︽ᠡᠷᠳᠡᠨᠢ ᠶᠢᠨ ᠳᠤᠪᠴᠢ︾ ᠳᠤ ᠳᠠᠶᠠᠨ ᠬᠠᠭᠠᠨ ᠪᠠᠳᠤᠮᠦ᠋ᠡᠭᠬᠡ ᠶᠢᠨ ᠠᠷᠪᠠᠨ ᠨᠢᠬᠡᠨ ᠬᠦᠪᠡᠬᠦᠳ ᠢ ᠦᠬᠦᠯᠡᠬᠦ ᠳᠡᠭᠡᠨ ︽ᠤᠢᠢᠷᠡᠳ ᠤᠨ ᠪᠠᠭᠠᠳᠤᠳ ᠤᠨ | ᠪᠠᠭᠠᠷᠠᠬᠤᠨ ︵ᠪᠠᠷᠠᠭᠤᠨ — ᠪᠠᠷᠭᠤ ᠶᠢᠨ ᠤᠨᠳᠤᠤ ᠪᠢᠴᠢᠯᠬᠡ ᠪᠤᠯᠠᠢ︶ ᠤᠳᠤᠬ ᠤᠨ ᠠᠯᠠᠬ ᠴᠢᠩᠰᠠᠩ ᠤᠨ ᠬᠦᠪᠡᠬᠦᠨ ᠮᠠᠩᠯᠠᠢ ᠶᠢᠨ ᠦᠬᠢᠨ ᠬᠦᠰᠠᠢ | ᠬᠠᠳᠦᠨ ᠠᠴᠠ ᠤᠪᠠᠰᠠᠨᠵᠡ ᠴᠢᠩ ᠳᠠᠶᠢᠵᠢ ᠬᠡᠷᠡᠳᠦ ᠴᠢᠩ ᠳᠠᠶᠢᠵᠢ ᠬᠤᠶᠡᠷ ᠳᠦᠷᠦᠪᠠ︾ ᠬᠡᠵᠠᠢ᠃ ᠡᠨᠡ ᠬᠦ ᠬᠦᠰᠠᠢ ᠬᠠᠳᠦᠨ ᠪᠤᠯ ᠳᠠᠶᠠᠨ ᠬᠠᠭᠠᠨ ᠤ ᠪᠠᠭ᠎ᠠ | ᠬᠠᠳᠦᠨ ᠤ ᠨᠢᠬᠡᠨ ᠪᠤᠯᠬᠤ ᠳᠤᠯᠠ ᠪᠠᠷᠭᠤ ᠨᠤᠳᠤᠬ ᠤᠨ ᠠᠯᠠᠬ ᠴᠢᠩᠰᠠᠩ ᠤᠨ ᠬᠦᠪᠡᠬᠦᠨ ᠮᠠᠩᠯᠠᠢ ᠪᠤᠯ ᠳᠠᠶᠠᠨ ᠬᠠᠭᠠᠨ ᠤ ᠬᠠᠳᠡᠮ ᠠᠪᠤ ᠨᠢ ᠶᠤᠮ ᠪᠠᠶᠢᠨ᠎ᠡ᠃ | 1454 ᠤᠨ ᠳᠤ ᠪᠤᠯᠤᠬᠰᠡᠨ ᠤᠢᠢᠷᠡᠳ ᠡᠰᠡᠨ ᠬᠠᠭᠠᠨ ︵ᠠᠯᠳᠡᠨ ᠤᠷᠤᠬᠳᠡᠨ ᠪᠤᠰᠤ︶ ᠢ ᠪᠠᠷᠭᠤ ᠤᠳᠤᠬ ᠤᠨ ᠠᠯᠠᠬ ᠴᠢᠩᠰᠠᠩ ᠠᠯᠠᠬᠰᠡᠨ ᠬᠡᠷᠡᠭ ᠨᠢ | ᠳᠤᠬᠠᠢ ᠶᠢᠨ ᠦᠶ᠎ᠡ ᠶᠢᠨ ᠮᠤᠩᠭᠤᠯ ᠳᠠᠶᠠᠭᠠᠷ ᠳᠤᠩᠰᠤᠯᠳᠡ ᠪᠤᠯᠤᠬᠰᠡᠨ ᠬᠡᠵᠦ ᠪᠤᠶᠡᠨᠳᠡᠯᠬᠡᠷ ᠦᠬᠦᠯᠡᠪᠠ᠃ ᠢᠡᠭᠬᠢᠬᠡᠳ 1456 ᠤᠨ ᠳᠤ᠂ ᠡᠨᠡ ᠬᠦ ᠤᠢᠢᠷᠡᠳ ᠤᠨ | ᠬᠤᠯᠪᠤᠭᠠᠨ ᠤ ᠳᠤᠮᠤ ᠨᠤᠶᠠᠨ ᠪᠠᠶᠢᠬᠰᠡᠨ ᠠᠯᠠᠬ ᠴᠢᠩᠰᠠᠩ ᠶᠠᠬ ᠤᠢᠢᠷᠡᠳ ᠤᠨ ᠳᠤᠳᠤᠭᠠᠳᠦ ᠶᠢᠨ ᠰᠠᠮᠠᠭᠤᠷᠡᠯ ᠤᠨ ᠳᠤᠮᠳᠡ ᠦᠬᠦᠭᠰᠡᠨ ᠠᠴᠠ ᠬᠤᠶᠢᠰᠢ ᠪᠠᠷᠠᠭᠤᠨ | ᠮᠤᠩᠭᠤᠯ ᠤᠨ ᠳᠠᠯ᠎ᠡ ᠳᠤ ᠪᠠᠶᠢᠬᠰᠡᠨ ᠪᠠᠭᠠᠳᠤᠳ ᠳᠦᠮᠡᠨ ᠤ ᠠᠬᠠᠯᠠᠬᠴᠢ ᠤᠳᠤᠬ — ᠪᠠᠷᠭᠤ ᠶᠢᠨ ᠳᠤᠬᠠᠢ ᠰᠤᠷᠠᠬ ᠴᠢᠮᠡᠭᠡ ᠨᠢᠬᠡᠨ ᠦᠶ᠎ᠡ ᠳᠤᠭᠤᠯᠳᠠᠬᠤ ᠪᠠᠨ | ᠪᠤᠯᠢᠪᠠ ᠬᠡᠳᠡᠭ᠃ ᠬᠤᠷᠢ ᠭᠠᠷᠦᠢ ᠵᠢᠯ ᠤᠨ ᠳᠠᠷᠠᠭ᠎ᠠ᠂ ᠠᠯᠠᠭ ᠴᠢᠩᠰᠠᠩ ᠤᠨ ᠬᠤᠶᠢᠴᠢᠰ ᠤᠨ ᠨᠤᠶᠠᠯᠠᠯ ᠳᠤ ᠪᠠᠶᠢᠬᠰᠡᠨ ᠡᠨᠡ ᠪᠦᠯᠦᠭ ᠪᠠᠷᠭᠤᠴᠤᠳ ᠵᠡᠬᠦᠨ | ᠮᠤᠩᠭᠤᠯ ᠤᠨ ᠶᠦᠡᠭᠰᠢᠶᠠᠪᠤ ᠳᠦᠮᠡᠨ ᠤ ᠳᠤᠤᠷᠡᠬᠢ ᠨᠢᠬᠡ ᠤᠳᠤᠬ ᠤᠨ ᠬᠤᠪᠢ ᠪᠠᠷ ᠠᠯᠳᠡᠨ ᠬᠠᠭᠠᠨ ᠤ ᠬᠠᠷᠢᠶᠠᠳᠦ ᠪᠤᠯᠵᠦ ᠢᠯᠡᠷᠡᠭᠰᠡᠨ ᠪᠠᠶᠢᠯ᠎ᠡ᠃ ᠡᠨᠡ ᠨᠢ ᠳᠠᠶᠠᠨ | ᠬᠠᠭᠠᠨ ᠪᠠᠷᠠᠭᠤᠨ ᠮᠤᠩᠭᠤᠯ ᠤᠢᠢᠷᠡᠳ ᠢ ᠳᠠᠶᠢᠯᠡᠨ ᠢᠯᠡᠵᠦ᠂ ᠳᠠᠬᠢᠨ ᠳᠦᠮᠡᠳ ᠤᠨ ᠬᠤᠰᠦᠢ᠂ ᠶᠦᠡᠭᠰᠢᠶᠠᠪᠤ ᠶᠢᠨ ᠢᠪᠡᠷᠡᠢ ᠳᠠᠶᠢᠰᠢ᠂ ᠤᠷᠳᠦᠰ ᠤᠨ ᠯᠡᠬᠦᠱᠢ | ᠠᠬᠠᠯᠠᠬᠴᠢ ᠶᠢ ᠵᠠᠯᠭᠠᠪᠡᠷ ᠳᠠᠷᠦᠵᠦ᠂ ᠰᠡᠬᠦᠯᠡᠷ ᠨᠢ ᠪᠠᠷᠠᠭᠤᠨ ᠳᠦᠮᠡᠨ ᠤ ᠪᠤᠰᠤᠯᠭ᠎ᠠ ᠶᠢ ᠳᠦᠪᠰᠢᠳᠬᠡᠭᠰᠡᠨ ᠤ ᠳᠠᠷᠠᠭ᠎ᠠ ᠤᠷᠢᠶᠠᠩᠬᠠᠢᠢᠴᠤᠳ ᠢ ᠦᠪᠡᠷ ᠤᠨ ᠡᠷᠬᠡ | ᠵᠠᠬᠢᠷᠭᠠᠨ ᠳᠠᠭᠠᠨ ᠤᠷᠤᠭᠤᠯᠤᠬᠰᠡᠨ ᠳᠤᠯᠠ ᠤᠤᠯ ᠤᠨ ᠤᠢᠢᠷᠡᠳ᠂ ᠲᠦᠮᠡᠳ᠂ ᠶᠦᠡᠭᠰᠢᠶᠠᠪᠤ ᠶᠢᠨ ᠬᠠᠷᠢᠶᠠᠨ ᠳᠤ ᠪᠠᠶᠢᠬᠰᠡᠨ ᠪᠠᠷᠭᠤᠴᠤᠳ ᠠᠶᠠᠨᠳᠠᠭᠠᠨ ᠵᠡᠬᠦᠨ | ᠮᠤᠩᠭᠤᠯ ᠤᠨ ᠳᠠᠶᠠᠨ ᠬᠠᠭᠠᠨ ᠤ ᠬᠠᠷᠢᠶᠠᠨ ᠳᠤ ᠤᠯᠠᠷᠢᠨ ᠰᠢᠯᠵᠢᠬᠦ ᠨᠢ ᠮᠡᠳᠡᠬᠡᠵᠢ ᠬᠡᠷᠡᠭ ᠪᠤᠶᠤ᠃ ᠨᠦᠬᠦᠬᠡ ᠳᠠᠯ᠎ᠡ ᠪᠠᠷ ᠤᠤᠯ ᠤᠨ ᠤᠢᠢᠷᠡᠳ ᠤᠨ ᠪᠠᠭᠠᠳᠤᠳ ᠤᠨ | ᠠᠬᠠᠯᠠᠬᠴᠢ ᠤᠳᠤᠬ ᠪᠠᠷᠭᠤ ᠶᠢᠨ ᠠᠯᠠᠬ ᠴᠢᠩᠰᠠᠩ ᠤᠨ ᠬᠦᠪᠡᠬᠦᠨ ᠮᠠᠩᠯᠠᠢ ᠶᠢᠨ ᠦᠬᠢᠨ ᠬᠦᠰᠠᠢ ᠪᠤᠯ ᠳᠠᠶᠠᠨ ᠬᠠᠭᠠᠨ ᠤ ᠪᠠᠭ᠎ᠠ ᠬᠠᠳᠤᠨ ᠪᠤᠯᠵᠦ ᠵᠠᠶᠠᠭᠠᠬᠰᠡᠨ | ᠤᠷᠤᠬ ᠰᠠᠳᠦᠨ ᠤ ᠬᠠᠷᠢᠴᠠᠭ᠎ᠠ ᠲᠠᠢ ᠪᠤᠯᠤᠬᠰᠡᠨ ᠳᠤᠯᠠ ᠡᠨᠡ ᠬᠦ ᠪᠠᠷᠭᠤ ᠬᠠᠳᠤᠨ ᠠᠴᠠ ᠲᠦᠷᠦᠭᠰᠡᠨ ᠬᠦᠪᠡᠬᠦᠨ ᠤᠪᠠᠰᠠᠨᠵᠡ ᠴᠢᠩ ᠳᠠᠶᠢᠵᠢ ᠶᠢ ︽ᠶᠦᠡᠭᠰᠢᠶᠠᠪᠤ | ᠲᠦᠮᠡᠨ ᠤ ᠪᠠᠷᠭᠤ ᠨᠤᠳᠤᠬ ᠳᠡᠬᠡᠷ᠎ᠡ ᠰᠠᠭᠤᠵᠠᠢ ᠬᠡᠵᠦ ᠦᠵᠡᠬᠦ ᠳᠤ ᠪᠤᠷᠤᠭᠤᠳᠠᠬᠤ ᠦᠬᠡᠢ︾ ᠬᠡᠵᠦ ᠪᠤᠶᠠᠨᠳᠡᠯᠡᠬᠡᠷ ᠦᠬᠦᠯᠡᠭᠰᠡᠨ ᠪᠠᠶᠢᠪᠠ᠃ | ︽ᠬᠠᠯᠬ᠎ᠠ ᠶᠢᠨ ᠳᠡᠤᠬᠡ︾ ᠬᠡᠮᠡᠬᠦ ᠨᠤᠮ ᠠᠴᠠ ᠡᠰᠢ ᠳᠡᠳᠡᠪᠠᠰᠦ᠄ ᠠᠯᠳᠡᠨ ᠬᠠᠭᠠᠨ ᠤ ᠤᠢᠢᠷᠡᠳ ᠤᠨ ᠡᠰᠡᠷᠬᠦ ᠶᠠᠪᠤᠭᠤᠯᠤᠬᠰᠡᠨ ᠳᠡᠮᠡᠴᠡᠯ ᠨᠢ 1552 | ᠤᠨ ᠳᠤ ᠤᠢᠢᠷᠡᠳ ᠢ ᠬᠠᠷᠠᠬᠤᠷᠦᠮ ᠬᠤᠳᠡ ᠠᠴᠠ ᠬᠦᠬᠡᠬᠡᠨ ᠭᠠᠷᠭᠠᠬᠤ ᠶᠠᠪᠤᠳᠡᠯ ᠠᠴᠠ ᠡᠬᠢᠯᠡᠵᠠᠢ᠃ ᠳᠤᠬᠠᠢ ᠶᠢᠨ ᠦᠶ᠎ᠡ ᠳᠤᠷ ᠮᠤᠩᠭᠤᠯ ᠤᠨ ᠬᠠᠭᠤᠴᠢᠨ ᠨᠡᠶᠢᠰᠯᠡᠯ | ᠪᠤᠯᠬᠤ ᠬᠠᠷᠠᠬᠤᠷᠦᠮ ᠬᠤᠳᠡ ᠶᠢ ᠡᠵᠡᠯᠡᠨ ᠠᠪᠤᠬᠰᠡᠨ ᠪᠠᠶᠢᠯ᠎ᠡ᠃ ᠠᠯᠳᠡᠨ ᠬᠠᠭᠠᠨ ᠤᠢᠢᠷᠡᠳ ᠢ ᠬᠦᠬᠡᠬᠡᠨ ᠶᠠᠪᠤᠭᠤᠯᠤᠬᠰᠡᠨ ᠳᠤᠬᠢᠶᠠᠯ ᠢᠶᠠᠷ ᠤᠷᠳᠤᠰ ᠤᠨ ᠡᠷᠬᠡ | ᠰᠦᠷ ᠲᠠᠢ ᠳᠤᠮᠤ ᠹᠸᠤᠳᠡᠯ ᠤᠨ ᠡᠵᠡᠨ ᠬᠤᠳᠤᠬᠳᠠᠢ ᠰᠡᠴᠡᠨ ᠬᠤᠨᠭ᠌ ᠳᠠᠶᠢᠵᠢ ᠬᠡᠮᠡᠭᠴᠢ ᠠᠯᠳᠡᠨ ᠬᠠᠭᠠᠨ ᠤ ᠵᠠᠷᠯᠢᠬ ᠢᠶᠠᠷ 1562 ᠤᠨ ᠳᠤ ᠢᠷᠲ᠋ᠢᠱ ᠮᠦᠷᠢᠨ ᠤ | ᠬᠠᠪᠢ ᠪᠠᠷ ᠨᠤᠳᠤᠬ ᠲᠠᠢ ᠤᠢᠢᠷᠡᠳ᠂ ᠳᠤᠷᠭᠤᠳ ᠢ ᠪᠠᠶᠢᠯᠳᠤᠨ ᠡᠵᠡᠯᠡᠬᠦ ᠪᠠᠷ ᠴᠡᠷᠢᠭ ᠳᠠᠶᠢᠯᠡᠨ ᠮᠤᠷᠳᠡᠪᠠ᠃ 1563 ᠤᠨ ᠳᠤ ᠬᠤᠳᠤᠬᠳᠠᠢ ᠰᠡᠴᠡᠨ ᠬᠤᠨᠭ᠌ | ᠳᠠᠶᠢᠵᠢ ᠳᠡᠬᠢᠨ ᠴᠡᠷᠢᠭ ᠳᠠᠶᠢᠯᠡᠵᠦ᠂ ᠳᠤᠬᠮᠠᠬ ᠤᠨ ᠬᠠᠰᠠᠬ ᠤᠳ᠂ ᠤᠢᠢᠷᠡᠳ ᠤᠨ ᠴᠤᠷᠤᠰ᠂ ᠪᠠᠭᠠᠳᠤᠳ ᠠᠶᠢᠮᠠᠬ ᠤᠳ ᠢ ᠳᠤᠪᠳᠤᠯᠤᠭᠠᠳ᠂ 1574 ᠤᠨ ᠳᠤ | ᠴᠤᠷᠤᠰ ᠪᠠᠭᠠᠳᠤᠳ ᠬᠤᠶᠡᠷ ᠠᠶᠢᠮᠠᠬ ᠢ ᠪᠠᠭᠤᠯᠭᠠᠨ ᠤᠷᠤᠭᠤᠯᠵᠠᠢ᠃ ᠡᠬᠦᠨ ᠠᠴᠠ ᠦᠵᠡᠬᠦᠶ᠎ᠡ᠂ ᠪᠠᠷᠭᠤ ᠶᠠᠰᠦᠳᠡᠨ ᠶᠡᠷᠦ ᠨᠢ ᠤᠷᠢᠳ ᠬᠤᠵᠢᠳ ᠵᠡᠬᠦᠨ ︵ᠶᠡᠭᠡ | ᠮᠤᠩᠭᠤᠯ︶᠂ ᠪᠠᠷᠠᠭᠤᠨ ᠮᠤᠩᠭᠤᠯ ︵ᠤᠢᠢᠷᠡᠳ︶ ᠤᠨ ᠬᠠᠷᠢᠶᠠᠨ ᠳᠤ ᠪᠦᠷ ᠪᠠᠭᠳᠡᠵᠦ ᠪᠠᠶᠢᠬᠰᠡᠨ ᠪᠦᠬᠡᠳ ᠵᠡᠬᠦᠨ ᠮᠤᠩᠭᠤᠯ ᠤᠨ ᠪᠠᠷᠠᠭᠤᠨ ᠭᠤᠷᠪᠠᠨ ᠲᠦᠮᠡᠨ ᠤ | ᠳᠤᠳᠤᠷᠡᠬᠢ ᠳᠦᠮᠡᠳ ᠳᠦᠮᠡᠨ᠂ ᠶᠦᠡᠭᠰᠢᠶᠠᠪᠤ ᠲᠦᠮᠡᠨ ᠳᠤ ᠭᠤᠤᠯᠴᠢᠯᠡᠨ ᠳᠤᠬᠳᠡᠵᠦ ᠪᠠᠶᠢᠯ᠎ᠡ᠃ ᠡᠬᠦᠨ ᠠᠴᠠ ᠡᠮᠤᠨ᠎ᠡ ᠪᠠᠷᠠᠭᠤᠨ ᠮᠤᠩᠭᠤᠯ ᠤᠨ ᠤᠢᠢᠷᠡᠳ ᠤᠨ | ᠪᠠᠭᠠᠳᠤᠳ ᠠᠶᠢᠮᠠᠬ ᠤᠨ ᠠᠬᠠᠯᠠᠬᠴᠢ ᠤᠳᠤᠬ ︵ᠤᠪᠤᠬ︶ ᠪᠤᠯᠵᠦ ᠬᠠᠮᠤᠬ ᠶᠡᠭᠡ ᠮᠡᠳᠡᠯ ᠲᠠᠢ ᠪᠠᠶᠢᠬᠰᠡᠨ ᠠᠴᠠ ᠪᠠᠨ ᠠᠯᠳᠡᠨ ᠬᠠᠭᠠᠨ ᠤ ᠬᠠᠷᠢᠶᠠᠨ ᠳᠠᠬᠢ | ᠶᠦᠡᠭᠰᠢᠶᠠᠪᠤ ᠲᠦᠮᠡᠨ ᠢ ᠳᠠᠭᠠᠷᠡ ᠤᠷᠤᠬᠰᠡᠨ ᠨᠢ ᠳᠤᠳᠤᠷᠬᠠᠢ ᠪᠠᠶᠢᠨ᠎ᠡ᠃ ᠡᠬᠦᠨ ᠢᠶᠠᠷ ᠰᠦᠪᠡᠭᠴᠢ ᠪᠤᠯᠭᠠᠭᠠᠳ ᠴᠢᠨᠠᠬᠰᠢᠯᠠᠪᠠᠯ ᠴᠠᠬᠠᠷ ᠪᠠᠷᠭᠤ ᠶᠢᠨ ᠳᠡᠤᠬᠡᠨ | ᠢᠷᠡᠯ ᠢ ᠤᠬᠤᠴᠢᠯᠡᠨ ᠤᠯᠵᠦ ᠪᠤᠯᠬᠤ ᠶᠤᠮ ᠬᠡᠵᠦ ᠦᠵᠡᠨ᠎ᠡ᠃ | ᠤᠪᠰᠠᠨᠵᠡ ᠴᠢᠩ ᠳᠠᠶᠢᠵᠢ ᠵᠢᠴᠢ ᠳᠡᠬᠦᠨ ᠤ ᠨᠤᠶᠠᠯᠠᠯ ᠳᠤᠤᠷᠡᠬᠢ ᠪᠠᠷᠭᠤ ᠤᠳᠤᠬ 16 ᠳ᠋ᠤᠭᠠᠷ ᠵᠠᠭᠤᠨ ᠤ 30 — 40 ᠬᠡᠳ ᠤᠨ ᠨᠤᠭᠤᠳ ᠲᠤ ᠠᠯᠳᠡᠷ | ᠶᠡᠬᠡᠳᠡᠢ ᠪᠠᠶᠢᠬᠰᠡᠨ ᠬᠡᠳᠡᠭ᠃ ᠵᠢᠭᠠᠴᠢᠳᠠᠢ ᠪᠤᠶᠠᠨᠳᠡᠯᠬᠡᠷ ︽ᠬᠠᠯᠬ᠎ᠠ ᠪᠠᠷᠭᠤ ᠶᠢᠨ ᠡᠬᠦᠰᠦᠯ ᠢᠷᠡᠯ︾ ᠳᠤ ︽1543 ᠤᠨ ᠳᠤ ᠨᠠᠶᠢᠷᠡᠭᠤᠯᠤᠬᠰᠡᠨ ᠮᠢᠨ ᠡᠸ᠋ ᠱᠠᠨ | ᠬᠦᠮᠦᠨ ᠬᠡᠮᠡᠬᠦ ᠴᠤᠯᠠ ᠲᠠᠢ ᠰᠦ᠋ ᡁᠢ ᠭᠤᠤ ᠶᠢᠨ ︵︿ᠤᠮᠠᠷᠡᠳᠦ ᠵᠦᠭ ᠤᠨ ᠬᠡᠷᠡᠭ ᠤᠴᠢᠷ﹀︶ ᠪᠢᠴᠢᠭ ᠲᠤ ᠪᠠᠷᠭᠤ ᠶᠢ 把儿户 ᠬᠡᠳ ︿ᠮᠤᠩᠭᠤᠯᠴᠤᠳ | ᠳᠡᠳᠡᠨ ᠢ ᠬᠠᠷ᠎ᠡ ᠮᠤᠩᠭᠤᠯ ᠬᠡᠮᠡᠮᠤᠢ᠂ ᠳᠠᠶᠢᠨ ᠪᠠᠶᠢᠯᠳᠤᠭᠠᠨ ᠳᠤ ᠴᠠᠭᠠᠷᠡᠬᠰᠡᠨ᠂ ᠬᠡᠳᠦᠨ ᠳᠦᠮᠡᠨ ᠴᠡᠷᠢᠭ ᠲᠠᠢ᠂ ᠪᠤᠯᠤᠳ ᠢᠶᠠᠷ ᠵᠡᠪᠰᠡᠭ ᠬᠢᠮᠦᠢ ︵把儿户, | 虏中呼为黑达子᠂ 好战斗᠂ 兵之数万᠂ 以镔铁为刀︶︾ ᠬᠡᠵᠦ ᠶᠠᠷᠢᠬᠰᠡᠨ ᠪᠦᠬᠡᠳ ᠪᠠᠭ᠎ᠠ ᠬᠠᠭᠠᠨ ︵ | ᠪᠤᠳᠢ ᠠᠯᠠᠬ︶ ᠢ ᠳᠠᠭᠠᠵᠦ ᠤᠷᠢᠶᠠᠩᠬᠠᠨ ᠲᠦᠮᠡᠨ ᠳᠤ ᠴᠡᠷᠢᠭᠯᠡᠭᠰᠡᠨ ᠠᠵᠢ᠃ ᠡᠬᠦᠨ ᠠᠴᠠ ᠭᠠᠳᠡᠨ᠎ᠡ ︿ᠳᠠᠶᠢᠮᠢᠩ ᠤᠨ ᠱᠢᠽᠦ᠋ᠡᠭ ᠬᠠᠭᠠᠨ ᠤ ᠮᠠᠭᠠᠳ ᠬᠠᠤᠯᠢ﹀ | ᠶᠢᠨ ᠵᠢᠶᠠ ᠵᠢᠩ ᠤᠨ 25 ᠳ᠋ᠤᠭᠠᠷ ᠤᠨ ︵1540 ᠤᠨ︶ ᠤ 6 ᠰᠠᠷ᠎ᠡ ᠶᠢᠨ ᠴᠠᠭᠠᠬᠴᠢᠨ ᠦᠬᠡᠷ ᠡᠳᠦᠷ ᠤᠨ ᠵᠤᠷᠪᠤᠰ ᠲᠤ ᠴᠢᠩ ᠳᠠᠶᠢᠵᠢ 8 ᠰᠠᠷ᠎ᠡ ᠶᠢᠨ | 15 ᠤ ᠳᠡᠷᠬᠡᠯ ᠰᠠᠷᠡᠨ ᠢ ᠬᠦᠯᠢᠶᠡᠵᠦ᠂ ᠵᠡᠬᠦᠨᠰᠢ ᠴᠡᠷᠢᠭᠯᠡᠬᠦ ᠪᠠᠷ ᠪᠤᠢ ᠬᠡᠮᠡᠬᠦ ᠰᠤᠷᠠᠬ ᠢ ᠤᠯᠵᠦ ᠠᠪᠤᠬᠰᠡᠨ ᠳᠠᠷᠦᠢ ᠮᠢᠩ ᠤᠯᠤᠰ ᠤᠨ ᠬᠢᠨᠢ ᠨᠡᠶᠢᠰᠯᠡᠯ ᠬᠤᠳᠡ | ᠤᠷᠴᠢᠮ ᠳᠠᠬᠢ ᠴᠤᠤ ᠡᡁᠧ ︵ᠤᠳᠤ ᠶᠢᠨ ᠪᠡᠬᠡᠵᠢᠩ ᠬᠤᠳᠡ ᠶᠢᠨ ᠮᠢ ᠶᠦᠨ ᠰᠢᠶᠠᠨ ᠤ ᠭᠠᠵᠡᠷ︶᠂ ᠪᠠᠢ ᠶᠠᠩ ︵ᠤᠳᠤ ᠶᠢᠨ ᠪᠡᠬᠡᠵᠢᠩ ᠬᠤᠳᠡ ᠶᠢᠨ ᠴᠠᠩ ᠫᠢᠡᠭ | ᠰᠢᠶᠠᠨ ᠤ ᠭᠠᠵᠡᠷ︶᠂ ᠬᠦ᠋ ᠪᠸᠢ ︵ᠮᠤᠩᠭᠤᠯ ᠨᠡᠷ᠎ᠡ ᠨᠢ ᠮᠤᠯᠳᠤᠬᠴᠢᠨ ᠤ ᠰᠦᠪᠠ ᠤᠳᠤ ᠶᠢᠨ ᠪᠡᠬᠡᠵᠢᠩ ᠬᠤᠳᠡ ᠶᠢᠨ ᠮᠢ ᠶᠦᠨ ᠰᠢᠶᠠᠨ ᠤ ᠭᠠᠵᠡᠷ︶᠂ ᠰᠢ ᠹᠸᠡᠭ | ︵ᠮᠤᠩᠭᠤᠯ ᠨᠡᠷ᠎ᠡ ᠨᠢ ᠪᠠᠶᠠᠰᠬᠤᠯᠠᠩ ᠬᠠᠳᠡᠳᠦ᠂ ᠤᠳᠤ ᠶᠢᠨ ᠡᡁᠧᠪᠸᠢ ᠮᠤᠵᠢ ᠶᠢᠨ ᠴᠢᠶᠠᠨ ᠰᠢ ᠰᠢᠶᠠᠨ ᠤ ᠭᠠᠵᠡᠷ︶ ᠵᠡᠷᠬᠡ ᠪᠤᠭᠤᠮᠳᠡ ᠶᠢᠨ ᠰᠡᠷᠬᠡᠶᠢᠯᠡᠯᠳᠡ ᠪᠠᠨ | ᠴᠢᠩᠭᠠᠯᠡᠵᠦ ᠪᠠᠶᠢᠬᠰᠡᠨ ᠳᠡᠮᠳᠡᠭᠯᠡᠯ ᠲᠠᠢ︾ ᠬᠡᠵᠦ ᠦᠬᠦᠯᠡᠪᠠ᠃ | ᠳᠡᠬᠡᠪᠡᠯ᠂ ᠡᠨᠡ ᠬᠦ ᠤᠪᠠᠰᠠᠨᠵᠠ ᠴᠢᠩ ᠳᠠᠶᠢᠵᠢ ᠶᠢᠨ ᠬᠠᠷᠢᠶᠠᠨ ᠳᠠᠬᠢ ᠪᠠᠷᠭᠤᠴᠤᠳ ᠪᠤᠯ ᠳᠡᠬᠡᠷ᠎ᠡ ᠳᠤᠷᠡᠳᠴᠦ ᠦᠡᠭᠬᠡᠷᠡᠭᠰᠡᠨ ᠬᠤᠳᠤᠬᠳᠠᠢ ᠰᠡᠴᠡᠨ ᠬᠤᠨᠭ᠌ | ᠳᠠᠶᠢᠵᠢ ᠶᠢᠨ ᠤᠷᠤᠭᠤᠯᠤᠨ ᠠᠪᠴᠢᠷᠠᠬᠰᠡᠨ ᠪᠠᠭᠠᠳᠤᠳ ᠤᠳᠤᠬ ︵ᠤᠪᠤᠬ︶ ᠪᠠᠷᠭᠤ ᠮᠦᠨ ᠮᠦᠷᠳᠡᠬᠡᠨ ᠳᠡᠳᠡᠨ ᠤ ᠳᠦᠷᠦᠬᠦᠦ ᠠᠯᠠᠬ ᠴᠢᠩᠰᠠᠩ ᠤᠨ ᠬᠦᠪᠡᠬᠦᠨ | ᠮᠠᠩᠯᠠᠢ ᠠᠬᠠᠯᠠᠬᠤ ᠶᠢᠨ ᠦᠬᠢᠨ ᠬᠦᠰᠠᠢ ᠬᠡᠮᠡᠭᠴᠢ ᠪᠤᠯ ᠳᠠᠶᠠᠨ ᠬᠠᠭᠠᠨ ᠤ ᠪᠠᠭ᠎ᠠ ᠬᠠᠳᠤᠨ᠂ ᠳᠠᠷᠦᠢ ᠴᠢᠩ ᠳᠠᠶᠢᠵᠢ ᠤᠪᠠᠰᠠᠨᠵᠡ ᠶᠢᠨ ᠲᠦᠷᠦᠭᠰᠡᠨ ᠡᠬᠡ ᠨᠢ | ᠪᠤᠯᠤᠨ᠎ᠡ᠃ ᠡᠳᠡᠬᠡᠷ ᠪᠠᠷᠭᠤ ᠪᠤᠯ ᠳᠠᠶᠠᠨ ᠬᠠᠭᠠᠨ ᠤ ᠬᠦᠪᠡᠬᠦᠨ ᠤᠪᠠᠰᠠᠨᠵᠠ ᠶᠢᠨ ᠬᠠᠷᠢᠶᠠᠨ ᠳᠠᠬᠢ ᠶᠦᠡᠭᠰᠢᠶᠠᠪᠤ ᠲᠦᠮᠡᠨ ᠳᠤ ᠤᠯᠠᠷᠢᠨ ᠰᠢᠯᠵᠢᠭᠰᠡᠨ ᠵᠤᠨ ᠪᠤᠯᠠᠢ᠃ | ᠶᠡᠭᠡ ᠮᠤᠩᠭᠤᠯ ᠤᠨ ᠪᠤᠳᠢ ᠠᠯᠠᠬ ᠬᠠᠭᠠᠨ ︵1519 — 1547︶ ᠤ ᠦᠶ᠎ᠡ ᠳᠤ ᠪᠠᠷᠠᠭᠤᠨ ᠭᠤᠷᠪᠠᠨ ᠲᠦᠮᠡᠨ ᠨᠢ ᠬᠦᠪᠡᠬᠡᠯᠢᠭ ᠪᠤᠯᠤᠨ ᠠᠯᠳᠡᠨ ᠠᠬ᠎ᠠ | ᠳᠡᠬᠦᠦ ᠬᠤᠶᠠᠭᠤᠯᠠ ᠶᠢᠨ ᠮᠡᠳᠡᠯ ᠳᠤ ᠪᠠᠶᠢᠪᠠ᠃ ᠢᠡᠭᠬᠢᠬᠡᠳ ᠪᠠᠷᠠᠭᠤᠨ ᠭᠤᠷᠪᠡᠨ ᠲᠦᠮᠡᠨ ᠤ ᠳᠤᠳᠤᠷᠡᠬᠢ ᠳᠦᠮᠡᠳ ᠳᠦᠮᠡᠨ ᠤ ᠬᠠᠷᠢᠶᠠᠨ ᠳᠤ ᠪᠠᠶᠢᠭ᠎ᠠ ᠪᠠᠷᠭᠤ | ᠪᠤᠷᠢᠶᠠᠳ ᠤᠨ ᠬᠢᠨ ᠠᠯᠳᠡᠨ ᠬᠠᠭᠠᠨ ᠤ ᠮᠡᠳᠡᠯ ᠳᠤ ᠤᠷᠤᠬᠰᠡᠨ ᠶᠤᠮ ᠪᠠᠶᠢᠨ᠎ᠡ᠃ ᠪᠤᠳᠢ ᠠᠯᠠᠬ ᠬᠠᠭᠠᠨ ᠢ ᠳᠠᠭᠠᠵᠦ ᠤᠷᠢᠶᠠᠩᠬᠠᠢᠢᠴᠤᠳ ᠢ ᠳᠠᠶᠢᠯᠠᠬᠤ ᠳᠠᠶᠢᠨ ᠤ | ᠳᠤᠮᠳᠡ ᠬᠦᠪᠡᠭᠡᠯᠢᠭ ᠵᠢᠨᠦᠩ᠂ ᠠᠯᠳᠡᠨ ᠠᠬ ᠠ ᠳᠡᠬᠦᠦ ᠬᠤᠶᠠᠭᠤᠯᠠ ᠶᠡᠭᠡ ᠭᠠᠪᠢᠶ᠎ᠡ ᠪᠠᠶᠢᠭᠤᠯᠤᠬᠰᠡᠨ ᠳᠤᠯᠠ ᠪᠤᠳᠢ ᠠᠯᠠᠬ ᠬᠠᠭᠠᠨ ᠬᠦᠪᠡᠬᠡᠯᠢᠭ ᠵᠢᠨᠦᠩ ᠢ ︽ | ᠮᠡᠷᠬᠡᠨ ᠵᠢᠨᠦᠩ︾ ᠴᠤᠯᠠ ᠬᠠᠶᠢᠷᠡᠯᠠᠵᠦ᠂ ᠳᠡᠬᠦᠨ ᠤ ᠳᠡᠬᠦᠦ ᠠᠯᠳᠡᠨ ᠳᠤ ︽ᠠᠯᠳᠡᠨ ᠰᠤᠳᠤ ᠬᠠᠨ︾ ᠬᠡᠮᠡᠬᠦ ᠴᠤᠯᠠ ᠰᠤᠶᠤᠷᠬᠠᠵᠠᠢ᠃ | 1547 ᠤᠨ ᠳᠤ ᠪᠤᠳᠢ ᠠᠯᠠᠬ ᠬᠠᠭᠠᠨ ᠬᠠᠯᠢᠵᠦ᠂ ᠪᠤᠳᠢ ᠠᠯᠠᠬ ᠬᠠᠭᠠᠨ ᠤ ᠤᠤᠭᠠᠨ ᠬᠦᠪᠡᠬᠦᠨ ᠳᠠᠷᠡᠶᠢᠰᠦᠨ ᠬᠦᠳᠡᠩ ᠬᠠᠭᠠᠨ ᠰᠠᠭᠤᠪᠠ᠃ ᠳᠠᠶᠠᠨ | ᠬᠠᠭᠠᠨ ᠤ ᠭᠤᠷᠪᠠᠳᠤᠭᠠᠷ ᠬᠦᠪᠡᠬᠦᠨ ᠪᠠᠷᠰᠪᠤᠯᠤᠳ ᠤᠨ ᠬᠦᠪᠡᠬᠦᠨ ᠪᠤᠳᠢᠳᠠᠷᠡ ᠳᠠᠶᠢᠵᠢ ᠶᠢᠨ ᠬᠤᠶᠠᠳᠤᠭᠠᠷ ᠬᠦᠪᠡᠬᠦᠨ ᠠᠰᠠᠨᠳᠠᠷᠡ ᠳᠠᠶᠢᠵᠢ ᠳᠤ ᠭᠠᠭᠴᠡ ᠪᠠᠷᠭᠤ | ᠳᠠᠶᠢᠵᠢ ᠬᠡᠰᠡᠨ ᠨᠢᠬᠡ ᠬᠦᠪᠡᠬᠦᠨ ᠲᠠᠢ᠂ ᠪᠠᠷᠭᠤ ᠬᠡᠳᠡᠭ ᠨᠡᠷ᠎ᠡ ᠶᠢᠨ ᠢᠷᠡᠯ ᠪᠤᠯ ᠮᠦᠨ ᠳᠡᠬᠦᠨ ᠤ ᠨᠤᠶᠡᠯᠡᠵᠦ ᠪᠠᠶᠢᠬᠰᠡᠨ ᠪᠠᠷᠭᠤ ᠤᠪᠤᠬ ᠨᠠᠷ᠎ᠡ ᠲᠠᠢ ᠬᠤᠯᠪᠤᠬᠳᠡᠨᠡ | ᠬᠡᠵᠦ ᠪᠤᠶᠠᠨᠳᠡᠯᠬᠡᠷ ᠭᠤᠸᠠᠢ ᠳᠤᠷᠡᠳᠤᠬᠰᠡᠨ ᠶᠤᠮ᠃ ᠡᠨᠡ ᠦᠶ᠎ᠡ ᠳᠤ ᠵᠡᠬᠦᠨ ᠮᠤᠩᠭᠤᠯ ᠤᠨ ᠪᠠᠷᠠᠭᠤᠨ ᠭᠠᠷᠦᠨ ᠭᠤᠷᠪᠡᠨ ᠲᠦᠮᠡᠨ ᠤ ᠳᠤᠳᠤᠷ᠎ᠡ ᠲᠦᠮᠡᠳ ᠳᠦᠮᠡᠨ | ᠮᠠᠰᠢ ᠬᠦᠴᠦᠷᠬᠡᠭ ᠪᠤᠯᠤᠬᠰᠡᠨ ᠪᠠᠶᠢᠪᠠ᠃ ᠲᠦᠮᠡᠳ ᠤᠨ ᠠᠯᠳᠡᠨ ᠬᠠᠭᠠᠨ ᠪᠤᠯ ᠪᠤᠳᠢ ᠠᠯᠠᠬ ᠬᠠᠭᠠᠨ ᠤ ᠬᠦᠪᠡᠬᠦᠨ ᠬᠦᠳᠡᠩ ᠬᠠᠭᠠᠨ ᠤ ᠦᠶᠡᠯᠢᠳ ᠠᠪᠠᠭ᠎ᠠ ᠪᠤᠯᠬᠤ | ᠮᠦᠷᠳᠡᠬᠡᠨ ᠬᠦᠴᠦᠷᠬᠡᠭ ᠤᠯᠡᠨ ᠴᠡᠷᠢᠭ ᠤᠨ ᠬᠦᠴᠦ ᠪᠠᠷ ᠳᠠᠷᠡᠶᠢᠰᠦᠨ ᠬᠦᠳᠡᠩ ᠬᠠᠭᠠᠨ ᠢ ᠰᠦᠷᠳᠡᠬᠦᠯᠦᠨ ᠰᠢᠬᠠᠮᠳᠠᠭᠤᠯᠵᠦ᠂ 1547 ᠤᠨ ᠤ ᠦᠶᠡᠰ ᠢᠶᠠᠷ | ᠳᠠᠷᠡᠶᠢᠰᠦᠨ ᠬᠦᠳᠡᠩ ᠬᠠᠭᠠᠨ ᠴᠠᠬᠠᠷ ᠲᠦᠮᠡᠨ ᠤ ᠵᠠᠷᠢᠮ ᠬᠠᠷᠢᠶᠠᠳᠦ ᠪᠠᠨ ᠠᠪᠴᠤ᠂ ᠵᠡᠬᠦᠨ ᠳᠡᠶᠢᠰᠢ ᠪᠠᠨ ᠨᠡᠬᠦᠵᠦ᠂ ᠤᠳᠤ ᠶᠢᠨ ᠦᠪᠦᠷ ᠮᠤᠩᠭᠤᠯ ᠤᠨ ᠨᠤᠳᠤᠬ᠂ | ᠰᠢᠷ᠎ᠡ ᠮᠦᠷᠡᠨ ᠤ ᠰᠠᠪᠠ ᠳᠠᠭᠠᠤ ᠮᠠᠯ ᠮᠠᠯᠵᠢᠨ ᠰᠠᠭᠤᠵᠠᠢ᠃ ᠡᠨᠡ ᠦᠶ᠎ᠡ ᠠᠴᠠ ᠪᠠᠷᠠᠭᠤᠨ ᠭᠤᠷᠪᠠᠨ ᠲᠦᠮᠡᠨ ᠴᠦᠮ ᠠᠯᠳᠡᠨ ᠬᠠᠭᠠᠨ ᠤ ᠬᠠᠷᠢᠶᠠᠨ ᠳᠤ | ᠵᠢᠬᠢᠷᠦᠬᠳᠠᠬᠤ ᠪᠤᠯᠪᠠ᠃ ᠲᠦᠮᠡᠨ ᠴᠦᠮ ᠠᠯᠳᠡᠨ ᠬᠠᠭᠠᠨ ᠤ ᠬᠠᠷᠢᠶᠠᠨ ᠳᠤ ᠵᠠᠬᠢᠷᠤᠬᠳᠡᠬᠤ ᠪᠤᠯᠪᠠ᠃ ᠤᠪᠠᠰᠠᠨᠵᠠ ᠴᠢᠩ ᠳᠠᠶᠢᠵᠢ ᠪᠤᠯᠤᠨ ᠠᠯᠳᠡᠨ ᠬᠠᠨ | ᠬᠤᠶᠠᠭᠤᠯᠠ ᠬᠡᠳᠦ᠋ᠢᠪᠡᠷ ᠠᠪᠠᠭ᠎ᠠ ᠠᠴᠢ ᠶᠢᠨ ᠬᠠᠷᠢᠴᠠᠭ᠎ᠠ ᠲᠠᠢ ᠪᠤᠯᠪᠠᠴᠤ ᠪᠤᠳᠢ ᠠᠯᠠᠬ ᠬᠠᠭᠠᠨ ᠤ ᠦᠶ ᠡ ᠳᠤ ᠨᠢᠬᠡ ᠪᠦᠯᠦᠭ ᠪᠠᠷᠭᠤᠴᠤᠳ ᠢ ᠳᠤᠰ ᠳᠤᠰ ᠲᠠᠭᠠᠨ | ᠵᠠᠬᠢᠷᠴᠤ ᠪᠠᠶᠢᠬᠰᠡᠨ ᠪᠤᠶᠤ ᠤᠪᠠᠰᠠᠨᠵᠠ ᠨᠢ ᠶᠦᠡᠭᠰᠢᠶᠠᠪᠤ ᠶᠢᠨ ᠬᠠᠷᠢᠶᠠᠨ ᠤ ᠪᠠᠷᠭᠤ ᠶᠢ ᠬᠠᠮᠢᠶᠠᠷᠴᠤ᠂ ᠠᠯᠳᠡᠨ ᠬᠠᠨ ᠨᠢ ᠲᠦᠮᠡᠳ ᠤᠨ ᠬᠠᠷᠢᠶᠠᠨ ᠤ ᠪᠠᠷᠭᠤ ᠶᠢ | ᠬᠠᠮᠢᠶᠠᠷᠴᠤ ᠪᠠᠶᠢᠬᠰᠡᠨ ᠬᠡᠬᠦ ᠤᠢᠢᠯᠠᠭᠠᠬᠳᠡᠬᠤᠨ ᠢ ᠳᠦᠷᠦᠭᠳᠡᠬᠦᠯᠵᠦ ᠪᠠᠶᠢᠬᠤ ᠨᠢ ᠳᠤᠩ ᠰᠤᠨᠢᠨ ᠶᠠᠪᠤᠳᠡᠯ ᠪᠤᠯᠬᠤ ᠪᠤᠯᠪᠠᠴᠤ ᠡᠳᠡᠬᠡᠷ ᠬᠤᠶᠡᠷ ᠪᠦᠯᠦᠭ | ᠪᠠᠷᠭᠤᠴᠤᠳ ᠨᠢ ᠪᠦᠷ ᠯᠡ ᠪᠠᠶᠢᠭᠠᠯ ᠨᠠᠭᠤᠷ ᠤᠷᠤᠨ ᠠᠴᠠ ᠡᠮᠤᠨᠡᠰᠢ ᠨᠡᠬᠦᠭᠰᠡᠨ ᠢᠷᠡᠯ ᠡᠬᠦᠰᠦᠯᠳᠠᠢ ᠪᠠᠶᠢᠯ᠎ᠡ ᠬᠡᠰᠡᠨ ᠠᠯᠢ ᠬᠡᠳᠦ᠋ᠢᠨ ᠠᠴᠠ ᠠᠳᠠᠯᠢ ᠪᠤᠰᠤ ᠤᠯᠤᠰ | ᠲᠦᠷᠦ ᠶᠢᠨ ᠬᠦᠴᠦᠨ ᠳᠤ ᠬᠠᠷᠢᠶᠠᠯᠠᠬᠳᠡᠵᠦ᠂ ᠦᠪᠡᠷ ᠦᠪᠡᠷ ᠤᠨ ᠳᠡᠤᠬᠡ ᠶᠢᠨ ᠵᠠᠮᠨᠠᠯ ᠳᠠᠭᠠᠨ ᠤᠷᠤᠬᠰᠡᠨ ᠬᠡᠳᠡᠭ ᠨᠢ ᠦᠨᠡᠮᠰᠢᠬᠦᠰᠢᠳᠠᠢ ᠪᠠᠶᠢᠨ᠎ᠡ᠃ | ᠳᠠᠶᠠᠨ ᠬᠠᠭᠠᠨ ᠠᠴᠠ ᠯᠢᠭᠳᠡᠨ ᠬᠠᠭᠠᠨ ᠬᠦᠷᠳᠡᠯᠡᠬᠢ ᠵᠠᠭᠤ ᠭᠠᠷᠦᠢ ᠵᠢᠯ ᠤᠨ ᠳᠤᠷᠰᠢᠬᠢ ᠮᠤᠩᠭᠤᠯ ᠦᠨᠳᠦᠰᠦᠳᠡᠨ ᠤ ᠳᠤᠳᠤᠭᠠᠳᠦ ᠭᠠᠳᠠᠭᠠᠳᠦ ᠶᠢᠨ | ᠳᠡᠮᠡᠴᠡᠯ ᠤᠨ ᠶᠠᠪᠤᠴᠡ ᠶᠢᠨ ᠳᠤᠮᠳᠡ ᠴᠠᠬᠠᠷ ᠲᠦᠮᠡᠨ ᠨᠢ ᠠᠬᠠᠯᠠᠬᠴᠢ ᠤᠳᠤᠬ ᠤᠨ ᠬᠤᠪᠢ ᠪᠠᠷ ᠭᠤᠤᠯ ᠴᠤᠬᠴᠡ ᠪᠤᠯᠵᠦ᠂ ᠬᠠᠭᠠᠳ ᠤᠨ ᠴᠡᠷᠢᠭ ᠤᠨ ᠭᠤᠤᠯ | ᠬᠦᠴᠦᠨ ᠪᠤᠯᠵᠦ ᠶᠠᠪᠤᠬᠰᠡᠨ ᠬᠠᠷᠡᠬᠳᠡᠨᠡ᠃ ᠮᠤᠩᠭᠤᠯ ᠤᠨ ᠬᠠᠮᠤᠬ ᠡᠴᠦᠰ ᠤᠨ ᠬᠠᠭᠠᠨ ᠯᠢᠭᠳᠡᠨ ᠬᠠᠯᠢᠬᠰᠡᠨ ᠤ ᠳᠠᠷᠠᠭ᠎ᠠ᠂ ᠮᠤᠩᠭᠤᠯ ᠤᠨ ᠤᠯᠡᠨ ᠠᠶᠢᠮᠠᠬ ︵ | ᠤᠳᠤᠬ︶ ᠤᠳ ᠤᠷᠢᠳ ᠬᠤᠵᠢᠳ ᠮᠠᠨᠵᠦ ᠶᠢᠨ ᠨᠤᠶᠠᠷᠬᠠᠯ ᠳᠤ ᠬᠡᠰᠡᠭᠯᠡᠭᠳᠡᠨ ᠬᠤᠪᠢᠶᠠᠬᠳᠡᠭᠠᠳ ᠤᠷᠤᠪᠠ᠃ | ᠳᠡᠬᠡᠷᠡᠬᠢ ᠳᠤᠷᠡᠳᠤᠬᠰᠡᠨ ᠳᠡᠤᠬᠡ ᠶᠢᠨ ᠶᠠᠪᠤᠴᠡ ᠠᠴᠠ ᠦᠵᠡᠪᠡᠯ ᠴᠬᠠᠠᠷ ᠪᠠᠷᠭᠤ ᠶᠢᠨ ᠢᠷᠡᠯ ᠡᠬᠦᠰᠦᠯ ᠨᠢ ᠤᠯᠡᠨ ᠳᠠᠯ᠎ᠡ ᠠᠴᠠ ᠪᠦᠷᠢᠯᠳᠦᠭᠰᠡᠨ ᠬᠡᠵᠦ ᠦᠵᠡᠬᠦ | ᠪᠤᠯᠪᠠᠴᠤ ᠤᠤᠯ ᠨᠢ ᠵᠡᠬᠦᠨ ᠮᠤᠩᠭᠤᠯ ᠤᠨ ᠪᠠᠷᠠᠭᠤᠨ ᠭᠤᠷᠪᠠᠨ ᠳᠦᠮᠡᠨ ᠤ ᠳᠤᠳᠤᠷᠡᠬᠢ ᠶᠦᠡᠭᠰᠢᠶᠠᠪᠤ ᠲᠦᠮᠡᠨ᠂ ᠲᠦᠮᠡᠳ ᠲᠦᠮᠡᠨ ᠤ ᠬᠠᠷᠢᠶᠠᠨ ᠳᠤ ᠪᠠᠶᠢᠬᠰᠡᠨ | ᠪᠠᠷᠭᠤᠴᠤᠳ ᠪᠤᠯ ᠡᠳᠦᠬᠡ ᠶᠢᠨ ᠴᠬᠠᠠᠷ ᠪᠠᠷᠭᠤ ᠶᠢᠨ ᠳᠡᠬᠡᠳᠦᠰ ᠮᠦᠨ ᠪᠤᠯᠬᠤ ᠨᠢ ᠮᠡᠳᠡᠭᠳᠡᠮ᠎ᠡ ᠪᠠᠶᠢᠨ᠎ᠡ᠃ 1688 ᠤᠨ ᠳᠤ ᠭᠠᠯᠳᠡᠨ ᠪᠤᠱᠤᠬᠳᠦ ᠶᠢᠨ | ᠳᠤᠪᠳᠤᠯᠤᠯ ᠠᠴᠠ ᠪᠤᠯᠵᠦ᠂ ᠬᠠᠯᠬᠠᠴᠤᠳ ᠢ ᠳᠠᠭᠠᠵᠦ᠂ ᠤᠷᠳᠦ ᠴᠠᠭᠠᠨ ᠬᠡᠷᠡᠮ ᠤᠨ ᠭᠠᠳᠡᠨ᠎ᠡ ᠪᠦᠬᠡᠮᠨᠡᠷᠡᠵᠦ ᠪᠠᠶᠢᠬᠰᠡᠨ ᠪᠠᠷᠭᠤᠴᠤᠳ ᠤᠨ ᠤᠯᠠᠩᠬᠢ ᠨᠢ ᠳᠤᠮᠳᠠᠳᠦ | ᠤᠯᠤᠰ ᠤᠨ ᠵᠡᠬᠦᠨ ᠭᠤᠷᠪᠠᠨ ᠮᠤᠵᠢ ᠳᠤ ᠨᠡᠬᠦᠵᠦ ᠤᠴᠢᠬᠰᠡᠨ ᠠᠴᠠ ᠪᠤᠰᠤᠳ ᠪᠠᠷᠭᠤᠴᠤᠳ ᠨᠢ ᠭᠠᠯᠳᠡᠨ ᠤ ᠳᠤᠪᠳᠤᠯᠤᠯ ᠢ ᠳᠦᠪᠰᠢᠳᠬᠡᠭᠰᠡᠨ ᠤ ᠳᠠᠷᠠᠭ᠎ᠠ | ᠳᠤᠬᠠᠢᠢᠯᠠᠪᠠᠯ 1697 ᠤᠨ ᠪᠤᠶᠤ 1698 ᠤᠨ ᠤ ᠦᠶ᠎ᠡ ᠪᠠᠷ ᠬᠠᠯᠬᠠᠴᠤᠳ ᠭᠤᠪᠢ ᠶᠢᠨ ᠠᠷᠦ ᠳᠤ ᠪᠤᠴᠠᠬᠤ ᠦᠶ᠎ᠡ ᠳᠤ ᠬᠠᠯᠬ᠎ᠠ ᠶᠢᠨ ᠬᠠᠷᠢᠶ᠎ᠡ ᠠᠶᠢᠮᠠᠬ | ᠬᠤᠰᠢᠭᠤ ᠪᠠᠨ ᠳᠠᠭᠠᠭᠠᠳ ᠬᠠᠯᠬ᠎ᠠ ᠶᠢᠨ ᠨᠤᠳᠤᠬ ᠲᠤ ᠪᠤᠴᠠᠬᠰᠡᠨ ᠴᠤ ᠪᠤᠢ᠂ ᠨᠢᠬᠡ ᠬᠡᠰᠡᠭ ᠵᠤᠨ ᠪᠠᠰᠠ ᠤᠷᠳᠦ ᠴᠠᠭᠠᠨ ᠬᠡᠷᠡᠮ ᠤᠨ ᠬᠤᠶᠢᠳᠦ ᠪᠡᠶ᠎ᠡ ᠪᠠᠷ | ᠦᠯᠡᠳᠡᠵᠦ ᠨᠤᠳᠤᠬᠯᠠᠬᠰᠡᠨ ᠴᠤ ᠪᠤᠢ᠃ ᠳᠡᠳᠡᠨ ᠤ ᠤᠯᠠᠩᠬᠢ ᠨᠢ ᠤᠤᠯ ᠠᠴᠠ ᠪᠠᠨ ᠠᠯᠳᠡᠨ ᠬᠠᠭᠠᠨ ᠤ ᠵᠠᠬᠢᠷᠦᠯ ᠳᠤᠤᠷᠡᠬᠢ ᠪᠠᠷᠠᠭᠤᠨ ᠭᠤᠷᠪᠡᠨ ᠲᠦᠮᠡᠨ ᠤ | ᠬᠠᠷᠢᠶᠠᠨ ᠳᠤ ᠪᠠᠶᠢᠬᠰᠡᠨ ᠪᠠᠷᠭᠤᠴᠤᠳ ᠪᠤᠯᠬᠤ ᠪᠦᠬᠡᠳ ᠡᠳᠦᠬᠡ ᠶᠢᠨ ᠴᠬᠠᠠᠷ ᠪᠠᠷᠭᠤ ᠶᠢᠨ ᠳᠡᠬᠡᠳᠦᠰ ᠤᠨ ᠨᠢᠬᠡ ᠰᠠᠯᠠᠭ᠎ᠠ ᠨᠢ ᠪᠤᠯᠤᠨ᠎ᠡ᠃ ᠮᠦᠨ ᠴᠤ ᠡᠩᠬᠡ | ᠠᠮᠤᠭᠤᠯᠠᠩ ᠤᠨ 38 ᠳ᠋ᠤᠭᠠᠷ ᠤᠨ ︵1699 ᠤᠨ︶ ᠳᠤ ︽ᠪᠠᠷᠭᠤ ᠵᠡᠷᠬᠡ ᠮᠤᠩᠭᠤᠯ ᠴᠠᠬᠠᠷ ᠲᠠᠢ ᠨᠡᠶᠢᠯᠡᠬᠦᠯᠵᠦ ᠨᠢᠬᠡ ᠰᠤᠮᠤ ᠵᠤᠬᠢᠶᠠᠬᠰᠡᠨ︾ ᠳᠤ ᠦᠶ᠎ᠡ ᠳᠤᠷ | ᠴᠠᠬᠠᠷ ᠨᠠᠢᠮᠠᠨ ᠬᠤᠰᠢᠭᠤᠨ ᠳᠤ ᠤᠷᠤᠬᠰᠡᠨ ᠤᠤᠯ ᠤᠨ ᠤᠷᠳᠦ ᠴᠠᠭᠠᠨ ᠬᠡᠷᠡᠮ ᠤᠨ ᠭᠠᠳᠠᠭᠤᠷ ᠰᠠᠭᠤᠭ᠎ᠠ ᠴᠠᠬᠠᠷ 3 ᠳ᠋ᠤᠭᠠᠷ ᠰᠤᠮᠤᠨ ᠤ ᠪᠠᠷᠭᠤᠴᠤᠳ ᠮᠦᠨ ᠪᠤᠶᠤ | ᠃ 18 ᠳ᠋ᠤᠭᠠᠷ ᠵᠠᠭᠤᠨ ᠤ ᠳᠤᠮᠳᠡᠴᠢ ᠪᠠᠷ ᠵᠦᠡᠭᠭᠠᠷ ᠤᠨ ᠠᠮᠤᠷᠰᠠᠨᠠᠭ᠎ᠠ ᠶᠢᠨ ᠤᠳᠤᠷᠢᠳᠤᠬᠰᠡᠨ ᠮᠠᠨᠵᠦ ᠶᠢ ᠡᠰᠡᠷᠬᠦᠴᠡᠭᠰᠡᠨ ᠪᠤᠰᠤᠯᠭ᠎ᠠ ᠪᠠ ᠬᠠᠯᠬ᠎ᠠ ᠶᠢᠨ | ᠴᠡᠩᠬᠦᠨᠵᠠᠪ ᠤᠨ ᠤᠳᠤᠷᠢᠳᠤᠬᠰᠡᠨ ᠮᠠᠨᠵᠦ ᠶᠢ ᠡᠰᠡᠷᠬᠦᠴᠡᠭᠰᠡᠨ ᠪᠤᠰᠤᠯᠭ᠎ᠠ ᠶᠢ ᠳᠠᠷᠤᠬᠤ ᠶᠢᠨ ᠲᠦᠯᠦᠬᠡ ᠮᠠᠨᠵᠦ ᠴᠢᠩ ᠤᠯᠤᠰ ᠬᠦᠯᠦᠨ ᠪᠤᠶᠢᠷ ᠤᠨ ᠰᠤᠯᠤᠨ᠂ | ᠪᠠᠷᠭᠤ ᠴᠡᠷᠢᠭ ᠪᠤᠯᠤᠨ ᠴᠠᠬᠠᠷ ᠨᠠᠢᠮᠠᠨ ᠬᠤᠰᠢᠭᠤᠨ ᠤ ᠴᠠᠬᠠᠷ᠂ ᠪᠠᠷᠭᠤ ᠴᠡᠷᠢᠭ ᠢ ᠳᠠᠳᠠᠬᠰᠡᠨ ᠳᠤᠯᠠ ᠳᠡᠳᠡᠨ ᠪᠦᠷ ᠴᠤᠬ ᠢᠶᠠᠷ ᠢᠶᠠᠨ ᠴᠡᠷᠢᠭ ᠪᠤᠯᠵᠦ ᠬᠠᠷᠠᠮᠦ᠋ᠷᠡᠨ ᠤ | ᠵᠠᠩᠵᠦᠨ ᠤ ᠵᠢᠯᠤᠭᠤᠳᠤᠯᠭ᠎ᠠ ᠳᠤᠤᠷ᠎ᠡ ᠶᠠᠪᠤᠬᠰᠡᠨ ᠶᠤᠮ᠃ ᠳᠡᠳᠡᠨ ᠤ ᠳᠤᠳᠤᠷ᠎ᠡ ᠠᠴᠠ ᠨᠢᠬᠡ ᠰᠠᠯᠠᠭ᠎ᠠ ᠪᠠᠷᠭᠤ ᠴᠡᠷᠢᠭ ᠡᠷᠬᠢᠵᠦ ᠪᠤᠴᠠᠬᠤ ᠵᠠᠮ ᠵᠠᠭᠤᠷ᠎ᠡ ᠪᠠᠨ ᠴᠠᠬᠠᠷ | ᠨᠤᠳᠤᠬ ᠲᠤ ᠦᠯᠡᠳᠡᠵᠦ ᠬᠤᠴᠤᠷᠦᠬᠰᠡᠨ ᠴᠤ ᠪᠠᠶᠢᠵᠦ ᠮᠡᠳᠡᠬᠦ ᠶᠤᠮ᠃ ᠡᠨᠡ ᠨᠢ ᠶᠠᠬ ᠳᠦᠪᠰᠢᠨᠨᠢᠮᠡ ᠶᠢᠨ ᠳᠡᠮᠳᠡᠭᠯᠡᠭᠰᠡᠨ ︽ᠤᠳᠤ ᠴᠠᠬᠠᠷ ᠲᠤ ᠪᠠᠶᠢᠭ᠎ᠠ ᠪᠠᠷᠭᠤ | ᠬᠦᠮᠦᠰ ᠦᠪᠡᠷᠰᠡᠳ ᠢᠶᠠᠨ ᠭᠤᠷᠪᠡᠨ ᠵᠠᠭᠤ ᠰᠢᠬᠠᠮ ᠵᠢᠯ ᠤᠨ ᠡᠮᠤᠨ᠎ᠡ ᠰᠤᠯᠤᠨ ᠪᠠᠷᠭᠤ ᠠᠴᠠ ᠢᠷᠡᠭᠰᠡᠨ ᠬᠡᠳᠡᠭ︾ ᠲᠠᠢ ᠤᠢᠢᠷᠡᠳᠦᠵᠦ ᠤᠴᠢᠬᠤ ᠪᠤᠶᠤ ᠡᠬᠦᠨ ᠠᠴᠠ | ᠭᠠᠳᠡᠨ᠎ᠡ ᠪᠤᠳᠬ᠎ᠠ ᠤᠷᠤᠨ ᠤ ᠪᠠᠷᠭᠤ ᠰᠤᠯᠤᠨ ᠪᠤᠯᠤᠨ ᠬᠦᠯᠦᠨ ᠪᠤᠶᠢᠷ ᠤᠨ ᠪᠠᠷᠭᠤ ᠰᠤᠯᠤᠨ ᠠᠴᠠ ᠴᠬᠠᠠᠷ ᠨᠤᠳᠤᠬ ᠲᠤ ᠰᠢᠯᠵᠢᠬᠦᠯᠦᠨ ᠨᠡᠬᠦᠯᠬᠡᠭᠰᠡᠨ ᠳᠤᠬᠠᠢ | ᠶᠠᠪᠤᠳᠡᠯ ᠢ ᠤᠳᠤ ᠪᠠᠷ ᠪᠠᠳᠤᠯᠠᠬᠤ ᠳᠡᠤᠬᠡᠨ ᠮᠠᠲ᠋ᠧᠷᠢᠶᠠᠯ ᠶᠠᠷᠦ ᠨᠢ ᠤᠯᠳᠤᠭᠠᠳᠦᠢ ᠪᠠᠶᠢᠬᠰᠠᠭᠠᠷ ᠬᠡᠳᠡᠭ ᠢ ᠠᠳᠡ ᠳᠡᠮᠳᠡᠭᠯᠡᠵᠦᠬᠦᠢ᠂ ᠴᠠᠬᠠᠷ ᠠᠶᠢᠮᠠᠬ ᠪᠤᠯᠤᠨ ᠪᠠᠷᠭᠤ | ᠵᠤᠨ ᠤ ᠤᠷᠤᠰᠢᠨ ᠨᠤᠳᠤᠬᠯᠡᠵᠦ ᠦᠡᠭᠬᠡᠷᠡᠭᠰᠡᠨ ᠪᠠᠶᠢᠴᠡ ᠠᠴᠠ ᠦᠵᠡᠬᠦ ᠳᠤ ᠪᠦᠷ ᠯᠡ ᠤᠷᠳᠦ ᠴᠠᠭᠠᠨ ᠬᠡᠷᠡᠮ ᠤᠨ ᠭᠠᠳᠡᠷ ᠪᠡᠶ᠎ᠡ ᠶᠢ ᠳᠠᠭᠠᠵᠦ ᠨᠤᠳᠤᠬᠯᠡᠵᠦ | ᠪᠠᠶᠢᠬᠰᠡᠨ ᠳᠡᠤᠬᠡ ᠲᠠᠢ ᠵᠤᠨ ᠪᠠᠶᠢᠵᠠᠢ᠃ ᠢᠡᠭᠬᠢᠬᠡᠳ ᠤᠢᠢᠷᠡᠯᠴᠠᠭᠠ ᠨᠤᠳᠤᠬ ᠲᠠᠢ ᠪᠠᠷᠭᠤ ᠴᠠᠬᠠᠷ ᠨᠡᠶᠢᠯᠡᠵᠦ᠂ ᠨᠢᠬᠡ ᠬᠤᠰᠢᠭᠤ ᠰᠤᠮᠤ ᠪᠤᠯᠬᠤ ᠪᠤᠯᠤᠯᠴᠠᠭ᠎ᠠ ᠲᠠᠢ | ᠪᠠᠶᠢᠵᠦ ᠮᠡᠳᠡᠬᠦ ᠮᠦᠷᠳᠡᠬᠡᠨ ᠡᠨᠡ ᠨᠢ ᠶᠠᠬ ᠮᠠᠨᠵᠦ ᠴᠢᠩ ᠤᠨ ︽ᠬᠠᠷᠢ ᠶᠢ ᠬᠠᠷᠢ ᠪᠠᠷ ᠵᠠᠰᠠᠬᠤ︾ ᠲᠦᠷᠦ ᠶᠢᠨ ᠪᠤᠳᠤᠯᠭ᠎ᠠ ᠶᠢᠨ ᠪᠤᠳᠠᠳᠦ ᠢᠯᠡᠷᠡᠯ ᠪᠤᠯᠵᠦ | ᠳᠡᠤᠬᠡᠨ ᠳᠤ ᠬᠠᠷᠡᠬᠳᠡᠮᠡ ᠳᠤᠳᠤᠯᠠᠬᠳᠡᠪᠠ᠃ |