ᠴᠠᠬᠠᠷᠴᠦᠳ ᠤᠨ ᠤᠭ ᠢᠷᠡᠯ ᠤᠨ ᠳᠤᠬᠠᠢ ᠮᠡᠬᠦᠰ ᠪᠢ ᠦᠯᠦ ᠤᠢᠢᠯᠠᠭᠠᠮᠤᠢ᠃ 1479 ᠤᠨ ᠳᠤ ᠳᠠᠶᠠᠨ ᠬᠠᠭᠠᠨ ᠪᠠᠲᠦᠮᠦ᠋ᠡᠭᠬᠡ ᠳᠠᠬᠢᠨ ᠨᠢᠬᠡ ᠤᠳᠠᠭ᠎ᠠ | ᠮᠤᠩᠭᠤᠯ ᠤᠨ ᠡᠯ᠎ᠡ ᠠᠶᠢᠮᠠᠬ ᠢ ᠨᠢᠬᠡᠳᠬᠡᠭᠰᠡᠨ ᠤ ᠳᠠᠷᠠᠭ᠎ᠠ ᠦᠪᠡᠷ ᠤᠨ ᠨᠤᠶᠠᠷᠬᠠᠯ ᠢᠶᠠᠨ ᠪᠠᠬᠢᠵᠢᠬᠦᠯᠬᠦ ᠶᠢᠨ ᠳᠤᠰᠡᠳᠡ ᠤᠤᠯ ᠤᠨ ᠮᠤᠩᠭᠤᠯ ᠤᠨ ᠳᠠᠶᠢᠱᠢ᠂ | ᠴᠢᠩᠰᠠᠩ ᠤᠨ ᠳᠤᠰᠢᠶᠠᠯ ᠢ ᠦᠬᠡᠶᠢᠰᠬᠡᠬᠡᠳ ᠵᠡᠬᠦᠨ ᠮᠤᠩᠭᠤᠯ ᠢ ᠤᠷᠳᠤᠰ ᠳᠦᠮᠡᠨ᠂ ᠳᠦᠮᠡᠳ ᠳᠦᠮᠡᠨ᠂ ᠶᠦᠡᠭᠰᠢᠶᠠᠪᠦ ᠲᠦᠮᠡᠨ᠂ ᠴᠠᠬᠠᠷ ᠲᠦᠮᠡᠨ᠂ ᠬᠠᠯᠬ᠎ᠠ | ᠲᠦᠮᠡᠨ᠂ ᠤᠷᠢᠶᠠᠩᠬᠠᠢ ᠲᠦᠮᠡᠨ ᠵᠡᠷᠬᠡ ᠵᠢᠷᠭᠤᠭᠠᠨ ᠲᠦᠮᠡᠨ ᠳᠤ ᠬᠤᠪᠢᠶᠠᠨ ᠵᠠᠬᠢᠷᠪᠠ᠃ ᠡᠬᠦᠨ ᠳᠤ ᠵᠡᠬᠦᠨ ᠭᠤᠷᠪᠠᠨ ᠲᠦᠮᠡᠨ ᠤ ᠳᠤᠳᠤᠷ᠎ᠡ ᠴᠠᠬᠠᠷ ᠨᠢᠬᠡ ᠲᠦᠮᠡ᠂ | ᠤᠷᠢᠶᠠᠩᠬᠠᠢ ᠨᠢᠬᠡ ᠲᠦᠮᠡ᠂ ᠬᠠᠯᠬ᠎ᠠ ᠨᠢᠬᠡ ᠲᠦᠮᠡ ᠪᠠᠭᠳᠡᠵᠦ᠂ ᠳᠠᠶᠠᠨ ᠬᠠᠭᠠᠨ ᠤ ᠤᠷᠳᠤᠨ ᠢ ᠴᠠᠬᠠᠷ ᠲᠦᠮᠡᠨ ᠡᠷᠦᠬᠡ ᠶᠢᠨ ᠲᠤᠮᠳᠠ ᠪᠠᠶᠢᠭᠤᠯᠪᠠ᠃ ᠪᠠᠷᠠᠭᠤᠨ | ᠭᠤᠷᠪᠡᠨ ᠲᠦᠮᠡᠨ ᠤ ᠳᠤᠳᠤᠷ᠎ᠡ ᠤᠷᠳᠦᠰ ᠨᠢᠬᠡ ᠲᠦᠮᠡ᠂ ᠲᠦᠮᠡᠳ ᠨᠢᠬᠡ ᠲᠦᠮᠡ᠂ ᠶᠦᠡᠭᠰᠢᠶᠠᠪᠦ ᠨᠢᠬᠡ ᠲᠦᠮᠡ ᠪᠠᠭᠳᠡᠵᠦ᠂ ᠳᠠᠶᠠᠨ ᠬᠠᠭᠠᠨ ᠤ ᠭᠤᠷᠪᠠᠳᠤᠭᠠᠷ | ᠬᠦᠪᠡᠬᠦᠨ ᠪᠠᠷᠰᠪᠤᠯᠤᠳ ᠨᠢ ᠤᠷᠳᠤᠰ ᠤᠨ ᠲᠦᠮᠡᠨ ᠡᠷᠦᠬᠡ ᠶᠢᠨ ᠨᠤᠳᠤᠬ ᠲᠤ ᠰᠠᠭᠤᠵᠦ᠂ ᠪᠠᠷᠠᠭᠤᠨ ᠭᠤᠷᠪᠡᠨ ᠲᠦᠮᠡᠨ ᠢ ᠵᠢᠯᠤᠭᠤᠳᠴᠤ ᠪᠠᠶᠢᠵᠠᠢ᠃ | ᠳᠡᠤᠬᠡ ᠶᠢᠨ ᠰᠤᠷᠪᠤᠯᠵᠢ ᠪᠢᠴᠢᠭ ᠳᠡᠬᠡᠷ᠎ᠡ ︽ᠮᠢᠩ ᠤᠯᠤᠰ ᠤᠨ ᠦᠶ᠎ᠡ ᠳᠤ ᠴᠠᠬᠠᠷ ᠤᠨ ᠳᠤᠰ ᠠᠶᠢᠮᠠᠬ ᠨᠢ ᠨᠠᠢᠮᠠᠨ ᠨᠤᠳᠤᠬ ᠢᠶᠠᠷ ᠪᠦᠷᠢᠯᠳᠦᠵᠦ᠂ | ᠶᠡᠷᠦᠩᠬᠡᠢ ᠳᠤᠨᠢ ᠴᠠᠬᠠᠷ ᠨᠠᠢᠮᠡ ᠬᠡᠵᠦ ᠨᠡᠷᠡᠶᠢᠳᠤᠳᠡᠭ ᠪᠠᠶᠢᠵᠠᠢ︾᠃ ᠡᠨᠡ ᠨᠢ ᠴᠢᠩ ᠤᠯᠤᠰ ᠤᠨ ᠦᠶ᠎ᠡ ᠳᠤ ᠵᠤᠬᠢᠶᠠᠬᠰᠡᠨ ᠴᠠᠬᠠᠷ ᠨᠠᠢᠮᠠ ᠵᠠᠰᠠᠬ ᠤᠨ ᠪᠠᠶᠢᠭᠤᠯᠤᠮᠵᠢ | ᠪᠤᠯᠤᠨ ᠪᠦᠬᠦᠳᠡ ᠶᠢᠨ ᠳᠠᠷᠤᠭ᠎ᠠ ᠶᠢᠨ ᠨᠠᠢᠮᠠᠨ ᠬᠤᠰᠢᠭᠤᠨ ᠤ ᠪᠠᠶᠢᠭᠤᠯᠤᠮᠵᠢ ᠲᠠᠢ ᠤᠬᠳᠦ ᠠᠳᠠᠯᠢ ᠦᠬᠡᠢ ᠶᠤᠮ᠃ | ᠳᠡᠬᠡᠳᠦ ᠡᠷᠳᠡᠮᠳᠦ ᠶᠢᠨ ᠠᠩᠬᠠᠳᠠᠬᠴᠢ ᠤᠨ ᠳᠤ ᠤᠤᠯ ᠤᠨ ᠴᠠᠬᠠᠷ ᠠᠶᠢᠮᠠᠬ ᠢ ᠳᠠᠷᠬᠠᠭᠠᠬᠤ᠂ ᠬᠤᠪᠢᠶᠠᠬᠤ ᠡᠰᠡᠬᠦᠯ᠎ᠡ ᠬᠤᠳᠬᠤᠨ ᠨᠡᠶᠢᠯᠡᠬᠦᠯᠬᠦ᠂ ᠮᠤᠩᠭᠤᠯ ᠤᠨ | ᠪᠤᠰᠤᠳ ᠠᠶᠢᠮᠠᠬ ᠤᠨ ᠬᠢᠨ ᠢ ᠨᠡᠮᠡᠨ ᠤᠷᠤᠭᠤᠯᠬᠤ ᠵᠡᠷᠬᠡ ᠰᠠᠯᠭᠠᠨ ᠵᠠᠬᠢᠷᠬᠤ ᠠᠷᠭ᠎ᠠ ᠶᠢ ᠬᠡᠷᠡᠭᠯᠡᠵᠦ᠂ ᠴᠠᠬᠠᠷ ᠨᠠᠢᠮᠡᠨ ᠵᠠᠰᠠᠬ ᠬᠤᠰᠢᠭᠤ ᠶᠢ ᠵᠤᠬᠢᠶᠠᠬᠰᠡᠨ ᠪᠠᠶᠢᠯ᠎ᠡ᠃ | ᠡᠩᠬᠡ ᠠᠮᠤᠭᠤᠯᠠᠩ ᠤᠨ 14 ᠳ᠋ᠤᠬᠡᠷ ᠤᠨ ︵1675 ᠤᠨ︶ ᠤ 3 ᠰᠠᠷ ᠡ ᠳᠤ ᠴᠠᠬᠠᠷ ᠤᠨ ᠯᠢᠭᠳᠡᠨ ᠬᠠᠭᠠᠨ ᠤ ᠠᠴᠢ ᠰᠦᠮᠪᠦᠷ᠂ ᠯᠤᠪᠰᠡᠩ ᠠᠬ᠎ᠠ ᠳᠡᠬᠦᠦ | ᠬᠤᠶᠠᠭᠤᠯᠠ ᠶᠢᠨ ᠮᠠᠨᠵᠦ ᠶᠢ ᠡᠰᠡᠷᠬᠦᠴᠡᠭᠰᠡᠨ ᠪᠤᠰᠤᠯᠭ᠎ᠠ ᠨᠢ ᠢᠯᠠᠬᠳᠡᠬᠰᠡᠨ ᠤ ᠳᠠᠷᠠᠭ᠎ᠠ ᠮᠠᠨᠵᠦ ᠴᠢᠩ ᠤᠯᠤᠰ ᠴᠠᠬᠠᠷ ᠠᠶᠢᠮᠠᠬ ᠲᠤ ᠰᠡᠷᠡᠮᠵᠢ ᠲᠠᠢ ᠪᠤᠯᠵᠦ᠂ | ᠤᠤᠯ ᠤᠨ ᠬᠠᠷᠢᠶ᠎ᠡ᠂ ᠨᠤᠳᠤᠬ ᠢ ᠬᠤᠷᠢᠶᠠᠨ ᠠᠪᠴᠦ᠂ ᠱᠢᠤᠸᠠᠨ ᠬᠤᠸᠠ᠂ ᠳ᠋ᠡᠲ᠋ᠤᠩ ᠤᠨ ᠭᠠᠵᠡᠷ ᠰᠢᠯᠵᠢᠬᠦᠯᠦᠨ ᠮᠠᠯᠵᠢᠭᠤᠯᠪᠠ᠃ ᠴᠠᠬᠠᠷ ᠤᠨ ᠸᠠᠩ ᠬᠦᠡᠭ ᠵᠠᠰᠠᠬ | ᠬᠤᠰᠢᠭᠤ ᠶᠢ ᠨᠢ ᠦᠬᠡᠶᠢᠰᠬᠡᠵᠦ᠂ ᠴᠠᠬᠠᠷ ᠤᠨ ᠤᠭᠤᠷᠳᠡ ︵ᠪᠦᠬᠦᠳᠡ ᠶᠢᠨ ᠳᠠᠷᠤᠭ᠎ᠠ︶ ᠨᠠᠢᠮᠠᠨ ᠬᠤᠰᠢᠭᠤ ᠵᠤᠬᠢᠶᠡᠵᠦ᠂ ᠵᠡᠩ ᠵᠢᠶᠠ ᠺᠸᠤ ᠳᠤ ᠳ᠋ᠦᠲ᠋ᠤᠩ ᠶᠠᠮᠤᠨ | ᠪᠠᠶᠢᠭᠤᠯᠵᠦ ᠵᠠᠬᠢᠷᠤᠭᠤᠯᠪᠠ᠃ ᠡᠬᠦᠨ ᠤ ᠳᠠᠷᠠᠭ᠎ᠠ ᠪᠠᠷ ᠮᠠᠨᠵᠦ ᠤᠯᠤᠰ ᠢ ᠳᠠᠭᠠᠷᠡ ᠢᠷᠡᠭᠰᠡᠨ ᠪᠤᠰᠤᠳ ᠮᠤᠩᠭᠤᠯ ᠠᠶᠢᠮᠠᠬ ᠤᠨ ᠢᠷᠬᠡᠳ ᠢ ᠡᠨᠡ ᠬᠦ ᠴᠠᠬᠠᠷ ᠨᠠᠢᠮᠠᠨ | ᠬᠤᠰᠢᠭᠤᠨ ᠳᠤ ᠬᠤᠪᠢᠶᠠᠨ ᠤᠷᠤᠭᠤᠯᠪᠠ︾ ᠬᠡᠵᠦ ᠳᠡᠮᠳᠡᠭᠯᠡᠵᠦ ᠪᠠᠶᠢᠨ᠎ᠡ᠃ | 2004 ᠤᠨ ᠤ 8 ᠰᠠᠷ ᠡ ᠳᠤ ᠬᠡᠪᠯᠡᠭᠳᠡᠭᠰᠡᠨ ︽ᠤᠯᠠᠭᠠᠨᠴᠠᠪ ᠠᠶᠢᠮᠠᠭ ᠤᠨ ᠤᠢᠢᠯᠠᠯᠭ᠎ᠠ︾ ᠳᠤ ᠴᠠᠬᠠᠷ ᠨᠠᠢᠮᠠᠨ ᠬᠤᠰᠢᠭᠤ ᠶᠢ ᠪᠠᠶᠢᠭᠤᠯᠤᠬᠰᠡᠨ ᠤ ᠰᠡᠬᠦᠯᠡᠷ | ᠮᠡᠨᠵᠦ ᠴᠢᠩ ᠤᠯᠤᠰ ᠠᠴᠠ ︽ᠰᠢᠨᠵᠢᠶᠠᠩ ᠤᠨ ᠢᠯᠢ ᠶᠢᠨ ︿ᠦᠬᠡᠯᠡᠳ﹀ ᠬᠠᠯᠠ ᠶᠢᠨ ᠬᠢᠨ ᠢ ᠬᠦᠪᠡᠬᠡᠳᠦ ᠬᠦᠬᠡ ᠬᠤᠰᠢᠭᠤᠨ ᠤ 8 ᠳ᠋ᠤᠭᠠᠷ ᠰᠤᠮᠤ ᠳᠤ | ᠳᠤᠬᠢᠷᠠᠭᠤᠯᠪᠠ᠃ ᠬᠦᠯᠦᠨ ᠪᠤᠶᠢᠷ ᠤᠨ ᠰᠢᠨ᠎ᠡ ᠪᠠᠷᠭᠤ ᠬᠤᠰᠢᠭᠤᠨ ᠤ ︿ᠪᠠᠷᠭᠤ﹀ ᠮᠤᠩᠭᠤᠯ ᠢ ᠴᠠᠬᠠᠷ ᠨᠠᠢᠮᠠᠨ ᠬᠤᠰᠢᠭᠤᠨ ᠤ ᠬᠤᠰᠢᠭᠤ ᠪᠦᠷᠢ ᠳᠤ ᠬᠤᠶᠡᠷ | ᠰᠤᠮᠤᠨ ᠳᠤ ᠳᠠᠷᠬᠠᠭᠠᠨ ᠳᠤᠬᠢᠷᠠᠭᠤᠯᠪᠠ ᠁︾ ᠬᠡᠵᠠᠢ᠃ ᠳᠤᠬᠠᠢ ᠶᠢᠨ ᠦᠶ᠎ᠡ ᠳᠤ ᠴᠠᠬᠠᠷ ᠨᠠᠢᠮᠠᠨ ᠬᠤᠰᠢᠭᠤ ᠵᠡᠬᠦᠨ᠂ ᠪᠠᠷᠠᠭᠤᠨ ᠭᠠᠷ ᠭᠡᠵᠦ ᠬᠤᠪᠢᠶᠠᠬᠰᠡᠨ | ᠪᠦᠬᠡᠳ ᠨᠤᠳᠤᠬ ᠤᠰᠤ ᠳᠤᠩ ᠠᠭᠤᠳᠡᠮ ᠳᠡᠨᠢᠬᠡᠷ ᠪᠠᠶᠢᠬᠰᠡᠨ᠃ ᠳᠤᠬᠠᠢᠢᠯᠠᠪᠠᠯ ᠴᠠᠬᠠᠷ ᠪᠠᠷᠠᠭᠤᠨ ᠭᠠᠷᠦᠨ 4 ᠬᠤᠰᠢᠭᠤ ᠨᠢ ᠤᠳᠤ ᠶᠢᠨ ᠤᠯᠠᠭᠠᠨᠴᠠᠪ ᠤᠨ | ᠨᠤᠳᠤᠭ ᠲᠤ ᠪᠠᠶᠢᠪᠠ᠃ ᠵᠡᠬᠦᠨ ᠠᠴᠠ ᠪᠠᠷᠠᠭᠤᠨᠰᠢ᠂ ᠰᠢᠯᠤᠭᠤᠨ ᠰᠢᠷ᠎ᠡ ᠬᠤᠰᠢᠭᠤ ᠶᠢᠨ ᠨᠤᠳᠤᠭ ᠳᠡᠪᠢᠰᠬᠡᠷ ᠲᠤ ᠡᠳᠦᠬᠡ ᠶᠢᠨ ᠴᠠᠬᠠᠷ ᠪᠠᠷᠠᠭᠤᠨ ᠡᠮᠤᠨᠡᠳᠦ | ᠬᠤᠰᠢᠭᠤ᠂ ᠰᠢᠩ ᠾᠧ ᠰᠢᠶᠠᠨ ᠤ ᠶᠡᠬᠡᠨᠭᠬᠡᠢ ᠬᠡᠰᠡᠭ᠂ ᠱᠠᠩᠳᠦ ᠰᠢᠶᠠᠨ ᠤ ᠪᠠᠷᠠᠭᠤᠨ ᠡᠮᠤᠨᠡᠳᠦ ᠬᠡᠰᠡᠭ ᠪᠤᠯᠤᠨ ᠪᠠᠷᠠᠭᠤᠨ ᠭᠠᠷᠦᠨ ᠬᠤᠶᠢᠳᠦ ᠬᠤᠰᠢᠭᠤᠨ ᠤ ᠵᠡᠬᠦᠨ | ᠬᠡᠰᠡᠭ ᠵᠡᠷᠬᠡ ᠪᠠᠭᠳᠡᠵᠦ ᠪᠠᠶᠢᠯ᠎ᠡ᠃ ᠰᠢᠯᠤᠭᠤᠨ ᠤᠯᠠᠭᠠᠨ ᠬᠤᠰᠢᠭᠤᠨ ᠤ ᠨᠤᠳᠤᠬ ᠳᠡᠪᠢᠰᠬᠡᠷ ᠲᠤ ᠡᠳᠦᠬᠡ ᠶᠢᠨ ᠵᠢᠨᠢᠩ ᠬᠤᠳᠡ᠂ ᠴᠠᠬᠠᠷ ᠪᠠᠷᠠᠭᠤᠨ ᠭᠠᠷᠦᠨ | ᠡᠮᠤᠨᠡᠳᠦ᠂ ᠬᠤᠶᠢᠳᠦ ᠬᠤᠶᠡᠷ ᠬᠤᠰᠢᠭᠤᠨ ᠤ ᠪᠠᠷᠠᠭᠤᠨ ᠬᠡᠰᠡᠭ᠂ ᠹᠸᠡᠭ ᠵᠧᠨ ᠬᠤᠳᠡ ᠶᠢᠨ ᠪᠠᠷᠠᠭᠤᠨ ᠬᠡᠰᠡᠭ ᠪᠤᠯᠤᠨ ᠵᠦᠸᠧ ᠽᠢ ᠰᠢᠶᠠᠨ ᠤ ᠵᠡᠬᠦᠨ ᠬᠤᠶᠢᠳᠦ | ᠬᠡᠰᠡᠭ ᠵᠡᠷᠬᠡ ᠪᠠᠭᠳᠡᠵᠦ ᠪᠠᠶᠢᠯ᠎ᠡ᠃ ᠬᠦᠪᠡᠬᠡᠳᠦ ᠤᠯᠠᠭᠠᠨ ᠬᠤᠰᠢᠭᠤ ᠶᠢᠨ ᠨᠤᠳᠤᠬ ᠳᠡᠪᠢᠰᠬᠡᠷ ᠲᠤ ᠡᠳᠦᠬᠡ ᠶᠢᠨ ᠴᠠᠬᠠᠷ ᠪᠠᠷᠠᠭᠤᠨ ᠭᠠᠷᠦᠨ ᠳᠤᠮᠳᠡᠳᠦ | ᠬᠤᠰᠢᠭᠤ ᠶᠢᠨ ᠵᠡᠬᠦᠨ ᠡᠮᠤᠨ᠎ᠡ ᠬᠡᠰᠡᠭ᠂ ᠵᠦᠸᠧ ᠽᠢ ᠰᠢᠶᠠᠨ ᠤ ᠵᠡᠬᠦᠨ ᠬᠡᠰᠡᠭ᠂ ᠯᠢᠶᠠᠩ ᠴᠸᠡᠭ ᠰᠢᠶᠠᠨ ᠤ ᠶᠡᠬᠡᠨᠭᠬᠡᠢ ᠬᠡᠰᠡᠭ᠂ ᠹᠸᠡᠭ ᠵᠧᠨ ᠬᠤᠳᠡ ᠶᠢᠨ | ᠪᠠᠷᠠᠭᠤᠨ ᠳᠠᠯ᠎ᠡ ᠶᠢᠨ ᠨᠢᠬᠡ ᠪᠠᠭ᠎ᠠ ᠬᠡᠰᠡᠭ ᠵᠡᠷᠬᠡ ᠪᠠᠭᠳᠡᠵᠦ ᠪᠠᠶᠢᠨ᠎ᠡ᠃ ᠬᠦᠪᠡᠬᠡᠳᠦ ᠬᠦᠬᠡ ᠬᠤᠰᠢᠭᠤᠨ ᠤ ᠨᠤᠳᠤᠬ ᠳᠡᠪᠢᠰᠬᠡᠷ ᠲᠤ ᠡᠳᠦᠬᠡ ᠶᠢᠨ ᠴᠠᠬᠠᠷ ᠪᠠᠷᠠᠭᠤᠨ | ᠭᠠᠷᠦᠨ ᠳᠤᠮᠳᠡᠳᠦ ᠬᠤᠰᠢᠭᠤ ᠶᠢᠨ ᠪᠠᠷᠠᠭᠤᠨ ᠬᠡᠰᠡᠭ ᠪᠤᠯᠤᠨ ᠬᠤᠶᠢᠳᠦ ᠬᠡᠰᠡᠭ᠂ ᠵᠦᠸᠧ ᠽᠢ ᠰᠢᠶᠠᠨ ᠤ ᠶᠡᠬᠡᠨᠭᠬᠡᠢ ᠬᠡᠰᠡᠭ᠂ ᠯᠢᠶᠠᠩ ᠴᠸᠡᠭ ᠰᠢᠶᠠᠨ ᠤ ᠪᠠᠷᠠᠭᠤᠨ | ᠬᠡᠰᠡᠭ ᠪᠤᠯᠤᠨ ᠡᠦ ᠴᠤᠸᠠᠨ ᠰᠢᠶᠠᠨ ᠤ ᠵᠡᠬᠦᠨ ᠳᠠᠯ᠎ᠡ ᠶᠢᠨ ᠨᠢᠬᠡ ᠪᠠᠭ᠎ᠠ ᠬᠡᠰᠡᠭ ᠵᠡᠷᠬᠡ ᠪᠠᠭᠳᠡᠵᠦ ᠪᠠᠶᠢᠯ᠎ᠡ᠃ | ᠴᠠᠬᠠᠷ ᠵᠡᠬᠦᠨ ᠭᠠᠷᠦᠨ ᠬᠤᠰᠢᠭᠤ ᠨᠤᠭᠤᠳ ᠨᠢ ᠡᠳᠦᠬᠡ ᠶᠢᠨ ᠰᠢᠯᠢ ᠶᠢᠨ ᠭᠤᠤᠯ ᠠᠶᠢᠮᠠᠬ ᠲᠤ ᠪᠠᠭᠳᠡᠵᠦ ᠪᠠᠶᠢᠨ᠎ᠡ᠃ ᠡᠬᠦᠨ ᠳᠤ ᠰᠢᠯᠤᠭᠤᠨ ᠬᠦᠬᠡ ᠬᠤᠰᠢᠭᠤ | ᠂ ᠰᠢᠯᠤᠭᠤᠨ ᠴᠠᠭᠠᠨ ᠬᠤᠰᠢᠭᠤ᠂ ᠬᠦᠪᠡᠬᠡᠳᠦ ᠰᠢᠷ᠎ᠡ ᠬᠤᠰᠢᠭᠤ ︵ᠠᠳᠡ ᠬᠠᠭᠠᠨ ᠤ ᠤᠷᠳᠤᠨ ᠤ ᠠᠬᠳᠡ ᠶᠢᠨ ᠳᠠᠯᠠᠪᠠᠢ ᠪᠠᠶᠢᠬᠰᠡᠨ︶ ᠵᠡᠷᠬᠡ ᠲᠦᠷᠪᠡᠨ ᠬᠤᠰᠢᠭᠤ | ᠪᠤᠯᠤᠨ᠎ᠡ᠃ | ᠮᠦᠡᠭᠬᠡᠳᠠᠯᠠᠢ ᠶᠢᠨ ︽ᠪᠠᠷᠭᠤ ᠮᠤᠩᠭᠤᠯ ᠤᠨ ᠳᠡᠤᠬᠡ︾ ᠳᠤ ᠡᠩᠬᠡ ᠠᠮᠤᠭᠤᠯᠠᠩ ᠤᠨ ᠤᠨ ᠤ ᠦᠶ᠎ᠡ ᠳᠤ ᠳᠠᠷᠦᠢ ᠭᠠᠯᠳᠡᠨ ᠪᠤᠱᠤᠬᠳᠦ ᠶᠢᠨ ᠳᠤᠪᠳᠤᠯᠤᠯ ᠢ | ᠳᠦᠪᠰᠢᠳᠬᠡᠭᠰᠡᠨ ᠤ ᠳᠠᠷᠠᠭ᠎ᠠ᠂ ᠮᠠᠨᠵᠦ ᠶᠢᠨ ᠬᠠᠭᠠᠨ ᠨᠢᠬᠡᠨᠳᠡ ᠳᠠᠭᠠᠷ᠎ᠠ ᠤᠷᠤᠬᠰᠡᠨ ᠬᠠᠯᠬ᠎ᠠ᠂ ᠪᠠᠷᠭᠤ᠂ ᠵᠦᠡᠭᠭᠠᠷ ᠬᠦᠮᠦᠰ ᠢ ᠴᠠᠬᠠᠷ ᠨᠠᠢᠮᠠᠨ ᠬᠤᠰᠢᠭᠤᠨ ᠳᠤ | ᠵᠠᠯᠭᠠᠪᠠᠷ ᠳᠤᠬᠢᠷᠠᠭᠤᠯᠤᠨ ᠤᠷᠤᠭᠤᠯᠵᠦ ᠪᠠᠶᠢᠬᠰᠡᠨ᠃ 1726 ᠤᠨ ︵ᠨᠠᠶᠢᠷᠡᠯᠳᠦ ᠲᠦᠪ ᠤᠨ 4 ᠳ᠋ᠤᠬᠡᠷ ᠤᠨ︶ ᠳᠤ ᠨᠢᠬᠡᠨ ᠤᠷᠤᠰ ᠠᠴᠠ ᠳᠤᠳᠠᠭᠠᠨ ᠢᠷᠡᠭᠰᠡᠨ | ᠮᠤᠩᠭᠤᠯ ᠬᠦᠮᠦᠨ᠂ ᠮᠤᠩᠭᠤᠯ ᠤᠨ ᠵᠢᠶᠦ᠋ᠨ ᠸᠠᠩ ᠳ᠋ᠠᠩᠵᠢᠨᠳᠤᠷᠵᠢ ᠳᠤ ᠮᠡᠳᠡᠬᠦᠯᠦᠭᠰᠡᠨ ᠨᠢ᠄ ᠳᠡᠷᠡ ᠤᠷᠤᠰ ᠬᠦᠮᠦᠨ ᠤ ᠶᠠᠷᠢᠶᠠᠨ ᠳᠤᠮᠳᠡ ᠠᠴᠠ ᠤᠷᠤᠰᠴᠤᠳ ︽ | ᠳᠤᠯᠤᠨ ᠨᠤᠶᠡᠨᠳᠡᠨ᠂ ᠴᠠᠬᠠᠷ ᠨᠠᠢᠮᠠᠨ ᠬᠤᠰᠢᠭᠤᠨ ᠳᠤ ᠬᠠᠷᠢᠶᠠᠯᠠᠬᠳᠡᠵᠦ ᠪᠠᠶᠢᠭ᠎ᠠ ᠪᠠᠷᠭᠤᠴᠤᠳ ᠢ ᠡᠷᠢᠵᠦ ᠠᠪᠠᠴᠢᠬᠤ ᠪᠠᠷ ᠪᠠᠶᠢᠨ᠎ᠡ︾ ᠬᠡᠵᠠᠢ᠃ ︿ᠮᠠᠨᠵᠦ ᠶᠢᠨ ᠱᠢ | ᠽᠦᠡᠭ ᠤᠨ ᠦᠨᠡᠨ ᠬᠠᠤᠯᠢᠳᠦ ᠪᠢᠴᠢᠭ﹀ ᠲᠤᠷ ᠳᠡᠮᠳᠡᠭᠯᠡᠭᠰᠡᠨ ᠠᠨᠤ᠄ ᠨᠠᠶᠢᠷᠡᠯᠳᠦ ᠳᠦᠪ ᠤᠨ 10 ᠳ᠋ᠤᠭᠠᠷ ᠤᠨ ︵1732 ᠤᠨ︶ ᠳᠤ ᠴᠡᠷᠢᠭ ᠤᠨ ᠶᠠᠪᠤᠳᠡᠯ ᠤᠨ | ᠰᠠᠶᠢᠳ ᠤᠨ ᠠᠶᠢᠯᠡᠳᠬᠠᠬᠰᠡᠨ ᠠᠨᠤ᠄ ︿ᠡᠳᠦᠬᠡ ᠴᠬᠠᠠᠷ ᠪᠠᠷᠭᠤ ᠠᠬ᠎ᠠ ᠳᠡᠬᠦᠦ ᠮᠤᠩᠭᠤᠯ ᠤᠨ ᠢᠳᠡᠷ ᠡᠷ᠎ᠡ ᠨᠢᠬᠡ ᠮᠢᠩᠭ᠎ᠠ ᠲᠦᠷᠪᠡ᠂ ᠳᠠᠪᠦᠨ ᠵᠠᠭᠤ ᠪᠤᠢ᠂ ᠨᠤᠮᠤ | ᠰᠤᠮᠤ ᠶᠠᠭᠤᠢ ᠰᠠᠶᠢᠨ᠂ ᠡᠷᠡᠴᠤᠳ ᠨᠢ ᠬᠦᠳᠡᠷ ᠴᠢᠬᠢᠷᠠᠬ᠂ ᠡᠯ᠎ᠡ ᠭᠠᠵᠡᠷ ᠤᠨ ᠦᠯᠦᠰᠬᠦᠯᠠᠩ ᠠᠷᠡᠳ ᠲᠠᠢ ᠪᠠᠨ ᠨᠡᠶᠢᠯᠡᠪᠡᠯ ᠬᠤᠶᠡᠷ ᠮᠢᠩᠭ᠎ᠠ ᠭᠠᠷᠦᠢ ᠬᠦᠮᠦᠨ | ᠪᠠᠶᠢᠨ᠎ᠡ᠃ ᠡᠳᠡᠬᠡᠷ ᠬᠦᠮᠦᠰ ᠢ ᠠᠷᠪᠠ ᠶᠢᠰᠦᠨ ᠰᠤᠮᠤ ᠪᠤᠯᠭᠠᠨ ᠵᠤᠬᠢᠶᠠᠵᠦ᠂ ᠤᠤᠯ ᠤᠨ ᠪᠠᠶᠢᠬᠰᠡᠨ 81 ᠰᠤᠮᠤ ᠲᠠᠢ ᠨᠡᠶᠢᠳᠡ 100 ᠰᠤᠮᠤ ᠪᠤᠯᠭᠠᠬᠤ ᠪᠤᠯᠪᠠᠤ ᠁ | ᠡᠬᠦᠨ ᠤ ᠳᠤᠯᠠ ᠡᠷᠬᠦᠪᠠᠢ﹀ ᠬᠡᠮᠡᠵᠦᠬᠡᠢ᠃ ᠡᠬᠦᠨ ᠠᠴᠠ ᠦᠵᠡᠬᠦᠶ᠎ᠡ ᠴᠠᠬᠠᠷ ᠨᠠᠶᠢᠮᠠᠨ ᠬᠤᠰᠢᠭᠤᠨ ᠳᠤ ᠤᠷᠤᠬᠰᠡᠨ ᠪᠠᠷᠭᠤᠴᠤᠳ ᠪᠤᠯ ᠡᠩᠬᠡ ᠠᠮᠤᠭᠤᠯᠠᠩ ᠤᠨ | ᠤᠨ ᠤ ᠦᠶ᠎ᠡ ᠳᠤ ᠨᠡᠬᠦᠵᠦ ᠢᠷᠡᠭᠰᠡᠨ ᠬᠡᠳᠡᠭ ᠨᠢ ᠰᠡᠵᠢᠭᠯᠡᠭᠳᠡᠰᠢ ᠦᠬᠡᠢ ᠶᠤᠮ︾ ᠬᠡᠮᠡᠨ ᠦᠬᠦᠯᠡᠵᠦᠬᠦᠢ᠃ | ᠮᠦᠡᠭᠬᠡᠳᠠᠯᠠᠢ ᠵᠠᠯᠭᠠᠭᠠᠳ ᠪᠠᠰᠠ ᠬᠦᠪᠡᠬᠡᠳᠦ ᠴᠠᠭᠠᠨ ᠬᠤᠰᠢᠭᠤᠨ ᠳᠤ ᠬᠠᠷᠢᠶᠠᠯᠠᠬᠳᠡᠵᠦ ᠪᠠᠶᠢᠭ᠎ᠠ ᠴᠠᠬᠠᠷ ᠭᠤᠷᠪᠠᠳᠤᠭᠠᠷ ᠰᠤᠮᠤ ᠪᠤᠯ ᠤᠤᠯ ᠤᠨ ᠡᠩᠬᠡ | ᠠᠮᠤᠭᠤᠯᠠᠩ ᠤᠨ 38 ᠳ᠋ᠤᠭᠠᠷ ᠤᠨ ︵1699 ᠤᠨ︶ ᠳᠤ ᠪᠠᠷᠭᠤ ᠵᠡᠷᠬᠡ ᠮᠤᠩᠭᠤᠯ ᠪᠤᠯᠤᠨ ᠴᠠᠬᠠᠷ ᠮᠤᠩᠭᠤᠯ ᠤᠨ ᠢᠳᠡᠷ ᠡᠷ᠎ᠡ ᠶᠢ ᠨᠡᠶᠢᠯᠡᠬᠦᠯᠵᠦ ᠵᠤᠬᠢᠶᠠᠬᠰᠡᠨ | ᠨᠢᠬᠡ ᠰᠤᠮᠤ ᠮᠦᠨ ᠬᠡᠰᠡᠨ ᠢ ︽ᠨᠠᠢᠮᠠᠨ ᠬᠤᠰᠢᠭᠤᠨ ᠤ ᠨᠡᠪᠳᠡᠷᠬᠡᠢ ᠳᠡᠮᠳᠡᠭᠯᠡᠯ︾ ᠳᠤ ᠳᠡᠮᠳᠡᠭᠯᠡᠵᠦ ᠪᠠᠶᠢᠨ᠎ᠡ ᠬᠡᠵᠠᠢ᠃ | ᠮᠦᠡᠭᠬᠡᠳᠠᠯᠠᠢ ᠪᠠᠰᠠ ᠳᠡᠤᠬᠡ ᠶᠢᠨ ᠮᠠᠲ᠋ᠧᠷᠢᠶᠠᠯ ᠳᠤ ᠳᠡᠮᠳᠡᠭᠯᠡᠭᠰᠡᠨ ᠠᠴᠠ ᠡᠰᠢ ᠳᠡᠳᠡᠵᠦ᠂ ᠴᠠᠬᠠᠷ ᠰᠢᠯᠤᠭᠤᠨ ᠰᠢᠷ᠎ᠠ ᠬᠤᠰᠢᠭᠤᠨ ᠤ 12 ᠳ᠋ᠤᠭᠠᠷ ᠰᠤᠮᠤᠨ ᠳᠤ | 1946 ᠤᠨ ᠠᠴᠠ 1947 ᠤᠨ ᠤ ᠬᠤᠭᠤᠷᠤᠨᠳᠦ 108 ᠡᠷᠦᠬᠡ᠂ 400 ᠭᠠᠷᠦᠢ ᠪᠠᠷᠭᠤ ᠬᠦᠮᠦᠨ ᠪᠠᠶᠢᠬᠰᠡᠨ᠃ ᠰᠢᠯᠤᠭᠤᠨ ᠰᠢᠷ᠎ᠡ ᠬᠤᠰᠢᠭᠤᠨ ᠤ 13 | ᠳ᠋ᠤᠭᠠᠷ ᠰᠤᠮᠤᠨ ᠳᠤ 80 ᠭᠠᠷᠦᠢ ᠡᠷᠦᠬᠡ ᠪᠠᠷᠭᠤ ᠠᠶᠢᠯ ᠪᠠᠶᠢᠬᠰᠡᠨ᠃ ᠬᠦᠪᠡᠬᠡᠳᠦ ᠰᠢᠷ᠎ᠡ ᠬᠤᠰᠢᠭᠤᠨ ᠤ 11 ᠳ᠋ᠤᠭᠡᠷ ᠰᠤᠮᠤ ᠪᠤᠯ ᠴᠤᠯ ᠪᠠᠷᠭᠤ ᠬᠦᠮᠦᠨ ᠢᠶᠠᠷ | ᠪᠦᠷᠢᠯᠳᠦᠭᠰᠡᠨ ᠰᠤᠮᠤ ᠮᠦᠨ︾ ᠬᠡᠵᠦ ᠳᠤᠳᠤᠷᠬᠠᠢ ᠢᠯᠡᠳᠬᠡᠵᠠᠢ᠃ ᠬᠦᠯᠦᠨ ᠪᠤᠶᠢᠷ ᠳᠡᠬᠡᠳᠦ ᠰᠤᠷᠭᠠᠭᠤᠯᠢ ᠶᠢᠨ ᠳᠡᠤᠬᠡ ᠶᠢᠨ ᠫᠷᠤᠹᠧᠰᠰᠤᠷ ᠱᠠᠬᠳᠡᠷ ᠤᠨ ᠰᠤᠩᠳᠦᠢ | ︽ᠡᠷᠳᠡᠨ ᠤ ᠪᠠᠷᠭᠤ ᠶᠠᠰᠦᠳᠡᠨ︾ ᠬᠡᠬᠦ ᠨᠤᠮ ᠳᠠᠭᠠᠨ ︽ᠮᠠᠨᠵᠦ ᠶᠢᠨ ᠨᠤᠶᠠᠷᠬᠠᠭᠴᠢᠳ ᠴᠠᠬᠠᠷ ᠢ ᠡᠷᠬᠡᠰᠢᠶᠡᠵᠦ ᠤᠷᠤᠭᠤᠯᠤᠬᠰᠡᠨ ᠤ ᠳᠠᠷᠠᠭ᠎ᠠ ᠴᠠᠬᠠᠷ ᠲᠤ ᠨᠠᠢᠮᠠᠨ | ᠬᠤᠰᠢᠭᠤ ᠶᠢ ᠪᠠᠶᠢᠭᠤᠯᠪᠠ ︵1675 ᠤᠨ ᠳᠤ︶᠃ ᠢᠡᠭᠬᠢᠬᠡᠳ ᠤᠤᠯ ᠤᠨ ᠠᠯᠳᠡᠨ ᠬᠠᠭᠠᠨ ᠤ ᠬᠠᠷᠢᠶᠠᠨ ᠳᠤ ᠪᠠᠶᠢᠬᠰᠡᠨ ᠪᠠᠷᠭᠤᠴᠤᠳ ᠨᠢ ᠮᠠᠨᠵᠦ ᠶᠢᠨ ᠴᠠᠬᠠᠷ | ᠨᠠᠢᠮᠠᠨ ᠬᠤᠰᠢᠭᠤᠨ ᠳᠤ ᠬᠤᠪᠢᠶᠠᠬᠳᠡᠨ ᠵᠠᠬᠢᠷᠤᠬᠳᠡᠪᠠ᠃ ᠴᠠᠬᠠᠷ ᠤᠨ ᠰᠢᠯᠤᠭᠤᠨ ᠰᠢᠷ᠎ᠡ ᠬᠤᠰᠢᠭᠤᠨ ᠤ 12 ᠳ᠋ᠤᠭᠠᠷ ᠰᠤᠮᠤ ᠪᠤᠶᠤ 13 ᠳ᠋ᠤᠭᠠᠷ ᠰᠤᠮᠤᠨ ᠳᠤ | ᠬᠡᠳᠦᠨ ᠵᠠᠭᠤᠨ ᠡᠷᠦᠬᠡ ᠪᠠᠷᠭᠤᠴᠤᠳ ᠪᠠᠶᠢᠪᠠ᠃ ᠬᠦᠪᠡᠬᠡᠳᠦ ᠬᠦᠬᠡ ᠬᠤᠰᠢᠭᠤᠨ ᠤ 8 ᠳ᠋ᠤᠭᠠᠷ ᠰᠤᠮᠤ ᠪᠤᠯ ᠴᠤᠯ ᠪᠠᠷᠭᠤᠴᠤᠳ ᠢᠶᠠᠷ ᠪᠦᠷᠢᠯᠳᠦᠭᠰᠡᠨ ᠰᠤᠮᠤ ᠶᠤᠮ︾ | ᠬᠡᠵᠠᠢ᠃ ᠳᠡᠷᠡ ᠪᠠᠰᠠ ︽ᠴᠠᠬᠠᠷ ᠮᠤᠩᠭᠤᠯ ᠦᠨᠳᠦᠰᠦᠳᠡᠨ ᠤ ᠳᠡᠤᠬᠡᠨ ᠦᠬᠦᠯᠡᠯ︾ ᠠᠴᠠ ᠡᠰᠢ ᠳᠡᠳᠡᠵᠦ᠂ ︽ᠬᠦᠪᠡᠬᠡᠳᠦ ᠰᠢᠷ᠎ᠡ ᠬᠤᠰᠢᠭᠤᠨ ᠤ 7 ᠳ᠋ᠤᠭᠠᠷ᠂ | 10 ᠳ᠋ᠤᠭᠠᠷ ᠰᠤᠮᠤ᠂ ᠬᠦᠪᠡᠬᠡᠳᠦ ᠤᠯᠠᠭᠠᠨ ᠬᠤᠰᠢᠭᠤᠨ ᠤ 2 ᠳ᠋ᠤᠭᠠᠷ᠂ 10 ᠳ᠋ᠤᠭᠠᠷ ᠰᠤᠮᠤ᠂ ᠰᠢᠯᠤᠭᠤᠨ ᠬᠦᠬᠡ ᠬᠤᠰᠢᠭᠤᠨ ᠤ 7 ᠳ᠋ᠤᠭᠠᠷ᠂ 8 ᠳ᠋ᠤᠭᠠᠷ ᠰᠤᠮᠤ | ᠂ ᠰᠢᠯᠤᠭᠤᠨ ᠴᠠᠭᠠᠨ ᠬᠤᠰᠢᠭᠤᠨ ᠤ 12 ᠳ᠋ᠤᠭᠠᠷ᠂ 13 ᠳ᠋ᠤᠭᠠᠷ ᠰᠤᠮᠤ᠂ ᠬᠦᠪᠡᠬᠡᠳᠦ ᠰᠢᠷ᠎ᠡ ᠬᠤᠰᠢᠭᠤᠨ ᠤ 16 ᠳ᠋ᠤᠭᠠᠷ᠂ 17 ᠳ᠋ᠤᠭᠠᠷ ᠰᠤᠮᠤ ᠪᠤᠯ ᠪᠦᠷ | ᠪᠠᠷᠭᠤ ᠬᠦᠮᠦᠨ ᠤ ᠰᠤᠮᠤ ᠪᠠᠶᠢᠵᠠᠢ︾ ᠬᠡᠵᠦ ᠦᠬᠦᠯᠡᠵᠠᠢ᠃ ᠭᠠᠯᠵᠤᠳ᠂ ᠲᠦᠪᠰᠢᠨᠨᠢᠮᠡ ᠶᠢᠨ ᠨᠠᠶᠢᠷᠠᠭᠤᠯᠤᠨ ᠵᠤᠬᠢᠶᠠᠬᠰᠡᠨ ︽ᠪᠠᠷᠭᠤᠴᠤᠳ ᠤᠨ ᠳᠡᠤᠬᠡᠨ ᠢᠷᠡᠯᠳᠡ | ︾ ᠬᠡᠮᠡᠬᠦ ᠵᠤᠬᠢᠶᠠᠯ ᠤᠨ ︽ᠴᠢᠩ ᠤᠯᠤᠰ ᠤᠨ ᠦᠶ᠎ᠡ ᠶᠢᠨ ᠪᠠᠷᠭᠤᠴᠤᠳ︾ ᠪᠦᠯᠦᠭ ᠲᠤ ︽᠁ ᠪᠠᠰᠠ ᠴᠠᠬᠠᠷ ᠨᠠᠢᠮᠠᠨ ᠬᠤᠰᠢᠭᠤᠨ ᠤ ᠬᠤᠰᠢᠭᠤ ᠪᠦᠷᠢ ᠳᠤ | ᠪᠠᠷᠭᠤᠴᠤᠳ ᠪᠠᠶᠢᠵᠠᠢ᠃ ᠳᠡᠳᠡᠬᠡᠷ ᠪᠠᠷᠭᠤᠴᠤᠳ ᠤᠳᠤ ᠴᠤ ᠳᠡᠨᠳᠡ ᠪᠠᠨ ᠨᠤᠳᠤᠬᠰᠢᠬᠰᠠᠭᠠᠷ ᠪᠠᠶᠢᠨ᠎ᠡ᠃ ᠳᠡᠳᠡᠨ ᠪᠤᠯ ᠤᠳᠤ ᠠᠴᠠ 285 ᠵᠢᠯ ᠤᠨ ᠡᠮᠤᠨ᠎ᠡ | ᠴᠬᠠᠠᠷ ᠨᠤᠳᠤᠬ ᠲᠤ ᠤᠴᠢᠬᠰᠡᠨ ᠪᠠᠶᠢᠨ᠎ᠡ︾ ᠬᠡᠵᠠᠢ᠃ ᠳᠦᠪᠰᠢᠨᠨᠢᠮᠡ ᠭᠤᠸᠠᠢ ᠡᠨᠡ ᠬᠦ ᠨᠤᠮ ᠢ 1985 ᠤᠨ ᠤ 8 ᠰᠠᠷ ᠡ ᠳᠤ ᠬᠡᠪᠯᠡᠬᠦᠯᠪᠠ᠃ ︽ | ᠤᠳᠤ ᠠᠴᠠ 285 ᠵᠢᠯ ᠤᠨ ᠡᠮᠤᠨ᠎ᠡ︾ ᠬᠡᠳᠡᠭ ᠨᠢ ᠪᠠᠷᠤᠬ ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠢ ᠵᠢᠭᠠᠵᠦ ᠪᠠᠶᠢᠬᠤ ᠪᠤᠯᠤᠯᠳᠠᠢ᠃ | ᠡᠨᠡ ᠪᠤᠯ ᠮᠦᠡᠭᠬᠡᠳᠠᠯᠠᠢ ᠶᠢᠨ ᠦᠬᠦᠯᠡᠭᠰᠡᠨ ︽ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠳᠤ ᠪᠠᠷᠭᠤ ᠵᠡᠷᠬᠡ ᠮᠤᠩᠭᠤᠯ ᠪᠤᠯᠤᠨ ᠴᠠᠬᠠᠷ | ᠮᠤᠩᠭᠤᠯ ᠤᠨ ᠢᠳᠡᠷ ᠡᠷ᠎ᠡ ᠶᠢ ᠨᠡᠶᠢᠯᠡᠬᠦᠯᠵᠦ ᠵᠤᠬᠢᠶᠠᠬᠰᠡᠨ ᠨᠢᠬᠡ ᠰᠤᠮᠦ︾ ᠬᠡᠳᠡᠭ ᠲᠠᠢ ᠴᠠᠬ ᠦᠶ᠎ᠡ ᠶᠢᠨ ᠳᠠᠯ᠎ᠡ ᠪᠠᠷ ᠵᠤᠬᠢᠴᠡᠯᠳᠦᠵᠦ ᠪᠠᠶᠢᠨ᠎ᠡ᠃ ᠬᠡᠪᠡᠴᠦ ᠡᠳᠡᠬᠡᠷ | ᠪᠠᠷᠭᠤᠴᠤᠳ ᠨᠢ ᠡᠩᠬᠡ ᠠᠮᠤᠭᠤᠯᠠᠩ ᠤᠨ 38 ᠳ᠋ᠤᠭᠠᠷ ᠤᠨ ᠳᠤ ᠶᠠᠮᠡᠷ ᠰᠢᠯᠳᠠᠭᠠᠨ ᠢᠶᠠᠷ ᠬᠠᠮᠢᠭ᠎ᠠ ᠠᠴᠠ ᠴᠠᠬᠠᠷ ᠨᠤᠳᠤᠬ ᠲᠤ ᠤᠴᠢᠬᠰᠡᠨ ᠬᠡᠳᠡᠭ ᠢ ᠬᠠᠷᠠᠭᠤᠯᠬᠤ | ᠴᠢᠬᠤᠯᠠᠳᠠᠢ ᠪᠠᠶᠢᠨ᠎ᠡ᠃ ︽ᠨᠠᠢᠮᠠᠨ ᠬᠤᠰᠢᠭᠤᠨ ᠤ ᠨᠡᠪᠳᠡᠷᠬᠡᠢ ᠳᠡᠮᠳᠡᠭᠯᠡᠯ︾ ᠳᠤ ︽ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠤ ᠳᠡᠷᠢᠬᠦᠨ | ᠰᠠᠷ᠎ᠡ ᠳᠤᠷ ᠵᠠᠷᠯᠢᠭ᠄ ᠤᠷᠤᠵᠦ ᠦᠭᠬᠦᠭᠰᠡᠨ ᠭᠤᠷᠪᠡᠨ ᠮᠢᠩᠭᠠᠨ ᠤᠷᠴᠢᠮ ᠪᠠᠷᠭᠤ ᠶᠢ ᠴᠠᠬᠠᠷ ᠤᠨ ᠨᠤᠳᠤᠭ ᠲᠤ ᠰᠠᠭᠤᠯᠭᠠᠵᠦ᠂ ᠰᠤᠮᠤ ᠵᠤᠬᠢᠶᠠᠪᠠᠢ᠂ ᠶᠢᠰᠦᠨ | ᠰᠠᠷ᠎ᠡ ᠳᠤ ᠪᠠᠷᠭᠤ ᠶᠢᠨ ᠰᠤᠮᠤᠨ ᠵᠠᠩᠬᠢ ᠡᠬᠢᠳᠦ ᠵᠡᠷᠬᠡ ᠬᠦᠮᠦᠨ᠂ ᠴᠠᠬᠠᠷ ᠤᠨ ᠳᠡᠳ᠋ ᠡᠯᠴᠢ ᠠᠮᠢᠳᠡᠨ᠂ ᠤᠷᠤᠯᠡᠨ ᠬᠦᠬᠡᠭᠴᠢ ᠪᠠᠨᠳᠠᠢ ᠵᠡᠷᠬᠡ ᠶᠢ ᠠᠯᠡᠵᠦ ᠮᠠᠯ | ᠤᠨᠤᠭ᠎ᠠ ᠪᠠᠨ ᠠᠪᠴᠤ ᠳᠤᠳᠠᠭᠠᠬᠰᠡᠨ ᠳᠤ ᠡᠦ ᠳ᠋ᠠ ᠴᠸᠡᠭ ᠨᠡᠬᠡᠮᠵᠢᠯᠠᠪᠡᠢ᠃ ᠬᠠᠯᠬ᠎ᠠ ᠶᠢᠨ ᠬᠦᠡᠭ ᠰᠢᠪᠦᠳᠠᠢ᠂ ᠬᠠᠳᠡᠨ ᠵᠡᠷᠬᠡ ᠬᠦᠮᠦᠰ ᠨᠢᠬᠡᠨᠳᠡ ᠵᠠᠷᠯᠢᠭ ᠢ ᠤᠯᠵᠦ | ᠮᠤᠩᠭᠤᠯ ᠴᠡᠷᠢᠭ ᠢᠶᠠᠷ ᠪᠦᠰᠡᠯᠡᠬᠡᠳ᠂ ᠡᠦ ᠳ᠋ᠠ ᠴᠸᠡᠭ 138 ᠬᠦᠮᠦᠨ ᠢ ᠠᠯᠡᠵᠦ᠂ 400 ᠬᠦᠮᠦᠨ ᠢ ᠬᠤᠷᠢᠶᠠᠮᠵᠢᠯᠡᠨ ᠡᠬᠡᠪᠡᠢ︾ ᠬᠡᠵᠦ ᠳᠡᠮᠳᠡᠭᠯᠡᠵᠠᠢ᠃ ᠡᠨᠡ ᠨᠢ | ᠮᠠᠨᠵᠦ ᠴᠢᠩ ᠤᠨ ᠱᠢᠽᠦ᠋ᠡᠭ ᠬᠠᠭᠠᠨ ᠨᠠᠶᠢᠷᠡᠯᠳᠦ ᠲᠦᠪ︶ ᠤ ᠦᠨᠡᠨ ᠬᠠᠤᠯᠢᠳᠦ ᠪᠢᠴᠢᠭ ᠲᠤ ︽ᠬᠠᠯᠬ᠎ᠠ ᠶᠢᠨ ᠤᠯᠤᠰ ᠤᠨ ᠲᠦᠰᠢᠶ᠎ᠡ ᠬᠦᠡᠭ ᠰᠢᠪᠦᠳᠠᠢ᠂ | ᠳᠤᠳᠠᠭᠠᠬᠰᠡᠨ ᠪᠠᠷᠭᠤ ᠶᠢ ᠵᠠᠮ ᠳᠤᠮᠳᠡ ᠨᠢ ᠳᠤᠰᠴᠦ ᠬᠤᠷᠢᠬᠯᠠᠪᠠᠢ︾ ᠬᠡᠰᠡᠨ ᠯᠦᠭᠡ ᠠᠭᠤᠯᠭ᠎ᠠ ᠠᠳᠠᠯᠢ ᠪᠠᠶᠢᠬᠤ ᠶᠤᠮ ᠪᠠᠶᠢᠨ᠎ᠡ᠃ | ᠳᠦᠪᠰᠢᠨᠨᠢᠮᠡ ᠭᠤᠸᠠᠢ ᠪᠠᠰᠠ ︽ᠨᠠᠶᠢᠷᠡᠯᠳᠦ ᠳᠦᠪ ᠤᠨ ᠶᠢᠰᠦᠳᠤᠬᠡᠷ ᠤᠨ ︵1731 ᠤᠨ︶ ᠳᠤ ᠴᠠᠬᠠᠷ ᠲᠤ ᠰᠠᠭᠤᠭ᠎ᠠ ᠪᠠᠷᠭᠤ ᠠᠴᠠ ᠵᠠᠭᠤᠨ ᠬᠤᠶᠠᠬ | ᠴᠡᠷᠢᠭ ᠢ ᠭᠠᠳᠠᠬᠰᠢ ᠳᠠᠳᠡᠵᠦ ᠪᠠᠶᠢᠬᠰᠡᠨ ᠢ ᠱᠢᠽᠦ᠋ᠡᠭ ᠬᠠᠭᠠᠨ ᠤ ᠦᠨᠡᠨ ᠬᠠᠤᠯᠢᠳᠦ ᠪᠢᠴᠢᠭ ᠲᠤ ᠳᠡᠮᠳᠡᠭᠯᠡᠵᠦ ᠪᠠᠶᠢᠬᠤ ᠠᠴᠠ ᠦᠵᠡᠪᠡᠯ᠂ ᠳᠡᠳᠡᠨ ᠡᠬᠦᠨ ᠠᠴᠠ | ᠡᠮᠤᠨ᠎ᠡ ᠴᠠᠬᠠᠷ ᠲᠤ ᠤᠴᠢᠬᠰᠡᠨ ᠨᠢ ᠳᠤᠳᠤᠷᠬᠠᠢ ᠶᠤᠮ᠃ ᠡᠶᠢᠮᠦ ᠠᠴᠠ 1699 ᠤᠨ ᠳᠤ ᠤᠴᠢᠬᠰᠡᠨ ᠳᠤᠬᠠᠢ ᠳᠡᠮᠳᠡᠭᠯᠡᠯ ᠪᠤᠯ ᠢᠳᠡᠬᠡᠬᠦᠰᠢᠳᠠᠢ ᠶᠤᠮ᠃ ᠤᠳᠤ | ᠴᠬᠠᠠᠷ ᠲᠤ ᠪᠠᠶᠢᠭ᠎ᠠ ᠪᠠᠷᠭᠤ ᠬᠦᠮᠦᠰ ᠦᠪᠡᠷᠰᠡᠳ ᠢ ᠪᠠᠨ ᠭᠤᠷᠪᠡᠨ ᠵᠠᠭᠤ ᠤᠷᠴᠢᠮ ᠵᠢᠯ ᠤᠨ ᠡᠮᠤᠨ᠎ᠡ ᠰᠤᠯᠦᠨ ᠪᠠᠷᠭᠤ ᠠᠴᠠ ᠢᠷᠡᠭᠰᠡᠨ ᠬᠡᠳᠡᠭ ᠶᠤᠮ᠃ ᠪᠠᠰᠠ | ᠬᠤᠷᠢᠳᠤᠭᠠᠷ ᠵᠠᠭᠤᠨ ᠤ ᠵᠢᠷᠠᠭᠠᠳ ᠤᠨ ᠪᠤᠯᠳᠠᠯ᠎ᠡ ᠳᠡᠳᠡᠨ ᠪᠦᠬᠡ ᠶᠢᠨ ᠮᠦᠷᠬᠦᠯ ᠤᠨ ᠰᠢᠳᠦᠯᠬᠡ ᠲᠠᠢ ᠪᠠᠶᠢᠬᠰᠡᠨ ᠠᠴᠠ ᠦᠵᠡᠪᠡᠯ ᠳᠡᠳᠡᠨ ᠤᠳᠤ ᠶᠢᠨ ᠬᠠᠭᠤᠴᠢᠨ | ᠪᠠᠷᠭᠤ ᠶᠢᠨ ᠨᠢᠬᠡᠨ ᠰᠠᠯᠪᠦᠷᠢ ᠪᠤᠯᠤᠯᠳᠠᠢ᠃ ᠬᠡᠬᠦ ᠳᠡᠭᠡᠨ ᠴᠠᠬ ᠦᠶ᠎ᠡ ᠶᠢᠨ ᠳᠠᠯ᠎ᠡ ᠠᠴᠠ ᠰᠢᠨᠵᠢᠪᠡᠯ ᠬᠠᠭᠤᠴᠢᠨ ᠪᠠᠷᠭᠤᠴᠤᠳ ᠬᠦᠯᠦᠨ ᠪᠤᠶᠢᠷ ᠲᠤ ᠤᠴᠢᠬᠤ ᠠᠴᠠ | ᠡᠮᠤᠨ᠎ᠡ ᠰᠠᠯᠤᠬᠰᠡᠨ ᠪᠠᠶᠢᠨ᠎ᠡ ᠬᠡᠵᠦ ᠦᠵᠡᠨ᠎ᠡ᠃ ᠪᠠᠰᠠ ᠳᠡᠳᠡᠨ ᠤ ᠳᠤᠳᠤᠷ᠎ᠡ ᠬᠤᠵᠢᠮ ᠤᠴᠢᠬᠰᠡᠳ ᠪᠠᠶᠢᠬᠤ ᠶᠤᠮ᠃ ᠳᠡᠳᠡᠨ ᠤ ᠳᠤᠳᠤᠷᠡᠬᠢ ᠤᠯᠡᠨ | ᠤᠪᠤᠬᠳᠡᠨ ᠤ ᠳᠤᠳᠤᠷ᠎ᠡ ᠪᠠᠳᠤᠤᠨ · ᠳᠠᠯᠠᠩᠭᠤᠳ ︵ᠰᠢᠨ᠎ᠡ ᠪᠠᠷᠭᠤ ᠵᠡᠬᠦᠨ ᠬᠤᠰᠢᠭᠤ᠂ ᠪᠠᠷᠠᠭᠤᠨ ᠬᠤᠰᠢᠭᠤᠨ ᠳᠤ ᠪᠤᠢ︶᠂ ᠴᠤᠩᠭᠤᠯ ︵ᠪᠦᠷᠢᠶᠠᠳ ᠤᠨ | ᠳᠤᠳᠤᠷ᠎ᠡ ᠴᠤᠩᠭᠤᠯ ᠬᠦᠮᠦᠨ ᠪᠤᠢ︶ ᠬᠡᠬᠦ ᠮᠡᠳᠦ ᠶᠢᠨ ᠤᠪᠤᠬᠳᠡᠨ ᠪᠠᠶᠢᠬᠤ ᠠᠴᠠ ᠦᠵᠡᠪᠡᠯ ᠳᠡᠳᠡᠨ ᠤ ᠳᠤᠳᠤᠷ᠎ᠡ ᠰᠢᠨ᠎ᠡ ᠪᠠᠷᠭᠤ ᠪᠠ ᠪᠦᠷᠢᠶᠠᠳ ᠲᠠᠢ | ᠤᠢᠢᠷᠡᠯᠴᠠᠭᠠ ᠨᠢᠬᠡ ᠰᠠᠯᠪᠦᠷᠢ ᠪᠤᠯᠬᠤ ᠬᠦᠮᠦᠰ ᠴᠤ ᠪᠠᠶᠢᠬᠤ ᠶᠤᠮ᠃ ᠳᠡᠷᠡᠴᠢᠯᠡᠨ ᠳᠡᠳᠡᠨ ᠤ ᠤᠪᠤᠬ ᠤᠨ ᠨᠡᠷᠡᠶᠢᠳᠦᠯ ᠨᠢ ᠤᠬ ᠨᠤᠳᠤᠬ ᠤᠨ ᠭᠠᠵᠡᠷ ᠤᠰᠤᠨ ᠤ | ᠨᠡᠷ᠎ᠡ ᠠᠴᠠ ᠨᠢᠬᠡ ᠬᠡᠰᠡᠭ ᠨᠢ ᠡᠬᠦᠰᠦᠭᠰᠡᠨ ᠶᠤᠮ︾ ᠬᠡᠵᠦ ᠳᠡᠮᠳᠡᠭᠯᠡᠵᠦ ᠪᠠᠶᠢᠨ᠎ᠡ᠃ | ᠳᠡᠬᠡᠷᠡᠬᠢ ᠦᠬᠦᠯᠡᠯ ᠨᠦᠬᠦᠳ ᠠᠴᠠ ᠨᠢᠬᠡ ᠬᠡᠰᠡᠭ ᠪᠠᠷᠭᠤᠴᠤᠳ᠂ ᠮᠠᠨᠵᠦ ᠴᠢᠩ ᠤᠨ ᠡᠩᠬᠡ ᠠᠮᠤᠭᠤᠯᠠᠩ ᠤᠨ ᠤᠨ ᠤ ᠦᠶ᠎ᠡ ᠪᠠᠷ ᠴᠠᠬᠠᠷ ᠨᠤᠳᠤᠬ ᠲᠤ | ᠤᠷᠢᠳ ᠬᠤᠵᠢᠳ ᠨᠡᠬᠦᠳᠡᠯᠯᠡᠨ ᠢᠷᠡᠵᠦ ᠴᠠᠬᠠᠷ ᠨᠠᠢᠮᠠᠨ ᠬᠤᠰᠢᠭᠤᠨ ᠳᠤ ᠬᠠᠷᠢᠶᠠᠯᠠᠬᠳᠡᠨ ᠤᠷᠤᠭᠠᠳ ᠬᠡᠳᠦᠨ ᠵᠠᠭᠤᠨ ᠵᠢᠯ ᠤᠨ ᠰᠠᠯᠬᠢ ᠪᠤᠷᠤᠭᠠᠨ ᠢ ᠦᠡᠭᠬᠡᠷᠡᠬᠦᠯᠵᠠᠢ | ᠬᠡᠳᠡᠭ ᠢ ᠮᠦᠴᠢᠳᠬᠡᠨ ᠤᠢᠢᠯᠠᠭᠠᠵᠠᠢ᠃ ᠬᠡᠪᠡᠴᠦ ᠡᠨᠡ ᠪᠦᠯᠦᠭ ᠪᠠᠷᠭᠤᠴᠤᠳ ᠴᠤᠬᠤᠮ ᠬᠠᠮᠢᠭ᠋ᠠ ᠠᠴᠠ ᠠᠯᠢ ᠦᠶ᠎ᠡ ᠳᠤ ᠴᠠᠬᠠᠷ ᠤᠨ ᠳᠠᠯ᠎ᠡ ᠨᠤᠳᠤᠬ ᠲᠤ | ᠤᠴᠢᠬᠰᠡᠨ ᠪᠤᠢ ᠬᠡᠳᠡᠭ ᠠᠰᠠᠭᠤᠳᠡᠯ ᠳᠤ ᠬᠠᠰᠢ ᠯᠡ ᠬᠠᠨᠤᠮᠵᠢᠳᠠᠢ ᠬᠠᠷᠢᠭᠤᠯᠳᠡ ᠦᠭᠴᠦ ᠴᠢᠳᠠᠭᠠᠳᠦᠢ ᠪᠠᠶᠢᠬᠰᠠᠭᠠᠷ ᠪᠢᠰᠢᠦ︕ | ᠱᠠᠬᠳᠡᠷ ᠤᠨ ᠰᠤᠩᠳᠠᠢ ︽ᠡᠨᠡ ᠪᠦᠯᠦᠭ ᠪᠠᠷᠭᠤᠴᠤᠳ ᠨᠢ ᠤᠤᠯ ᠳᠠᠭᠠᠨ ᠠᠯᠳᠡᠨ ᠬᠠᠭᠠᠨ ᠤ ᠬᠠᠷᠢᠶᠠᠨ ᠳᠤ ᠪᠠᠶᠢᠬᠰᠡᠨ ᠪᠠᠷᠭᠤᠴᠤᠳ︾ ᠬᠡᠵᠦ ᠦᠵᠡᠪᠡ᠃ | ᠳᠦᠪᠰᠢᠨᠨᠢᠮᠡ ᠶᠢᠨ ᠬᠡᠯᠡᠬᠦ ᠪᠠᠷ ᠪᠤᠯ ︽ᠤᠳᠤ ᠴᠠᠬᠠᠷ ᠲᠤ ᠪᠠᠶᠢᠭ᠎ᠠ ᠪᠠᠷᠭᠤ ᠬᠦᠮᠦᠰ ᠦᠪᠡᠷᠰᠡᠳ ᠢ ᠪᠠᠨ ᠭᠤᠷᠪᠠᠨ ᠵᠠᠭᠤ ᠰᠢᠬᠠᠮ ᠵᠢᠯ ᠤᠨ ᠡᠮᠤᠨ᠎ᠡ ᠰᠤᠯᠤᠨ | ᠪᠠᠷᠭᠤ ᠠᠴᠠ ᠢᠷᠡᠭᠰᠡᠨ ᠬᠡᠳᠡᠭ︾ ᠬᠡᠵᠠᠢ᠃ | ᠪᠠᠷᠭᠤ ᠶᠢᠨ ᠳᠡᠤᠬᠡ ᠶᠢ ᠡᠷᠬᠢᠴᠡᠬᠦᠯᠦᠨ ᠦᠵᠡᠪᠡᠰᠦ᠂ ᠤᠯᠡᠨ ᠵᠠᠭᠤᠨ ᠵᠢᠯ ᠤᠨ ᠳᠤᠷᠰᠢ ᠤᠯᠤᠰ ᠬᠦᠷᠦᠨ ᠬᠤᠪᠢᠰᠦᠨ ᠤᠯᠠᠷᠢᠵᠦ᠂ ᠬᠦᠮᠦᠨ ᠲᠦᠷᠦᠯᠬᠢᠳᠡᠨ ᠤ | ᠨᠡᠶᠢᠬᠡᠮ ᠤᠷᠪᠡᠵᠦ ᠬᠦᠷᠪᠡᠭᠰᠡᠨ ᠶᠠᠪᠤᠴᠡ ᠶᠢᠨ ᠳᠤᠮᠳᠡ ᠪᠠᠷᠭᠤ ᠶᠠᠰᠦᠳᠡᠨ ᠬᠡᠳᠦ᠋ᠢᠪᠡᠷ ᠡᠨᠡ ᠳᠤᠨᠢ ᠵᠠᠬᠢᠷᠦᠬᠳᠡᠨ᠂ ᠳᠡᠷᠡ ᠳᠤᠨᠢ ᠬᠠᠷᠢᠶᠠᠯᠠᠬᠳᠡᠵᠦ᠂ ᠰᠠᠷᠨᠢᠨ | ᠪᠤᠳᠡᠷᠡᠵᠦ᠂ ᠳᠠᠷᠬᠠᠬᠳᠡᠨ ᠬᠤᠪᠢᠶᠠᠬᠳᠠᠬᠰᠠᠭᠠᠷ ᠢᠷᠡᠭᠰᠡᠨ ᠪᠤᠯᠪᠠᠴᠤ ᠬᠡᠰᠡᠭ ᠬᠡᠰᠡᠭ ᠤᠪᠤᠬ ᠲᠦᠷᠦᠯ ᠢᠶᠠᠷ ᠢᠶᠠᠨ ᠪᠠᠷᠭᠤ ᠬᠡᠰᠡᠨ ᠨᠡᠷ᠎ᠡ ᠨᠢᠳᠡᠷ ᠢᠶᠠᠨ ᠠᠯᠳᠡᠯ | ᠦᠬᠡᠢ ᠪᠠᠷ ᠤᠷᠤᠰᠢᠨ ᠳᠤᠬᠳᠡᠬᠰᠡᠨ ᠭᠠᠵᠡᠷ ᠤᠷᠤᠨ ᠳᠠᠭᠠᠨ ᠪᠠᠷᠭᠤ ᠶᠠᠰᠦᠳᠡᠨ ᠤ ᠨᠡᠬᠦᠳᠡᠯ ᠮᠠᠯᠵᠢᠯ ᠰᠤᠶᠤᠯ ᠢᠶᠠᠨ ᠨᠡᠯᠢᠶᠡᠳ ᠪᠦᠷᠢᠨ ᠪᠦᠳᠦᠨ ᠢᠶᠠᠷ ᠦᠯᠡᠳᠡᠬᠡᠨ | ᠬᠠᠳᠠᠭᠠᠯᠡᠵᠦ ᠤᠯᠠᠷᠢᠨ ᠵᠠᠯᠭᠠᠮᠵᠢᠯᠠᠬᠠᠰᠠᠭᠠᠷ ᠢᠷᠡᠭᠰᠡᠨ ᠨᠢ ᠪᠠᠷᠭᠤ ᠮᠤᠩᠭᠤᠯ ᠬᠦᠮᠦᠨ ᠤ ᠡᠳᠡᠬᠡᠳ ᠵᠤᠷᠢᠬ ᠰᠦᠰᠦ᠂ ᠴᠤᠬ ᠵᠢᠪᠬᠤᠭ᠎ᠠ ᠶᠢ ᠬᠠᠷᠠᠭᠤᠯᠵᠦ ᠪᠠᠶᠢᠬᠤ ᠪᠠᠷ | ᠪᠠᠷᠠᠬᠤ ᠦᠬᠡᠢ ᠤᠯᠡᠨ ᠦᠨᠳᠦᠰᠦᠳᠡᠨ ᠶᠠᠰᠦᠳᠡᠨ ᠤ ᠳᠡᠤᠬᠡ ᠶᠢᠨ ᠬᠠᠭᠤᠳᠡᠰᠦᠨ ᠳᠤ ᠤᠨᠴᠡ ᠦᠵᠡᠭᠳᠡᠭᠰᠡᠨ ᠭᠠᠶᠢᠬᠠᠮᠰᠢᠬᠳᠦ ᠦᠵᠡᠭᠳᠡᠯ ᠤᠨ ᠨᠢᠬᠡ ᠪᠤᠯᠬᠤ ᠶᠤᠮ | ᠬᠡᠵᠦ ᠦᠵᠡᠨ᠎ᠡ᠃ ᠵᠢᠭᠠᠴᠢᠳᠠᠢ ᠪᠤᠶᠡᠨᠳᠡᠯᠬᠡᠷ ︽ᠬᠠᠯᠬ᠎ᠠ ᠪᠠᠷᠭᠤ ᠶᠢᠨ ᠡᠬᠦᠰᠦᠯ ᠢᠷᠡᠯ︾ ᠬᠡᠳᠡᠭ ᠵᠤᠬᠢᠶᠠᠯ ᠳᠠᠭᠠᠨ 15 ᠳ᠋ᠤᠭᠠᠷ ᠵᠠᠭᠤᠨ ᠤ ᠳᠤᠮᠳᠡᠴᠢ ᠦᠶ᠎ᠡ ᠪᠠᠷ | ︽ᠤᠤᠯ ᠤᠨ ᠤᠢ ᠶᠢᠨ ᠢᠷᠬᠡᠨ ᠠᠶᠢᠮᠠᠬ ᠤᠳ ᠪᠤᠶᠤ ᠠᠷᠢᠬᠪᠦ᠋ᠬᠡ ᠵᠢᠴᠢ ᠬᠤᠶᠢᠴᠢᠰ ᠤᠨ ᠨᠤᠶᠡᠯᠡᠯ ᠳᠤᠤᠷᠡᠬᠢ ᠤᠯᠤᠰ ᠢᠷᠬᠡᠳ ᠬᠤᠶᠡᠷ ᠵᠠᠭᠤᠭᠠᠳ ᠵᠢᠯ ᠤᠨ | ᠳᠡᠤᠬᠡ ︵ᠳᠤᠬᠠᠢᠢᠯᠠᠪᠠᠯ 13 ᠳ᠋ᠤᠭᠠᠷ ᠵᠠᠭᠤᠨ ᠤ ᠡᠬᠢᠨ ᠠᠴᠠ 15 ᠳ᠋ᠤᠭᠠᠷ ᠵᠠᠭᠤᠨ ᠤ ᠡᠬᠢ ᠬᠦᠷᠳᠡᠯ᠎ᠡ︶ ᠶᠢ ᠦᠡᠭᠬᠡᠷᠡᠬᠦᠯᠦᠭᠡᠳ ᠪᠠᠷᠠᠭᠤᠨ ᠮᠤᠩᠭᠤᠯ ᠤᠢᠢᠷᠡᠳ | ᠪᠦᠷᠢᠯᠳᠦᠭᠰᠡᠨ ᠶᠠᠪᠤᠴᠡ ᠳᠤ ᠪᠠᠷᠭᠤ ᠪᠠᠷ ᠠᠬᠠᠯᠠᠬᠴᠢ ᠤᠳᠤᠬ ᠪᠤᠯᠭᠠᠬᠰᠡᠨ ᠪᠠᠭᠠᠳᠦᠳ ᠳᠦᠮᠡᠨ ᠪᠤᠢ ᠪᠤᠯᠤᠬᠰᠡᠨ ᠢ ᠤᠯᠵᠦ ᠬᠠᠷᠡᠨᠡ᠃ ᠡᠬᠦᠨ ᠢᠶᠠᠷ ᠪᠠᠷᠠᠬᠤ | ᠦᠬᠡᠢ᠂ ᠳᠠᠶᠠᠨ ᠬᠠᠭᠠᠨ ᠤ ᠪᠠᠷᠭᠤ ᠤᠪᠤᠬᠳᠡᠨ ᠪᠠᠭ᠎ᠠ ᠬᠠᠳᠤᠨ ᠤ ᠳᠤᠬᠠᠢ ︿ᠡᠷᠳᠡᠨᠢ ᠶᠢᠨ ᠳᠤᠪᠴᠢ﹀ ᠶᠢᠨ ᠳᠡᠮᠳᠡᠭᠯᠡᠯ ᠨᠢ ︿ᠬᠠᠯᠬ᠎ᠠ ᠪᠠᠷᠭᠤ﹀ ᠶᠢᠨ ᠡᠬᠦᠰᠦᠯ | ᠢᠷᠡᠯ ᠢ ᠳᠤᠳᠤᠯᠠᠬᠤ ᠴᠢᠬᠤᠯᠠ ᠰᠦᠪᠡᠭᠴᠢ ᠬᠠᠨᠭ᠍ᠭᠠᠬᠰᠡᠨ ᠢ ᠴᠤ ᠳᠡᠮᠳᠡᠭᠯᠡᠬᠦᠰᠢᠳᠠᠢ︾ ᠬᠡᠵᠦ ᠦᠬᠦᠯᠡᠭᠰᠡᠨ ᠨᠢ ᠳᠤᠬᠠᠢ ᠶᠢᠨ ᠦᠶ᠎ᠡ ᠳᠤ ᠪᠠᠶᠢᠭᠠᠯ ᠤᠷᠤᠨ ᠠᠴᠠ | ᠤᠢᠢᠷᠡᠳ ᠪᠤᠶᠤ ᠴᠢᠩᠬᠢᠰ ᠬᠠᠭᠠᠨ ᠤ ᠬᠤᠶᠢᠴᠢᠰ ᠢ ᠳᠠᠭᠠᠵᠦ ᠨᠡᠬᠦᠭᠰᠡᠨ ᠬᠤᠶᠡᠷ ᠪᠦᠯᠦᠭ ᠪᠠᠷᠭᠤᠴᠤᠳ ᠤᠨ ᠳᠤᠬᠠᠢ ᠤᠢᠢᠯᠠᠯᠭ᠎ᠠ ᠳᠤ ᠴᠢᠨᠠᠬᠰᠢᠳᠡ ᠨᠡᠩ | ᠰᠤᠳᠤᠯᠤᠭᠤᠰᠢᠳᠠᠢ ᠰᠡᠳᠦᠪ ᠢ ᠨᠡᠮᠡᠵᠦ ᠦᠭᠬᠦᠯ᠎ᠡ ᠬᠡᠵᠦ ᠦᠵᠡᠵᠦ ᠪᠤᠯᠬᠤ ᠶᠤᠮ᠃ ᠡᠨᠡ ᠪᠦᠯᠦᠭ ᠪᠠᠷᠭᠤᠴᠤᠳ ᠤᠨ ᠳᠡᠤᠬᠡ ᠶᠢᠨ ᠬᠠᠭᠤᠳᠡᠰᠦ ᠶᠢ ᠨᠡᠬᠡᠬᠡᠵᠦ | ᠴᠢᠳᠠᠪᠠᠯ ᠴᠠᠬᠠᠷ ᠪᠠᠷᠭᠤ ᠶᠢᠨ ᠤᠬ ᠦᠨᠳᠦᠰᠦ ᠶᠢ ᠤᠢᠢᠯᠠᠭᠠᠵᠦ ᠪᠤᠯᠤᠮᠡᠷ ᠪᠠᠶᠢᠬᠤ ᠬᠡᠵᠦ ᠪᠤᠳᠤᠬᠳᠠᠭᠠᠳ ᠪᠠᠶᠢᠨ᠎ᠡ᠃ | ᠬᠤᠷᠯᠠᠳ ᠮᠧᠰᠢᠭᠡ |