠠᠨ ᠨᠢ ᠲᠤᠭ᠎ᠠ ᠪᠣᠳᠣᠯᠭ᠎ᠠ ᠪᠠᠶᠢᠯ᠎ᠠ ᠃ ᠵᠢᠩᠬᠢᠨᠢ ᠰᠢᠯᠭᠠᠯᠲᠠ ᠶᠢᠨ ᠳᠦᠷᠢᠮ ᠳᠣᠭᠳᠠᠭᠠᠯ ᠶᠣᠰᠣᠭᠠᠷ ᠨᠢᠭᠡ | ᠰᠢᠷᠡᠭᠡᠨ ᠳᠤ ᠨᠢᠭᠡ ᠰᠣᠷᠣᠭᠴᠢ ᠰᠠᠭᠤᠨ᠂ ᠬᠢᠴᠢᠶᠡᠯ ᠤᠨ ᠭᠡᠷ ᠤᠨ ᠡᠮᠦᠨ᠎ᠡ ᠬᠤᠶᠢᠨ᠎ᠠ ᠪᠦᠷ ᠰᠢᠯᠭᠠᠯᠲᠠ ᠪᠠᠶᠢᠴᠠᠭᠠᠭᠴᠢ ᠪᠠᠭᠰᠢ ᠰᠠᠭᠤᠯᠴᠠᠵᠤ᠂ ᠴᠣᠩᠬᠤᠨ | ᠭᠠᠳᠠᠨ᠎ᠠ ᠨᠡᠭᠦᠳᠡᠯ ᠮᠠᠶ᠋ᠢᠭ ᠤᠨ ᠰᠢᠯᠭᠠᠯᠲᠠ ᠪᠠᠶᠢᠴᠠᠭᠠᠭᠴᠢ ᠪᠠᠭᠰᠢ ᠨᠠᠭᠠᠰᠢ ᠴᠠᠭᠠᠰᠢ ᠲᠣᠭᠤᠷᠢᠨ ᠪᠠᠶᠢᠴᠠᠭᠠᠵᠤ᠂ ᠵᠣᠷᠯᠣᠩ ᠳᠤ ᠣᠴᠢᠬᠤ ᠳᠤ ᠴᠤ ᠲᠣᠰᠬᠠᠢ ᠬᠦᠮᠦᠨ | ᠲᠣᠮᠢᠯᠠᠨ ᠪᠠᠷ᠎ᠠ ᠪᠣᠯᠭᠠᠨ᠎ᠠ᠃ ᠰᠢᠯᠭᠠᠯᠲᠠ ᠶᠢᠨ ᠬᠠᠭᠤᠳᠠᠰᠤᠨ ᠳᠤ ᠰᠣᠷᠣᠯᠭ᠎ᠠ ᠶᠢᠨ ᠨᠤᠮᠧᠷ ᠢᠶᠠᠨ ᠪᠢᠴᠢᠨ ᠰᠢᠯᠭᠠᠵᠤ ᠳᠠᠭᠤᠰᠣᠭᠠᠳ ᠰᠢᠯᠭᠠᠯᠲᠠ ᠶᠢᠨ | ᠬᠠᠭᠤᠳᠠᠰᠤ ᠶᠢ ᠬᠤᠷᠢᠶᠠᠬᠤ ᠦᠶ᠎ᠡ ᠳᠤ ᠲᠣᠬᠠᠢ ᠶᠢᠨ ᠲᠠᠯᠠᠪᠠᠢ ᠳᠤ ᠨᠢᠭᠲᠠ ᠪᠢᠲᠡᠭᠦᠮᠵᠢᠯᠡᠵᠦ ᠂ ᠬᠠᠮᠤᠭ ᠤᠨ ᠰᠡᠭᠦᠯ ᠳᠤ ᠰᠣᠷᠭᠠᠭᠤᠯᠢ ᠶᠢᠨ ᠰᠣᠷᠭᠠᠨ ᠬᠦᠮᠦᠵᠢᠯ ᠤᠨ | ᠶᠠᠪᠣᠳᠠᠯ ᠤᠨ ᠭᠠᠵᠠᠷ ᠠᠴᠠ ᠲᠣᠰᠬᠠᠶᠢᠯᠠᠨ ᠪᠠᠭᠰᠢ ᠨᠠᠷ ᠢ ᠵᠣᠬᠢᠶᠠᠨ ᠪᠠᠶᠢᠭᠤᠯᠵᠣ ᠲᠦᠪᠡᠯᠡᠷᠡᠭᠦᠯᠦᠨ ᠰᠢᠯᠭᠠᠯᠲᠠ ᠬᠢᠨᠠᠭᠤᠯᠵᠣ ᠂ ᠡᠯ᠎ᠡ ᠠᠩᠭᠢ ᠶᠢᠨ ᠬᠢᠴᠢᠶᠡᠯ ᠤᠨ | ᠪᠠᠭᠰᠢ ᠨᠠᠷ ᠤᠨ ᠭᠦᠷᠢᠮ ᠦᠢᠯᠡᠳᠬᠦ ᠠᠴᠠ ᠬᠢᠴᠢᠶᠡᠨ ᠰᠡᠷᠭᠡᠶᠢᠯᠡᠬᠦ ᠠᠵᠢ᠃ | ᠰᠢᠯᠭᠠᠯᠲᠠ ᠠᠴᠠ ᠡᠮᠦᠨᠡᠬᠢ ᠨᠢᠭᠡ ᠡᠳᠦᠷ᠂ ᠲᠣᠭᠠᠨ ᠤ ᠤᠬᠠᠭᠠᠨ ᠤ ᠵᠠᠩ ᠪᠠᠭᠰᠢ ᠬᠢᠴᠢᠶᠡᠯ ᠤᠨ ᠲᠠᠶᠢᠰᠠᠨ ᠳᠡᠭᠡᠷ᠎ᠡ ᠵᠣᠭᠰᠣᠵᠣ ᠣᠯᠠᠨ ᠢ ᠲᠥᠪ ᠴᠢᠩᠭ᠎ᠠ ᠪᠠᠷ | ᠰᠢᠷᠲᠡᠭᠡᠳ᠄ ︽ᠣᠯᠠᠨ ᠢᠶᠠᠷ ᠢᠶᠠᠨ ᠰᠣᠨᠣᠰᠴᠣ ᠪᠠᠶᠢᠭᠲᠤᠨ︕ ᠠᠮᠵᠢᠯᠲᠠ ᠣᠯᠬᠤ ᠠᠴᠠ ᠪᠢᠰᠢ ᠢᠯᠠᠭᠳᠠᠵᠤ ᠪᠣᠯᠬᠤ ᠦᠬᠡᠢ ᠃ ᠰᠣᠷᠢᠭᠠᠨ ᠤ ᠰᠢᠯᠭᠠᠯᠲᠠ | ᠦᠨᠳᠦᠰᠦᠨ ᠳᠤ ᠪᠠᠨ ᠵᠢᠩᠬᠢᠨᠢ ᠰᠢᠯᠭᠠᠯᠲᠠ ᠶᠢᠨ ᠬᠦᠴᠢᠷ ᠤᠨ ᠬᠡᠮᠵᠢᠶ᠎ᠡ ᠶᠢ ᠢᠯᠡᠷᠡᠭᠦᠯᠵᠦ ᠳᠡᠶᠢᠯᠬᠦ ᠶᠤᠮ ᠃ ᠡᠶᠢᠮᠦ ᠠᠴᠠ ᠲᠠᠨᠤᠰ ᠮᠠᠷᠭᠠᠰᠢ ᠶᠠᠮᠠᠷ ᠬᠤᠪᠢ ᠰᠢᠯᠭᠠᠪᠠᠯ ᠂ | ᠰᠣᠷᠭᠠᠭᠤᠯᠢ ᠳᠠᠪᠰᠢᠬᠤ ᠰᠢᠯᠭᠠᠯᠲᠠ ᠶᠢᠨ ᠦᠶ᠎ᠡ ᠳᠤ ᠪᠠᠷᠤᠭ ᠯᠡ ᠲᠡᠶᠢᠮᠦᠷᠬᠦᠦ ᠬᠤᠪᠢ ᠣᠯᠣᠨ᠎ᠠ ᠃ ᠪᠢ ᠡᠨᠡ ᠬᠡᠳᠦᠨ ᠵᠢᠯ ᠲᠡᠭᠦᠰᠬᠦ ᠠᠩᠭᠢ ᠳᠤ ᠬᠢᠴᠢᠶᠡᠯ | ᠵᠢᠭᠠᠭᠰᠠᠨ ᠲᠤᠯᠠ ᠳᠣᠳᠣᠷ᠎ᠠ ᠪᠠᠨ ᠲᠤᠭ᠎ᠠ ᠲᠠᠢ ᠃ ᠬᠡᠦ ᠮᠸᠢ᠂ ᠯᠢᠦ ᠶᠠ ᠷᠦ᠋ ᠂ ᠨᠢ ᡁᠢ ᠸᠧᠢ ︕︾ ᠭᠡᠵᠦ ᠰᠣᠷᠭᠠᠮᠵᠢᠯᠠᠨ ᠶᠠᠷᠢᠪᠠ᠃ | ᠨᠡᠷ᠎ᠡ ᠪᠠᠨ ᠳᠠᠭᠤᠳᠠᠭᠤᠯᠣᠭᠰᠠᠨ ᠭᠤᠷᠪᠠᠨ ᠬᠦᠮᠦᠨ ᠶᠠᠮᠠᠷ ᠶᠠᠪᠣᠳᠠᠯ ᠪᠣᠯᠣᠭᠰᠠᠨ ᠢ ᠮᠡᠳᠡᠯ ᠦᠬᠡᠢ ᠰᠠᠨᠳᠣᠷᠣᠨ ᠪᠣᠰᠴᠣ ᠵᠣᠭᠰᠣᠭᠠᠳ᠂ ᠨᠢᠭᠤᠷ ᠴᠢᠷᠠᠢ ᠪᠠᠨ | ᠰᠢᠷᠲᠡᠯᠴᠡᠨᠡ᠃ ᠵᠠᠩ ᠪᠠᠭᠰᠢ᠄ ︽ᠲᠠᠨ ᠤ ᠭᠤᠷᠪᠠ 98 ᠬᠤᠪᠢ ᠶᠢ ᠪᠠᠲᠣᠯᠠᠵᠤ 100 ᠬᠤᠪᠢ ᠣᠯᠬᠤ ᠪᠠᠷ ᠲᠡᠮᠡᠴᠡᠬᠦ ᠬᠡᠷᠡᠭᠲᠡᠢ᠃ ᠮᠠᠨ ᠤ ᠠᠩᠭᠢ ᠶᠢᠨ | ᠭᠠᠳᠠᠭᠠᠳᠤ ᠬᠡᠯᠡᠨ ᠤ ᠰᠣᠷᠭᠠᠭᠤᠯᠢ ᠥᠭᠡᠳᠡ ᠳᠣᠪᠲᠣᠯᠣᠨ ᠳᠠᠭᠠᠷᠢᠬᠤ ᠬᠦᠰᠡᠯ ᠡᠷᠡᠮᠡᠯᠵᠡᠯ ᠪᠦᠷ ᠲᠠᠨᠣᠰ ᠤᠨ ᠪᠡᠶ᠎ᠡ ᠳᠡᠭᠡᠷ᠎ᠡ ᠪᠠᠶᠢᠨ᠎ᠠ︾ ᠭᠡᠪᠡ᠃ | ᠭᠤᠷᠪᠠᠭᠤᠯᠨ ᠪᠠᠨ ᠣᠳᠣ ᠰᠠᠶ᠋ᠢ ᠲᠠᠶᠢᠳᠬᠤᠷᠠᠨ ᠲᠠᠶᠢᠪᠣᠰᠢᠷᠠᠵᠤ᠂ ᠣᠷᠣ ᠣᠷᠣᠨ ᠳᠤ ᠪᠠᠨ ᠰᠠᠭᠤᠵᠤ ᠴᠢᠷᠠᠢ ᠳᠡᠭᠡᠷ᠎ᠡ ᠨᠢ ᠣᠮᠤᠭ ᠪᠠᠭ᠋ᠠᠲᠣᠯ ᠢᠯᠡᠷᠡᠨ᠎ᠡ ᠃ ᠨᠢ | ᡁᠢ ᠸᠧᠢ ᠵᠡᠭᠦᠨᠰᠢ ᠪᠠᠷᠠᠭᠤᠨᠰᠢ ᠬᠠᠷᠠᠯᠬᠢᠯᠠᠨ ᠪᠠᠶᠠᠷᠯᠠᠨ ᠣᠮᠣᠭᠰᠢᠭᠰᠠᠨ ᠶᠠᠩᠵᠤ ᠭᠠᠷᠭᠠᠨ᠎ᠠ᠃ | ᠶᠢᠨ ᠯᠢᠩ ᠬᠠᠷᠢᠨ ᠪᠢᠰᠢᠷᠡᠭᠰᠡᠨ ᠶᠠᠩᠵᠤ ᠦᠭᠡᠢ ᠳᠣᠳᠣᠷ᠎ᠠ ᠪᠠᠨ᠄ ᠬᠡᠷᠪᠡ ᠲᠡᠳᠡ ᠳᠡᠶᠢᠯᠬᠦ ᠦᠬᠡᠢ ᠪᠣᠯ ᠶᠠᠭᠠᠬᠢᠨ᠎ᠠ ︖ ᠬᠡᠷᠪᠡ ᠪᠢ ᠠᠪᠢᠶᠠᠰ ᠪᠢᠯᠢᠭ ᠢᠶᠠᠨ | ᠶᠡᠷᠦ ᠪᠣᠰᠤ ᠪᠠᠷ ᠪᠠᠳᠠᠷᠠᠭᠤᠯᠪᠠᠯ ᠶᠠᠭᠠᠬᠢᠨ᠎ᠠ︖ ᠪᠠᠭᠰᠢ ᠪᠣᠯᠣᠭᠰᠠᠳ ᠬᠡᠷᠬᠢᠨ ᠬᠦᠮᠦᠨ ᠢ ᠳᠣᠣᠷ᠎ᠠ ᠦᠵᠡᠨ᠎ᠡ ︖ ᠡᠨᠡ ᠴᠢᠨᠢ ᠬᠦᠮᠦᠨ ᠢ ᠦᠵᠡᠨ ᠶᠠᠳᠠᠵᠤ | ᠪᠠᠶᠢᠭ᠎ᠠ ᠨᠢ ᠢᠯᠡᠬᠡᠨ ᠪᠠᠶᠢᠭ᠎ᠠ ᠪᠢᠰᠢ ᠦᠦ︖ ᠭᠡᠵᠦ ᠪᠣᠳᠣᠯ᠎ᠠ᠃ ᠶᠠᠭ ᠡᠶᠢᠨ ᠬᠦ ᠳᠡᠮᠡᠢ ᠯᠡ ᠪᠣᠳᠣᠯᠬᠢᠯᠠᠵᠤ ᠪᠠᠶᠢᠲᠠᠯ᠎ᠠ᠂ ᠭᠡᠨᠡᠳᠲᠡ ᠱᠠᠩ ᠬᠠᠢ ᠲᠡᠭᠦᠨ ᠤ | ᠮᠦᠷᠦ ᠶᠢ ᠴᠢᠴᠢᠬᠦ ᠶᠤᠮ ᠃ ᠣᠣᠯ ᠨᠢ ᠵᠠᠩ ᠪᠠᠭᠰᠢ ᠲᠡᠭᠦᠨ ᠤ ᠨᠡᠷ᠎ᠡ ᠶᠢ ᠳᠠᠭᠤᠳᠠᠭᠰᠠᠨ ᠪᠠᠶᠢᠵᠠᠢ᠃ ᠵᠠᠩ ᠪᠠᠭᠰᠢ ᠶᠡᠭᠡ ᠠᠭᠤᠷᠲᠠᠢ ᠪᠠᠷ ᠲᠡᠭᠦᠨ ᠢ ᠰᠢᠷᠲᠡᠨ᠄ ︽ | ᠪᠣᠳᠣᠯ ᠰᠡᠳᠭᠢᠯ ᠢᠶᠠᠨ ᠥᠭᠡᠷ᠎ᠡ ᠲᠡᠶᠢᠰᠢ ᠵᠠᠯᠠᠭᠠᠳ ᠯᠡ᠂ ᠡᠨᠡ ᠦᠶ᠎ᠡ ᠪᠣᠯᠵᠤ ᠪᠠᠶᠢᠲᠠᠯ᠎ᠠ ᠴᠢ ᠪᠠᠰᠠ ᠰᠡᠳᠭᠢᠯ ᠲᠠᠯᠪᠢᠬᠤ ᠦᠬᠡᠢ ᠪᠠᠶᠢᠭᠰᠠᠭᠠᠷ ᠦᠦ ︖ ᠴᠢ | ᠴᠣᠣᠮ ᠬᠡᠳᠦᠢ ᠬᠤᠪᠢ ᠣᠯᠬᠤ ᠰᠠᠨᠠᠭ᠎ᠠ ᠲᠠᠢ ᠶᠤᠮ︖︾ ᠭᠡᠪᠡ᠃ ᠶᠢᠨ ᠯᠢᠩ ᠠᠮᠠᠨ ᠤ ᠠᠭᠤᠯᠠ ᠶᠢᠨ ᠠᠮᠠ ᠪᠠᠷ᠄ ︽100︾ ᠭᠡᠪᠡ᠃ | ᠲᠡᠷᠡ ᠳᠣᠣᠷ᠎ᠠ ᠨᠢ ᠫᠦᠰ ᠭᠡᠳᠡᠯ᠎ᠡ ᠢᠨᠢᠶᠡᠯᠳᠦᠬᠦ ᠴᠢᠮᠡᠭᠡ ᠳᠣᠭᠤᠯᠳᠠᠪᠠ᠃ | ᠶᠢᠨ ᠯᠢᠩ ᠤᠨ ᠴᠢᠷᠠᠢ ᠨᠢ ᠣᠯᠠᠶᠢᠵᠤ ᠠᠭᠤᠷᠲᠠᠢ ᠪᠠᠷ᠄ ︽ ᠶᠠᠭᠤᠨ ᠳᠤ ᠨᠢ ᠢᠨᠢᠶᠡᠴᠢᠭᠡᠭᠰᠡᠨ ᠶᠤᠮ︖︾ ᠭᠡᠵᠦ ᠵᠠᠩᠳᠣᠷᠪᠠ᠃ ᠵᠠᠩ ᠪᠠᠭᠰᠢ ᠶᠢᠨ ᠴᠢᠷᠠᠢ | ᠳᠡᠭᠡᠷ᠎ᠡ ᠬᠠᠷᠢᠨ ᠮᠦᠰᠢᠶᠡᠳᠦ ᠳᠣᠳᠣᠷᠠᠵᠣ ᠭᠠᠷ ᠢᠶᠠᠨ ᠠᠯᠠᠭᠠᠳᠠᠨ᠄ ︽ᠡᠷᠴᠢ ᠵᠣᠷᠢᠭ ᠰᠠᠶᠢᠨ ᠪᠠᠶᠢᠨ᠎ᠠ᠂ ᠬᠡᠳᠡᠯ᠎ᠡ ᠠᠯᠠᠩ ᠰᠠᠯᠠᠩ ᠪᠠᠶᠢᠬᠤ ᠶᠢ ᠪᠠᠳᠤᠯᠠᠬᠤ ᠬᠡᠷᠡᠭᠳᠡᠢ︾ | ᠬᠡᠪᠡ᠃ |