ᠡᠷᠲᠡ ᠤᠷᠢᠳᠦ ᠶᠢᠨ ᠴᠠᠭ ᠲᠤ ᠪᠤᠮᠪᠤᠭᠤᠷ ᠰᠢᠷ᠎ᠠ᠂ ᠪᠦᠯᠳᠡᠭᠡᠷ ᠤᠯᠠᠭᠠᠨ᠂ ᠮᠡᠯᠳᠡᠭᠡᠷ ᠬᠠᠷ᠎ᠠ ᠭᠡᠳᠡᠭ ᠨᠡᠷ᠎ᠡ ᠲᠠᠢ ᠭᠤᠷᠪᠠᠨ ᠮᠦᠷᠬᠦ ᠵᠢᠭᠠᠰᠤ ᠭᠤᠤᠯ ᠳᠤ ᠡᠪ | ᠨᠠᠶᠢᠷᠲᠠᠢ ᠠᠮᠢᠳᠤᠷᠠᠵᠤ ᠪᠠᠶᠢᠵᠢ ᠭᠡᠨ᠎ᠡ᠃ ᠭᠤᠷᠪᠠᠭᠤᠯᠨ ᠢᠵᠢᠯᠢᠭᠡᠨ ᠪᠡᠶ᠎ᠡ ᠵᠢᠰᠦ ᠲᠠᠢ ᠴᠤ ᠦᠭᠡᠷ᠎ᠡ ᠦᠭᠡᠷ᠎ᠡ ᠦᠡᠭᠭᠡ ᠲᠠᠢ ᠪᠤᠯᠬᠤᠷ ᠢᠯᠭᠠᠬᠤ ᠳᠤ ᠠᠮᠠᠷᠬᠠᠨ ᠶᠤᠮ | ᠪᠠᠶᠢᠨ᠎ᠠ᠃ | ᠭᠤᠷᠪᠠᠨ ᠮᠦᠷᠬᠦ ᠶᠢᠨ ᠡᠮᠡᠭᠡ ᠨᠢ᠄ | ︽ᠭᠤᠤᠯ ᠪᠤᠯᠭᠠᠨ ᠤᠷᠤᠰᠤᠨ ᠤᠷᠤᠰᠤᠭᠰᠠᠭᠠᠷ ᠡᠴᠦᠰ ᠲᠤ ᠪᠠᠨ ᠳᠠᠯᠠᠢ ᠳᠤ ᠴᠢᠳᠬᠤᠳᠠᠭ᠃ ᠭᠤᠤᠯ ᠪᠤᠯᠤᠨ ᠳᠠᠯᠠᠢ ᠶᠢᠨ ᠠᠭᠤᠯᠵᠠᠷ ᠲᠤ ᠯᠤᠤᠳᠤ ᠡᠬᠦᠳᠡ | ᠪᠤᠢ᠃ ᠮᠦᠷᠬᠦ ᠵᠢᠭᠠᠰᠤ ᠯᠤᠤᠳᠤ ᠡᠬᠦᠳᠡ ᠪᠠᠷ ᠦᠰᠤᠷᠤᠬᠡᠳ ᠤᠷᠤᠪᠠᠯ ᠯᠤᠤ ᠬᠤᠪᠢᠯᠵᠤ᠂ ᠤᠬᠳᠠᠷᠭᠤᠢ ᠳᠤ ᠡᠬᠦᠯᠨ ᠮᠡᠳᠤ ᠲᠡᠭᠳᠡᠨ ᠨᠢᠰᠬᠦ ᠪᠤᠯᠤᠨ᠎ᠠ︾ ᠬᠡᠪᠡᠯ | ᠪᠤᠮᠪᠤᠭᠤᠷ ᠰᠢᠷ᠎ᠠ᠄ | ︽ᠠᠬᠠᠯᠠᠢ᠂ ᠶᠠᠮᠠᠷ ᠭᠤᠶᠤ ᠶᠤᠮ ᠪᠤᠢ︕ ᠪᠢᠳᠡ ᠲᠡᠷᠨ ᠡᠬᠦᠳᠡ ᠪᠠᠷ ᠦᠰᠦᠷᠦᠨ ᠤᠷᠤᠵᠤ ᠯᠤᠤ ᠬᠤᠪᠢᠯᠪᠠᠯᠯ ᠤᠰᠤᠨ ᠳᠤ ᠤᠮᠪᠠᠳᠠᠭ ᠠᠴᠠ ᠪᠠᠨ ᠲᠡᠭᠷᠢ ᠳᠤ | ᠨᠢᠰᠬᠦ ᠪᠤᠯᠴᠢᠬᠠᠨ᠎ᠠ︾ ᠭᠡᠬᠦ ᠳᠤ ᠪᠦᠯᠲᠡᠭᠡᠷ ᠤᠯᠠᠭᠠᠨ ᠴᠤ ᠬᠦᠭᠰᠡᠵᠦ᠄ | ︽ᠲᠡᠶᠢᠮᠦ ᠡ᠂ ᠲᠡᠶᠢᠮᠦ ᠡ᠃ ᠪᠢᠳᠡ ᠬᠠᠮᠳᠤ ᠪᠠᠷ ᠯᠤᠤ ᠬᠤᠪᠢᠯᠤᠭᠠᠳ ᠲᠡᠭᠷᠢ ᠳᠤ ᠨᠢᠰᠪᠡᠯ ᠤᠰᠤᠨ ᠤ ᠠᠮᠢᠲᠠᠨ ᠪᠤᠯᠭᠠᠨ ᠮᠠᠨ ᠢ ᠪᠠᠭ᠋ᠠᠷᠬᠠᠬᠤ ᠪᠠᠶᠢᠬ᠎ᠠ︾ | ᠭᠡᠪᠡ᠃ | ᠮᠡᠯᠲᠡᠭᠡᠷ ᠬᠠᠷ᠎ᠠ ᠴᠤ ᠬᠡᠶᠢᠷᠭᠡᠵᠦ ᠰᠡᠬᠦᠯ ᠢᠶᠠᠨ ᠰᠠᠵᠢᠯᠠᠭᠤᠯᠤᠨ ᠰᠡᠯᠢᠬᠦᠷ ᠢᠶᠠᠨ ᠪᠦᠵᠢᠭᠯᠡᠬᠦᠯᠵᠦ᠄ | ︽ᠡᠮᠡᠭᠡ ᠡ᠂ ᠪᠢᠳᠡ ᠤᠳᠤᠬᠠᠨ ᠮᠤᠷᠳᠠᠶ᠎ᠠ᠂ ᠪᠤᠯᠬᠤ ᠤᠤ︖︾ ᠬᠡᠬᠦᠯᠡ ᠡᠮᠡᠭᠡ ᠨᠢ᠄ | ︽ᠪᠤᠯᠤᠯ ᠦᠭᠡᠢ ᠶᠠᠭᠠᠬᠢᠬᠤ ᠪᠤᠢ᠃ ᠪᠤᠲᠤᠵᠤ ᠬᠦᠰᠡᠭᠰᠡᠨ ᠢᠶᠠᠨ ᠳᠤᠤᠷ᠎ᠠ ᠳᠤᠤᠷ᠎ᠠ ᠨᠢ ᠪᠡᠶᠡᠯᠡᠬᠦᠯᠬᠦ ᠭᠡᠵᠤ ᠵᠢᠳᠬᠦᠬᠦ ᠴᠢᠨᠢ ᠰᠠᠶᠢᠨ ᠤᠴᠢᠷ ᠡ︾ ᠭᠡᠵᠤ | ᠤᠷᠮᠠᠰᠢᠭᠤᠯᠪᠠ᠃ | ᠭᠤᠷᠪᠠᠨ ᠮᠦᠷᠬᠦ ᠵᠢᠭᠠᠰᠤ ᠯᠤᠤ ᠪᠤᠯᠬᠤ ᠬᠦᠰᠡᠯ ᠳᠤ ᠪᠠᠨ ᠬᠦᠲᠦᠯᠦᠭᠳᠡᠨ᠄ | ︽ᠪᠠᠶᠠᠷᠲᠠᠢ᠂ ᠡᠮᠡᠭᠡ ᠡ︾ ᠭᠡᠭᠰᠡᠭᠡᠷ ᠡᠮᠡᠭᠡ ᠠᠴᠠ ᠪᠠᠨ ᠠᠶᠠᠷᠯᠠᠨ ᠬᠤᠯᠠᠬᠢ ᠳᠠᠯᠠᠢ ᠶᠢ ᠵᠤᠷᠢᠨ ᠤᠮᠪᠠᠯ᠎ᠠ᠃ | ᠲᠡᠳᠡ ᠭᠤᠤᠯ ᠤᠨ ᠤᠷᠤᠰᠬᠠᠯ ᠢ ᠲᠠᠭᠠᠨ ᠡᠳᠦᠷᠵᠢᠨ ᠰᠦᠨᠢᠵᠢᠨ ᠤᠮᠪᠠᠭᠰᠠᠭᠠᠷ ᠶᠠᠪᠤᠲᠠᠯ᠎ᠠ ᠦᠷᠭᠡᠨ ᠮᠦᠷᠡᠨ ᠲᠠᠭᠠᠷᠠᠯᠳᠤᠵᠤ᠂ ᠦᠷᠭᠡᠨ ᠮᠦᠷᠡᠨ ᠳᠤ ᠬᠢ | ᠵᠢᠭᠠᠰᠤ ᠠᠴᠠ ᠳᠠᠯᠠᠢ ᠭᠡᠳᠦᠢ ᠬᠤᠯᠨ ᠪᠠᠶᠢᠬᠤ ᠶᠢ ᠠᠰᠠᠭᠤᠬᠤ ᠳᠤ ᠬᠡᠳᠦᠨ ᠮᠢᠩᠭᠠᠨ ᠭᠠᠵᠠᠷ ᠤᠨ ᠦᠵᠦᠬᠦᠷ ᠲᠤ ᠭᠡᠵᠡᠢ᠃ ᠲᠦᠢᠯᠳᠡᠳᠡᠯᠡ ᠶᠠᠲᠠᠷᠠᠭᠰᠠᠨ ᠪᠦᠯᠲᠡᠭᠡᠷ | ᠤᠯᠠᠭᠠᠨ᠄ | ︽ᠳᠠᠯᠠᠢ ᠬᠦᠷᠲᠡᠯ᠎ᠡ ᠪᠠᠰᠠ ᠭᠡᠴᠢᠨᠡᠭᠡᠨ ᠬᠤᠨᠤᠭ ᠶᠠᠪᠤᠬᠤ ᠶᠢ ᠪᠤᠤ ᠮᠡᠳᠡ᠃ ᠶᠡᠷᠦ ᠨᠢ ᠯᠤᠤᠳᠤ ᠡᠬᠦᠳᠡ ᠭᠡᠵᠤ ᠪᠠᠶᠢᠳᠠᠭ ᠡᠰᠡᠬᠦ ᠶᠢ ᠴᠤ ᠪᠤᠤ ᠮᠡᠳᠡ︾ ᠭᠡᠵᠤ | ᠴᠦᠬᠦᠷᠡᠭᠰᠡᠨ ᠠᠶᠠᠲᠠᠢ ᠬᠡᠯᠡᠬᠦ ᠳᠤ ᠪᠤᠮᠪᠤᠭᠤᠷ ᠰᠢᠷ᠎ᠠ᠄ | ︽ᠠᠢ᠂ ᠲᠡᠶᠢᠮᠦ ᠬᠤᠯᠨ ᠪᠠᠶᠢᠬᠤ ᠶᠢ ᠮᠡᠳᠡᠭᠰᠡᠨ ᠪᠤᠯ ᠨᠤᠲᠤᠭ ᠤᠨ ᠢᠶᠠᠨ ᠭᠤᠤᠯ ᠳᠤ ᠠᠮᠤᠷ ᠵᠢᠷᠭᠠᠵᠤ ᠰᠠᠭᠤᠬᠤ ᠠᠴᠠ ᠪᠢᠰᠢ᠂ ᠠᠭᠠᠰᠢ ᠠᠯᠲᠠᠨ ᠨᠠᠭᠠᠰᠢ | ᠭᠠᠷᠴᠦ ᠢᠷᠡᠮᠡᠷ ᠦᠭᠡᠢ ᠪᠠᠶᠢᠭᠰᠠᠨ᠃ ᠢᠡᠭᠭᠢᠵᠤ ᠦᠢᠯᠨ ᠲᠠᠮᠤ ᠪᠠᠨ ᠦᠵᠡᠬᠦ ᠪᠠᠷ ᠪᠤᠴᠠᠭᠰᠠᠨ ᠨᠢ ᠳᠡᠭᠡᠷ᠎ᠡ ᠪᠠᠶᠢᠬ᠎ᠠ︾ ᠬᠡᠪᠡᠯ ᠮᠡᠯᠲᠡᠭᠡᠷ ᠬᠠᠷ᠎ᠠ ᠨᠢᠳᠦ ᠪᠠᠨ | ᠪᠦᠯᠲᠡᠯᠵᠡᠬᠦᠯᠦᠨ᠄ | ︽ᠵᠤᠷᠢᠭ ᠪᠠᠶᠢᠪᠠᠯ ᠪᠦᠳᠤᠨ᠎ᠡ᠂ ᠵᠠᠮ ᠪᠠᠶᠢᠪᠠᠯ ᠬᠦᠷᠤᠨ᠎ᠡ ᠭᠡᠳᠡᠭ ᠰᠢᠤ ᠳ᠋ᠠ᠃ ᠪᠢᠳᠡ ᠵᠠᠮ ᠲᠤᠮᠳᠠ ᠠᠴᠠ ᠪᠠᠨ ᠪᠤᠴᠠᠪᠠᠯ ᠬᠠᠮᠤᠭ ᠤᠯᠠᠨ ᠤ ᠡᠯᠡᠭ ᠪᠤᠯᠤᠨ᠎ᠠ | ᠰᠢᠤ᠃ ᠵᠤᠷᠢᠭᠲᠠᠢ ᠪᠠᠶᠢᠭᠠᠴᠢ︾ ᠭᠡᠳ ᠡᠮᠦᠨ᠎ᠡ ᠨᠢ ᠤᠷᠤᠵᠤ ᠦᠷᠬᠦᠯᠵᠢᠯᠡᠨ ᠤᠮᠪᠠᠪᠠ᠃ | ᠲᠡᠭᠦᠨ ᠤ ᠬᠡᠯᠡᠬᠦ ᠵᠦᠢᠲᠡᠢ ᠪᠤᠯᠬᠤᠷ ᠨᠦᠬᠦᠭᠡ ᠬᠤᠶᠠᠷ ᠨᠢ ᠵᠤᠷᠢᠭ ᠢᠶᠠᠨ ᠬᠦᠪᠴᠢᠯᠡᠨ ᠳᠠᠭᠠᠯᠴᠠᠨ ᠤᠮᠪᠠᠪᠠ᠃ | ᠭᠡᠴᠢᠨᠡᠭᠡᠨ ᠬᠤᠨᠤᠭ ᠠᠶᠠᠯᠠᠭᠰᠠᠨ ᠢ ᠪᠤᠤ ᠮᠡᠳᠡ᠂ ᠮᠦᠨ ᠭᠡᠴᠢᠨᠡᠭᠡᠨ ᠤᠷᠳᠤ ᠵᠠᠮ ᠡᠯᠡᠭᠡᠭᠰᠡᠨ ᠢ ᠴᠤ ᠪᠤᠤ ᠮᠡᠳᠡ᠂ ᠨᠢᠬᠡ ᠮᠡᠳᠡᠬᠦ ᠳᠤ ᠦᠡᠳᠦᠷ ᠰᠦᠷᠯᠢᠭ | ᠯᠤᠤᠳᠤ ᠡᠬᠦᠳᠡ ᠴᠠᠭᠠᠨᠠᠬᠠᠨ ᠳᠤ ᠬᠠᠷᠠᠬᠳᠠᠪᠠ᠃ | ᠭᠤᠷᠪᠠᠨ ᠮᠦᠷᠬᠦ ᠵᠢᠭᠠᠰᠤ ᠪᠠᠶᠠᠷᠯᠠᠬᠤ ᠳᠤ ᠪᠠᠨ ᠶᠠᠲᠠᠷᠠᠯ ᠢᠶᠠᠨ ᠮᠠᠷᠳᠠᠵᠤ᠄ | ︽ᠤᠤᠬᠠᠢ᠂ ᠯᠤᠤᠳᠤ ᠡᠬᠦᠳᠡ ᠬᠦᠷᠦᠭᠡᠳ ᠢᠷᠡᠴᠢᠬᠡᠯ᠎ᠡ᠃ ᠶᠠᠮᠠᠷ ᠰᠠᠶᠢᠬᠠᠨ ᠪᠤᠢ︾ ᠬᠡᠯᠴᠡᠨ ᠬᠦᠭᠡᠷᠦᠯᠳᠦᠪᠡ᠃ | ᠬᠠᠷ᠎ᠠ ᠮᠦᠷᠬᠦ ᠵᠢᠭᠠᠰᠤ ᠬᠠᠮᠤᠭ ᠤᠨ ᠤᠷᠢᠳ ᠢᠶᠠᠷ ᠯᠤᠤᠳᠤ ᠡᠬᠦᠳᠡ ᠪᠠᠷ ᠦᠰᠦᠷᠴᠠᠢ᠃ ᠨᠢᠭᠡ᠂ ᠬᠤᠶᠠᠷ᠂ ᠭᠤᠷᠪᠠ ᠁ ᠤᠳᠠᠭ᠎ᠠ ᠪᠤᠯᠭᠠᠨ ᠳᠠᠯᠠᠢ ᠶᠢᠨ | ᠳᠠᠪᠠᠯᠭᠠᠨ ᠳᠤ ᠴᠤᠬᠢᠭᠳᠠᠨ ᠯᠤᠤᠳᠤ ᠡᠬᠦᠳᠡᠨ ᠤ ᠨᠠᠭᠠᠨᠠᠬᠢ ᠬᠦᠨ ᠤᠰᠤᠨ ᠳᠤ ᠤᠨᠠᠭᠠᠳ ᠢᠷᠡᠴᠢᠬᠡᠨ᠎ᠡ᠃ | ᠨᠠᠭᠠᠨ᠎ᠠ ᠠᠴᠠ ᠨᠢ ᠬᠠᠷᠠᠵᠤ ᠪᠠᠶᠢᠭᠰᠠᠨ ᠪᠦᠯᠲᠡᠭᠡᠷ ᠤᠯᠠᠭᠠᠨ᠄ | ︽ᠬᠦᠤᠱᠢ᠂ ᠪᠠᠶᠢᠵᠨ᠂ ᠪᠢ ᠦᠰᠦᠷᠴᠦ ᠦᠵᠡᠶ᠎ᠡ︾ ᠭᠡᠵᠤ ᠬᠡᠯᠡᠭᠡᠳ ᠬᠦᠴᠦ ᠪᠠᠨ ᠰᠢᠪᠬᠠᠨ ᠯᠤᠤᠳᠤ ᠡᠬᠦᠳᠡ ᠵᠦᠭ ᠴᠢᠨᠡᠭᠡ ᠮᠡᠳᠡᠨ ᠦᠰᠦᠷᠲᠡᠯ᠎ᠡ | ᠳᠠᠯᠠᠢ ᠶᠢᠨ ᠲᠤᠭᠰᠢᠨ ᠳᠠᠪᠠᠯᠭᠠᠨ ᠭᠠᠭᠴᠠᠬᠠᠨ ᠲᠡᠯᠡᠰᠤᠬᠡᠳ ᠬᠠᠳᠠᠨ ᠳᠡᠭᠡᠷ᠎ᠡ ᠤᠨᠠᠭᠠᠵᠠᠢ᠃ ᠪᠦᠯᠲᠡᠭᠡᠷ ᠤᠯᠠᠭᠠᠨ ᠤ ᠬᠠᠶᠢᠷ ᠨᠢ ᠬᠤᠭᠵᠤᠷᠠᠨ ᠪᠡᠶ᠎ᠡ ᠨᠢ ᠰᠢᠯᠪᠤᠷᠠᠵᠤ | ᠴᠢᠰᠦ ᠲᠠᠭᠠᠭᠠᠪᠤᠷᠢᠯᠠᠪᠠ᠃ | ᠡᠨᠡ ᠦᠶ᠎ᠡ ᠳᠤ ᠪᠤᠮᠪᠤᠭᠤᠷ ᠰᠢᠷ᠎ᠠ ᠡᠮᠢᠶᠡᠭᠰᠡᠨ ᠴᠢᠷᠠᠶᠢᠯᠠᠵᠤ᠄ | ︽ᠲᠠ ᠬᠤᠶᠠᠷ ᠦᠰᠦᠷᠦᠨ ᠭᠠᠷᠴᠦ ᠴᠢᠳᠠᠭ᠎ᠠ ᠦᠭᠡᠢ ᠶᠤᠮ ᠴᠢᠨᠢ ᠪᠢ ᠦᠰᠦᠷᠦᠭᠰᠡᠨ ᠴᠤ ᠱᠠᠯ ᠳᠡᠮᠡᠢ ᠶᠤᠮ ᠪᠠᠶᠢᠨ᠎ᠠ︾ ᠭᠡᠵᠡᠢ᠃ | ᠮᠡᠯᠲᠡᠭᠡᠷ ᠬᠠᠷ᠎ᠠ ᠬᠤᠶᠠᠷ ᠨᠠᠶᠢᠵᠨ ᠪᠠᠨ ᠲᠡᠷᠭᠡᠳᠡ ᠪᠠᠨ ᠲᠠᠭᠤᠳᠠᠭᠠᠳ᠄ | ︽ᠪᠢᠳᠡ ᠬᠠᠷ᠎ᠠ ᠬᠦᠴᠦ ᠪᠠᠷ ᠳᠡᠶᠢᠯᠬᠦ ᠦᠭᠡᠢ ᠰᠢᠭ᠂ ᠠᠷᠭ᠎ᠠ ᠰᠡᠳᠤᠶᠡ᠃ ᠨᠢᠭᠡᠨ ᠢᠶᠠᠨ ᠯᠤᠤᠳᠤ ᠡᠬᠦᠳᠡ ᠪᠠᠷ ᠦᠰᠦᠷᠬᠦ ᠦᠶ᠎ᠡ ᠳᠤ ᠨᠦᠬᠦᠭᠡ ᠨᠢ | ᠳᠤᠤᠷ᠎ᠠ ᠠᠴᠠ ᠨᠢ ᠦᠰᠦᠷᠦᠨ ᠲᠤᠯᠤᠭᠠᠰᠤ ᠪᠤᠯᠵᠤ ᠦᠭᠭᠦᠶ᠎ᠡ᠂ ᠲᠡᠭᠡᠵᠦ ᠳᠠᠪᠰᠢᠨ ᠦᠰᠦᠷᠪᠡᠯ ᠯᠤᠤᠳᠤ ᠡᠬᠦᠳᠡ ᠪᠠᠷ ᠦᠰᠦᠷᠦᠭᠡᠳ ᠤᠷᠤᠴᠢᠬᠠᠬᠤ ᠪᠠᠶᠢᠬ᠎ᠠ︾ | ᠭᠡᠬᠦ ᠳᠤ ᠪᠦᠯᠲᠡᠭᠡᠷ ᠤᠯᠠᠭᠠᠨ ᠪᠤᠮᠪᠤᠭᠤᠷ ᠰᠢᠷ᠎ᠠ ᠬᠤᠶᠠᠷ ᠵᠦᠪᠰᠢᠶᠡᠷᠡᠪᠡ᠃ | ᠮᠡᠯᠲᠡᠭᠡᠷ ᠬᠠᠷ᠎ᠠ᠂ ᠪᠦᠯᠲᠡᠭᠡᠷ ᠤᠯᠠᠭᠠᠨ ᠢᠶᠠᠷ ᠲᠤᠯᠤᠭᠠᠰᠤ ᠪᠤᠯᠭᠠᠨ ᠴᠢᠨᠡᠭᠡ ᠮᠡᠳᠡᠨ ᠳᠡᠭᠡᠭᠰᠢ ᠲᠠᠪᠰᠢᠨ ᠦᠰᠦᠷᠦᠭᠰᠡᠨ ᠴᠢᠨᠢ ᠯᠤᠤᠳᠤ ᠡᠬᠦᠳᠡ ᠪᠠᠷ ᠦᠰᠦᠷᠦᠨ | ᠤᠷᠤᠮᠠᠭᠴᠠ ᠫᠠᠳ ᠬᠠᠷ᠎ᠠ ᠯᠤᠤ ᠬᠤᠪᠢᠯᠴᠢᠬᠠᠵᠠᠢ᠃ | ᠪᠦᠯᠲᠡᠭᠡᠷ ᠤᠯᠠᠭᠠᠨ ᠳᠡᠭᠡᠭᠰᠢ ᠦᠰᠦᠷᠬᠦ ᠳᠤ ᠪᠤᠮᠪᠤᠭᠤᠷ ᠰᠢᠷ᠎ᠠ ᠴᠤ ᠬᠤᠶᠢᠨ᠎ᠠ ᠠᠴᠠ ᠨᠢ ᠦᠰᠦᠷᠪᠡ᠃ ᠪᠦᠯᠲᠡᠭᠡᠷ ᠤᠯᠠᠭᠠᠨ ᠤᠨᠠᠬᠤ ᠶᠢ ᠵᠠᠪᠲᠤᠲᠠᠯᠠ | ᠪᠤᠮᠪᠤᠭᠤᠷ ᠰᠢᠷ᠎ᠠ ᠳᠤᠤᠷ᠎ᠠ ᠠᠴᠠ ᠨᠢ ᠲᠤᠯᠤᠭᠠᠰᠤ ᠪᠤᠯᠵᠤ ᠦᠭᠪᠡ᠃ ᠪᠦᠯᠲᠡᠭᠡᠷ ᠤᠯᠠᠭᠠᠨ ᠴᠢᠨᠡᠭᠡ ᠮᠡᠳᠡᠨ ᠳᠠᠪᠰᠢᠨ ᠦᠰᠦᠷᠦᠭᠰᠡᠨ ᠴᠢᠨᠢ ᠮᠦᠨ ᠯᠤᠤᠳᠤ | ᠡᠬᠦᠳᠡ ᠪᠠᠷ ᠤᠷᠤᠭᠠᠳ ᠭᠠᠯ ᠤᠯᠠᠭᠠᠨ ᠯᠤᠤ ᠬᠤᠪᠢᠯᠪᠠ᠃ | ᠪᠤᠮᠪᠤᠭᠤᠷ ᠰᠢᠷ᠎ᠠ ᠶᠢ ᠬᠠᠪᠰᠤᠷᠬᠤ ᠵᠢᠭᠠᠰᠤ ᠠᠯᠠᠭ᠎ᠠ ᠪᠤᠯᠵᠠᠢ᠃ ᠭᠠᠭᠴᠠᠭᠠᠷ ᠦᠯᠡᠳᠡᠭᠰᠡᠨ ᠪᠤᠮᠪᠤᠭᠤᠷ ᠰᠢᠷ᠎ᠠ ᠯᠤᠤᠳᠤ ᠡᠬᠦᠳᠡ ᠵᠦᠭ ᠴᠢᠨᠡᠭᠡ ᠮᠡᠳᠡᠨ | ᠦᠰᠦᠷᠦᠭᠰᠡᠨ ᠪᠤᠯᠪᠠᠴᠦ ᠳᠠᠪᠠᠯᠭᠠᠨ ᠳᠤ ᠭᠤᠶᠠᠳᠠᠭᠳᠠᠨ ᠤᠰᠤᠨ ᠳᠤ ᠤᠨᠠᠬᠤ ᠠᠴᠠ ᠴᠠᠭᠠᠰᠢ ᠦᠬᠡᠢ᠃ | ᠮᠡᠯᠲᠡᠭᠡᠷ ᠬᠠᠷ᠎ᠠ ᠠᠴᠠ ᠬᠤᠪᠢᠯᠤᠭᠰᠠᠨ ᠪᠡᠭᠡᠨ ᠬᠠᠷ᠎ᠠ ᠯᠤᠤ ᠪᠤᠯᠤᠨ ᠪᠦᠯᠲᠡᠭᠡᠷ ᠤᠯᠠᠭᠠᠨ ᠠᠴᠠ ᠬᠤᠪᠢᠯᠤᠭᠰᠠᠨ ᠭᠠᠯ ᠤᠯᠠᠭᠠᠨ ᠯᠤᠤ ᠤᠰᠤᠨ ᠤ ᠳᠡᠭᠡᠬᠦᠷ | ᠡᠷᠬᠢᠯᠳᠦᠨ ᠨᠢᠰᠴᠦ ᠪᠤᠮᠪᠤᠭᠤᠷ ᠰᠢᠷ᠎ᠠ ᠶᠢ ᠵᠤᠷᠢᠭᠵᠢᠭᠤᠯᠤᠭᠰᠠᠭᠠᠷ ᠪᠠᠶᠢᠯ᠎ᠠ᠃ | ᠪᠤᠮᠪᠤᠭᠤᠷ ᠰᠢᠷ᠎ᠠ ᠬᠤᠶᠠᠷ ᠨᠠᠶᠢᠵᠨ ᠶᠢᠨ ᠢᠶᠠᠨ ᠬᠦᠴᠦᠲᠦ ᠵᠤᠷᠢᠭᠵᠢᠭᠤᠯᠤᠯ ᠢᠶᠠᠷ ᠠᠬᠢᠨ ᠳᠠᠬᠢᠨ ᠦᠰᠦᠷᠦᠭᠰᠡᠭᠡᠷ ᠪᠠᠶᠢᠭᠠᠳ ᠡᠴᠦᠰ ᠲᠤ ᠪᠠᠨ ᠯᠤᠤᠳᠤ | ᠡᠬᠦᠳᠡ ᠪᠠᠷ ᠦᠰᠦᠷᠦᠨ ᠤᠷᠤᠭᠠᠳ ᠠᠯᠲᠠᠨ ᠰᠢᠷ᠎ᠠ ᠯᠤᠤ ᠬᠤᠪᠢᠯᠵᠠᠢ᠃ | |