QQ ᠸᠢᠴᠠᠲ ᠤᠨ ᠰᠢᠨ᠎ᠡ ᠴᠢᠳᠠᠮᠵᠢ ᠶᠢ ᠰᠦᠯᠵᠢᠶᠡᠨ ᠳᠤ ᠭᠠᠷᠭᠠᠪᠠ︕ ᠡᠨᠡ ᠴᠢᠳᠠᠮᠵᠢ ᠨᠢ ᠠᠮᠢ ᠠᠪᠤᠷᠠᠵᠤ ᠲᠠᠶᠢᠯᠤᠨ᠎ᠠ︕
ᠨᠡᠶᠢᠲᠡᠯᠡᠭᠰᠡᠨ ᠴᠠᠭ᠄
2024/5/22
     5 ᠰᠠᠷ᠎ᠠ ᠶᠢᠨ 13 ᠤ ᠡᠳᠦᠷ᠂ QQ ᠸᠢᠴᠠᠲ ᠤᠨ ᠬᠢᠨ ᠭᠠᠵᠠᠷ ᠬᠥᠳᠡᠯᠦᠯᠲᠡ ᠶᠢᠨ ᠤᠷᠢᠳᠴᠢᠯᠠᠨ ᠰᠡᠷᠡᠮᠵᠢᠯᠡᠭᠦᠯᠬᠦ ᠴᠢᠳᠠᠮᠵᠢ ᠶᠢ ᠰᠦᠯᠵᠢᠶᠡᠨ ᠳᠤ ᠭᠠᠷᠭᠠᠬᠰᠠᠨ ᠳᠤ ᠪᠢᠴᠢᠯ ᠪᠦᠷᠭᠡ ᠶᠢᠨ ᠬᠠᠯᠠᠭᠤᠨ ᠬᠠᠶᠢᠯᠲᠠ ᠪᠤᠯᠪᠠ᠃ ᠲᠧᠩ ᠰᠢᠶᠦ᠋ᠨ ᠺᠣᠮᠫᠠᠨᠢ ᠶᠢᠨ ᠪᠢᠴᠢᠯ ᠪᠦᠷᠭᠡ ᠶᠢᠨ ᠬᠢᠨ ᠬᠠᠷᠢᠭᠤ ᠦᠭᠭᠦ ᠳᠡᠭᠡᠨ᠂ ᠡᠨᠡ ᠪᠣᠯ ᠥᠴᠥᠭᠡᠳᠦᠷ ᠣᠷᠣᠢ ᠰᠡᠮᠡᠭᠡᠷ ᠰᠦᠯᠵᠢᠶᠡᠨ ᠳᠤ ᠭᠠᠷᠭᠠᠬᠰᠠᠨ ᠴᠢᠳᠠᠮᠵᠢ ᠶᠤᠮ᠂ ᠨᠢᠭᠡᠨᠲᠡ ᠰᠧᠴᠤᠸᠠᠨ ᠤ ᠪᠦᠬᠦ ᠮᠣᠵᠢ ᠵᠢᠴᠢ ᠤᠶᠢᠷ᠎ᠠ ᠬᠠᠪᠢ ᠶᠢᠨ 50 ᠺᠢᠯᠣᠮᠧᠳ᠋ᠷ ᠵᠠᠶᠢᠳᠠᠢ ᠭᠠᠵᠠᠷ ᠣᠷᠣᠨ ᠢ ᠪᠦᠷᠬᠦᠵᠡᠢ᠃ ᠰᠧᠴᠤᠸᠠᠨ ᠤ ᠪᠥᠬᠦ ᠮᠤᠵᠢ ᠳᠤ 5 ᠲᠠᠰ ᠠᠴᠠ ᠳᠡᠭᠡᠭᠰᠢᠬᠢ ᠭᠠᠵᠠᠷ ᠬᠥᠳᠡᠯᠦᠯᠲᠡ ᠭᠠᠷᠬᠤ ᠳᠤ ᠭᠠᠵᠠᠷ ᠬᠦᠳᠡᠯᠦᠭᠰᠡᠨ ᠲᠠᠷᠠᠭᠠᠬᠢ 5 - 15 ᠰᠧᠺᠦ᠋ᠨ᠋ᠳ᠋ ᠲᠤ ᠭᠠᠵᠠᠷ ᠬᠥᠳᠡᠯᠦᠯᠲᠡ ᠶᠢᠨ ᠰᠡᠷᠡᠮᠵᠢᠯᠡᠭᠦᠯᠦᠯ ᠦᠭᠭᠦᠨ᠎ᠠ᠂ ᠪᠤᠰᠤᠳ ᠮᠤᠵᠢ ᠣᠷᠣᠨ ᠤ ᠭᠠᠵᠠᠷ ᠬᠥᠳᠡᠯᠦᠯᠲᠡ ᠶᠢᠨ ᠰᠡᠷᠡᠮᠵᠢᠯᠡᠭᠦᠯᠦᠯ ᠤᠨ ᠦᠢᠯᠡᠴᠢᠯᠡᠭᠡ ᠴᠤ ᠤᠳᠠᠯ ᠥᠬᠡᠶ ᠰᠦᠯᠵᠢᠶᠡᠨ ᠳᠤ ᠭᠠᠷᠬᠤ ᠪᠣᠯᠤᠨ᠎ᠠ ᠭᠡᠪᠡ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ