ᠡᠨᠡ ᠶᠠᠪᠤᠳᠠᠯ ᠪᠡᠶ᠎ᠡ ᠳᠤ ᠲᠤᠩ ᠮᠠᠭᠤ᠂ ᠭᠡᠳᠡᠯ᠎ᠡ ᠮᠠᠰᠢ ᠣᠯᠠᠨ ᠬᠥᠮᠦᠨ ᠡᠬᠦᠨ ᠢ ᠠᠩᠬᠠᠷᠬᠤ ᠪᠠᠶᠢᠨ᠎ᠠ
ᠨᠡᠶᠢᠲᠡᠯᠡᠭᠰᠡᠨ ᠴᠠᠭ᠄
2024/5/14
    ᠤᠳᠠᠭᠠᠨ ᠰᠠᠭᠤᠬᠤ ᠨᠢ ᠪᠡᠶ᠎ᠡ ᠳᠤ ᠬᠤᠤᠷᠲᠠᠶ ᠶᠤᠮ᠂ ᠲᠡᠭᠡᠪᠡᠯ ᠴᠤᠬᠤᠮ ᠬᠡᠳᠦᠶ ᠤᠳᠠᠭᠠᠨ ᠰᠠᠭᠤᠪᠠᠯ ᠤᠳᠠᠭᠠᠨ ᠰᠠᠭᠤᠭᠰᠠᠨ ᠳᠤ ᠲᠣᠭᠠᠴᠠᠭᠳᠠᠬᠤ ᠪᠤᠢ︖    90 ᠮᠢᠨᠦ᠋ᠲ ᠠᠴᠠ ᠳᠡᠭᠡᠭᠰᠢ ᠬᠦᠳᠡᠯᠦᠯ ᠦᠭᠡᠢ ᠰᠠᠭᠤᠬᠤ ᠨᠢ ᠪᠦᠷ ᠤᠳᠠᠭᠠᠨ ᠰᠠᠭᠤᠭᠰᠠᠨ ᠳᠤ ᠲᠤᠭᠠᠴᠠᠬᠳᠠᠨ᠎ᠠ᠃    30 ᠮᠢᠨᠦ᠋ᠲ ᠠᠯᠤᠰᠯᠠᠬᠤ ᠪᠦᠷᠢ ᠨᠢᠭᠡ ᠤᠳᠠᠭ᠎ᠠ ᠰᠠᠭᠤᠳᠠᠯ ᠠᠴᠠ ᠪᠠᠨ ᠪᠤᠰᠬᠤ ᠬᠡᠷᠡᠭᠳᠡᠢ᠂ ᠨᠠᠭᠠᠳᠤ ᠵᠠᠬ᠎ᠠ ᠳᠠᠭᠠᠨ ᠨᠢᠭᠡ ᠴᠣᠮᠣ ᠤᠰᠤ ᠬᠢᠵᠦ ᠠᠪᠬᠤ᠂ ᠠᠯᠪᠠᠨ ᠭᠡᠷ ᠢᠶᠠᠨ ᠲᠣᠭᠤᠷᠢᠨ ᠶᠠᠪᠤᠬᠤ ᠪᠤᠶᠤ ᠪᠣᠰᠴᠤ ᠵᠤᠬᠰᠤᠭᠠᠳ ᠵᠢᠭᠠᠬᠠᠨ ᠠᠵᠢᠯᠯᠠᠭᠠᠳ ᠲᠠᠬᠢᠨ ᠰᠠᠭᠤᠭᠰᠠᠨ ᠴᠤ ᠪᠣᠯᠤᠨ᠎ᠠ᠃    ᠬᠡᠷᠪᠡ ᠨᠥᠬᠦᠴᠡᠯ ᠲᠠᠢ ᠪᠣᠯ ᠠᠯᠪᠠᠨ ᠭᠡᠷ ᠲᠤᠳᠤᠷ᠎ᠠ ᠬᠢᠵᠦ ᠪᠤᠯᠬᠤ ᠰᠤᠩᠭᠠᠬᠤ ᠪᠣᠯᠪᠠᠰᠤᠷᠠᠯ ᠢ ᠬᠢᠪᠡᠯ ᠨᠠᠩ ᠰᠠᠶᠢᠨ ᠶᠤᠮ᠃    1. ᠰᠡᠭᠦᠵᠢᠨ ᠦᠶ᠎ᠡ ᠪᠠᠨ ᠰᠤᠩᠭᠠᠬᠤ ᠬᠦᠳᠡᠯᠭᠡᠭᠡᠨ︔    2. ᠨᠢᠷᠤᠭᠤ ᠶᠢᠨ ᠪᠤᠯᠴᠢᠩ ᠢᠶᠠᠨ ᠰᠤᠯᠠᠷᠠᠭᠤᠯᠬᠤ ᠬᠦᠳᠡᠯᠭᠡᠭᠡᠨ︔    3. ᠮᠥᠷᠥ ᠲᠠᠯᠤ ᠶᠢᠨ ᠬᠦᠳᠡᠯᠭᠡᠭᠡᠨ︔    4. ᠬᠦᠵᠦᠭᠦᠦ ᠪᠠᠨ ᠰᠤᠩᠭᠠᠬᠤ ᠬᠦᠳᠡᠯᠭᠡᠭᠡᠨ︔    5. ᠨᠢᠷᠤᠭᠤ ᠪᠠᠨ ᠲᠤᠷᠤᠬᠰᠢ ᠲᠠᠷᠤᠬᠤ ᠬᠦᠳᠡᠯᠭᠡᠭᠡᠨ ᠬᠢᠵᠦ ᠪᠤᠯᠤᠨ᠎ᠡ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ