ᠱᠢᠷᠦᠨᠴᠢᠮᠡᠭ ᠵᠤᠬᠢᠶᠠᠪᠠ | ᠤᠯᠠᠭᠠᠨ ᠢᠳᠡᠭᠡᠨ ᠨᠢ ᠮᠤᠩᠭᠤᠯᠴᠤᠳ ᠤᠨ ᠤᠯᠠᠮᠵᠢᠯᠠᠯᠳᠦ ᠢᠳᠡᠭᠡᠨ ᠤ ᠴᠢᠬᠤᠯᠠ ᠳᠦᠷᠦᠯ ᠪᠢᠯᠡ᠃ | ᠤᠯᠠᠮᠵᠢᠯᠠᠯᠳᠦ ᠤᠯᠠᠭᠠᠨ ᠢᠳᠡᠭᠡᠨ ᠨᠢ ᠤᠳᠤ ᠪᠤᠯᠳᠠᠯ᠎ᠠ ᠬᠦᠮᠦᠰ ᠤᠨ ᠠᠩᠬᠠᠷᠤᠯ ᠳᠠᠭᠠᠰᠢᠶᠠᠯ ᠳᠤ ᠬᠦᠷᠦᠭᠰᠡᠭᠡᠷ ᠪᠠᠶᠢᠭ᠎ᠠ ᠨᠢ ᠴᠢᠨᠠᠷ ᠨᠢ ᠪᠠᠳᠤᠯᠠᠭ᠎ᠠ ᠲᠠᠢ | ᠪᠤᠯᠬᠤᠷ ᠪᠠᠶᠢᠡᠭᠭᠤ ᠶᠢᠨ ᠬᠡᠷᠡᠭᠯᠡᠭᠴᠢ ᠪᠠᠨ ᠠᠯᠳᠠᠬᠤ ᠦᠭᠡᠢ ᠳᠠᠪᠠᠭᠤᠯᠢᠭ ᠲᠠᠢ ᠪᠠᠶᠢᠳᠠᠭ᠃ ᠡᠬᠦᠨ ᠢᠶᠠᠷ ᠪᠠᠷᠠᠬᠤ ᠦᠭᠡᠢ ᠰᠢᠨ᠎ᠡ ᠬᠡᠷᠡᠭᠯᠡᠭᠴᠢᠳ ᠲᠤ ᠴᠦ ᠠᠮᠠᠷᠬᠠᠨ | ᠳᠠᠭᠠᠯᠠᠭᠳᠠᠳᠠᠭ ᠨᠢ ᠪᠠᠶᠢᠭᠠᠯᠢᠯᠢᠭ ᠪᠤᠬᠢᠷᠳᠤᠯ ᠦᠭᠡᠢ ᠪᠠᠶᠢᠬᠤ ᠶᠢ ᠪᠠᠳᠤᠯᠠᠳᠠᠭ ᠤᠨ ᠬᠢ ᠶᠤᠮ᠃ ᠴᠢᠨᠠᠷ ᠤᠨ ᠪᠠᠳᠤᠯᠠᠭ᠎ᠠ ᠬᠡᠳᠡᠭ ᠪᠤᠯ ᠬᠦᠭᠵᠢᠯᠳᠡ ᠶᠢᠨ ᠪᠠᠳᠤ | ᠰᠠᠭᠤᠷᠢ ᠪᠤᠯᠬᠤ ᠤᠴᠢᠷᠳᠠᠢ᠃ ᠳᠡᠭᠡᠪᠡᠯ ᠡᠶᠢᠮᠦᠷᠬᠦᠦ ᠰᠠᠶᠢᠨ ᠰᠠᠭᠤᠷᠢ ᠲᠠᠢ ᠪᠠᠶᠢᠬᠤ ᠶᠢᠨ ᠳᠡᠭᠡᠷ᠎ᠡ ᠤᠯᠠᠭᠠᠨ ᠢᠳᠡᠭᠡᠨ ᠤ ᠬᠦᠭᠵᠢᠯᠳᠡ ᠳᠤ ᠴᠠᠭ ᠦᠶ᠎ᠡ ᠲᠠᠢ ᠪᠠᠨ | ᠵᠤᠬᠢᠴᠠᠨ ᠬᠦᠭᠵᠢᠬᠦ ᠱᠠᠭᠠᠷᠳᠠᠯᠭ᠎ᠠ ᠳᠤᠯᠭᠠᠷᠠᠭᠰᠠᠨ ᠢ ᠲᠠ ᠪᠢᠳᠡ ᠪᠦᠬᠦᠳᠡ ᠠᠩᠵᠠᠭᠠᠷᠠᠭᠰᠠᠨ ᠪᠢᠯᠡ᠃ ᠨᠢᠭᠡ ᠪᠦᠯᠦᠭ ᠵᠠᠯᠠᠭᠤ ᠮᠠᠯᠴᠢᠳ ᠪᠤᠯᠤᠨ ᠠᠵᠤ | ᠠᠬᠤᠶᠢᠯᠠᠯᠳᠠᠳ ᠤᠯᠠᠭᠠᠨ ᠢᠳᠡᠭᠡᠨ ᠢ ᠰᠢᠨᠡᠴᠢᠯᠡᠨ ᠬᠦᠭᠵᠢᠬᠦᠯᠬᠦ ᠳᠠᠯ᠎ᠠ ᠪᠠᠷ ᠢᠳᠡᠪᠬᠢᠳᠡᠢ ᠠᠵᠢᠯᠯᠠᠵᠠᠭᠠᠵᠦ ᠪᠠᠶᠢᠭ᠎ᠠ ᠶᠤᠮ᠃ ᠰᠤᠷᠪᠤᠯᠵᠢᠯᠠᠭᠴᠢ ᠤᠷᠴᠢᠮᠬᠠᠨ | ᠰᠢᠯᠢ ᠶᠢᠨ ᠬᠤᠳᠠ ᠶᠢᠨ ᠢ ᠺᠸᠦ ᠬᠤᠭᠤᠯᠠᠨ ᠭᠡᠷ ᠪᠤᠯᠤᠨ ᠪᠠᠷᠠᠭᠤᠨ ᠦᠵᠦᠮᠦᠴᠢᠨ ᠬᠤᠰᠢᠭᠤᠨ ᠤ ᠬᠤᠪᠢᠳᠠᠢ ᠬᠤᠷᠰᠢᠶᠠᠵᠢᠯ᠂ ᠰᠦᠨᠢᠳ ᠵᠡᠬᠦᠨ ᠬᠤᠰᠢᠭᠤᠨ ᠤ | ᠬᠤᠨᠭ᠍ᠳᠦ ᠮᠢᠬᠠᠨ ᠤ ᠳᠡᠯᠭᠡᠬᠦᠷ ᠤᠨ ᠬᠢᠨ ᠢ ᠰᠤᠷᠪᠤᠯᠵᠢᠯᠠᠵᠦ ᠪᠢᠯᠡ᠃ | ᠬᠤᠭᠤᠯᠠᠨ ᠭᠡᠷ ᠤᠨ ᠡᠵᠡᠩᠨᠡᠯᠳᠡ ᠠᠴᠠ ᠤᠯᠠᠭᠠᠨ ᠢᠳᠡᠭᠡᠨ ᠤ ᠰᠢᠨᠡᠴᠢᠯᠡᠯᠳᠡ ᠶᠢ ᠬᠠᠷᠠᠬᠤᠢ ᠰᠢᠯᠢᠩᠬᠤᠲᠠ ᠶᠢᠨ ᠢ ᠺᠸᠦ ᠬᠤᠭᠤᠯᠠᠨ ᠬᠡᠷ ᠤᠨ ᠬᠤᠭᠤᠯᠠ | ᠮᠢᠬ᠎ᠠ ᠪᠠᠷ ᠭᠤᠤᠯᠳᠠᠨ᠎ᠠ᠃ ᠳᠡᠳᠡ ᠮᠢᠬ᠎ᠠ ᠪᠠᠨ ᠶᠠᠭᠠᠬᠢᠵᠦ ᠪᠤᠰᠤᠳ ᠭᠡᠷ ᠠᠴᠠ ᠢᠯᠭᠠᠭᠳᠠᠬᠤ ᠪᠠᠷ ᠡᠳ᠋ᠰᠢᠬᠦᠯᠵᠦ ᠪᠠᠶᠢᠭ᠎ᠠ ᠶᠢ ᠤᠶᠢᠯᠠᠭᠠᠬᠤ ᠪᠠᠷ ᠬᠤᠭᠤᠯᠠᠨ ᠭᠡᠷ ᠤᠨ | ᠡᠵᠡᠨᠳᠡᠨ ᠨᠠᠷᠠᠨᠳᠤᠶᠠᠭ᠎ᠠ ᠶᠢ ᠰᠤᠷᠪᠤᠯᠵᠢᠯᠠᠭᠰᠠᠨ ᠶᠤᠮ᠃ ᠮᠢᠬ᠎ᠠ ᠶᠢ ᠰᠢᠷᠠᠵᠦ ᠪᠤᠯᠭᠤᠬᠤ ᠨᠢ ᠤᠯᠠᠮ ᠠᠮᠳᠠ ᠰᠢᠮᠳᠠ ᠲᠠᠢ ᠪᠤᠯᠭᠠᠳᠠᠭ ᠳᠠᠯ᠎ᠠ ᠪᠤᠢ᠃ ᠰᠢᠷᠡᠮᠡᠯ | ᠢᠳᠡᠭᠡᠨ ᠳᠤ ᠳᠤᠷ᠎ᠠ ᠦᠭᠡᠢ ᠬᠦᠮᠦᠨ ᠪᠠᠷᠤᠭ ᠪᠠᠶᠢᠳᠠᠭ ᠦᠭᠡᠢ᠃ ᠬᠦᠮᠦᠰ ᠤᠨ ᠡᠶᠢᠮᠦ ᠳᠠᠭᠠᠰᠢᠶᠠᠯ ᠳᠤ ᠳᠤᠬᠢᠷᠠᠭᠤᠯᠤᠨ ᠨᠠᠷᠠᠨᠳᠤᠶᠠᠭ᠎ᠠ ᠮᠢᠬ᠎ᠠ ᠶᠢ ᠰᠢᠷᠠᠵᠦ | ᠪᠤᠯᠭᠤᠬᠤ ᠳᠤᠬᠠᠢ ᠠᠩᠬᠠᠨ ᠤ ᠪᠤᠳᠤᠯ ᠤᠷᠤᠭᠰᠠᠨ ᠪᠠᠶᠢᠪᠠ᠃ ᠳᠡᠷᠡ ᠤᠭ ᠨᠢ ᠪᠠᠰᠠ ᠬᠤᠭᠤᠯᠠᠨ ᠭᠡᠷ ᠡᠷᠬᠢᠯᠡᠵᠦ ᠪᠠᠶᠢᠭᠰᠠᠨ ᠳᠤᠷᠰᠢᠯᠭ᠎ᠠ ᠲᠠᠢ ᠪᠤᠯᠬᠤᠷ ᠮᠠᠨ ᠤ | ᠤᠯᠠᠭᠠᠨ ᠢᠳᠡᠭᠡᠨ ᠤ ᠵᠠᠬ᠎ᠠ ᠳᠡᠯᠭᠡᠬᠦᠷ ᠤᠨ ᠬᠦᠭᠵᠢᠯᠳᠡ ᠳᠤ ᠴᠤᠬᠤᠮ ᠶᠠᠭᠤ ᠬᠡᠷᠡᠭᠳᠡᠢ ᠪᠠᠶᠢᠭ᠎ᠠ ᠶᠢᠨ ᠳᠤᠬᠠᠢ ᠳᠤᠵᠢ ᠰᠡᠳᠬᠢᠵᠦ ᠪᠤᠳᠤᠳᠠᠭ ᠠᠵᠢ᠃ ᠰᠢᠷᠡᠮᠡᠯ | ᠢᠳᠡᠭᠡᠨ ᠬᠦᠮᠦᠰ ᠤᠨ ᠳᠠᠭᠠᠰᠢᠶᠠᠯ ᠳᠤ ᠢᠯᠡᠬᠦᠦ ᠬᠦᠷᠳᠡᠭ ᠢ ᠰᠡᠷᠡᠵᠦ ᠮᠡᠳᠡᠭᠰᠡᠨ ᠨᠢ ᠳᠡᠬᠦᠨ ᠤ ᠡᠨᠡ ᠬᠦ ᠬᠤᠭᠤᠯᠠᠨ ᠭᠡᠷ ᠢ ᠡᠷᠬᠢᠯᠡᠭᠰᠡᠨ ᠦᠨᠳᠦᠰᠦ ᠰᠠᠭᠤᠷᠢ ᠨᠢ | ᠪᠠᠶᠢᠯ᠎ᠠ᠃ ᠰᠢᠷᠠᠮᠠᠯ ᠢᠳᠡᠭᠡᠨ ᠭᠡᠪᠡᠯ ᠮᠤᠩᠭᠤᠯᠴᠤᠳ ᠤᠨ ᠤᠯᠠᠮᠵᠢᠯᠠᠯᠳᠦ ᠢᠳᠡᠭᠡᠨ ᠳᠤ ᠴᠦ ᠪᠠᠶᠢᠳᠠᠭ ᠵᠦᠢᠯ᠃ ᠳᠡᠭᠡᠪᠡᠯ ᠨᠠᠷᠠᠨᠳᠤᠶᠠᠭ᠎ᠠ ᠶᠠᠭᠠᠬᠢᠵᠦ ᠰᠢᠨᠡᠴᠢᠯᠡᠭᠰᠡᠨ | ᠪᠤᠢ︖ ᠳᠡᠳᠡᠨ ᠤ ᠬᠤᠭᠤᠯᠠᠨ ᠭᠡᠷ ᠤᠨ ᠨᠤᠭᠤᠭ᠎ᠠ ᠶᠢ ᠬᠠᠷᠠᠭᠰᠠᠨ ᠪᠤᠯᠭᠠᠨ ᠡᠸᠦ᠋ᠷᠦᠫᠠᠴᠢᠯᠡᠭᠰᠡᠨ ᠤᠨᠴᠠᠯᠢᠭ ᠢ ᠤᠯᠵᠦ ᠬᠠᠷᠠᠨ᠎ᠠ᠃ ᠳᠡᠳᠡᠨ ᠤ ᠳᠤ ᠰᠢᠷᠠᠭᠰᠠᠨ | ᠮᠢᠬᠠᠨ ᠤ ᠴᠤᠭᠯᠠᠭᠤᠯᠭ᠎ᠠ ᠬᠡᠮᠡᠬᠦ ᠨᠢᠭᠡᠨ ᠰᠠᠶᠢᠬᠠᠨ ᠰᠢᠷᠠᠮᠠᠯ ᠢᠳᠡᠭᠡᠨ ᠪᠤᠢ᠃ ᠡᠨᠡ ᠨᠢ ᠦᠭᠡᠷ ᠤᠨ ᠬᠠᠪᠢᠷᠭ᠎ᠠ᠂ ᠬᠤᠨᠢᠨ ᠤ ᠬᠠᠪᠢᠷᠭ᠎ᠠ᠂ ᠬᠢᠮ᠎ᠠ᠂ ᠳᠦᠮᠦᠰᠦ᠂ | ᠡᠷᠳᠡᠨᠢ ᠰᠢᠰᠢ᠂ ᠬᠠᠯᠠᠭᠤᠨ ᠨᠤᠭᠤᠭ᠎ᠠ᠂ ᠳᠦᠪᠡᠳ ᠬᠠᠰᠢ᠂ ᠴᠡᠴᠡᠭᠳᠤ ᠨᠤᠭᠤᠭ᠎ᠠ ︵西蓝花︶ ᠵᠡᠷᠭᠡ ᠶᠢᠨ ᠪᠦᠷᠢᠯᠳᠦᠬᠦᠨ ᠲᠠᠢ ᠮᠠᠰᠢ ᠰᠠᠶᠢᠬᠠᠨ ᠢᠳᠡᠭᠡᠨ | ᠪᠤᠯᠤᠨ᠎ᠠ᠃ ᠡᠨᠡ ᠬᠦ ᠢᠳᠡᠬᠡᠨ ᠤ ᠮᠢᠬ᠎ᠠ ᠶᠢ ᠪᠦᠷ ᠰᠢᠷᠠᠵᠦ ᠪᠤᠯᠭᠤᠭᠰᠠᠨ ᠢᠶᠠᠷ ᠢᠶᠠᠨ ᠤᠨᠴᠠᠯᠡᠭᠳᠠᠵᠦ ᠬᠠᠷᠠᠭᠰᠠᠨ ᠪᠦᠬᠦᠨ ᠳᠤ ᠠᠮᠳᠠᠯᠠᠵᠦ ᠦᠵᠡᠬᠦ ᠬᠦᠰᠡᠯ | ᠳᠦᠷᠦᠬᠦᠯᠦᠨᠡ᠃ ᠡᠳᠡᠨ ᠤ ᠳᠤ ᠪᠠᠰᠠ ᠬᠡᠳᠦᠨ ᠵᠦᠢᠯ ᠤᠨ ᠬᠢᠮ᠎ᠡ ᠶᠢ ᠰᠢᠷᠠᠵᠦ ᠪᠤᠯᠭᠤᠭᠰᠠᠨ ᠨᠤᠭᠤᠭ᠎ᠠ ᠪᠠᠶᠢᠳᠠᠭ᠃ ᠬᠦᠮᠦᠰ ᠬᠢᠮ᠎ᠡ ᠢᠳᠡᠬᠦ ᠳᠤᠷᠠᠳᠠᠢ᠂ ᠨᠡᠩ ᠴᠦ | ᠰᠢᠷᠠᠵᠦ ᠪᠤᠯᠭᠤᠭᠰᠠᠨ ᠬᠢᠮ᠎ᠡ ᠶᠢ ᠢᠳᠡᠬᠦ ᠳᠤᠷᠠᠳᠠᠢ᠃ | ᠨᠠᠷᠠᠨᠳᠤᠶᠠᠭ᠎ᠠ ᠬᠦᠮᠦᠰ ᠤᠨ ᠶᠠᠮᠠᠷ ᠢᠳᠡᠭᠡᠨ ᠳᠤ ᠢᠯᠡᠬᠦᠦ ᠳᠤᠷᠠᠳᠠᠢ ᠪᠠᠳᠢᠠᠭ ᠢ ᠠᠩᠵᠠᠭᠠᠷᠠᠵᠦ᠂ ᠬᠡᠷᠡᠭᠯᠡᠭᠴᠢᠳ ᠤᠨ ᠢᠶᠠᠨ ᠱᠠᠭᠠᠷᠳᠠᠯᠭ᠎ᠠ ᠳᠤ ᠵᠤᠬᠢᠴᠠᠭᠤᠯᠤᠨ | ᠠᠵᠢᠯᠯᠠᠵᠦ᠂ ᠤᠯᠠᠭᠠᠨ ᠢᠳᠡᠭᠡᠨ ᠢᠶᠠᠨ ᠰᠢᠨᠡᠴᠢᠯᠡᠬᠦ ᠳᠠᠯ᠎ᠠ ᠪᠠᠷ ᠪᠤᠰᠤᠳ ᠠᠴᠠ ᠪᠠᠨ ᠦᠪᠡᠷᠮᠢᠴᠡ ᠤᠨᠴᠠᠯᠢᠭ ᠲᠠᠢ ᠬᠢᠵᠦ ᠴᠢᠳᠠᠭᠰᠠᠨ ᠢᠶᠠᠷ ᠬᠤᠭᠤᠯᠠᠨ ᠭᠡᠷ ᠲᠤ ᠨᠢ | ᠤᠴᠢᠬᠰᠠᠳ ᠤᠯᠠᠰᠢᠷᠠᠵᠦ ᠮᠦᠷᠯᠡᠵᠦ ᠬᠦᠯᠢᠶᠡᠬᠦ ᠪᠠᠶᠢᠳᠠᠯ ᠵᠦᠡᠭᠳᠡᠭᠡᠨ ᠳᠠᠭᠠᠷᠠᠳᠠᠭ ᠶᠤᠮ ᠪᠠᠶᠢᠨ᠎ᠠ᠃ ᠨᠠᠷᠠᠨᠳᠤᠶᠠᠭ᠎ᠠ ᠪᠠᠰᠠ ᠦᠭᠡᠷ ᠤᠨ ᠪᠤᠷᠴᠨ᠂ ᠦᠭᠡᠷ ᠤᠨ | ᠬᠠᠳᠠᠭᠠᠭᠰᠠᠨ ᠬᠠᠪᠢᠷᠭ᠎ᠠ᠂ ᠬᠤᠨᠢᠨ ᠤ ᠬᠠᠳᠠᠭᠠᠭᠰᠠᠨ ᠬᠠᠪᠢᠷᠭ᠎ᠠ ᠲᠠᠢ ᠨᠤᠭᠤᠭ᠎ᠠ ᠵᠠᠭᠤᠰᠢ ᠶᠢ ᠶᠠᠭᠠᠭᠢᠵᠦ ᠬᠢᠬᠦ ᠳᠤᠬᠠᠢ ᠪᠡᠯᠡᠳᠭᠡᠵᠦ᠂ ᠤᠯᠠᠭᠠᠨ ᠢᠳᠡᠭᠡᠨ ᠢ | ᠤᠯᠠᠮᠵᠢᠯᠠᠯ ᠤᠨ ᠢᠶᠠᠨ ᠰᠠᠭᠤᠷᠢᠨ ᠳᠡᠭᠡᠷ᠎ᠡ ᠤᠯᠠᠮ ᠰᠢᠨᠡᠴᠢᠯᠡᠨ ᠬᠦᠭᠵᠢᠬᠦᠯᠬᠦ ᠳᠤᠬᠠᠢ ᠡᠳᠦᠷ ᠪᠦᠷᠢ ᠤᠠᠬᠠᠭᠠᠨ ᠰᠡᠳᠦᠵᠦ ᠶᠠᠪᠤᠭ᠎ᠠ ᠠᠵᠢ᠃ | ᠬᠤᠷᠰᠢᠶᠡᠵᠢᠯ ᠤᠨ ᠪᠦᠳᠦᠭᠡᠭᠳᠡᠬᠦᠨ ᠠᠴᠠ ᠤᠯᠠᠭᠠᠨ ᠢᠳᠡᠭᠡᠨ ᠤ ᠰᠢᠨᠡᠴᠢᠯᠡᠯᠳᠡ ᠶᠢ ᠬᠠᠷᠠᠬᠤᠢ ᠪᠠᠷᠠᠭᠤᠨ ᠦᠵᠦᠮᠦᠴᠢᠨ ᠬᠤᠰᠢᠭᠤᠨ ᠤ ᠬᠤᠪᠢᠳᠠᠢ | ᠬᠤᠷᠰᠢᠶᠠᠵᠢᠯ ᠤᠨ ᠬᠠᠯᠠᠭᠤᠨ ᠳᠤᠭᠤᠭ᠎ᠠ᠂ ᠱᠠᠯᠪᠢᠡᠭ᠂ ᠦᠭᠡᠷ ᠤᠨ ᠮᠢᠬ᠎ᠠ ᠲᠠᠢ ᠵᠢᠶᠠᠩ ᠴᠠᠬᠢᠮ ᠰᠦᠯᠵᠢᠶ᠎ᠡ ᠪᠠᠷ ᠬᠡᠷᠡᠭᠯᠡᠭᠴᠢᠳ ᠲᠠᠢ ᠵᠤᠯᠭᠠᠭᠠᠳ ᠬᠡᠰᠡᠭ | ᠬᠤᠭᠤᠴᠠᠭ᠎ᠠ ᠪᠤᠯᠵᠦ ᠪᠤᠢ᠃ ᠬᠠᠯᠠᠭᠤᠨ ᠳᠤᠭᠤᠭ᠎ᠠ ᠪᠤᠯ ᠮᠤᠩᠭᠤᠯᠴᠤᠳ ᠤᠨ ᠠᠯᠢ ᠤᠵᠤᠭᠤᠷ ᠤᠨ ᠢᠳᠡᠭᠡᠨ᠃ ᠳᠡᠭᠡᠪᠡᠯ ᠰᠢᠨ᠎ᠡ ᠴᠠᠭ ᠦᠶ᠎ᠡ ᠳᠤ ᠬᠦᠷᠴᠦ | ᠢᠷᠡᠭᠡᠳ ᠵᠠᠯᠠᠭᠤᠴᠤᠳ ᠮᠠᠨᠢ ᠬᠠᠯᠠᠭᠤᠨ ᠳᠤᠭᠤᠭ᠎ᠠ ᠶᠢ ᠵᠤᠭᠠᠴᠠᠯ ᠳᠤ ᠵᠤᠷᠢᠭᠤᠯᠬᠤ᠂ ᠪᠡᠯᠡᠭ ᠳᠤᠷᠠᠰᠬᠠᠯ ᠳᠤ ᠵᠤᠷᠢᠭᠤᠯᠬᠤ ᠵᠡᠷᠭᠡ ᠱᠠᠯ ᠦᠭᠡᠷ᠎ᠡ ᠳᠠᠯ᠎ᠠ ᠶᠢᠨ | ᠠᠭᠤᠯᠭ᠎ᠠ ᠪᠠᠷ ᠰᠢᠨᠡᠴᠢᠯᠡᠵᠦ ᠪᠠᠶᠢᠭ᠎ᠠ ᠶᠤᠮ ᠪᠠᠶᠢᠨ᠎ᠠ᠃ ᠬᠤᠪᠢᠳᠠᠢ ᠬᠠᠯᠠᠭᠤᠨ ᠳᠤᠭᠤᠭ᠎ᠠ ᠨᠢ ᠦᠨᠤ ᠵᠢᠯ ᠤᠨ ᠴᠠᠭᠠᠨ ᠰᠠᠷ᠎ᠠ ᠠᠴᠠ ᠡᠮᠦᠨ᠎ᠡ ᠪᠤᠭᠤᠳᠠᠯ ᠪᠠᠭᠯᠠᠭ᠎ᠠ | ᠲᠠᠢ ᠪᠤᠯᠤᠭᠰᠠᠨ ᠢᠶᠠᠷ ᠴᠠᠭᠠᠨ ᠰᠠᠷ᠎ᠠ ᠶᠢᠨ ᠪᠡᠯᠡᠭ ᠲᠤ ᠶᠡᠭᠡ ᠵᠠᠷᠤᠭᠳᠠᠭᠰᠠᠨ ᠪᠠᠶᠢᠵᠠᠢ᠃ ᠨᠢᠭᠡ ᠬᠠᠶᠢᠷᠴᠠᠭ ᠲᠤ ᠪᠠᠨ 188 ᠳᠦᠬᠦᠷᠢᠭ ᠪᠠᠶᠢᠳᠠᠭ ᠳᠤᠰ | ᠪᠦᠳᠦᠭᠡᠭᠳᠡᠬᠦᠨ ᠦᠨ᠎ᠡ ᠬᠠᠨᠭ᠍ᠰᠢ ᠶᠢᠨ ᠬᠤᠪᠢ ᠳᠤ ᠴᠠᠭᠠᠨ ᠰᠠᠷ᠎ᠠ ᠶᠢᠨ ᠪᠡᠯᠡᠭ ᠳᠤᠷᠠᠰᠬᠠᠯ ᠤᠨ ᠪᠠᠷᠢᠮᠵᠢᠶᠠᠨ ᠳᠤ ᠨᠡᠶᠢᠴᠡᠵᠦ ᠪᠠᠶᠢᠭ᠎ᠠ ᠪᠦᠭᠡᠳ ᠴᠤᠯ ᠪᠠᠶᠢᠭᠠᠯᠢᠯᠢᠭ | ᠢᠳᠡᠭᠡᠨ ᠪᠤᠯᠬᠤᠷ ᠪᠡᠯᠡᠭ ᠬᠦᠷᠭᠡᠭᠴᠢ᠂ ᠪᠡᠯᠡᠭ ᠲᠤᠰᠤᠬᠴᠢ ᠶᠢᠨ ᠲᠠᠭᠠᠰᠢᠶᠠᠯ ᠳᠤ ᠬᠦᠷᠴᠦ ᠴᠢᠳᠠᠭᠰᠠᠨ ᠠᠵᠢ᠃ ᠬᠠᠯᠠᠭᠤᠨ ᠳᠤᠭᠤᠭᠠᠨ ᠳᠤ ᠪᠠᠨ ᠳᠡᠳᠡ | ᠦᠭᠡᠷ ᠤᠨ ᠮᠢᠬ᠎ᠠ᠂ ᠮᠢᠬᠠᠨ ᠪᠦᠮᠪᠦᠯᠢᠭ᠂ ᠬᠤᠨᠢᠨ ᠤ ᠭᠤᠳᠤᠩ᠂ ᠬᠤᠨᠢᠨ ᠤ ᠬᠠᠪᠢᠷᠭ᠎ᠠ ᠪᠤᠯᠤᠨ ᠡᠪᠴᠢᠬᠦᠨ ᠤ ᠮᠢᠬ᠎ᠠ᠂ ᠬᠤᠨᠢᠨ ᠤ ᠭᠤᠰ ᠵᠡᠷᠭᠡ ᠳᠠᠪᠤᠨ | ᠵᠦᠢᠯ ᠤᠨ ᠮᠢᠬ᠎ᠠ ᠪᠤᠯᠤᠨ ᠬᠠᠷ᠎ᠠ ᠳᠠᠯᠳᠡᠤ᠂ ᠬᠠᠪᠳᠠᠭᠠᠢ ᠹᠸᠡᠭᠲ᠋ᠢᠶᠤᠤᠷ᠂ ᠨᠢᠮᠭᠡᠨ ᠳ᠋ᠸᠤᠹᠦ᠋ ᠵᠡᠷᠭᠡ ᠭᠤᠷᠪᠠᠨ ᠵᠦᠢᠯ ᠤᠨ ᠨᠤᠭᠤᠭ᠎ᠠ ᠬᠢᠭᠰᠡᠨ ᠠᠵᠢ᠃ ᠮᠢᠬ᠎ᠠ | ᠨᠤᠭᠤᠭ᠎ᠠ ᠪᠠᠨ ᠪᠦᠷ ᠠᠰ ᠠᠰ ᠢᠶᠠᠷ ᠨᠢ ᠤᠭᠤᠳᠠᠯᠠᠭᠰᠠᠨ ᠨᠢ ᠶᠡᠭᠡ ᠴᠡᠪᠡᠷᠭᠡᠨ ᠰᠠᠨᠠᠭᠳᠠᠪᠠ᠃ ᠴᠢᠨᠠᠭᠰᠠᠨ ᠮᠢᠬᠠᠨ ᠤ ᠪᠠᠨ ᠱᠦᠯᠦ ᠶᠢ ᠤᠭᠤᠳᠠᠯᠠᠵᠦ᠂ ᠬᠠᠯᠠᠭᠤᠨ | ᠳᠤᠭᠤᠭᠠᠨ ᠤ ᠱᠦᠯᠦ ᠪᠤᠯᠭᠠᠬᠤ ᠪᠠᠷ ᠪᠡᠯᠡᠳᠦᠭᠰᠡᠨ ᠪᠦᠬᠡᠳ ᠬᠠᠯᠠᠭᠤᠨ ᠳᠤᠭᠤᠭ᠎ᠠ ᠶᠢ ᠴᠦ ᠪᠡᠯᠡᠳᠭᠡᠵᠦ ᠦᠭᠬᠦᠭᠰᠡᠨ ᠨᠢ ᠮᠠᠰᠢ ᠳᠦᠬᠦᠮ ᠰᠠᠨᠠᠭᠳᠠᠪᠠ᠃ ᠡᠨᠡ ᠬᠦ | ᠬᠠᠯᠠᠭᠤᠨ ᠳᠤᠭᠤᠭ᠎ᠠ ᠶᠢ ᠠᠪᠤᠭᠰᠠᠨ ᠬᠦᠮᠦᠰ ᠪᠡᠯᠡᠨ ᠳᠤᠭᠤᠭᠠᠨ ᠳᠤ ᠪᠠᠨ ᠱᠦᠯᠦ ᠪᠠᠨ ᠭᠡᠰᠭᠡᠭᠡᠳ ᠴᠢᠨᠠᠵᠦ ᠪᠤᠯᠭᠤᠭᠰᠠᠨ ᠮᠢᠬ᠎ᠠ ᠨᠤᠭᠤᠭ᠎ᠠ ᠪᠠᠨ ᠬᠢᠪᠡᠯ ᠬᠡᠳᠦᠬᠡᠨ | ᠮᠢᠨᠦ᠋ᠲ ᠳᠤ ᠪᠤᠯᠴᠢᠬᠠᠳᠠᠭ᠃ ᠡᠨᠡ ᠨᠢ ᠠᠵᠢᠯ ᠤᠨ ᠳᠠᠷᠤᠭᠠᠰᠤ ᠬᠦᠨᠳᠦ᠂ ᠠᠮᠢᠳᠤᠷᠠᠯ ᠤᠨ ᠠᠶᠢᠵᠠᠮ ᠲᠦᠷᠬᠡᠨ ᠬᠤᠳᠠ ᠶᠢᠨ ᠠᠶᠢᠯ ᠳᠤ ᠮᠠᠰᠢ ᠳᠤᠬᠢᠷᠠᠵᠦ᠂ | ᠬᠤᠭᠤᠯᠠ ᠬᠢᠬᠦ ᠴᠠᠭ ᠢ ᠪᠤᠭᠤᠨᠢᠰᠬᠠᠭᠰᠠᠨ ᠮᠦᠷᠳᠡᠭᠡᠨ ᠪᠠᠶᠢᠭᠠᠯᠢᠯᠢᠭ ᠪᠡᠯᠴᠢᠭᠡᠷ ᠲᠤ ᠮᠠᠯᠵᠢᠭᠰᠠᠨ ᠬᠤᠨᠢ ᠦᠭᠡᠷ ᠤᠨ ᠢᠶᠠᠨ ᠮᠢᠬ᠎ᠠ ᠶᠢ ᠡᠳ᠋ᠰᠢᠬᠦᠯᠦᠭᠡᠳ ᠬᠢᠭᠰᠡᠨ | ᠪᠤᠯᠬᠤᠷ ᠴᠢᠨᠠᠷ ᠤᠨ ᠳᠠᠯ᠎ᠠ ᠪᠠᠷ ᠰᠠᠨᠠᠭ᠎ᠠ ᠪᠤᠯᠬᠤ ᠴᠢᠬᠤᠯᠠ ᠦᠭᠡᠢ ᠶᠤᠮ᠃ ᠳᠠᠬᠢᠪᠡᠯ ᠪᠢᠳᠡᠬᠦᠦ ᠬᠠᠶᠢᠷᠴᠠᠭᠯᠠᠭᠠᠳ ᠳᠤᠳᠤᠷ᠎ᠠ ᠨᠢ ᠮᠦᠰᠦ ᠬᠢᠭᠰᠡᠨ ᠪᠤᠯᠬᠤᠷ | ᠪᠠᠷᠤᠬᠳᠠᠢ ᠳᠤ ᠬᠡᠰᠬᠦ ᠦᠭᠡᠢ᠂ ᠵᠤᠨ ᠠᠶᠠᠯᠠᠯ ᠵᠤᠭᠠᠴᠠᠯ ᠳᠤ ᠴᠦ ᠠᠪᠴᠦ ᠶᠠᠪᠤᠵᠦ ᠪᠤᠯᠬᠤ ᠰᠠᠶᠢᠬᠠᠨ ᠢᠳᠡᠭᠡᠨ ᠶᠤᠮ᠃ ᠬᠤᠪᠢᠳᠠᠢ ᠬᠠᠯᠠᠭᠤᠨ ᠳᠤᠭᠤᠭ᠎ᠠ ᠨᠢ ᠪᠦᠬᠦ | ᠵᠦᠢᠯ ᠢᠶᠠᠨ ᠴᠢᠨᠠᠵᠦ ᠪᠤᠯᠭᠤᠭᠠᠳ ᠪᠡᠯᠡᠨ ᠪᠤᠯᠭᠠᠬᠰᠠᠨ ᠨᠢ ᠨᠢᠬᠡ ᠶᠤᠰᠤᠨ ᠤ ᠰᠢᠨᠡᠴᠢᠯᠡᠯᠳᠡ ᠶᠤᠮ᠃ ᠤᠭ ᠨᠢ ᠮᠠᠨ ᠤ ᠬᠢᠨ ᠮᠠᠶᠢᠮᠠᠶᠢᠴᠢᠨ ᠡᠬᠦᠳᠡᠨ ᠳᠤ ᠨᠢ | ᠢᠷᠡᠬᠦ ᠶᠢ ᠬᠦᠯᠢᠶᠡᠵᠦ ᠬᠤᠨᠢ ᠮᠠᠯ ᠢᠶᠠᠨ ᠠᠮᠢᠳᠤ ᠪᠠᠷ ᠨᠢ ᠬᠤᠳᠠᠯᠳᠤᠳᠠᠭ ᠪᠠᠶᠢᠭᠰᠠᠨ᠃ ᠳᠤᠬᠠᠢ ᠶᠢᠨ ᠦᠶ᠎ᠡ ᠳᠤ ᠪᠠᠷᠤᠭ ᠡᠳ᠋ᠰᠢᠬᠦᠯᠵᠦ ᠪᠤᠷᠤᠯᠠᠭᠤᠯᠬᠤ ᠶᠢ ᠮᠳᠡᠬᠦ | ᠦᠭᠡᠢ ᠪᠠᠶᠢᠭᠰᠠᠨ ᠪᠤᠯ ᠳᠠᠷᠠᠭᠠᠬᠠᠨ ᠨᠢ ᠬᠦᠢᠳᠡᠨ ᠬᠦᠮᠦᠷᠭᠡ ᠳᠤ ᠬᠦᠷᠬᠡᠵᠤ ᠤᠴᠢᠳᠠᠭ ᠴᠦ ᠮᠢᠬ᠎ᠠ ᠶᠢ ᠨᠠᠷᠢᠯᠢᠭ ᠡᠳ᠋ᠰᠢᠬᠦᠯᠦᠨ ᠪᠤᠷᠤᠯᠠᠭᠤᠯᠬᠤ ᠵᠠᠮ ᠨᠡᠭᠡᠭᠡᠭᠳᠡᠭᠡ | ᠦᠭᠡᠢ ᠪᠠᠶᠢᠭᠰᠠᠨ ᠪᠢᠯᠡ᠃ | ᠪᠤᠷᠤᠯᠠᠭᠤᠯᠭ᠎ᠠ ᠶᠢᠨ ᠳᠠᠯ᠎ᠠ ᠶᠢᠨ ᠰᠢᠨᠡᠴᠢᠯᠡᠯᠳᠡ ᠶᠢ ᠳᠤᠷᠠᠳᠪᠠᠯ ᠳᠡᠳᠡ ᠡᠬᠢᠨ ᠳᠤ ᠪᠠᠨ ᠬᠤᠪᠢᠳᠠᠢ ᠬᠤᠭᠤᠯᠠᠨ ᠭᠡᠷ ᠲᠤ ᠪᠠᠨ ᠬᠠᠯᠠᠭᠤᠨ ᠳᠤᠭᠤᠭ᠎ᠠ ᠪᠠᠨ ᠬᠢᠳᠡᠭ | ᠪᠠᠶᠢᠭᠰᠠᠨ ᠪᠤᠯ ᠤᠳᠤ ᠬᠠᠶᠢᠷᠴᠠᠭᠯᠠᠭᠠᠳ ᠪᠦᠬᠦ ᠤᠯᠤᠰ ᠤᠨ ᠡᠯ᠎ᠡ ᠭᠠᠵᠠᠷ ᠢᠶᠠᠷ ᠢᠯᠡᠭᠡᠬᠦ ᠪᠤᠯᠤᠮᠵᠢ ᠲᠠᠢ ᠪᠤᠯᠭᠠᠭᠰᠠᠨ ᠪᠠᠶᠢᠨ᠎ᠠ᠃ ᠡᠶᠢᠨ ᠬᠦ ᠦᠵᠦᠮᠦᠴᠢᠨ ᠬᠤᠨᠢ | ᠦᠭᠡᠷ ᠤᠨ ᠮᠢᠬ᠎ᠠ ᠶᠢ ᠳᠡᠳᠡ ᠪᠦᠬᠦ ᠤᠯᠤᠰ ᠤᠨ ᠬᠡᠷᠡᠭᠯᠡᠭᠴᠢᠳ ᠲᠤ ᠬᠦᠷᠭᠡᠬᠦ ᠪᠤᠯᠤᠮᠵᠢ ᠲᠠᠢ ᠪᠤᠯᠵᠦ᠂ ᠤᠷᠴᠢᠮᠬᠠᠨ ᠠᠴᠠ ᠳᠢᠺ ᠳᠤᠺ ᠢᠶᠠᠷ ᠰᠢᠭᠤᠳ | ᠨᠡᠪᠳᠡᠷᠡᠬᠦᠯᠵᠤ ᠲᠤᠷᠰᠢᠨ ᠪᠤᠷᠤᠯᠠᠭᠤᠯᠤᠬᠰᠠᠨ ᠢᠶᠠᠷ ᠪᠤᠷᠤᠯᠠᠭᠤᠯᠭ᠎ᠠ ᠨᠢ ᠤᠯᠠᠮ ᠰᠠᠶᠢᠵᠢᠷᠠᠵᠦ ᠡᠬᠢᠯᠡᠭᠰᠡᠨ ᠠᠵᠢ᠃ ᠡᠨᠡ ᠪᠤᠯ ᠪᠤᠷᠤᠯᠠᠭᠤᠯᠭ᠎ᠠ ᠶᠢᠨ ᠵᠠᠮ ᠤᠨ | ᠰᠢᠨᠡᠴᠢᠯᠡᠯᠳᠡ ᠶᠤᠮ᠃ | ᠬᠤᠪᠢ ᠶᠢᠨ ᠡᠵᠡᠩᠨᠡᠯᠳᠡ ᠶᠢᠨ ᠳᠡᠯᠭᠡᠬᠦᠷ ᠠᠴᠠ ᠤᠯᠠᠭᠠᠨ ᠢᠳᠡᠭᠡᠨ ᠤ ᠰᠢᠨᠡᠴᠢᠯᠡᠯᠳᠡ ᠶᠢ ᠰᠢᠨᠵᠢᠯᠡᠬᠦᠢ ᠰᠦᠨᠢᠳ ᠵᠡᠬᠦᠨ ᠬᠤᠰᠢᠭᠤᠨ ᠤ ᠬᠤᠨᠭ᠍ᠳᠦ᠋ ᠮᠢᠬᠠᠨ ᠤ | ᠳᠡᠯᠭᠡᠬᠦᠷ ᠤᠨ ᠡᠵᠡᠨᠳᠡᠨ ᠬᠠᠳᠠᠳᠤᠶᠠᠭᠠ ᠮᠢᠬᠠᠨ ᠤ ᠪᠤᠷᠤᠯᠠᠭᠤᠯᠭ᠎ᠠ ᠶᠢᠨ ᠳᠠᠯ᠎ᠠ ᠪᠠᠷ ᠪᠠᠶᠢᠡᠭᠭᠤ ᠰᠠᠨᠠᠭ᠎ᠠ ᠳᠠᠯᠪᠢᠳᠠᠭ᠃ ᠲᠡᠷᠨ ᠪᠠᠷ ᠨᠢᠳᠦᠨᠦᠨ ᠠᠴᠠ ᠳᠤᠯᠭ᠎ᠠ ᠴᠠᠢ | ᠴᠢᠨᠠᠵᠤ ᠬᠤᠳᠠᠯᠳᠤᠬᠤ ᠪᠤᠯᠵᠤ᠂ ᠬᠦᠳᠡᠭᠡ ᠭᠡᠷ ᠲᠤ ᠪᠠᠨ ᠬᠠᠳᠠᠭᠠᠭᠬᠰᠠᠨ ᠦᠭᠡᠷ ᠤᠨ ᠪᠤᠷᠴᠨ ᠪᠠᠨ ᠳᠤᠯᠭ᠎ᠠ ᠴᠠᠢ ᠳᠤ ᠪᠠᠨ ᠬᠢᠵᠤ ᠪᠤᠷᠤᠯᠠᠭᠤᠯᠤᠭᠰᠠᠨ ᠪᠠᠶᠢᠨ᠎ᠠ᠃ | ᠪᠤᠷᠴᠨ ᠶᠢ ᠳᠠᠩ ᠢᠶᠠᠷ ᠨᠢ ᠬᠤᠳᠠᠯᠳᠤᠳᠠᠭ ᠢ ᠪᠤᠳᠤᠪᠠᠯ ᠡᠨᠡ ᠨᠢ ᠪᠠᠰᠠ ᠨᠢᠭᠡ ᠰᠢᠨᠡᠴᠢᠯᠡᠯᠳᠡ ᠶᠤᠮ᠃ ᠳᠡᠷᠡ ᠪᠦᠬᠦᠯᠢ ᠮᠢᠬ᠎ᠠ ᠪᠤᠯᠤᠨ ᠶᠠᠰᠤ ᠲᠠᠢ ᠮᠢᠬ᠎ᠠ ᠪᠠᠨ ᠨᠢᠭᠡ | ᠡᠷᠢᠨ ᠢᠳᠡᠵᠦ ᠬᠦᠷᠬᠦ ᠪᠠᠷ ᠬᠡᠰᠡᠭᠯᠡᠵᠦ ᠤᠭᠤᠳᠠᠯᠠᠭᠠᠳ ᠬᠤᠳᠠᠯᠳᠤᠵᠦ ᠪᠠᠶᠢᠬᠤ ᠨᠢ ᠴᠦ ᠤᠯᠠᠭᠠᠨ ᠢᠳᠡᠭᠡᠨ ᠤ ᠪᠤᠷᠤᠯᠠᠭᠤᠯᠭ᠎ᠠ ᠶᠢᠨ ᠨᠢᠭᠡᠨ ᠵᠠᠮ ᠪᠢᠯᠡ᠃ ᠡᠨᠡ ᠵᠢᠯ | ᠬᠠᠳᠠᠳᠤᠶᠠᠭᠠ ᠪᠤᠷᠴᠠ ᠪᠠᠨ ᠬᠠᠭᠠᠰ ᠵᠢᠩ ᠪᠤᠶᠤ ᠬᠡᠳᠦᠨ ᠯᠠᠩ ᠢᠶᠠᠷ ᠤᠭᠤᠳᠠᠯᠠᠭᠠᠳ ᠬᠤᠳᠠᠯᠳᠤᠬᠤ ᠪᠠᠷ ᠪᠡᠯᠡᠨ ᠪᠤᠯᠭᠠᠵᠦ ᠪᠠᠶᠢᠭ᠎ᠠ ᠶᠤᠮ ᠪᠠᠶᠢᠨ᠎ᠠ᠃ ᠮᠤᠩᠭᠤᠯ | ᠢᠳᠡᠭᠡᠨ ᠤᠮᠳᠠᠭᠠᠨ ᠢ ᠵᠢᠵᠢᠭᠯᠡᠨ ᠪᠤᠷᠤᠯᠠᠭᠤᠯᠬᠤ ᠪᠤᠯ ᠪᠤᠷᠤᠯᠠᠭᠤᠯᠭ᠎ᠠ ᠶᠢᠨ ᠵᠠᠮ ᠤᠨ ᠴᠢᠬᠤᠯᠠ ᠰᠢᠨᠡᠴᠢᠯᠡᠯᠳᠡ ᠪᠤᠯᠬᠤ ᠤᠴᠢᠷᠳᠠᠢ᠃ ᠤᠴᠢᠷ ᠨᠢ ᠪᠤᠷᠴᠠ | ᠵᠢᠩ ᠳᠤ ᠪᠠᠨ 160 — 200 ᠳᠦᠬᠦᠷᠢᠭ ᠬᠦᠷᠳᠡᠭ᠃ ᠡᠨᠡ ᠨᠢ ᠤᠯᠠᠩᠬᠢ ᠬᠡᠷᠡᠭᠯᠡᠭᠴᠢᠳ ᠤᠨ ᠬᠦᠯᠢᠶᠡᠨ ᠠᠪᠤᠯᠳᠠ ᠠᠴᠠ ᠳᠠᠪᠠᠭᠰᠠᠨ ᠪᠠᠶᠢᠳᠠᠭ᠃ ᠬᠠᠷᠢᠨ | ᠵᠢᠵᠢᠭᠯᠡᠵᠦ ᠪᠤᠷᠤᠯᠠᠭᠤᠯᠪᠠᠯ ᠦᠨ᠎ᠡ ᠬᠠᠨᠭ᠍ᠰᠢ ᠨᠢ ᠬᠤᠪᠢᠷᠠᠬᠤ ᠦᠭᠡᠢ ᠴᠦ ᠤᠯᠠᠨ ᠬᠦᠮᠦᠨ ᠤ ᠬᠦᠯᠢᠶᠡᠨ ᠠᠪᠤᠯᠳᠠ ᠶᠢᠨ ᠬᠦᠷᠢᠶ᠎ᠡ ᠴᠠᠷᠠᠭᠠᠨ ᠳᠤ ᠤᠷᠤᠴᠢᠬᠠᠳᠠᠭ | ᠪᠤᠯᠬᠤᠷ ᠪᠤᠷᠤᠯᠠᠭᠤᠯᠭ᠎ᠠ ᠨᠢ ᠤᠯᠠᠮ ᠰᠠᠶᠢᠨ ᠪᠤᠯᠳᠠᠭ ᠶᠤᠮ ᠪᠠᠶᠢᠨ᠎ᠠ᠃ ᠬᠠᠳᠠᠳᠤᠶᠠᠭᠠ ᠤᠭ ᠨᠢ ᠴᠤᠯ ᠮᠢᠬ᠎ᠠ ᠪᠤᠶᠤ ᠶᠠᠰᠤ ᠲᠠᠢ ᠮᠢᠬ᠎ᠠ ᠪᠠᠨ ᠨᠢᠭᠡ ᠡᠷᠢᠨ ᠢᠳᠡᠵᠦ | ᠬᠦᠷᠬᠦ ᠪᠠᠷ ᠤᠭᠤᠳᠠᠯᠠᠭᠠᠳ ᠪᠤᠷᠤᠯᠠᠭᠤᠯᠳᠠᠭ ᠪᠠᠶᠢᠭᠰᠠᠨ ᠪᠤᠯ ᠦᠨᠤ ᠵᠢᠯ ᠠᠴᠠ ᠬᠦᠳᠡᠭᠡ ᠭᠡᠷ ᠲᠤ ᠪᠠᠨ ᠬᠠᠳᠠᠭᠠᠭᠰᠠᠨ ᠦᠭᠡᠷ ᠬᠤᠨᠢᠨ ᠤ ᠪᠤᠷᠴᠨ ᠶᠢ ᠬᠡᠳᠦᠨ ᠯᠠᠩ | ᠪᠤᠶᠤ ᠬᠠᠭᠠᠰ ᠵᠢᠩ᠂ ᠨᠢᠭᠡ ᠵᠢᠩ ᠢᠶᠠᠷ ᠤᠭᠤᠳᠠᠯᠠᠭᠠᠳ ᠬᠦᠮᠦᠨ ᠤ ᠬᠡᠷᠡᠭᠴᠡᠭᠡᠨ ᠳᠤ ᠬᠠᠮᠤᠭ ᠤᠨ ᠰᠠᠶᠢᠨ ᠢᠶᠠᠷ ᠵᠤᠬᠢᠴᠠᠭᠤᠯᠬᠤ ᠶᠢ ᠪᠤᠳᠤᠵᠦ ᠪᠠᠶᠢᠭ᠎ᠠ ᠶᠤᠮ | ᠪᠠᠶᠢᠨ᠎ᠠ᠃ | ᠤᠯᠠᠭᠠᠨ ᠢᠳᠡᠭᠡᠨ ᠤ ᠰᠢᠨᠡᠴᠢᠯᠡᠯᠳᠡ ᠶᠢ ᠶᠠᠷᠢᠬᠤ ᠳᠤ ᠡᠳᠦ᠋ᠢᠭᠡᠨ ᠢᠶᠠᠷ ᠵᠤᠭᠰᠤᠬᠤ ᠪᠢᠰᠢ᠂ ᠡᠨᠡ ᠬᠦ ᠠᠵᠢᠯ ᠦᠢᠯᠡᠰ ᠢ ᠡᠷᠬᠢᠯᠡᠵᠦ ᠪᠠᠶᠢᠭ᠎ᠠ ᠬᠦᠮᠦᠨ ᠪᠤᠯᠭᠠᠨ | ᠴᠠᠭ ᠦᠶ᠎ᠡ ᠲᠠᠢ ᠪᠠᠨ ᠵᠤᠬᠢᠴᠠᠭᠤᠯᠤᠨ ᠬᠦᠭᠵᠢᠬᠦᠯᠬᠦ ᠶᠢᠨ ᠳᠦᠯᠦᠭᠡ ᠠᠷᠭ᠎ᠠ ᠰᠦᠪᠡᠭᠴᠢᠯᠡᠵᠦ ᠪᠠᠶᠢᠭ᠎ᠠ ᠶᠤᠮ᠃ ᠴᠤᠯ ᠪᠠᠶᠢᠭᠠᠯᠢᠯᠢᠭ ᠪᠤᠬᠢᠷᠳᠤᠯ ᠦᠭᠡᠢ ᠤᠯᠠᠭᠠᠨ | ᠢᠳᠡᠭᠡᠨ ᠮᠠᠨᠢ ᠡᠶᠢᠮᠦ ᠤᠯᠠᠨ ᠬᠦᠮᠦᠰ ᠤᠨ ᠰᠢᠨᠡᠴᠢᠯᠡᠵᠦ ᠬᠦᠭᠵᠢᠬᠦᠯᠬᠦ ᠠᠷᠭ᠎ᠠ ᠪᠤᠳᠤᠯᠭ᠎ᠠ ᠪᠠᠷ ᠤᠯᠠᠮ ᠰᠠᠶᠢᠨ ᠪᠤᠷᠤᠯᠠᠭᠤᠯᠤᠭᠳᠠᠵᠦ᠂ ᠮᠤᠩᠭᠤᠯ ᠢᠳᠡᠭᠡᠨ | ᠤᠮᠳᠠᠭᠠᠨ ᠤ ᠬᠦᠭᠵᠢᠯᠳᠡ ᠶᠢᠨ ᠳᠠᠷᠳᠠᠩ ᠵᠠᠮ ᠢᠶᠠᠷ ᠠᠶᠠᠯᠠᠬᠤ ᠨᠢ ᠳᠠᠮᠵᠢᠭ ᠦᠭᠡᠢ᠃ | ᠵᠤᠬᠢᠶᠠᠬᠴᠢ ᠶᠢᠨ ᠬᠠᠶ᠋ᠢᠭ᠄ ᠰᠢᠯᠢ ᠶᠢᠨ ᠭᠤᠤᠯ ᠤᠨ ᠡᠳᠤᠷ ᠤᠨ ᠰᠤᠨᠢᠨ ᠤ ᠬᠤᠷᠢᠶᠠᠨ ᠤ ᠮᠤᠩᠭᠤᠯ ᠨᠠᠶᠢᠷᠠᠭᠤᠯᠬᠤ ᠬᠡᠯᠳᠡᠰ |