ᠪᠤᠣ ᠰᠠᠷᠠᠩᠭᠤᠸ᠎ᠠ ᠵᠣᠭᠢᠶᠠᠪᠠ | ᠣᠨ ᠵᠢᠯ ᠤᠨ ᠤᠷᠤᠰᠬᠠᠯ ᠳᠤ ᠣᠯᠠᠨ ᠣᠯᠠᠨ ᠤᠴᠢᠷ ᠶᠠᠪᠤᠳᠠᠯ ᠮᠠᠷᠲᠠᠭᠳᠠᠵᠤ᠂ ᠣᠯᠠᠨ ᠣᠯᠠᠨ ᠬᠡᠷᠡᠭ ᠪᠣᠳᠠᠰ ᠬᠠᠭᠤᠴᠢᠷᠠᠳᠠᠭ ᠴᠤ ᠳᠤᠷᠠᠰᠤᠯ | ᠮᠥᠷᠥᠭᠡᠳᠦᠯ ᠨᠢ ᠶᠢᠷᠲᠢᠨᠴᠦ ᠶᠢᠨ ᠮᠦᠩᠭᠡ ᠪᠣᠰᠤ ᠶᠢ ᠦᠵᠡᠭᠦᠯᠦᠭᠰᠡᠨ ᠬᠦᠮᠦᠰ ᠢ ᠡᠷᠢᠨ ᠰᠠᠨᠠᠭᠠᠯᠵᠠᠵᠤ᠂ ᠡᠷᠭᠢᠭᠦᠯᠵᠦ ᠠᠪᠴᠢᠷᠠᠳᠠᠭ ᠳᠠᠯᠳᠠ ᠴᠢᠳᠠᠪᠬᠢ ᠲᠠᠢ | ᠪᠠᠶᠢᠳᠠᠭ ᠠᠴᠠ ᠶᠡᠷᠦ ᠨᠢ ᠪᠠᠯᠠᠷᠠᠳᠠᠭ ᠦᠭᠡᠢ᠂ ᠬᠠᠷᠢᠨ ᠶᠠᠷᠢᠬᠤ ᠳᠤᠲᠤᠮ ᠶᠠᠰᠤᠯᠢᠭ᠂ ᠬᠡᠯᠡᠬᠦ ᠳᠤᠲᠤᠮ ᠬᠦᠴᠦᠯᠢᠭ ᠣᠢ ᠤᠬᠠᠭᠠᠨ ᠤ ᠱᠦᠯᠲᠦ ᠪᠣᠯᠳᠠᠭ ᠰᠠᠨ᠃ | ᠶᠠᠭ ᠲᠡᠶᠢᠮᠦ ᠠᠴᠠ ᠪᠢ ᠠᠪᠤ ᠪᠠᠨ ᠦᠷᠭᠦᠯᠵᠢ ᠳᠤᠷᠠᠰᠳᠠᠭ᠃ ᠠᠪᠤ ᠶᠢᠨ ᠢᠶᠠᠨ ᠲᠣᠬᠠᠢ ᠬᠡᠯᠡᠬᠦ ᠬᠠᠮᠤᠭ ᠤᠨ ᠳᠤᠷᠠᠲᠠᠢ ᠪᠠᠶᠢᠳᠠᠭ᠃ ᠪᠣᠰᠣᠳ ᠬᠥᠮᠥᠨ ᠬᠡᠷᠪᠡ | ᠮᠢᠨᠤ ᠠᠪᠤ ᠪᠠᠶᠠᠨ᠂ ᠪᠠᠩᠬᠢ ᠳᠤ ᠬᠠᠳᠠᠭᠠᠯᠠᠮᠵᠢ ᠲᠠᠢ ᠭᠡᠵᠦ ᠪᠠᠷᠳᠠᠮ ᠶᠠᠷᠢᠳᠠᠭ ᠪᠠᠶᠢᠭᠰᠠᠨ ᠪᠣᠯ ︽ᠮᠢᠨᠤ ᠠᠪᠤ ᠮᠡᠷᠭᠡᠨ ᠬᠥᠮᠥᠨ᠂ ᠮᠦᠩᠬᠡ ᠦᠯᠡᠳᠡᠬᠦ ᠴᠠᠳᠢᠭ ᠲᠠᠢ | ᠬᠥᠮᠥᠨ︾ ᠭᠡᠵᠦ ᠪᠢ ᠮᠠᠰᠢ ᠵᠣᠷᠢᠭᠲᠠᠢ ᠮᠠᠭᠲᠠᠵᠤ ᠳᠡᠶᠢᠯᠬᠦ ᠶᠤᠮ᠃ ᠠᠪᠤ ᠮᠢᠨᠢ ᠬᠡᠳᠦ᠋ᠢᠪᠡᠷ ᠳᠠᠷᠤᠭ᠎ᠠ ᠬᠡᠷᠬᠡᠮᠲᠡᠨ ᠶᠠᠪᠤᠭᠰᠠᠨ ᠦᠭᠡᠢ᠂ ᠳᠠᠭᠠᠭᠠᠮᠠᠯ ᠨᠣᠶᠠᠨ | ᠪᠣᠯᠣᠭᠰᠠᠨ ᠦᠭᠡᠢ ᠴᠤ ᠵᠢᠷᠭᠤᠭᠠᠨ ᠬᠡᠥᠬᠡᠳ ᠢᠶᠠᠨ ᠵᠠᠪᠠᠯ ᠪᠢᠴᠢᠭ ᠦᠵᠡᠭᠦᠯᠵᠦ ᠰᠣᠶᠣᠯᠵᠢᠭᠤᠯᠬᠤ ᠪᠠᠷ ᠴᠢᠷᠮᠠᠶᠢᠭᠰᠠᠨ ᠵᠢᠳᠬᠦᠯᠲᠡᠨ᠃ ᠲᠡᠷᠡ ᠦᠶ᠎ᠡ ᠳᠤ ᠬᠤᠷᠢ | ᠬᠦᠷᠭᠡᠭᠡᠳ ᠬᠤᠶᠠᠷ ᠬᠥᠪᠡᠭᠦᠨ ᠢᠶᠠᠨ ᠴᠢᠳᠠᠯ ᠬᠦᠴᠦᠨ ᠲᠠᠢ ᠪᠣᠯᠣᠯ᠎ᠠ ᠭᠡᠳ ᠰᠤᠷᠭᠠᠭᠤᠯᠢ ᠠᠴᠠ ᠭᠠᠷᠭᠠᠵᠤ ᠬᠦᠳᠡᠯᠮᠦᠷᠢ ᠬᠢᠯᠭᠡᠵᠦ ᠪᠣᠯᠬᠤ ᠪᠠᠶᠢᠭᠰᠠᠨ᠂ ᠬᠦᠷᠭᠡᠨ ᠳᠤ | ᠥᠭᠬᠦ ᠨᠠᠰᠤ ᠲᠤᠯᠭᠠᠭᠠᠳ ᠳᠦᠷᠪᠡᠨ ᠥᠬᠢᠨ ᠢᠶᠠᠨ ᠬᠠᠷᠢ ᠳᠤ ᠮᠣᠷᠳᠠᠭᠤᠯᠤᠨ ᠶᠡᠬᠡᠬᠡᠨ ᠬᠡᠮᠵᠢᠶᠡᠨ ᠤ ᠪᠡᠯᠡᠭ ᠰᠡᠯᠲᠡ ᠠᠪᠴᠤ ᠴᠤ ᠪᠣᠯᠬᠤ ᠪᠠᠶᠢᠭᠰᠠᠨ᠃ ᠶᠡᠷᠦ ᠨᠢ | ᠲᠡᠭᠡᠭᠡ ᠦᠭᠡᠢ ᠳ᠋ᠠ᠂ ᠮᠢᠨᠤ ᠠᠪᠤ᠃ ᠪᠦᠭᠦᠳᠡ ᠶᠢ ᠪᠢᠴᠢᠭ ᠰᠣᠶᠣᠯ ᠤᠨ ᠮᠦᠷ ᠬᠦᠭᠡᠯᠭᠡᠵᠦ᠂ ᠡᠪᠦᠯ ᠤᠨ ᠬᠦᠢᠲᠡᠨ᠂ ᠵᠤᠨ ᠤ ᠬᠠᠯᠠᠭᠤᠨ ᠳᠤ ᠴᠤ ᠬᠦᠨᠡᠰᠦ ᠵᠣᠭᠤᠰ | ᠬᠦᠷᠭᠡᠨ᠎ᠡ ᠭᠡᠵᠦ ᠯᠠ ᠵᠠᠮᠨᠠᠳᠠᠭ ᠪᠠᠶᠢᠭᠰᠠᠨ ᠡ᠃ | ᠬᠥᠭᠡᠷᠦᠬᠦᠢ ᠳ᠋ᠠ᠂ ᠮᠢᠨᠤ ᠠᠪᠤ᠃ ᠬᠡᠥᠬᠡᠳ ᠤᠨ ᠢᠶᠠᠨ ᠨᠡᠷ᠎ᠡ ᠨᠢᠭᠤᠷ ᠲᠤ ᠪᠦᠦ ᠯᠠ ᠨᠦᠯᠦᠭᠡ ᠪᠣᠯᠣᠶ᠎ᠠ ᠭᠡᠵᠦ ᠪᠣᠳᠣᠳᠠᠭ ᠴᠦ ᠪᠢᠯᠡ ᠦᠦ᠂ ᠰᠤᠷᠭᠠᠭᠤᠯᠢ ᠶᠢᠨ | ᠡᠭᠦᠳᠡᠨ ᠭᠡᠷ ᠤᠨ ᠠᠵᠢᠯᠲᠠᠨ ᠠᠪᠤ ᠪᠠᠷ ᠨᠠᠮ᠎ᠠ ᠶᠢ ᠳᠠᠭᠤᠳᠠᠭᠤᠯᠵᠤ ᠬᠦᠨᠡᠰᠦ ᠵᠣᠭᠤᠰ ᠥᠭᠳᠡᠭ ᠪᠠᠶᠢᠭᠰᠠᠨ ᠃ ᠪᠢ ᠠᠪᠤ ᠪᠠᠨ ᠦᠵᠡᠭᠡᠳ ᠪᠠᠶᠠᠷᠯᠠᠨ᠎ᠠ ᠭᠡᠵᠢ᠂ ᠶᠡᠭᠡ | ᠯᠠ ᠬᠤᠯᠠ ᠶᠠᠪᠤᠭᠰᠠᠨ ᠬᠥᠮᠥᠨ ᠰᠢᠭ ᠡᠵᠢ ᠳᠡᠭᠦᠦ ᠨᠠᠷ ᠢᠶᠠᠨ ᠠᠰᠠᠭᠤᠳᠠᠭ᠂ ᠲᠡᠭᠡᠭᠡᠳ ᠪᠠᠶᠢᠷᠢ ᠶᠢᠨ ᠭᠡᠷ ᠲᠤ ᠪᠠᠨ ᠶᠠᠪᠤᠬᠤ ᠦᠶ᠎ᠡ ᠳᠤ ᠰᠠᠯᠵᠤ ᠶᠠᠳᠠᠨ ᠬᠡᠯᠡᠵᠦ | ᠭᠠᠷᠤᠰᠢ ᠦᠭᠡᠢ ᠰᠡᠳᠬᠢᠯᠭᠡ ᠤᠷᠭᠤᠨ ᠣᠬᠢᠯᠠᠮᠠᠷ ᠰᠠᠨᠠᠭᠳᠠᠳᠠᠭ᠃ ᠬᠡᠳᠦᠨ ᠬᠠᠮᠲᠤ ᠰᠤᠷᠤᠭᠴᠢ ᠢᠪᠢᠷ ᠰᠢᠪᠢᠷ ᠶᠠᠷᠢᠯᠳᠤᠨ᠂ ᠨᠠᠮ᠎ᠠ ᠶᠢ ᠬᠠᠷᠠᠭᠠᠳ ᠨᠠᠮ ᠵᠢᠮ | ᠪᠣᠯᠣᠨ᠎ᠠ᠃ ᠠᠪᠤ ᠶᠢ ᠮᠢᠨᠢ ᠳᠣᠭᠤᠬᠢᠯᠠᠵᠤ ᠪᠠᠶᠢᠭ᠎ᠠ ᠶᠢ ᠪᠢ ᠮᠡᠳᠡᠨ᠎ᠡ᠂ ᠬᠡᠥᠬᠡᠳ ᠪᠣᠯᠬᠤᠷ ᠪᠢ ᠲᠡᠳᠡ ᠨᠠᠷ ᠲᠤ ᠲᠤᠩ ᠭᠤᠮᠣᠳᠠᠨᠠ᠃ ᠠᠪᠤ ᠮᠢᠨᠢ ᠠᠯᠵᠠᠭᠤ | ᠬᠤᠶᠢᠷᠭᠤ ᠪᠠᠶᠢᠵᠤ ᠤᠯᠤᠰ ᠢᠶᠠᠷ ᠲᠡᠳᠬᠦᠭᠦᠯᠵᠦ ᠠᠮᠢᠳᠤᠷᠠᠭ᠎ᠠ ᠦᠭᠡᠢ᠂ ᠵᠢᠷᠠᠨ ᠭᠷᠠᠳᠦ᠋ᠰ ᠤᠨ ᠰᠫᠢᠷᠲ ᠲᠠᠢ ᠤᠰᠤᠨ ᠳᠤ ᠳᠡᠪᠲᠦᠵᠦ ᠲᠦᠰᠢᠭᠦᠯᠵᠦ ᠶᠠᠪᠤᠭ᠎ᠠ ᠴᠤ | ᠦᠭᠡᠢ᠂ ᠠᠵᠢᠯ ᠤᠨ ᠬᠦᠨᠳᠦ ᠳᠤ ᠵᠦᠳᠡᠷᠡᠨ᠂ ᠴᠢᠭᠢᠭ ᠨᠦᠢᠲᠠᠨ ᠳᠤ ᠬᠤᠨᠣᠵᠤ ᠬᠡᠪᠲᠡᠭᠰᠡᠨ ᠢᠶᠠᠷ ᠢᠶᠠᠨ ᠨᠢᠷᠤᠭᠤ ᠨᠢ ᠪᠥᠭᠲᠥᠷ ᠪᠣᠯᠣᠭᠰᠠᠨ ᠬᠥᠮᠥᠨ ᠳ᠋ᠠ᠃ ᠮᠢᠨᠤ | ᠠᠪᠤ ᠦᠷ᠎ᠡ ᠳᠤ ᠪᠠᠨ ᠨᠥᠮᠥᠷᠢ ᠪᠣᠯᠳᠠᠭ ᠢᠶᠠᠷ ᠪᠠᠷᠠᠬᠤ ᠦᠭᠡᠢ ᠡᠬᠡᠨᠡᠷ ᠲᠤ ᠪᠠᠨ ᠴᠤ ᠦᠮᠦᠭ ᠲᠦᠰᠢᠭ ᠪᠣᠯᠵᠤ ᠶᠠᠪᠤᠭᠰᠠᠨ᠃ ᠡᠵᠢ ᠮᠢᠨᠢ ᠣᠯᠠᠨ ᠡᠪᠡᠳᠳᠡᠭ | ᠪᠠᠶᠢᠵᠠᠢ᠂ ᠠᠪ᠊ ᠮᠢᠨᠢ ᠡᠵᠢ ᠶᠢ ᠠᠪᠤᠭᠠᠳ ᠴᠢᠪᠠᠭ᠎ᠠ ᠪᠠᠯᠭᠠᠰᠤ᠂ ᠯᠢᠨᠳᠦ᠋ᠡᠭ᠂ ᠺᠠᠶᠢᠯᠤ ᠭᠡᠳ ᠰᠠᠶᠢᠨ ᠡᠮᠴᠢ ᠬᠠᠮᠢᠭ᠎ᠠ ᠰᠣᠨᠣᠰᠳᠠᠪᠠᠯ ᠲᠡᠨᠳᠡ ᠡᠯᠵᠢᠭᠡᠨ | ᠲᠡᠷᠭᠡ ᠪᠠᠷ ᠢᠶᠠᠨ ᠲᠠᠯᠪᠢᠭᠠᠳ ᠬᠦᠷᠳᠡᠭ ᠪᠠᠶᠢᠭᠰᠠᠨ᠃ ︽ᠠᠪᠤ ᠴᠢᠨᠢ ᠪᠠᠶᠢᠭᠰᠠᠨ ᠳᠤ ᠪᠠᠨ ᠪᠢ ᠳᠠᠯ᠎ᠠ ᠬᠦᠷᠴᠦ ᠪᠠᠶᠢᠭ᠎ᠠ ᠰᠢᠦ︾ ᠭᠡᠵᠦ ᠡᠵᠢ ᠮᠢᠨᠢ ᠪᠠᠶᠠᠷᠯᠠᠵᠤ | ᠲᠠᠯᠠᠷᠬᠠᠨ ᠶᠠᠷᠢᠳᠠᠭ ᠰᠠᠨ᠃ | ︽ᠰᠡᠳᠬᠢᠯ ᠤᠨ ᠭᠡᠭᠡ ᠲᠠᠢ ᠬᠥᠮᠥᠨ ᠣᠷᠴᠢᠨ ᠲᠣᠭᠤᠷᠢᠨ ᠢᠶᠠᠨ ᠭᠡᠶᠢᠭᠦᠯᠳᠡᠭ ᠶᠤᠮ︾ ᠪᠠᠶᠢᠵᠠᠢ᠃ ᠠᠪᠤ ᠮᠢᠨᠢ ᠠᠶᠢᠯ ᠤᠨ ᠭᠡᠷᠯᠡᠭᠡ ᠦᠭᠡᠢ ᠵᠠᠯᠠᠭᠤᠴᠤᠳ ᠲᠤ | ᠤᠷᠤᠭ ᠬᠡᠯᠡᠯᠴᠡᠵᠦ ᠦᠭᠭᠦᠨ᠎ᠡ ᠭᠡᠳ ᠥᠪᠡᠷ ᠢᠶᠠᠨ ᠠᠷᠢᠬᠢ ᠭᠤᠸᠠᠨᠳ᠋ᠸᠦ ᠳᠡᠭᠦᠵᠢᠯᠡᠭᠡᠳ ᠶᠠᠪᠤᠳᠠᠭ᠂ ᠶᠠᠪᠤᠳᠠᠯ ᠤᠴᠢᠷ ᠨᠢ ᠪᠦᠲᠦᠴᠢᠬᠡᠪᠡᠯ ᠪᠠᠶᠠᠷᠯᠠᠵᠤ᠂ ᠬᠥᠬᠡ | ᠡᠷᠢᠶᠡᠨ ᠬᠤᠸᠠᠷ ᠲᠠᠢ ᠬᠤᠪᠢᠩ ᠢᠶᠠᠷ ᠨᠢᠭᠡ ᠶᠢ ᠪᠠᠯᠭᠤᠴᠢᠬᠠᠳᠠᠭ᠃ | — ᠲᠡᠳᠡᠨ ᠤ ᠳᠤ ᠶᠠᠭᠠᠬᠢᠭᠠᠳ ᠪᠤᠳᠠᠭ᠎ᠠ ᠢᠳᠡᠭᠰᠡᠨ ᠦᠭᠡᠢ ᠪᠣᠢ ᠭᠡᠬᠦᠯᠡᠷ ︽ᠬᠥᠮᠥᠨ ᠳᠤ ᠲᠤᠰᠠ ᠬᠢᠪᠡᠯ ᠬᠠᠷᠢᠭᠤ ᠪᠦᠦ ᠬᠦᠰᠡ᠂ ᠰᠠᠶᠢᠨ ᠦᠢᠯᠡ ᠳᠤ | ᠰᠠᠶᠢᠨ ᠯᠠᠪ ᠢᠷᠡᠴᠢᠬᠡᠬᠦ ᠶᠤᠮ︾ ᠭᠡᠨ᠎ᠡ᠃ ᠬᠠᠪᠢ ᠲᠥᠰᠥᠷ ᠤᠨ ᠤᠯᠠᠭᠠᠨ ᠴᠠᠭᠠᠨ ᠤ ᠶᠠᠪᠤᠳᠠᠯ ᠳᠤ ᠪᠦᠷ ᠯᠠ ᠭᠦᠶᠦᠳᠡᠭ᠃ ᠲᠡᠶᠢᠮᠦ ᠳᠤ ᠪᠠᠨ ᠪᠢᠵᠡ᠂ ᠪᠠᠷᠤᠭ | ᠦᠶᠡᠴᠦᠦᠯ ᠨᠢ ᠬᠦᠷᠲᠡᠯ᠎ᠡ ︽ᠪᠦᠦ ᠠᠪᠤ︾ ᠭᠡᠵᠦ ᠬᠦᠨᠳᠦᠳᠬᠡᠨ ᠳᠠᠭᠤᠳᠠᠳᠠᠭ ᠪᠠᠶᠢᠯ᠎ᠠ᠃ | ᠬᠥᠮᠥᠨ ᠬᠡᠷᠪᠡ ᠬᠥᠮᠥᠨ ᠤ ᠨᠢᠯᠪᠤᠰᠤ ᠶᠢ ᠭᠠᠷ ᠢᠶᠠᠷ ᠠᠷᠴᠢᠳᠠᠭ ᠪᠠᠶᠢᠭᠰᠠᠨ ᠪᠣᠯ ᠮᠢᠨᠤ ᠠᠪᠤ ᠦᠭᠡ ᠪᠠᠷ ᠬᠠᠲᠠᠭᠠᠳᠠᠭ᠃ ᠨᠢᠭᠡ ᠤᠳᠠᠭ᠎ᠠ ᠠᠪᠤ ᠠᠮᠤ | ᠪᠤᠳᠠᠭᠠᠨ ᠤ ᠦᠷᠲᠡᠭᠡᠨ ᠳᠤ ᠶᠠᠪᠤᠭᠠᠳ ᠢᠷᠡᠬᠦ ᠳᠤ ᠭᠡᠵᠢᠭᠡ ᠤᠶᠠᠬᠤ ᠲᠣᠷᠭ᠎ᠠ ᠡᠰᠡᠭᠦᠯ᠎ᠡ ᠪᠣᠷᠣ ᠴᠠᠭᠠᠰᠤᠨ ᠪᠠᠭᠯᠠᠭ᠎ᠠ ᠲᠠᠢ ᠪᠣᠣᠪᠤ ᠠᠪᠴᠢᠷᠠᠵᠤ ᠥᠭᠭᠦᠨ᠎ᠡ ᠭᠡᠳ | ᠰᠠᠨᠠᠳᠠᠭ ᠤᠨ ᠬᠢ ᠴᠤ ᠶᠤᠮ ᠤᠤ᠂ ᠥᠭᠡᠳᠡ ᠠᠴᠠ ᠨᠢ ᠭᠦᠶᠦᠭᠡᠳ ᠬᠥᠯ ᠤᠨ ᠬᠤᠷᠤᠭᠤ ᠪᠠᠨ ᠰᠢᠷᠬᠠᠲᠤᠭᠤᠯᠵᠤ ᠡᠭᠡᠭ ᠳᠠᠭᠤ ᠲᠠᠯᠪᠢᠵᠠᠢ᠃ ᠠᠪᠤ ᠨᠠᠮ᠎ᠠ ᠶᠢ | ᠲᠡᠪᠡᠷᠢᠵᠦ ᠠᠪᠤᠭᠰᠠᠨ ᠦᠭᠡᠢ ᠵᠦᠭᠡᠷ ᠯᠠ ᠢᠨᠢᠶᠡᠮᠰᠦᠭᠯᠡᠵᠦ ︽ᠤᠬᠠᠭᠠᠨ ᠲᠠᠢ ᠬᠡᠥᠬᠡᠳ ᠣᠬᠢᠯᠠᠳᠠᠭ ᠦᠭᠡᠢ︾ ᠭᠡᠰᠡᠨ᠃ ᠪᠢ ᠦᠨᠡᠨ ᠤᠬᠠᠭᠠᠨ ᠲᠠᠢ ᠬᠥᠮᠥᠨ | ᠪᠣᠯᠣᠶ᠎ᠠ ᠭᠡᠰᠡᠨ ᠪᠢᠵᠡ᠂ ᠣᠬᠢᠯᠠᠬᠤ ᠪᠠᠨ ᠪᠣᠯᠢᠪᠠ᠃ | ᠲᠡᠷᠡ ᠨᠢᠭᠡ ᠤᠳᠠᠭ᠎ᠠ ᠶᠢᠨ ᠠᠪᠤ ᠶᠢᠨ ᠦᠭᠡ ᠨᠠᠳᠠ ᠳᠤ ᠨᠠᠰᠤᠨ ᠲᠤᠷᠰᠢ ᠮᠠᠷᠲᠠᠭᠳᠠᠰᠢ ᠦᠭᠡᠢ ᠬᠢᠴᠢᠶᠡᠯ ᠪᠣᠯᠵᠠᠢ᠃ | ᠠᠶᠢᠯ ᠤᠨ ᠡᠵᠡᠭᠳᠡᠢ ᠪᠣᠯᠵᠤ ᠠᠮᠢᠳᠤᠷᠠᠯ ᠤᠨ ᠨᠤᠭᠤᠴᠠᠭᠠᠨ ᠢ ᠦᠩᠭᠡᠷᠡᠭᠦᠯᠬᠦ ᠳᠤ ᠪᠠᠨ ᠨᠡᠭᠡᠷᠡᠨ ᠣᠬᠢᠯᠠᠭᠰᠠᠨ ᠦᠭᠡᠢ᠂ ᠳᠣᠭᠳᠣᠯᠬᠤ ᠳᠤ ᠪᠠᠨ ᠬᠠᠷᠢᠨ ᠶᠡᠭᠡ | ᠣᠬᠢᠯᠠᠭᠰᠠᠨ ᠂ ᠲᠡᠷᠡ ᠨᠢ ᠪᠠᠰᠠ ᠯᠡ ᠠᠪᠤ ᠳᠤ ᠪᠠᠨ ᠡᠷᠬᠡᠯᠡᠵᠦ ᠣᠬᠢᠯᠠᠵᠤ ᠥᠭᠭᠦᠭᠰᠡᠨ ᠬᠡᠷᠡᠭ ᠶᠤᠮ᠃ ᠪᠢ ᠬᠤᠶᠠᠳᠤᠭᠠᠷ ᠬᠦᠪᠡᠭᠦᠨ ᠢᠶᠠᠨ ᠬᠦᠩᠭᠡᠵᠢᠭᠡᠳ | ᠰᠠᠷ᠎ᠠ ᠳᠤ ᠪᠠᠶᠢᠭᠰᠠᠨ ᠦᠶ᠎ᠡ ᠳᠤ ᠪᠢᠯᠡ᠃ ᠲᠡᠷᠡ ᠡᠪᠦᠯ ᠤᠨ ᠬᠦᠢᠲᠡᠨ ᠭᠡᠳᠡᠭ ᠨᠢ᠃ ᠠᠪᠤ ᠮᠢᠨᠢ ᠡᠵᠢ ᠶᠢᠨ ᠣᠶᠣᠭᠰᠠᠨ ᠬᠡᠥᠬᠡᠳ ᠤᠨ ᠬᠦᠪᠦᠩ ᠣᠯᠣᠩᠳᠠᠢ | ᠦᠮᠦᠳᠦ᠂ ᠨᠠᠳᠠ ᠳᠤ ᠪᠠᠰᠠ ᠬᠥᠪᠥᠩ ᠱᠠᠬᠠᠢ ᠡᠭᠦᠷᠴᠦ ᠳᠡᠭᠦᠷᠦᠭᠡᠳ ᠢᠷᠡᠵᠡᠢ᠃ ᠪᠢ ᠠᠪᠤ ᠪᠠᠨ ᠦᠵᠡᠭᠡᠳ ᠥᠪᠡᠷ ᠤᠨ ᠡᠷᠬᠡ ᠦᠭᠡᠢ ᠨᠢᠯᠪᠤᠰᠤ ᠤᠷᠤᠰᠬᠠᠯ᠎ᠠ᠃ | ᠪᠣᠰᠤᠭ᠎ᠠ ᠪᠦᠳᠦᠭᠦᠨ ᠬᠥᠮᠥᠨ ᠪᠣᠯᠴᠢᠬᠠᠭᠰᠠᠨ ᠪᠠᠶᠢᠲᠠᠯ᠎ᠠ ᠪᠣᠰᠣᠳ ᠤᠨ ᠭᠡᠷ ᠤᠨ ᠠᠵᠢᠯ ᠮᠣᠳᠣ ᠶᠢ ᠬᠢᠵᠦ ᠪᠠᠶᠢᠭᠰᠠᠨ ᠢᠶᠠᠨ ᠬᠠᠶᠠᠭᠠᠳ ᠡᠨᠡ ᠬᠦᠢᠲᠡᠨ ᠳᠤ ᠡᠷᠭᠢᠵᠦ | ᠪᠣᠯᠭᠤᠭᠠᠵᠤ ᠦᠵᠡᠳᠡᠭ ᠨᠢ᠃ | — ᠪᠢᠲᠡᠬᠡᠢ ᠣᠬᠢᠯᠠ᠂ ᠰᠠᠷ᠎ᠠ ᠳᠤ ᠰᠠᠭᠤᠭ᠎ᠠ ᠬᠥᠮᠥᠨ ᠣᠬᠢᠯᠠᠳᠠᠭ ᠦᠭᠡᠢ ᠭᠡᠨ᠎ᠡ᠃ | ᠰᠠᠷ᠎ᠠ ᠵᠢᠯ ᠢᠶᠠᠷ ᠣᠬᠢᠯᠠᠭᠠᠳ ᠴᠤ ᠠᠪᠤ ᠶᠢᠨ ᠢᠶᠠᠨ ᠰᠠᠬᠠᠯ ᠨᠢ ᠬᠦᠷᠲᠡᠯ᠎ᠡ ᠴᠠᠩᠲᠤᠭᠠᠳ ᠢᠷᠡᠭᠰᠡᠨ ᠰᠡᠳᠬᠢᠯ ᠢ ᠬᠡᠷᠬᠢᠨ ᠬᠠᠷᠢᠭᠤᠯᠵᠤ ᠴᠢᠳᠠᠬᠤ ᠠᠵᠢ᠃ | ᠠᠪᠤ ᠶᠢᠨ ᠢᠶᠠᠨ ᠠᠴᠢ ᠶᠢ ᠵᠠᠪᠠᠯ ᠬᠠᠷᠢᠭᠤᠯᠠᠬᠤ ᠶᠤᠮᠰᠠᠨ᠂ ᠬᠠᠷᠢᠭᠠᠳ ᠬᠠᠷᠢᠭᠠᠳ ᠣᠴᠢᠶ᠎ᠠ᠂ ᠬᠤᠭᠤᠯᠠᠨ ᠤ ᠳᠡᠭᠡᠵᠢ ᠪᠠᠨ ᠪᠠᠷᠢᠶ᠎ᠠ᠂ ᠡᠷᠭᠢᠭᠡᠳ ᠡᠷᠭᠢᠭᠡᠳ ᠬᠦᠷᠦᠶ᠎ᠡ᠂ | ᠦᠩᠰᠢᠭᠰᠡᠨ ᠬᠤᠪᠴᠠᠰᠤ ᠶᠢ ᠨᠢ ᠤᠭᠢᠶᠠᠶᠠ ᠭᠡᠵᠦ ᠰᠡᠮ ᠪᠣᠳᠣᠭᠰᠠᠨ᠃ ᠭᠡᠲᠡᠯ᠎ᠡ ᠪᠢ ︽ᠰᠠᠶᠢᠨ ᠶᠠᠭᠤᠮ᠎ᠠ ᠰᠠᠨᠠᠭ᠎ᠠ ᠪᠠᠷ ᠦᠭᠡᠢ ︾ ᠭᠡᠳᠡᠭᠴᠢᠯᠡᠨ ᠠᠮᠢᠳᠤᠷᠠᠯ | ᠰᠠᠶᠢᠵᠢᠷᠠᠭᠠᠳ᠂ ᠠᠵᠤ ᠠᠬᠤᠢ ᠵᠦᠭᠡᠷ ᠪᠣᠯᠬᠤ ᠦᠶ᠎ᠡ ᠳᠤ ᠲᠦᠷᠬᠦᠮᠯᠡᠬᠦ ᠴᠢᠮᠡᠭᠡᠨ ᠤ ᠵᠠᠬᠢᠳᠠᠯ ᠢ ᠣᠯᠣᠮᠠᠭᠴᠠ ᠠᠪᠤ ᠮᠢᠨᠢ ᠬᠥᠯ ᠨᠢ ᠭᠠᠵᠠᠷ ᠬᠦᠷᠬᠦ ᠦᠭᠡᠢ | ᠪᠠᠶᠠᠷᠯᠠᠵᠤ᠂ ᠡᠵᠢ ᠪᠠᠷ ᠮᠢᠨᠤ ᠳᠤᠷᠠᠲᠠᠢ ᠭᠤᠯᠢᠷ ᠪᠤᠳᠠᠭ᠎ᠠ ᠶᠢ ᠪᠠᠵᠠᠭᠠᠯᠭᠠᠵᠤ᠂ ᠶᠡᠭᠡ ᠬᠠᠭᠠᠯᠭ᠎ᠠ ᠶᠢᠨ ᠵᠡᠭᠦᠨ ᠲᠠᠯ᠎ᠠ ᠳᠤ ᠪᠠᠷᠠᠭᠤᠨᠰᠢ ᠪᠠᠨ ᠬᠠᠷᠠᠵᠤ ᠰᠠᠭᠤᠭᠰᠠᠨ | ᠶᠠᠩᠵᠤ ᠪᠠᠷ ᠢᠶᠠᠨ ᠦᠨᠢᠳᠡ ᠶᠢᠨ ᠠᠮᠠᠷᠠᠯᠲᠠ ᠪᠠᠨ ᠠᠪᠴᠢᠬᠠᠯ᠎ᠠ᠃ | ︽ᠠᠪᠤ ᠡ︾ ᠭᠡᠵᠦ ᠳᠡᠭᠡᠭᠰᠢ ᠬᠠᠷᠠᠭᠠᠳ ᠬᠠᠰᠬᠢᠷᠤᠭᠰᠠᠨ ᠳᠤ ᠲᠡᠭᠷᠢ ᠳᠤᠪ ᠳᠤᠭᠤᠢ᠂ ᠳᠤᠰᠤᠯᠠᠨ ᠰᠢᠩᠭᠡᠬᠦ ᠨᠢᠯᠪᠤᠰᠤᠨ ᠳᠤ ᠭᠠᠵᠠᠷ ᠳᠤᠪ ᠳᠤᠭᠤᠢ ᠡ᠃ | ᠮᠠᠰᠢᠨ ᠲᠧᠭᠨᠢᠭ ᠬᠦᠭᠵᠢᠭᠡ ᠦᠭᠡᠢ ᠲᠡᠷᠡ ᠦᠶ᠎ᠡ ᠳᠤ ᠮᠠᠯ ᠲᠠᠷᠢᠶᠠᠨ ᠳᠤ ᠪᠠᠨ ᠶᠠᠭᠠᠷᠠᠵᠤ ᠵᠦᠳᠡᠷᠡᠭᠰᠡᠨ ᠨᠠᠷᠠᠨ ᠤ ᠬᠦᠯᠦᠰᠦ ᠲᠠᠢ ᠠᠤᠭ᠎ᠠ ᠬᠥᠮᠥᠨ᠃ ᠠᠪᠤ ᠲᠠᠢ ᠪᠠᠨ | ᠪᠠᠶᠢᠬᠤ ᠳᠤ ᠨᠠᠷᠠ ᠪᠠᠷ ᠳᠤᠲᠠᠬᠤ ᠦᠭᠡᠢ᠂ ᠬᠤᠷ᠎ᠠ ᠪᠠᠷ ᠬᠤᠮᠰᠠᠳᠠᠬᠤ ᠦᠭᠡᠢ ᠵᠤᠨ ᠤ ᠦᠵᠡᠰᠭᠦᠯᠡᠩ ᠪᠠᠶᠢᠵᠤ ᠰᠢᠦ᠃ | ᠲᠡᠷᠡ ᠬᠦ ᠰᠢᠵᠢᠷ ᠠᠯᠲᠠ ᠠᠴᠠ ᠦᠨᠡᠲᠡᠢ ᠨᠠᠨᠳᠢᠨ ᠰᠠᠶᠢᠬᠠᠨ ᠴᠠᠭ ᠮᠦᠴᠡ ᠶᠢ ᠨᠠᠷᠢᠯᠢᠭ ᠵᠢᠷᠤᠬᠤ ᠳᠤ ᠪᠣᠳᠤᠭ ᠳᠤᠲᠠᠨ᠎ᠠ᠂ ᠨᠢᠮᠪᠠᠢ ᠪᠢᠴᠢᠬᠦ ᠳᠤ ᠴᠠᠭᠠᠰᠤ | ᠳᠤᠲᠠᠨ᠎ᠠ᠃ ᠬᠤᠷᠤᠭᠤ ᠬᠢᠷᠢᠲᠡᠢ ᠭᠡᠵᠦ ᠡᠮᠵᠢᠯ ᠦᠭᠡᠢ ᠬᠠᠭᠤᠳᠠᠰᠤ ᠠᠷᠪᠢᠨ ᠬᠤᠭᠤᠴᠠᠭ᠎ᠠ ᠭᠡᠵᠦ ᠲᠣᠭᠲᠠᠭᠠᠯ ᠦᠭᠡᠢ ᠦᠷᠬᠦᠯᠵᠢᠯᠡᠯ᠂ ᠮᠢᠨᠤ ᠵᠢᠷᠦᠬᠡᠨ ᠤ | ᠲᠣᠪᠴᠢᠶᠠᠨ — ᠠᠪᠤ ᠮᠢᠨᠢ︕ |