ᠮᠠᠰᠢᠨ ᠲᠡᠷᠭᠡ ᠤᠰᠤᠨ ᠳᠤ ᠵᠢᠪᠦᠭᠰᠡᠨ ᠤ ᠳᠠᠷᠠᠭ᠎ᠠ ᠭᠡᠷᠬᠢᠨ ᠠᠶᠤᠯ ᠠᠴᠠ ᠵᠠᠶᠢᠯᠠᠬᠤ ᠪᠤᠢ︖
ᠨᠡᠶᠢᠲᠡᠯᠡᠭᠰᠡᠨ ᠴᠠᠭ᠄
2024/4/11
    ᠵᠢᠯ ᠪᠤᠯᠭᠠᠨ ᠤ 7᠂ 8 ᠰᠠᠷ᠎ᠠ ᠶᠢᠨ ᠦᠶ᠎ᠡ ᠪᠠᠷ ᠠᠭᠠᠲᠠᠷ ᠪᠤᠷᠤᠭᠠᠨ᠂ ᠦᠶᠡᠷ ᠤᠰᠤᠳᠤᠯ ᠤᠨ ᠭᠠᠮᠰᠢᠭ ᠤᠯᠠᠨ ᠡᠬᠦᠰᠴᠤ ᠬᠦᠮᠦᠰ ᠤᠨ ᠬᠡᠪ ᠤᠨ ᠠᠵᠤ ᠠᠮᠢᠳᠤᠷᠠᠯ ᠢ ᠨᠦᠯᠦᠭᠡᠯᠡᠳᠡᠭ᠃ ᠡᠬᠦᠨ ᠳᠤ ᠮᠠᠰᠢᠨ ᠲᠡᠷᠭᠡ ᠤᠰᠤᠨ ᠳᠤ ᠵᠢᠪᠬᠦ᠂ ᠴᠢᠨᠠᠭᠰᠢᠯᠠᠨ ᠠᠮᠢ ᠨᠠᠰᠤᠨ ᠤ ᠠᠶᠤᠯ ᠠᠳᠡᠯ ᠴᠦ ᠬᠠᠶᠠ ᠡᠬᠦᠰᠳᠡᠭ᠃    ᠮᠠᠰᠢᠨ ᠲᠡᠷᠭᠡ ᠤᠰᠤᠨ ᠳᠤ ᠵᠢᠪᠦᠭᠰᠡᠨ ᠤ ᠳᠠᠷᠠᠭ᠎ᠠ ᠭᠡᠷᠬᠢᠨ ᠠᠶᠤᠯ ᠠᠴᠠ ᠵᠠᠶᠢᠯᠠᠪᠠᠯ ᠵᠤᠬᠢᠬᠤ ᠪᠤᠢ︖    ᠤᠰᠤᠨ ᠲᠦᠪᠰᠢᠨ ᠮᠠᠰᠢᠨ ᠲᠡᠷᠭᠡᠨ ᠤ ᠬᠦᠷᠲᠤ ᠶᠢᠨ ᠬᠠᠭᠠᠰ ᠠᠴᠠ ᠳᠡᠭᠡᠭᠰᠢ ᠳᠠᠪᠠᠭᠰᠠᠨ ᠪᠤᠶᠤ ᠤᠰᠤᠨ ᠳᠦᠪᠰᠢᠨ ᠦᠷᠬᠦᠯᠵᠢᠯᠡᠨ ᠳᠡᠭᠡᠭᠰᠢᠯᠡᠬᠦ ᠬᠠᠨᠳᠤᠰᠢ ᠲᠠᠢ ᠪᠠᠶᠢᠪᠠᠯ ᠳᠠᠷᠦ᠋ᠢᠬᠠᠨ ᠲᠡᠷᠭᠡᠨ ᠠᠴᠠ ᠪᠠᠨ ᠪᠠᠭᠤᠵᠤ ᠠᠶᠤᠯ ᠠᠴᠠ ᠵᠠᠶᠢᠯᠠᠨ᠎ᠠ᠃ ᠤᠰᠤᠨ ᠲᠦᠪᠰᠢᠨ ᠨᠢᠭᠡᠨᠲᠡ ᠮᠠᠰᠢᠨ ᠲᠡᠷᠭᠡᠨ ᠤ ᠡᠬᠦᠳᠡ ᠶᠢ ᠳᠠᠪᠠᠭᠰᠠᠨ ᠪᠠᠶᠢᠪᠠᠯ ᠮᠠᠰᠢᠨ ᠲᠡᠷᠭᠡᠨ ᠤ ᠴᠠᠬᠢᠯᠭᠠᠨ ᠳᠠᠰᠤᠷᠠᠬᠤ ᠠᠴᠠ ᠡᠮᠦᠨ᠎ᠡ ᠠᠶᠤᠯ ᠦᠬᠡᠢ ᠶᠢᠨ ᠪᠦᠰᠡ ᠪᠠᠨ ᠠᠯᠳᠠᠷᠠᠭᠠᠨ᠂ ᠲᠡᠷᠭᠡᠨ ᠤ ᠪᠠᠨ ᠴᠤᠩᠬᠤ ᠪᠠᠷ ᠠᠶᠤᠯ ᠠᠴᠠ ᠵᠠᠶᠢᠯᠠᠵᠤ ᠪᠤᠯᠤᠨ᠎ᠠ᠃    ᠤᠰᠤᠨ ᠳᠦᠪᠰᠢᠨ ᠨᠢᠭᠡᠨᠲᠡ ᠮᠠᠰᠢᠨ ᠲᠡᠷᠭᠡᠨ ᠤ ᠡᠬᠦᠳᠡ ᠴᠤᠩᠬᠤ ᠶᠢ ᠳᠠᠪᠠᠵᠤ᠂ ᠦᠶᠡᠷ ᠤᠨ ᠤᠰᠤᠨ ᠤ ᠦᠨᠳᠦᠷ ᠳᠠᠷᠤᠯᠲᠠ ᠶᠢᠨ ᠲᠤᠤᠷ᠎ᠠ ᠲᠡᠷᠭᠡᠨ  ᠤ ᠡᠬᠦᠳᠡ ᠪᠠᠨ ᠨᠡᠭᠡᠭᠡᠵᠤ ᠳᠡᠶᠢᠯᠬᠦ ᠦᠬᠡᠢ ᠪᠤᠯᠪᠠᠯ ᠴᠤᠭᠤᠯᠳᠤᠷ ᠪᠤᠶᠤ ᠠᠪᠤᠷᠠᠯᠳᠠ ᠶᠢᠨ ᠠᠯᠤᠬ᠎ᠠ ᠪᠠᠷ ᠲᠡᠷᠭᠡᠨ ᠤ ᠴᠤᠩᠬᠤᠨ ᠰᠢᠯ ᠢᠶᠠᠨ ᠬᠠᠭᠠᠯᠤᠨ ᠠᠶᠤᠯ ᠵᠠᠶᠢᠯᠠᠵᠤ ᠪᠤᠯᠤᠨ᠎ᠠ᠃
ᠢᠷᠡᠯᠲᠡ᠄ ᠦᠦᠰᠢᠨ ᠬᠤᠰᠢᠭᠤᠨ ᠤ ᠨᠡᠶᠢᠲᠡᠯᠡᠯ