ᠮᠠᠨ ᠤ ᠤᠯᠤᠰ ᠤᠨ ᠬᠠᠤᠯᠢ ᠴᠠᠭᠠᠵᠠ ᠳᠤ ᠦᠨᠳᠦᠷ ᠬᠦᠦ ᠲᠠᠢ ᠵᠢᠬᠡᠯᠡᠯᠬᠡ ᠶᠢ ᠬᠡᠷᠬᠢᠨ ᠰᠢᠢᠳᠪᠦᠷᠢᠯᠡᠳᠡᠭ ᠪᠤᠢ︖
ᠨᠡᠶᠢᠲᠡᠯᠡᠭᠰᠡᠨ ᠴᠠᠭ᠄
2024/4/11
    ᠮᠠᠨ ᠤ ᠤᠯᠤᠰ ᠤᠨ ᠤᠳᠤᠬᠠᠨ ᠤ ᠬᠠᠤᠯᠢ ᠴᠠᠭᠠᠵᠠ ᠶᠢᠨ ᠲᠤᠬᠳᠠᠭᠠᠯ ᠢ ᠦᠨᠳᠦᠰᠦᠯᠡᠪᠡᠯ᠂ ᠶᠠᠮᠠᠷ ᠵᠢᠬᠡᠯᠡᠯᠬᠡ ᠶᠢᠨ ᠠᠷᠭ᠎ᠠ ᠮᠠᠶ᠋ᠢᠭ ᠢ ᠬᠡᠷᠡᠭᠯᠡᠭᠰᠡᠨ ᠴᠤ᠂ ᠲᠠᠪᠬᠤᠷ ᠬᠦᠦ ᠮᠦᠩᠬᠦ ᠪᠤᠳᠤᠬᠰᠠᠨ ᠡᠰᠡᠬᠦᠯ᠎ᠡ ᠵᠢᠬᠡᠯᠡᠬᠦᠯᠬᠦ ᠳᠡᠭᠡᠨ ᠤᠷᠢᠳ ᠢᠶᠠᠷ ᠬᠦᠦ ᠮᠦᠩᠬᠦ ᠶᠢ ᠰᠠᠭᠤᠯᠭᠠᠨ ᠠᠪᠤᠬᠰᠠᠨ ᠪᠠᠶᠢᠪᠠᠯ᠂ ᠴᠦᠮ ᠪᠤᠳᠠᠳᠤ ᠵᠢᠬᠡᠯᠡᠬᠦᠯᠦᠭᠰᠡᠨ ᠵᠤᠭᠤᠰᠤᠨ ᠤ ᠲᠤᠭ᠎ᠠ ᠪᠠᠷ ᠬᠦᠦ ᠮᠦᠩᠬᠦ ᠪᠤᠳᠤᠬᠤ ᠪᠦᠬᠡᠳ ᠪᠠᠩᠬᠢ ᠶᠢᠨ ᠠᠳᠠᠯᠢ ᠲᠦᠷᠦᠯ ᠤᠨ ᠵᠢᠬᠡᠯᠡᠯᠬᠡ ᠶᠢᠨ ᠬᠦᠦ ᠮᠦᠩᠬᠦ ᠶᠢᠨ ᠨᠤᠷᠮ᠎ᠠ ᠶᠢᠨ 4 ᠲᠠᠬᠢᠨ ᠠᠴᠠ ᠬᠡᠳᠦᠷᠡᠭᠰᠡᠨ ᠦᠶ᠎ᠡ ᠳᠤ᠂ ᠬᠡᠳᠦᠷᠡᠭᠰᠡᠨ ᠬᠡᠰᠡᠭ ᠢ ᠨᠢ ᠬᠠᠤᠯᠢ ᠶᠣᠰᠤᠨ ᠤ ᠬᠠᠮᠠᠭᠠᠯᠠᠯᠳᠠ ᠳᠤ ᠤᠷᠤᠭᠤᠯᠬᠤ ᠦᠬᠡᠢ᠃ ᠡᠬᠦᠨ ᠤ ᠬᠠᠮᠳᠤ᠂ ᠵᠢᠬᠡᠯᠡᠬᠦᠯᠦᠭᠴᠢ ᠶᠢᠨ ᠨᠢᠬᠡᠨᠳᠡ ᠬᠤᠷᠢᠶᠠᠨ ᠠᠪᠤᠬᠰᠠᠨ ᠦᠨᠳᠦᠷ ᠬᠦᠦ ᠲᠠᠢ ᠵᠢᠬᠡᠯᠡᠯᠬᠡ ᠶᠢᠨ ᠬᠡᠰᠡᠭ ᠤᠨ ᠬᠦᠦ ᠮᠦᠩᠬᠦ ᠪᠠᠷ ᠲᠦᠯᠦᠬᠡᠳᠦᠢ ᠡᠬᠡ ᠮᠦᠩᠬᠦ ᠶᠢ ᠲᠤᠯᠭᠠᠨ ᠲᠦᠯᠦᠵᠦ ᠪᠤᠯᠤᠨ᠎ᠠ᠂ ᠬᠡᠷᠪᠡ ᠬᠠᠤᠯᠢ ᠶᠤᠰᠤᠨ ᠤ ᠡᠬᠡ ᠬᠦᠦ ᠮᠦᠩᠬᠦ ᠶᠢ ᠨᠢᠬᠡᠨᠳᠡ ᠲᠦᠯᠦᠵᠦ ᠪᠠᠷᠠᠬᠰᠠᠨ ᠪᠠᠶᠢᠪᠠᠯ᠂ ᠵᠤᠭᠤᠰ ᠵᠢᠬᠡᠯᠡᠭᠴᠢ ᠳᠤ ᠪᠤᠴᠠᠭᠠᠵᠤ ᠦᠭᠬᠦ ᠬᠡᠷᠡᠭᠳᠡᠢ᠃
ᠢᠷᠡᠯᠲᠡ᠄ ᠵᠠᠷᠣᠳ ᠬᠤᠰᠢᠭᠤᠨ ᠤ ᠠᠷᠠᠳ ᠤᠨ ᠵᠠᠰᠠᠭ ᠤᠨ ᠤᠷᠳᠣᠨ ᠤ ᠮᠤᠩᠭᠤᠯ ᠰᠦᠯᠵᠢᠶ᠎ᠡ