ᠡᠩ ᠲᠡᠷᠢᠭᠦᠨ ᠳᠤ᠂ ᠪᠣᠯᠪᠠᠰᠤᠷᠠᠭᠤᠯᠬᠤ ᠨᠢ ᠬᠡᠳᠦᠶ ᠲᠥᠬᠦᠮ ᠪᠣᠯ ᠦᠨᠢᠶᠡᠨ ᠰᠦ ᠶᠢᠨ ᠳᠣᠲᠣᠷᠠᠬᠢ ᠰᠢᠮ᠎ᠡ ᠲᠡᠵᠢᠭᠡᠯᠲᠦ ᠡᠳ᠋ ᠤᠨ ᠬᠤᠬᠢᠷᠠᠯ ᠲᠡᠳᠦᠶ ᠪᠠᠭ᠎ᠠ | ᠪᠠᠶᠢᠳᠠᠭ᠂ ᠬᠡᠷ ᠲᠡᠭᠡᠨ ᠫᠠᠰᠳᠧᠷ ᠨᠡᠷᠡᠮᠵᠢᠳᠦ ᠰᠦ ᠶᠢ ᠤᠷᠢᠳ ᠢᠶᠠᠷ ᠰᠣᠩᠭᠤᠵᠤ ᠪᠣᠯᠤᠨ᠎ᠠ᠃ | ᠳᠠᠷᠠᠭ᠎ᠠ ᠳᠤᠨᠢ᠂ ᠦᠨᠢᠶᠡᠨ ᠰᠦ ᠶᠢᠨ ᠭᠠᠳᠠᠷ ᠪᠤᠭᠤᠳᠠᠯ ᠢ ᠦᠵᠡᠵᠦ ᠰᠤᠷᠬᠤ ᠬᠡᠷᠡᠭᠲᠡᠶ᠃ ᠨᠢᠭᠡ ᠳᠤ ᠨᠠᠶᠢᠷᠠᠯᠭ᠎ᠠ ᠶᠢᠨ ᠬᠦᠰᠦᠨᠦᠭᠲᠦ ᠶᠢ ᠦᠵᠡᠬᠦ ᠭᠡᠷᠡᠭᠳᠡᠢ᠃ | ᠲᠦᠭᠦᠬᠡᠶ ᠡᠳ᠋ ᠨᠢ ᠵᠥᠪᠬᠡᠨ ᠰᠢᠨ᠎ᠡ ᠰᠦ ᠪᠠᠷ ᠨᠡᠶᠢᠷᠠᠬᠰᠠᠨ ᠢ ᠰᠤᠩᠭᠤᠬᠤ ᠬᠡᠷᠡᠭᠳᠡᠢ᠂ ᠡᠶᠢᠮᠦ ᠰᠦ ᠨᠢ ᠰᠠᠶ᠋ᠢ ᠴᠡᠪᠡᠷ ᠰᠦ ᠪᠤᠯᠤᠨ᠎ᠠ᠃ ᠬᠤᠶᠠᠷ ᠲᠤ ᠰᠢᠮ᠎ᠡ | ᠲᠡᠵᠢᠭᠡᠯ ᠤᠨ ᠪᠦᠷᠢᠯᠳᠦᠬᠦᠨ ᠤ ᠬᠦᠰᠦᠨᠦᠭᠲᠦ ᠶᠢ ᠦᠵᠡᠬᠦ ᠭᠡᠷᠡᠭᠳᠡᠢ᠃ ᠤᠯᠤᠰ ᠤᠨ ᠬᠠᠮᠢᠶ᠎ᠠ ᠪᠥᠬᠦᠶ ᠪᠠᠷᠢᠮᠵᠢᠶ᠎ᠠ ᠶᠢᠨ ᠱᠠᠭᠠᠷᠳᠠᠯᠭ᠎ᠠ ᠶᠢ ᠦᠨᠳᠦᠰᠦᠯᠡᠪᠡᠯ᠂ ᠦᠨᠢᠶᠡᠨ | ᠰᠦ ᠳᠠᠬᠢ ᠤᠭᠤᠷᠠᠭ ᠤᠨ ᠠᠭᠤᠯᠤᠭᠳᠠᠴᠠ ᠨᠢ 100 ᠮᠢᠯᠢᠯᠢᠳ᠋ᠷ ᠪᠦᠷᠢ ᠳᠤ 2.8 ᠭᠷᠠᠮ ᠠᠴᠠ ᠳᠤᠤᠷ᠎ᠠ ᠪᠠᠶᠢᠵᠤ ᠪᠣᠯᠬᠤ ᠥᠬᠡᠶ᠃ ᠤᠭᠤᠷᠠᠭ ᠤᠨ ᠠᠭᠤᠯᠤᠭᠳᠠᠴᠠ | ᠬᠡᠳᠦᠶ ᠥᠨᠳᠥᠷ ᠪᠣᠯ ᠰᠢᠮ᠎ᠡ ᠲᠡᠵᠢᠭᠡᠯ ᠨᠢ ᠠᠶᠠᠨᠳᠠᠭᠠᠨ ᠲᠡᠳᠦᠶ ᠥᠨᠳᠥᠷ ᠪᠠᠶᠢᠳᠠᠭ᠃ ᠶᠡᠷᠦ ᠳᠡᠭᠡᠨ 100 ᠮᠢᠯᠢᠯᠢᠳ᠋ᠷ ᠦᠨᠢᠶᠡᠨ ᠰᠦ ᠳᠣᠲᠣᠷᠠᠬᠢ ᠺᠠᠯᠼ ᠤᠨ | ᠠᠭᠤᠯᠤᠭᠳᠠᠴᠠ ᠨᠢ 90 ~120 ᠮᠢᠯᠢᠭᠷᠡᠮ ᠪᠠᠶᠢᠳᠠᠭ︔ ᠬᠡᠷᠪᠡ ᠺᠠᠯᠼ ᠤᠨ ᠠᠭᠤᠯᠤᠭᠳᠠᠴᠠ ᠨᠢ 120 ᠮᠢᠯᠢᠭᠷᠡᠮ ᠠᠴᠠ ᠥᠨᠳᠥᠷ ᠪᠠᠶᠢᠪᠠᠯ ᠲᠡᠭᠦᠨ ᠢ ᠳᠠᠷᠤᠢ | ᠺᠠᠯᠼ ᠥᠨᠳᠥᠷ ᠰᠦ ᠭᠡᠨ᠎ᠡ᠃ | ᠬᠠᠮᠤᠭ ᠰᠡᠭᠦᠯ ᠳᠤ᠂ ᠦᠨᠢᠶᠡᠨ ᠰᠦ ᠶᠢ ᠰᠣᠩᠭᠤᠬᠤ ᠳᠤ ᠬᠥᠮᠦᠨ ᠬᠥᠮᠦᠨ ᠤ ᠪᠠᠶᠢᠳᠠᠯ ᠳᠤᠨᠢ ᠲᠤᠬᠢᠷᠠᠭᠤᠯᠤᠨ ᠰᠤᠩᠭᠤᠬᠤ ᠪᠠᠶᠢᠬᠤ ᠬᠡᠷᠡᠭᠲᠡᠶ᠂ ᠲᠤᠰᠤ ᠶᠢ ᠨᠢ | ᠠᠪᠤᠬᠰᠠᠨ ᠰᠦ ᠨᠢ ᠨᠠᠩ ᠢᠯᠡᠬᠦᠦ ᠡᠷᠡᠭᠦᠯ ᠴᠢᠭᠢᠷᠠᠭ ᠲᠤ ᠠᠰᠢᠬᠳᠠᠢ ᠪᠢᠰᠢ ᠶᠤᠮ᠃ ᠬᠡᠷᠪᠡ ᠲᠠ ᠴᠢᠰᠤᠨ ᠤ ᠥᠭᠡᠬᠦ ᠬᠡᠪ ᠤᠨ ᠪᠤᠰᠤ ᠪᠠᠶᠢᠳᠠᠯ ᠲᠠᠢ ᠪᠣᠯ ᠵᠣᠬᠢᠬᠤ | ᠬᠡᠮᠵᠢᠶᠡᠨ ᠤ ᠲᠤᠰᠤ ᠶᠢ ᠨᠢ ᠠᠪᠤᠬᠰᠠᠨ ᠰᠦ ᠪᠤᠶᠤ ᠲᠤᠰᠤ ᠶᠢ ᠨᠢ ᠬᠠᠭᠠᠰ ᠠᠪᠤᠬᠰᠠᠨ ᠰᠦ ᠶᠢ ᠰᠣᠩᠭᠤᠵᠤ ᠪᠣᠯᠤᠨ᠎ᠠ᠃ ᠨᠠᠰᠤᠲᠠᠶᠢᠴᠤᠳ ᠪᠠ ᠬᠡᠦᠬᠡᠳ ᠲᠤ | ᠠᠪᠴᠤ ᠬᠡᠯᠡᠪᠡᠯ᠂ ᠦᠨᠡᠨ ᠳᠡᠭᠡᠨ ᠴᠤᠯᠤ ᠰᠦ ᠤᠤᠭᠤᠪᠡᠯ ᠨᠡᠩ ᠰᠠᠶᠢᠨ ᠶᠤᠮ᠃ |