ᠵᠢᠷᠦᠭᠡ ᠡᠨᠡ ᠭᠤᠷᠪᠠᠨ ᠴᠠᠭ ᠬᠤᠭᠤᠴᠠᠭ᠎ᠠ ᠳᠤ ᠬᠠᠮᠤᠭ ᠤᠨ ᠬᠡᠪᠡᠷᠡᠭ ᠪᠠᠶᠢᠳᠠᠭ᠂ ᠡᠨᠡ ᠬᠦ ᠵᠢᠷᠦᠬᠡ ᠬᠠᠮᠠᠭᠠᠯᠠᠬᠤ ᠴᠠᠭ ᠤᠨ ᠬᠦᠰᠦᠨᠦᠭᠲᠦ ᠶᠢ ᠬᠤᠷᠢᠶᠠᠵᠦ ᠠᠪᠤᠭᠠᠷᠠᠢ
ᠨᠡᠶᠢᠲᠡᠯᠡᠭᠰᠡᠨ ᠴᠠᠭ᠄
2024/5/14
    ᠨᠢᠭᠡ ᠡᠳᠦᠷ ᠤᠨ ᠠᠯᠢ ᠴᠠᠭ ᠬᠤᠭᠤᠴᠠᠭ᠎ᠠ ᠳᠤ ᠵᠢᠷᠦᠬᠡᠨ ᠤ ᠡᠷᠡᠭᠦᠯ ᠮᠡᠨᠳᠦ ᠪᠠᠨ ᠨᠠᠩ ᠠᠩᠬᠠᠷᠪᠠᠯ ᠵᠤᠬᠢᠬᠤ ᠪᠤᠢ︖    ᠵᠢᠷᠦᠬᠡᠨ ᠤ ᠬᠠᠮᠤᠭ ᠤᠨ ᠬᠡᠪᠡᠷᠡᠭ 3 ᠴᠠᠭ ᠬᠤᠭᠤᠴᠠᠭ᠎ᠠ᠄    1. ᠥᠷᠯᠥᠭᠡ ᠪᠣᠰᠬᠤ ᠦᠶ᠎ᠡ    ᠬᠥᠮᠦᠨ ᠠᠮᠠᠷᠠᠬᠤ ᠦᠶ᠎ᠡ ᠳᠤ ᠵᠢᠷᠦᠬᠡᠨ ᠤ ᠳᠠᠪᠲᠠᠮᠵᠢ ᠨᠡᠯᠢᠶᠡᠳ ᠤᠳᠠᠭᠠᠨ ᠪᠤᠯᠵᠤ᠂ ᠨᠢᠭᠡ ᠰᠥᠨᠢ ᠶᠢᠨ ᠰᠢᠨ᠎ᠡ ᠬᠠᠭᠤᠴᠢᠨ ᠤ ᠰᠣᠯᠢᠯᠴᠠᠭ᠎ᠠ ᠶᠢᠨ ᠬᠤᠷᠣᠭᠳᠠᠯ ᠢᠶᠠᠷ ᠲᠠᠮᠵᠢᠭᠠᠳ᠂ ᠴᠢᠰᠤ ᠬᠠᠷᠢᠴᠠᠩᠭᠤᠢ ᠪᠠᠷ ᠥᠳᠬᠡᠷᠡᠵᠦ᠂ ᠴᠢᠰᠤᠨ ᠬᠦᠶᠦᠳᠡᠯ ᠤᠳᠠᠭᠠᠰᠢᠷᠠᠵᠤ᠂ ᠠᠮᠠᠷᠬᠠᠨ ᠴᠢᠰᠤᠨ ᠰᠤᠳᠠᠯ ᠤᠨ ᠲᠦᠭᠵᠢᠷᠡᠯ ᠡᠭᠦᠰᠳᠡᠭ᠃ ᠥᠷᠯᠥᠭᠡ ᠪᠣᠰᠤᠭᠰᠠᠨ ᠤ ᠳᠠᠷᠠᠭ᠎ᠠ᠂ ᠰᠣᠯᠪᠢᠭᠤ ᠮᠡᠳᠡᠷᠡᠯ ᠶᠡᠭᠡᠳᠡ ᠬᠥᠭᠡᠷᠴᠦ᠂ ᠵᠢᠷᠦᠬᠡᠨ ᠴᠤᠬᠢᠯᠭ᠎ᠠ ᠲᠦᠷᠭᠡᠰᠴᠦ᠂ ᠴᠢᠰᠤᠨ ᠳᠠᠷᠤᠯᠲᠠ ᠳᠡᠭᠡᠭᠰᠢᠯᠡᠵᠦ᠂ ᠰᠡᠳᠬᠢᠯ ᠳᠣᠭᠳᠣᠯᠳᠠᠭ᠃ ᠬᠡᠷᠪᠡ ᠡᠨᠡ ᠦᠶ᠎ᠡ ᠳᠤ ᠶᠠᠭᠠᠷᠠᠵᠤ ᠬᠥᠳᠡᠯᠭᠡᠭᠡᠨ ᠬᠢᠬᠦ ᠳᠤ ᠬᠦᠷᠪᠡᠯ᠂ ᠴᠢᠰᠤᠨ ᠳᠠᠷᠤᠯᠲᠠ ᠥᠨᠳᠥᠷ᠂ ᠴᠢᠰᠤᠨ ᠥᠭᠡᠬᠦ ᠡᠷᠡᠭᠦᠯ ᠪᠤᠰᠤ ᠬᠥᠮᠦᠰ ᠵᠡᠷᠭᠡ ᠠᠶᠤᠯ ᠶᠡᠬᠡᠲᠡᠶ ᠬᠥᠮᠦᠰ ᠵᠢᠷᠦᠬᠡ ᠴᠢᠰᠤᠨ ᠰᠤᠳᠠᠯ ᠤᠨ ᠡᠪᠡᠳᠴᠢᠨ ᠡᠭᠦᠰᠴᠤ ᠮᠡᠳᠡᠨ᠎ᠡ᠃    ᠰᠠᠨᠠᠭᠤᠯᠤᠮᠵᠢ᠄ ᠪᠣᠰᠬᠤ ᠠᠴᠠ ᠪᠠᠨ ᠡᠮᠦᠨ᠎ᠡ ᠵᠢᠭᠠᠬᠠᠨ ᠬᠡᠪᠲᠡᠵᠦ᠂ ᠬᠡᠲᠦᠷᠬᠡᠶ ᠲᠦᠷᠭᠡᠨ ᠬᠡᠲᠦᠷᠬᠡᠶ ᠰᠢᠷᠦᠭᠦᠨ ᠬᠦᠳᠡᠯᠭᠡᠭᠡᠨ ᠬᠢᠵᠦ ᠪᠣᠯᠬᠤ ᠥᠬᠡᠶ᠃ ᠰᠡᠷᠡᠭᠰᠡᠨ ᠤ ᠪᠠᠨ ᠳᠠᠷᠠᠭ᠎ᠠ ᠨᠢᠭᠡ ᠴᠣᠮᠣ ᠪᠦᠯᠢᠶᠡᠨ ᠤᠰᠤ ᠤᠤᠭᠤᠵᠤ᠂ ᠥᠷᠯᠥᠭᠡᠨ ᠤ ᠬᠤᠭᠤᠯᠠᠨ ᠳᠠᠭᠠᠨ ᠲᠣᠰᠣᠯᠢᠭ ᠪᠠ ᠬᠡᠲᠦ ᠱᠣᠷᠪᠣᠭ ᠢᠳᠡᠭᠡᠨ ᠪᠠᠭ᠎ᠠ ᠢᠳᠡ᠃    ᠴᠢᠰᠤᠨ ᠳᠠᠷᠤᠯᠲᠠ ᠥᠨᠳᠥᠷ ᠬᠥᠮᠦᠨ ᠬᠠᠮᠤᠭ ᠰᠠᠶᠢᠨ ᠨᠢ ᠥᠷᠯᠥᠭᠡ ᠪᠣᠰᠤᠭᠠᠳ ᠳᠠᠷᠤᠯᠲᠠ ᠪᠠᠭᠤᠷᠠᠭᠤᠯᠬᠤ ᠡᠮ ᠤᠤᠭᠤᠪᠠᠯ ᠵᠤᠬᠢᠨ᠎ᠠ᠂ ᠢᠡᠭᠭᠢᠪᠡᠯ ᠴᠢᠰᠤᠨ ᠳᠠᠷᠤᠯᠲᠠ ᠲᠣᠭᠲᠠᠪᠤᠷᠢ ᠦᠭᠡᠢ ᠪᠣᠯᠬᠤ ᠶᠢ ᠰᠡᠷᠭᠡᠶᠢᠯᠡᠵᠦ ᠴᠢᠳᠠᠨ᠎ᠡ᠃    2. ᠦᠳᠡ ᠶᠢᠨ ᠡᠮᠦᠨᠡᠬᠢ 9 ᠴᠠᠭ ᠠᠴᠠ 11 ᠴᠠᠭ ᠪᠤᠯᠳᠠᠯᠠᠬᠢ ᠦᠶ᠎ᠡ    ᠡᠨᠡ ᠦᠶ᠎ᠡ ᠳᠤ ᠴᠢᠰᠤᠨ ᠳᠠᠷᠤᠯᠲᠠ ᠥᠨᠳᠥᠷ ᠪᠠᠶᠢᠵᠤ᠂ ᠰᠣᠯᠪᠢᠭᠤ ᠮᠡᠳᠡᠷᠡᠯ ᠬᠥᠭᠡᠷᠴᠦ᠂ ᠬᠥᠮᠦᠰ ᠰᠡᠳᠬᠢᠯ ᠳᠣᠭᠳᠣᠯᠤᠨ ᠬᠥᠭᠡᠷᠳᠡᠭ᠃ ᠡᠭᠦᠨ ᠤ ᠬᠠᠮᠲᠤ ᠪᠤᠯᠴᠢᠩ ᠰᠢᠷᠪᠤᠰᠤ ᠨᠢ ᠠᠮᠢᠳᠤᠯᠢᠭ ᠬᠥᠳᠡᠯᠭᠡᠭᠡᠨᠳᠦ ᠪᠠᠶᠢᠳᠠᠯ ᠳᠤ ᠣᠷᠣᠰᠢᠵᠤ᠂ ᠣᠯᠠᠨ ᠵᠦᠢᠯ ᠤᠨ ᠡᠯᠧᠮᠧᠨ᠋ᠲ ᠳᠠᠪᠬᠤᠴᠠᠬᠤ ᠳᠤ ᠬᠦᠷᠪᠡᠯ ᠲᠣᠯᠪᠤ ᠨᠢ ᠲᠣᠭᠲᠠᠪᠤᠷᠢ ᠦᠭᠡᠢ ᠪᠣᠯᠵᠤ᠂ ᠵᠢᠷᠦᠬᠡ ᠪᠠᠵᠠᠯᠠᠵᠤ ᠡᠪᠡᠳᠬᠦ᠂ ᠵᠢᠷᠦᠬᠡᠨ ᠲᠦᠭᠵᠢᠷᠡᠯ ᠵᠡᠷᠭᠡ ᠵᠢᠷᠦᠬᠡ ᠴᠢᠰᠤᠨ ᠰᠤᠳᠠᠯ ᠤᠨ ᠡᠪᠡᠳᠴᠢᠨ ᠡᠭᠦᠰᠬᠦ ᠲᠦᠭᠰᠢᠭᠦᠷᠢ ᠶᠢ ᠨᠡᠮᠡᠭᠳᠡᠭᠦᠯᠳᠡᠭ᠃    ᠰᠠᠨᠠᠭᠤᠯᠤᠮᠵᠢ᠄ ᠦᠳᠡ ᠶᠢᠨ ᠬᠤᠭᠤᠯᠠ ᠪᠠᠨ ᠬᠡᠲᠦᠷᠡᠲᠡᠯ᠎ᠡ ᠢᠳᠡᠵᠦ ᠪᠣᠯᠬᠤ ᠥᠬᠡᠶ᠂ ᠬᠤᠭᠤᠯᠠᠨ ᠤ ᠳᠠᠷᠠᠭ᠎ᠠ ᠰᠡᠯᠡᠭᠦᠴᠡᠨ ᠠᠯᠬᠤᠵᠤ᠂ ᠦᠳᠡ ᠳᠤ ᠴᠢᠳᠠᠬᠤ ᠶᠢᠨ ᠲᠤᠳᠤᠷ᠎ᠠ ᠬᠠᠭᠠᠰ ᠴᠠᠭ ᠤᠨᠲᠠᠬᠤ ᠬᠡᠷᠡᠭᠲᠡᠶ᠃    3. ᠦᠳᠡ ᠶᠢᠨ ᠬᠤᠶᠢᠨᠡᠬᠢ 15 ᠴᠠᠭ ᠠᠴᠠ 17 ᠴᠠᠭ ᠪᠤᠯᠳᠠᠯᠠᠬᠢ ᠦᠶ᠎ᠡ    ᠦᠳᠡ ᠶᠢᠨ ᠡᠮᠦᠨ᠎ᠡ ᠬᠠᠲᠠᠭᠤᠵᠢᠯᠲᠠᠶ ᠠᠵᠢᠯᠯᠠᠬᠤ ᠪᠠᠷ ᠳᠠᠮᠵᠢᠨ᠂ ᠪᠡᠶ᠎ᠡ ᠮᠠᠬᠠᠪᠣᠳ ᠪᠠ ᠶᠡᠭᠡ ᠲᠠᠷᠢᠬᠢ ᠪᠦᠷ ᠨᠡᠯᠢᠶᠡᠳ ᠶᠠᠳᠠᠷᠠᠭᠰᠠᠨ ᠪᠠᠢᠳᠠᠯ ᠳᠤ ᠤᠷᠤᠳᠠᠭ︔ ᠦᠳᠡ ᠶᠢᠨ ᠬᠤᠶᠢᠨᠠᠬᠢ 16 ᠴᠠᠭ ᠠᠴᠠ ᠡᠬᠢᠯᠡᠨ ᠬᠥᠮᠦᠨ ᠤ ᠪᠡᠶ᠎ᠡ ᠶᠢᠨ ᠴᠢᠰᠤᠨ ᠳᠠᠷᠤᠯᠲᠠ ᠲᠠᠬᠢᠨ ︽ᠦᠨᠳᠦᠷᠵᠢᠳᠡᠭ︾ ᠠᠴᠠ ᠵᠢᠷᠦᠬᠡ ᠪᠠᠵᠠᠯᠠᠵᠤ ᠡᠪᠡᠳᠬᠦ᠂ ᠵᠢᠷᠦᠬᠡᠨ ᠪᠤᠯᠴᠢᠩ ᠤᠨ ᠲᠦᠭᠵᠢᠷᠡᠯ ᠵᠡᠷᠭᠡ ᠭᠡᠨᠡᠳᠡᠯ ᠡᠭᠦᠰᠳᠡᠭ᠃    ᠰᠠᠨᠠᠭᠤᠯᠤᠮᠵᠢ᠄ ᠠᠵᠢᠯ ᠤᠨ ᠵᠠᠪᠰᠠᠷ ᠲᠠᠭᠠᠨ ᠬᠡᠳᠦ ᠤᠳᠠᠭ᠎ᠠ ᠪᠣᠰᠴᠤ ᠬᠥᠳᠡᠯᠭᠡᠭᠡᠨ ᠬᠢᠵᠦ ᠪᠣᠯᠤᠨ᠎ᠠ᠂ ᠣᠷᠣᠶ ᠶᠢᠨ ᠬᠤᠭᠤᠯᠠ ᠪᠠᠨ ᠬᠡᠲᠦᠷᠡᠲᠡᠯ᠎ᠡ ᠢᠳᠡᠵᠦ ᠤᠤᠭᠤᠵᠤ ᠪᠣᠯᠬᠤ ᠥᠬᠡᠶ᠃ ᠤᠨᠲᠠᠬᠤ ᠠᠴᠠ ᠪᠠᠨ ᠡᠮᠦᠨ᠎ᠡ ᠪᠢᠲᠡᠭᠡᠶ ᠭᠠᠷ ᠤᠲᠠᠰᠤ ᠪᠠᠨ ᠦᠵᠡᠭᠡᠳ ᠪᠠᠶᠢᠭᠠᠷᠠᠢ᠂ ᠨᠣᠮ ᠤᠩᠰᠢᠬᠤ ᠪᠤᠶᠤ ᠳᠠᠭᠤᠤ ᠰᠣᠨᠣᠰᠴᠤ᠂ ᠪᠡᠶ᠎ᠡ ᠰᠡᠳᠬᠢᠯ ᠢᠶᠠᠨ ᠪᠦᠷᠢᠮᠦᠰᠦᠨ ᠰᠤᠯᠠ ᠲᠠᠯᠪᠢᠵᠤ᠂ ᠤᠨᠲᠠᠬᠤ ᠪᠠᠷ ᠪᠡᠯᠡᠳᠭᠡᠵᠦ ᠪᠤᠯᠤᠨ᠎ᠠ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ