ᠬᠤᠳᠠ ᠶᠢᠨ ᠤᠯᠠᠭᠠᠨᠮᠥ᠋ᠴᠢᠷ 2024 ᠣᠨ ᠳᠤ ᠪᠦᠬᠦ ᠠᠷᠠᠳ ᠢᠶᠠᠷ ᠢᠶᠠᠨ ᠤᠢ ᠰᠢᠭᠤᠢ ᠶᠢᠨ ᠬᠤᠳᠠ ᠶᠢ ᠬᠠᠮᠲᠤ ᠪᠠᠷ ᠪᠦᠳᠦᠭᠡᠨ ᠪᠠᠶᠢᠭᠤᠯᠬᠤ ᠤᠬᠠᠭᠤᠯᠭ᠎ᠠ ᠶᠢᠨ ᠲᠣᠭᠯᠠᠯᠲᠠ ᠶᠢᠨ ᠠᠵᠢᠯᠯᠠᠭ᠎ᠠ ᠥᠷᠨᠢᠭᠦᠯᠵᠡᠢ
ᠨᠡᠶᠢᠲᠡᠯᠡᠭᠰᠡᠨ ᠴᠠᠭ᠄
2024/5/22
    ᠬᠤᠲᠠ ᠶᠢᠨ ᠠᠷᠠᠳ ᠤᠨ ᠣᠶ ᠰᠢᠭᠤᠶ ᠶᠢᠨ ᠬᠤᠲᠠ ᠶᠢᠨ ᠪᠥᠲᠥᠭᠡᠨ ᠪᠠᠶᠢᠭᠤᠯᠤᠯᠲᠠ ᠶᠢᠨ ᠲᠤᠬᠠᠶ ᠲᠠᠨᠢᠯᠲᠠ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠬᠤᠲᠠ ᠶᠢᠨ ᠠᠷᠠᠳ ᠤᠨ ᠣᠶ ᠰᠢᠭᠤᠶ ᠶᠢᠨ ᠬᠤᠲᠠ ᠶᠢᠨ ᠪᠥᠲᠥᠭᠡᠨ ᠪᠠᠶᠢᠭᠤᠯᠤᠯᠲᠠ ᠳᠤ ᠣᠷᠣᠯᠴᠠᠬᠤ ᠬᠠᠯᠠᠭᠤᠨ ᠰᠡᠳᠬᠢᠯᠭᠡ ᠶᠢ ᠬᠥᠭᠵᠢᠭᠡᠨ᠂ ᠰᠠᠶᠢᠨ ᠰᠠᠶᠢᠬᠠᠨ ᠬᠡᠷ ᠣᠷᠣᠨ ᠢᠶᠠᠨ ᠬᠠᠮᠲᠤ ᠪᠠᠷ ᠪᠥᠲᠥᠭᠡᠨ ᠪᠠᠶᠢᠭᠤᠯᠬᠤ ᠭᠦᠨ ᠵᠤᠵᠠᠭᠠᠨ ᠠᠭᠤᠷ ᠠᠮᠢᠰᠬᠤᠯ ᠢ ᠪᠣᠶ ᠪᠣᠯᠭᠠᠬᠤ ᠶᠢᠨ ᠲᠥᠯᠥᠭᠡ᠂ 4 ᠰᠠᠷ᠎ᠠ ᠶᠢᠨ 25 ᠤ ᠡᠳᠦᠷ᠂ ᠵᠠᠯᠠᠨ ᠠᠶᠢᠯ ᠬᠤᠲᠠ ᠶᠢᠨ ᠤᠯᠠᠭᠠᠨᠮᠥ᠋ᠴᠢᠷ ᠶᠢᠩ ᠱᠠᠨ ᠬᠤᠩ ᠠᠮᠢ ᠠᠬᠤᠶ ᠶᠢᠨ ᠴᠡᠴᠡᠷᠯᠢᠭ ᠲᠤ ︽ᠪᠢ ᠮᠡᠳᠡᠨ᠎ᠡ ᠪᠢ ᠣᠷᠣᠯᠴᠠᠨ᠎ᠠ ᠪᠢ ᠬᠤᠪᠢ ᠨᠡᠮᠡᠷᠢ ᠦᠵᠡᠭᠦᠯᠦᠨ᠎ᠡ︾ ᠭᠡᠬᠦ 2024 ᠣᠨ ᠳᠤ ᠪᠥᠬᠦ ᠠᠷᠠᠳ ᠢᠶᠠᠷ ᠢᠶᠠᠨ ᠣᠶ ᠰᠢᠭᠤᠶ ᠶᠢᠨ ᠬᠤᠲᠠ ᠶᠢ ᠬᠠᠮᠲᠤ ᠪᠠᠷ ᠪᠥᠲᠥᠭᠡᠨ ᠪᠠᠶᠢᠭᠤᠯᠬᠤ ᠤᠬᠠᠭᠤᠯᠭ᠎ᠠ ᠶᠢᠨ ᠲᠣᠭᠯᠠᠯᠲᠠ ᠶᠢᠨ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠪᠡ᠃         ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠭᠡᠰᠢᠭᠦᠳ ᠤᠯᠠᠮᠵᠢᠯᠠᠯᠲᠤ ᠦᠨᠳᠦᠰᠦᠲᠡᠨ ᠤ ᠬᠤᠪᠴᠠᠰᠤ ᠵᠠᠰᠠᠯ ᠢᠶᠠᠨ ᠡᠮᠦᠰᠴᠦ᠂ ᠢᠷᠠᠭᠤ ᠰᠠᠶᠢᠬᠠᠨ ᠢᠶᠠᠷ ᠪᠡᠶ᠎ᠡ ᠭᠠᠯᠪᠢᠷ ᠢᠶᠠᠨ ᠪᠥᠵᠢᠭᠯᠡᠵᠦ᠂ ᠴᠢᠬᠢᠨ ᠳᠤ ᠠᠶᠠᠲᠠᠢ ᠳᠠᠭᠤᠤ ᠶᠢᠨ ᠠᠶᠠᠰ ᠢᠶᠠᠷ ᠤᠢ ᠰᠢᠭᠤᠢ ᠶᠢᠨ ᠬᠤᠳᠠ ᠶᠢᠨ ᠪᠦᠳᠦᠭᠡᠨ ᠪᠠᠶᠢᠭᠤᠯᠤᠯᠲᠠ ᠶᠢᠨ ᠴᠢᠬᠤᠯᠠ ᠴᠢᠨᠠᠷ ᠢ ᠭᠦᠨᠵᠡᠭᠡᠢ ᠪᠥᠭᠡᠳ ᠣᠶᠢᠯᠠᠭᠠᠮᠵᠢᠲᠠᠢ ᠪᠠᠷ ᠲᠣᠳᠣᠷᠬᠠᠶᠢᠯᠠᠨ ᠥᠭᠦᠯᠡᠵᠦ᠂ ᠥᠷᠭᠡᠨ ᠤᠯᠠᠨ ᠵᠤᠭᠠᠴᠠᠭᠰᠠᠳ ᠪᠣᠯᠤᠨ ᠬᠤᠳᠠ ᠶᠢᠨ ᠠᠷᠠᠳ ᠤᠨ ᠤᠢ ᠰᠢᠭᠤᠢ ᠶᠢᠨ ᠬᠤᠳᠠ ᠶᠢᠨ ᠪᠦᠳᠦᠭᠡᠨ ᠪᠠᠶᠢᠭᠤᠯᠤᠯᠲᠠ ᠶᠢᠨ ᠠᠴᠢ ᠬᠤᠯᠪᠣᠭᠳᠠᠯ ᠤᠨ ᠲᠤᠬᠠᠢ ᠣᠶᠢᠯᠠᠭᠠᠯᠲᠠ ᠪᠣᠯᠤᠨ ᠲᠠᠨᠢᠯᠲᠠ ᠶᠢ ᠤᠯᠠᠮ ᠴᠢᠨᠠᠭᠰᠢᠳᠠ ᠴᠢᠩᠭᠠᠳᠬᠠᠵᠠᠢ᠃    ᠲᠣᠰ ᠤᠳᠠᠭᠠᠨ ᠤ ᠠᠵᠢᠯᠯᠠᠭ᠎ᠠ ᠨᠢ ᠥᠷᠭᠡᠨ ᠣᠯᠠᠨ ᠬᠤᠲᠠ ᠶᠢᠨ ᠠᠷᠠᠳ ᠪᠠ ᠵᠢᠭᠤᠯᠴᠢᠯᠠᠭᠴᠢᠳ ᠤᠨ ᠣᠶ ᠰᠢᠭᠤᠶ ᠶᠢᠨ ᠬᠤᠲᠠ ᠶᠢᠨ ᠪᠥᠲᠥᠭᠡᠨ ᠪᠠᠶᠢᠭᠤᠯᠤᠯᠲᠠ ᠶᠢᠨ ᠲᠤᠬᠠᠶ ᠲᠠᠨᠢᠯᠲᠠ ᠶᠢ ᠳᠡᠭᠡᠭᠰᠢᠯᠡᠭᠦᠯᠦᠭᠰᠡᠨ ᠢᠶᠠᠷ ᠪᠠᠷᠠᠬᠤ ᠥᠬᠡᠶ᠂ ᠬᠤᠲᠠ ᠶᠢᠨ ᠠᠷᠠᠳ ᠤᠨ ᠣᠶ ᠰᠢᠭᠤᠶ ᠶᠢᠨ ᠬᠤᠲᠠ ᠶᠢᠨ ᠪᠥᠲᠥᠭᠡᠨ ᠪᠠᠶᠢᠭᠤᠯᠤᠯᠲᠠ ᠳᠤ ᠣᠷᠣᠯᠴᠠᠬᠤ ᠬᠠᠯᠠᠭᠤᠨ ᠰᠡᠳᠬᠢᠯᠭᠡ ᠶᠢ ᠴᠦ ᠬᠥᠭᠵᠢᠭᠡᠵᠡᠶ᠃ ᠪᠦᠬᠦ ᠬᠤᠳᠠ ᠶᠢᠨ ᠠᠷᠠᠳ ᠲᠦᠮᠡᠨ ᠤ ᠬᠠᠮᠲᠤ ᠶᠢᠨ ᠴᠢᠷᠮᠠᠶᠢᠯᠭ᠎ᠠ ᠪᠠᠷ᠂ ᠵᠠᠯᠠᠨ ᠠᠶᠢᠯ ᠬᠤᠳᠠ ᠶᠢᠨ ᠤᠢ ᠰᠢᠭᠤᠢ ᠶᠢᠨ ᠬᠤᠳᠠ ᠶᠢᠨ ᠪᠦᠳᠦᠭᠡᠨ ᠪᠠᠶᠢᠭᠤᠯᠤᠯᠲᠠ ᠯᠠᠪᠲᠠᠢ ᠨᠡᠩ ᠮᠡᠳᠡᠭᠳᠡᠮ᠎ᠡ ᠦᠷ᠎ᠡ ᠪᠦᠲᠦᠮᠵᠢ ᠣᠯᠵᠤ᠂ ᠬᠤᠳᠠ ᠶᠢᠨ ᠠᠷᠠᠳ ᠲᠤ ᠨᠡᠩ ᠰᠠᠶᠢᠨ ᠰᠠᠶᠢᠬᠠᠨ ᠠᠮᠢᠳᠤᠷᠠᠯ ᠤᠨ ᠣᠷᠴᠢᠨ ᠲᠣᠭᠤᠷᠢᠨ ᠢ ᠡᠭᠦᠳᠴᠦ ᠥᠭᠬᠦ ᠶᠢ ᠢᠲᠡᠭᠡᠵᠦ ᠪᠠᠶᠢᠨ᠎ᠠ ᠭᠡᠵᠦ ᠵᠢᠭᠠᠵᠤ ᠭᠠᠷᠭᠠᠪᠠ᠃
ᠢᠷᠡᠯᠲᠡ᠄ ᠵᠠᠯᠡᠨ ᠠᠶᠢᠯ ᠬᠤᠳᠠ ᠶᠢᠨ ᠵᠠᠰᠠᠭ ᠤᠨ ᠤᠷᠳᠤᠨ