ᠡᠩ ᠲᠡᠷᠢᠭᠦᠨ ᠳᠤ᠂ ᠪᠢᠳᠡ ᠰᠢᠯ ᠪᠤᠳᠤᠭ ᠲᠡᠭᠡᠷ᠎ᠡ ᠰᠢᠭᠤᠳ ᠪᠤᠳᠤᠵᠤ ᠵᠢᠷᠤᠬᠤ ᠪᠠ ᠪᠤᠳᠤᠵᠤ ᠵᠢᠷᠤᠬᠰᠠᠨ ᠤ ᠲᠠᠷᠠᠭ᠎ᠠ ᠰᠢᠯ ᠪᠤᠳᠤᠭ ᠢᠶᠠᠷ ᠦᠡᠭᠭᠡᠯᠡᠬᠦ | ᠦᠨᠳᠦᠰᠦᠨ ᠢᠯᠭᠠᠭ᠎ᠠ ᠶᠢ ᠣᠶᠢᠯᠠᠭᠠᠬᠤ ᠬᠡᠷᠡᠭᠲᠡᠶ᠃ | ᠰᠢᠯ ᠪᠤᠳᠤᠭ ᠲᠡᠭᠡᠷ᠎ᠡ ᠰᠢᠭᠤᠳ ᠵᠢᠷᠤᠬᠰᠠᠨ ᠬᠤᠭᠤᠯᠠᠨ ᠤ ᠰᠠᠪᠠ ᠬᠡᠷᠡᠭᠰᠡᠯ ᠤᠨ ᠥᠩᠭᠡ ᠪᠤᠳᠤᠭ ᠨᠢ ᠬᠤᠷᠴᠠ ᠰᠣᠷᠭᠤᠭ᠂ ᠵᠢᠷᠤᠭ ᠳᠦᠷᠰᠦ ᠨᠢ ᠣᠯᠠᠨ | ᠶᠠᠩᠵᠤ ᠶᠢᠨ ᠪᠠᠶᠢᠵᠤ᠂ ᠮᠠᠰᠢ ᠥᠨᠳᠥᠷ ᠴᠢᠮᠡᠭᠯᠡᠯ ᠤᠨ ᠴᠢᠨᠠᠷᠲᠠᠶ ᠪᠠᠶᠢᠳᠠᠭ᠃ ᠭᠡᠲᠡᠯ᠎ᠡ ᠬᠤᠭᠤᠯᠠᠨ ᠤ ᠰᠠᠪᠠ ᠬᠡᠷᠡᠭᠰᠡᠯ ᠤᠨ ᠭᠠᠳᠠᠷᠭᠤ ᠨᠢ ᠪᠠᠷᠠᠬᠳᠠᠵᠤ ᠪᠤᠳᠤᠭᠲᠤ | ᠮᠠᠲ᠋ᠧᠷᠢᠶᠠᠯ ᠨᠢ ᠢᠯᠡᠷᠡᠨ ᠭᠠᠷᠴᠤ᠂ ᠪᠤᠳᠤᠭᠲᠤ ᠮᠠᠲ᠋ᠧᠷᠢᠶᠠᠯ ᠤᠨ ᠶᠠᠰᠤ ᠴᠢᠨᠠᠷ ᠨᠢ ᠠᠨᠠᠶ ᠪᠤᠶᠤ ᠰᠢᠲᠠᠭᠠᠨ ᠦᠢᠯᠡᠳᠬᠦ ᠮᠡᠷᠭᠡᠰᠢᠯ ᠨᠢ ᠵᠣᠬᠢᠰ ᠥᠬᠡᠶ ᠳᠤ ᠬᠦᠷᠪᠡᠯ | ᠬᠦᠨᠳᠦ ᠲᠡᠮᠦᠷᠯᠢᠭ ᠢ ᠢᠯᠭᠠᠷᠠᠭᠤᠯᠤᠨ ᠭᠠᠷᠭᠠᠵᠤ᠂ ᠬᠥᠮᠦᠨ ᠤ ᠪᠡᠶ᠎ᠡ ᠶᠢᠨ ᠡᠷᠡᠭᠦᠯ ᠴᠢᠭᠢᠷᠠᠭ ᠲᠤ ᠳᠠᠯᠳᠠ ᠰᠦᠷᠳᠡᠭᠦᠯᠦᠯ ᠤᠴᠠᠷᠠᠭᠤᠯᠵᠤ ᠮᠡᠳᠡᠨ᠎ᠡ᠃ ᠡᠭᠦᠨ ᠲᠠᠢ | ᠬᠠᠷᠢᠴᠠᠭᠤᠯᠪᠠᠯ᠂ ᠪᠤᠳᠤᠵᠤ ᠵᠢᠷᠤᠬᠰᠠᠨ ᠲᠠᠷᠠᠭ᠎ᠠ ᠰᠢᠯ ᠪᠤᠳᠤᠭ ᠢᠶᠠᠷ ᠦᠡᠭᠭᠡᠯᠡᠭᠰᠡᠨ ᠬᠤᠭᠤᠯᠠᠨ ᠤ ᠰᠠᠪᠠ ᠬᠡᠷᠡᠭᠰᠡᠯ ᠤᠨ ᠠᠮᠤᠷ ᠲᠦᠪᠰᠢᠨ ᠴᠢᠨᠠᠷ ᠨᠢ ᠨᠠᠩ ᠥᠨᠳᠥᠷ | ᠪᠠᠶᠢᠳᠠᠭ᠃ ᠪᠤᠳᠤᠭ ᠨᠢ ᠰᠢᠯ ᠪᠤᠳᠤᠭ ᠲᠤ ᠪᠠᠭᠯᠠᠭᠳᠠᠵᠦ᠂ ᠢᠳᠡᠭᠡᠨ ᠤᠮᠳᠠ ᠲᠠᠢ ᠰᠢᠭᠤᠳ ᠬᠦᠷᠦᠯᠴᠡᠬᠦ ᠦᠭᠡᠢ ᠪᠠᠶᠢᠳᠠᠭ ᠤᠴᠢᠷ ᠠᠴᠠ ᠪᠤᠳᠤᠭ ᠳᠣᠲᠣᠷ᠎ᠠ ᠨᠢ | ᠬᠦᠨᠳᠦ ᠲᠡᠮᠦᠷᠯᠢᠭ ᠡᠯᠧᠮᠧᠨ᠋ᠲ ᠠᠭᠤᠯᠤᠭᠰᠠᠨ ᠴᠤ ᠠᠮᠠᠷᠬᠠᠨ ᠢᠯᠭᠠᠷᠠᠨ ᠭᠠᠷᠬᠤ ᠦᠭᠡᠢ ᠶᠤᠮ᠃ ᠡᠭᠦᠨ ᠠᠴᠠ ᠭᠠᠳᠠᠨ᠎ᠠ᠂ ᠪᠤᠳᠤᠵᠤ ᠵᠢᠷᠤᠬᠰᠠᠨ ᠲᠠᠷᠠᠭ᠎ᠠ ᠰᠢᠯ | ᠪᠤᠳᠤᠭ ᠢᠶᠠᠷ ᠦᠡᠭᠭᠡᠯᠡᠭᠰᠡᠨ ᠬᠤᠭᠤᠯᠠᠨ ᠤ ᠰᠠᠪᠠ ᠬᠡᠷᠡᠭᠰᠡᠯ ᠤᠨ ᠥᠩᠭᠡ ᠪᠤᠳᠤᠭ ᠨᠢ ᠨᠠᠩ ᠤᠶᠠᠨ ᠵᠥᠭᠡᠯᠡᠨ ᠪᠠᠶᠢᠵᠤ᠂ ᠬᠥᠮᠦᠰ ᠲᠤ ᠬᠠᠰ ᠰᠢᠭ᠋ ᠵᠥᠭᠡᠯᠡᠨ | ᠲᠥᠷᠥᠭᠳᠡᠯ ᠥᠭᠴᠦ᠂ ᠲᠤᠮᠳᠠᠳᠤᠴᠤᠳ ᠤᠨ ᠭᠤᠸ᠎ᠠ ᠰᠠᠶᠢᠬᠠᠨ ᠤ ᠣᠶᠢᠯᠠᠭᠠᠭᠳᠠᠬᠤᠨ ᠲᠠᠢ ᠨᠠᠩ ᠨᠡᠶᠢᠴᠡᠵᠦ ᠪᠠᠶᠢᠳᠠᠭ᠃ ᠰᠢᠯ ᠪᠤᠳᠤᠭ ᠢᠶᠠᠷ ᠥᠩᠭᠡᠯᠡᠭᠰᠡᠨ | ᠬᠤᠭᠤᠯᠠᠨ ᠤ ᠰᠠᠪᠠ ᠬᠡᠷᠡᠭᠰᠡᠯ ᠢ ᠦᠢᠯᠡᠳᠪᠦᠷᠢᠯᠡᠬᠦ ᠶᠠᠪᠤᠴᠠ ᠳᠤ ᠥᠨᠳᠥᠷ ᠬᠠᠯᠠᠭᠤᠨ ᠳᠤ ᠰᠢᠲᠠᠭᠠᠳᠠᠭ ᠪᠣᠯᠬᠤᠷ ᠥᠩᠭᠡᠨ ᠲᠠᠯ᠎ᠠ ᠨᠢ ᠨᠡᠩ ᠭᠢᠯᠦᠭᠡᠷ ᠪᠠᠶᠢᠵᠤ᠂ | ᠠᠮᠠᠷᠬᠠᠨ ᠪᠠᠺᠲ᠋ᠧᠷᠢ ᠡᠭᠦᠰᠭᠡᠬᠦ ᠦᠭᠡᠶ᠂ ᠡᠷᠡᠭᠦᠯ ᠬᠠᠮᠠᠭᠠᠯᠠᠯ ᠤᠨ ᠱᠠᠭᠠᠷᠳᠠᠯᠭ᠎ᠠ ᠳᠤ ᠨᠡᠩ ᠢᠯᠡᠭᠦᠦ ᠨᠡᠶᠢᠴᠡᠳᠡᠭ᠃ |